ᠬᠤᠪᠢᠯᠠᠢ ᠬᠠᠭᠠᠨ ᠶᠠᠫᠤᠨ  ᠢ ᠳᠠᠶᠢᠯᠠᠭᠰᠠᠨ
ᠨᠡᠶᠢᠲᠡᠯᠡᠭᠰᠡᠨ ᠴᠠᠭ᠄
2020/8/25
   ᠲᠠᠩ ᠤᠯᠤᠰ ᠤᠨ ᠦᠽᠦᠩ ᠬᠠᠭᠠᠨ ᠪᠤᠷᠬᠠᠨ ᠱᠠᠰᠢᠨ ᠢ ᠤᠰᠠᠳᠬᠠᠭᠰᠠᠨ ᠠᠴᠠ ᠠᠪᠤᠭᠠᠳ ᠮᠣᠩᠭᠤᠯᠴᠤᠳ ᠶᠤᠸᠠᠨ ᠭᠦᠷᠦᠨ ᠶᠢ ᠪᠠᠶᠢᠭᠤᠯᠬᠤ ᠬᠦᠷᠲᠡᠯ᠎ᠡ᠂ ᠶᠠᠫᠤᠨ ᠤᠯᠤᠰ ᠨᠢᠭᠡᠨᠲᠡ ᠳᠤᠮᠳᠠᠳᠤ ᠶᠡᠭᠡ ᠭᠦᠷᠦᠨ ᠲᠠᠢ 4 ᠵᠠᠭᠤᠨ ᠵᠢᠯ ᠬᠠᠷᠢᠴᠠᠭ᠎ᠠ ᠬᠤᠯᠪᠣᠭ᠎ᠠ ᠦᠭᠡᠢ ᠪᠣᠯᠣᠭᠠᠳ ᠪᠠᠶᠢᠵᠠᠢ᠃ ᠬᠤᠪᠢᠯᠠᠢ ᠬᠠᠭᠠᠨ ᠬᠠᠭᠠᠨ ᠰᠢᠷᠡᠭᠡᠨ ᠳᠤ ᠰᠠᠭᠤᠭᠰᠠᠨ ᠤ ᠳᠠᠷᠠᠭᠠᠬᠠᠨ᠂ ᠶᠠᠫᠤᠨ ᠢ ᠮᠥᠨ ᠪᠤᠰᠤᠳ ᠳᠠᠶᠢᠯᠠᠨ ᠳᠠᠭᠠᠭᠤᠯᠤᠭᠰᠠᠨ ᠤᠯᠤᠰ ᠢᠷᠭᠡᠳ ᠲᠠᠢ ᠠᠳᠠᠯᠢᠬᠠᠨ ᠮᠣᠷᠢᠨ ᠤ ᠪᠠᠨ ᠳᠣᠣᠷ᠎ᠠ ᠰᠥᠬᠦᠷᠡᠭᠦᠯᠬᠦ ᠶᠢ ᠬᠦᠰᠡᠵᠦ ᠪᠠᠶᠢᠯ᠎ᠠ᠃ ᠲᠦᠳᠡᠯ ᠦᠭᠡᠢ᠂ ᠬᠤᠪᠢᠯᠠᠢ ᠬᠠᠭᠠᠨ ᠶᠠᠫᠤᠨ ᠤ ᠵᠠᠰᠠᠭ ᠲᠥᠷᠥ ᠳᠤ ᠨᠢ ᠡᠯᠴᠢ ᠲᠣᠮᠢᠯᠠᠵᠤ᠂ ᠶᠠᠫᠤᠨ ᠢ ᠲᠦᠳᠡᠬᠡᠨ ᠳᠣᠣᠷ᠎ᠠ ᠪᠠᠨ ᠪᠠᠭᠤᠵᠤ ᠥᠭᠬᠦ ᠶᠢ ᠴᠢᠩᠭ᠎ᠠ ᠱᠠᠭᠠᠷᠳᠠᠭᠰᠠᠨ ᠪᠠᠶᠢᠨ᠎ᠠ᠃ ᠲᠤᠯᠭᠠᠨ ᠱᠠᠭᠠᠷᠳᠠᠭᠰᠠᠨ ᠪᠢᠴᠢᠭ ᠳᠡᠭᠡᠨ ᠬᠤᠪᠢᠯᠠᠢ ᠬᠠᠭᠠᠨ᠂ ︽ᠳᠥᠷᠪᠡᠨ ᠳᠠᠯᠠᠢ ᠶᠢᠨ ᠤᠯᠤᠰ ᠭᠦᠷᠦᠨ ᠨᠢᠭᠡ ᠨᠢᠭᠡᠨ ᠲᠠᠢ ᠪᠠᠨ ᠡᠶᠡᠲᠡᠢ ᠡᠪᠲᠡᠢ ᠶᠠᠪᠤᠯᠴᠠᠬᠤ ᠨᠢ ᠡᠷᠲᠡᠨ ᠤ ᠶᠣᠰᠣ ᠪᠤᠯᠠᠢ .....︾ ᠭᠡᠵᠦ ᠣᠷᠢᠶᠠᠯᠬᠠᠨ ᠬᠡᠯᠡᠭᠰᠡᠨ ᠪᠣᠯᠪᠠᠴᠤ᠂ ᠦᠭᠡᠨ ᠳᠤ ᠨᠢ ᠣᠷᠣᠬᠤ ᠦᠭᠡᠢ ᠪᠣᠯ ᠢᠯᠳᠦ ᠰᠡᠯᠡᠮ᠎ᠡ ᠪᠠᠷ ᠲᠤᠯᠭᠠᠬᠤ ᠠᠴᠠ ᠪᠠᠨ ᠲᠠᠲᠠᠭᠠᠯᠵᠠᠬᠤ ᠦᠭᠡᠢ ᠶᠤᠮ ᠰᠢᠦ ᠭᠡᠵᠦ ᠪᠢᠲᠡᠭᠦᠬᠡᠨ ᠰᠠᠨᠠᠭ᠎ᠠ ᠪᠠᠨ ᠮᠡᠳᠡᠭᠳᠡᠭᠰᠡᠨ ᠪᠠᠶᠢᠨ᠎ᠠ᠃ ᠭᠡᠪᠡᠴᠦ ᠶᠠᠫᠤᠨ ᠳᠤ ᠢᠯᠡᠭᠡᠭᠰᠡᠨ ᠮᠣᠩᠭᠤᠯ ᠡᠯᠴᠢ ᠨᠢ ᠰᠣᠯᠣᠩᠭᠤᠰ ᠤᠨ ᠨᠤᠲᠤᠭ ᠢᠶᠠᠷ ᠥᠩᠭᠡᠷᠡᠬᠦ ᠦᠶ᠎ᠡ ᠪᠠᠷ᠂ ᠰᠣᠯᠣᠩᠭᠤᠰ ᠤᠨ ᠬᠠᠭᠠᠳ ᠰᠠᠶᠢᠳ ᠨᠢ ᠡᠨᠡ ᠬᠦ ᠶᠡᠬᠡᠷᠬᠡᠦ ᠣᠪᠣᠷ ᠲᠠᠢ ᠪᠢᠴᠢᠭᠰᠡᠨ ᠵᠠᠬᠢᠳᠠᠯ ᠡᠪᠦᠷᠲᠦᠯᠡᠵᠦ ᠪᠠᠶᠢᠭ᠎ᠠ ᠮᠣᠩᠭᠤᠯ ᠰᠠᠶᠢᠳ ᠲᠤ ︽ᠳᠠᠯᠠᠢ ᠶᠢᠨ ᠰᠠᠯᠬᠢ ᠳᠠᠪᠠᠯᠭᠠᠨ ᠬᠡᠴᠡᠭᠦᠦ︾ ᠭᠡᠰᠡᠨ ᠢᠶᠠᠷ ᠰᠢᠯᠲᠠᠭ ᠵᠢᠭᠠᠵᠤ᠂ ᠮᠣᠩᠭᠤᠯ ᠡᠯᠴᠢᠳ ᠢ ᠴᠢᠨᠠᠭᠰᠢ ᠶᠠᠪᠤᠭᠤᠯᠤᠭᠰᠠᠨ ᠦᠭᠡᠢ ᠪᠠᠶᠢᠯ᠎ᠠ᠃ ᠰᠣᠯᠣᠩᠭᠤᠰᠴᠤᠳ ᠢᠩᠭᠢᠵᠦ ᠬᠠᠷᠰᠢ ᠰᠠᠭᠠᠳ ᠵᠣᠬᠢᠶᠠᠵᠤ ᠪᠠᠶᠢᠭ᠎ᠠ ᠨᠢ ᠴᠠᠭᠠᠨ᠎ᠠ ᠨᠢ ᠥᠪᠡᠷ ᠤᠨ ᠬᠢᠨᠢ ᠭᠡᠰᠡᠨ ᠪᠣᠳᠣᠯ ᠪᠠᠶᠢᠭ᠎ᠠ ᠶᠤᠮ᠃ ᠮᠣᠩᠭᠤᠯ ᠤᠨ ᠮᠣᠷᠢᠲᠤ ᠳᠠᠶᠢᠴᠢᠳ ᠶᠠᠫᠤᠨ ᠳᠤ ᠣᠴᠢᠵᠤ ᠳᠠᠶᠢᠨ ᠲᠤᠯᠤᠭᠠᠨ ᠬᠢᠨ᠎ᠡ ᠭᠡᠬᠦ ᠳᠤ ᠬᠦᠷᠪᠡᠯ᠂ ᠣᠩᠭᠤᠴᠠ ᠰᠠᠯ ᠠᠴᠠ ᠡᠬᠢᠯᠡᠭᠡᠳ ᠬᠤᠨᠣᠵᠤ ᠢᠳᠡᠬᠦ ᠪᠦᠬᠦ ᠡᠭᠦᠷᠭᠡ ᠳᠠᠷᠤᠭᠠᠰᠤ᠂ ᠡᠭᠦᠨ ᠠᠴᠠ ᠡᠭᠦᠰᠦᠭᠰᠡᠨ ᠭᠠᠶᠢᠯᠢ ᠭᠤᠪᠴᠢᠭᠤᠷ ᠠᠶᠠᠨᠳᠠᠭᠠᠨ ᠰᠣᠯᠣᠩᠭᠤᠰ ᠤᠨ ᠲᠣᠯᠣᠭᠠᠢ ᠳᠡᠭᠡᠷ᠎ᠡ ᠤᠨᠠᠵᠤ ᠢᠷᠡᠬᠦ ᠪᠣᠯᠣᠨ᠎ᠠ᠃    ᠡᠯᠴᠢᠳ ᠤᠨ ᠠᠪᠴᠢᠷᠠᠭᠰᠠᠨ ᠡᠨᠡ ᠬᠦ ᠬᠠᠷᠢᠭᠤᠯᠲᠠ ᠨᠢ ᠬᠤᠪᠢᠯᠠᠢ ᠬᠠᠭᠠᠨ ᠢ ᠶᠡᠬᠡᠬᠡᠨ ᠬᠢᠯᠢᠩᠨᠡᠭᠦᠯᠦᠭᠰᠡᠨ ᠪᠠᠶᠢᠨ᠎ᠠ᠃ ᠤᠳᠠᠯ ᠦᠭᠡᠢ᠂ ᠬᠤᠪᠢᠯᠠᠢ ᠬᠠᠭᠠᠨ ᠤ ᠪᠢᠴᠢᠭᠰᠡᠨ ᠵᠠᠬᠢᠶᠠᠰᠤ ᠰᠣᠯᠣᠩᠭᠤᠰ ᠤᠨ ᠡᠵᠡᠨ ᠤ ᠰᠢᠷᠡᠭᠡᠨ ᠳᠡᠭᠡᠷ᠎ᠡ ᠢᠯᠡᠷᠡᠭᠰᠡᠨ ᠪᠠᠶᠢᠨ᠎ᠠ᠃ ᠬᠤᠪᠢᠯᠠᠢ ᠬᠠᠭᠠᠨ ᠵᠠᠬᠢᠶ᠎ᠠ ᠳᠠᠭᠠᠨ ᠮᠣᠩᠭᠤᠯ ᠬᠠᠭᠠᠨᠲᠤ ᠤᠯᠤᠰ ᠤᠨ ᠳᠠᠭᠠᠯᠲᠠ ᠤᠯᠤᠰ ᠪᠣᠯᠬᠤ ᠰᠣᠯᠣᠩᠭᠤᠰ ᠤᠨ ᠡᠵᠡᠨ ᠢ ᠮᠣᠩᠭᠤᠯ ᠬᠠᠭᠠᠨ ᠤ ᠬᠠᠷᠢᠶᠠᠲᠤ ᠲᠦᠰᠢᠮᠡᠯ ᠪᠣᠯᠣᠭᠰᠠᠨ ᠤ ᠬᠤᠪᠢ ᠳᠤ᠂ ᠬᠠᠭᠠᠨ ᠡᠵᠡᠨ ᠢᠶᠠᠨ ᠳᠡᠮᠵᠢᠵᠦ ᠪᠠᠶᠢᠭᠠᠳ ᠬᠠᠷᠰᠢ ᠰᠠᠭᠠᠳ ᠢ ᠳᠠᠪᠠᠨ ᠲᠤᠭᠤᠯᠬᠤ ᠦᠭᠡᠢ ᠭᠡᠳᠡᠷᠭᠦ ᠪᠠᠨ ᠬᠠᠷᠢᠨ ᠥᠪᠡᠷᠲᠡᠭᠡᠨ ᠬᠠᠰᠢᠶ᠎ᠠ ᠬᠤᠷᠢᠶ᠎ᠠ ᠵᠣᠬᠢᠶᠠᠯ᠎ᠠ ᠭᠡᠵᠦ ᠴᠢᠩᠭ᠎ᠠ ᠳᠣᠩᠭᠤᠳᠤᠭᠰᠠᠨ ᠪᠠᠶᠢᠨ᠎ᠠ᠃    ᠡᠶᠢᠮᠦ ᠬᠠᠲᠠᠭᠤ ᠰᠢᠭᠦᠮᠵᠢᠯᠡᠯ ᠬᠦᠯᠢᠶᠡᠭᠰᠡᠨ ᠰᠣᠯᠣᠩᠭᠤᠰ ᠤᠨ ᠡᠵᠡᠨ᠂ ᠬᠤᠪᠢᠯᠠᠢ ᠬᠠᠭᠠᠨ ᠬᠤᠶᠠᠳᠠᠭᠢ ᠤᠳᠠᠭ᠎ᠠ ᠶᠠᠫᠤᠨ ᠳᠤ ᠡᠯᠴᠢ ᠲᠣᠮᠢᠯᠠᠬᠤ ᠦᠶ᠎ᠡ᠂ ᠳᠠᠷᠤᠢ ᡁᠢ ᠶᠤᠸᠠᠨ ᠤ ᠭᠤᠷᠪᠠᠳᠤᠭᠠᠷ ᠣᠨ ︵1268 ᠣᠨ︶ ᠳᠤ ᠪᠦᠬᠦ ᠬᠦᠴᠦᠨ ᠢᠶᠠᠨ ᠭᠠᠷᠭᠠᠵᠤ ᠲᠤᠰᠠᠯᠠᠭᠰᠠᠨ ᠪᠢᠯᠡ᠃ ᠡᠨᠡ ᠦᠶ᠎ᠡ ᠶᠠᠫᠤᠨ ᠤ ᠲᠥᠷᠥ ᠵᠠᠰᠠᠭ ᠤᠨ ᠪᠣᠳᠠᠲᠤ ᠡᠷᠬᠡ ᠨᠢ ᠵᠠᠩᠵᠤᠨ ᠤ ᠭᠠᠷ ᠲᠤ ᠪᠠᠶᠢᠵᠤ᠂ ᠲᠢᠶᠠᠨᠨᠤ᠋ ᠬᠠᠭᠠᠨ ᠨᠢ ᠮᠠᠨᠤᠤᠯ ᠲᠡᠳᠦᠢ ᠪᠠᠶᠢᠵᠠᠢ᠃ ᠮᠣᠩᠭᠤᠯ ᠬᠠᠭᠠᠨᠲᠤ ᠤᠯᠤᠰ ᠲᠤ ᠡᠯᠴᠢ ᠲᠣᠮᠢᠯᠠᠵᠤ᠂ ᠡᠷᠭᠦᠴᠡ ᠪᠠᠷᠢᠴᠠ ᠪᠠᠨ ᠡᠷᠭᠦ ᠭᠡᠵᠦ ᠱᠠᠭᠠᠷᠳᠠᠭᠰᠠᠨ ᠪᠢᠴᠢᠭ ᠢ ᠦᠵᠡᠭᠰᠡᠨ ᠶᠠᠫᠤᠨ ᠤ ᠺᠠᠮᠠᠺᠦᠷᠠ ᠶᠢᠨ ᠵᠠᠰᠠᠭ ᠤᠨ ᠣᠷᠳᠣᠨ ᠲᠡᠷᠡ ᠳᠣᠣᠷ᠎ᠠ ᠪᠠᠨ ᠶᠠᠭᠠᠬᠢᠵᠤ ᠠᠷᠭᠠᠴᠠᠭᠠᠬᠤ ᠳᠠᠭᠠᠨ ᠵᠥᠪᠳᠡᠯᠴᠡᠵᠦ᠂ ᠡᠨᠡ ᠱᠠᠭᠠᠷᠳᠠᠯᠭ᠎ᠠ ᠶᠢ ᠨᠢ ᠲᠠᠲᠠᠭᠠᠯᠵᠠᠭᠰᠠᠨ ᠪᠥᠭᠡᠳ ᠮᠣᠩᠭᠤᠯ ᠤᠨ ᠡᠯᠴᠢ ᠶᠢ ᠪᠤᠴᠠᠭᠠᠭᠰᠠᠨ ᠪᠠᠶᠢᠨ᠎ᠠ᠃ 1270 ᠣᠨ ᠳᠤ᠂ ᠬᠤᠪᠢᠯᠠᠢ ᠬᠠᠭᠠᠨ᠂ ᠶᠠᠫᠤᠨ ᠳᠤ ᠲᠠᠪᠤᠳᠠᠭᠢ ᠤᠳᠠᠭ᠎ᠠ ᠡᠯᠴᠢ ᠢᠯᠡᠭᠡᠵᠦ᠂ ᠶᠠᠫᠤᠨ ᠢ ᠬᠠᠷᠢᠶᠠᠲᠤ ᠠᠯᠪᠠᠲᠤ ᠪᠣᠯᠵᠤ᠂ ᠡᠷᠭᠦᠯ ᠪᠠᠷᠢᠴᠠ ᠪᠠᠨ ᠡᠷᠭᠦᠬᠦ ᠬᠡᠷᠡᠭᠲᠡᠢ᠂ ᠡᠰᠡ ᠲᠡᠭᠡᠪᠡᠯ ᠮᠣᠩᠭᠤᠯ ᠴᠡᠷᠢᠭ ᠤᠨ ᠮᠠᠬᠢᠷ ᠰᠡᠯᠡᠮᠡᠨ ᠳᠤ ᠪᠢᠲᠡᠭᠡᠢ ᠭᠤᠮᠣᠳᠠᠭᠠᠷᠠᠢ ᠭᠡᠵᠦ ᠬᠡᠯᠡᠭᠰᠡᠨ ᠪᠠᠶᠢᠨ᠎ᠠ᠃ ᠲᠤᠬᠠᠢ ᠶᠢᠨ ᠦᠶ᠎ᠡ ᠳᠤ ᠶᠠᠫᠤᠨ ᠳᠤ ᠲᠥᠷᠥ ᠶᠢᠨ ᠪᠣᠳᠠᠲᠤ ᠡᠷᠬᠡ ᠶᠢ ᠪᠠᠷᠢᠵᠤ ᠪᠠᠶᠢᠭᠰᠠᠨ ᠬᠤᠤᠵᠢᠦ ᠲᠤᠺᠢᠮᠦᠨᠠᠢ ᠵᠠᠩᠵᠤᠨ ᠡᠨᠡ ᠱᠠᠭᠠᠷᠳᠠᠭ᠎ᠠ ᠶᠢ ᠨᠢ ᠴᠢᠩᠭ᠎ᠠ ᠡᠰᠡᠷᠭᠦᠴᠡᠭᠰᠡᠨ ᠪᠥᠭᠡᠳ ᠴᠡᠷᠢᠭ ᠲᠣᠮᠢᠯᠠᠵᠤ ᠬᠢᠯᠢ ᠶᠢᠨ ᠣᠷᠣᠨ ᠢᠶᠠᠨ ᠪᠠᠬᠢᠯᠡᠭᠰᠡᠨ ᠪᠠᠶᠢᠨ᠎ᠠ᠃    ᠢᠩᠭᠢᠵᠦ ᠲᠠᠪᠤ ᠤᠳᠠᠭ᠎ᠠ ᠱᠠᠭᠠᠷᠳᠠᠯᠭ᠎ᠠ ᠶᠢ ᠨᠢ ᠡᠰᠡᠷᠭᠦᠴᠡᠭᠰᠡᠨ ᠶᠠᠪᠤᠳᠠᠯ ᠨᠢ᠂ ᠲᠤᠬᠠᠢ ᠶᠢᠨ ᠦᠶ᠎ᠡ ᠪᠠᠷ ᠠᠽᠢᠶ᠎ᠠ ᠡᠸᠦ᠋ᠷᠦᠫᠡ ᠳᠤ ᠬᠠᠨᠳᠤᠭᠰᠠᠨ ᠵᠦᠭ ᠲᠡᠭᠡᠨ ᠳᠠᠶᠢᠰᠤᠨ ᠦᠭᠡᠢ ᠲᠠᠯᠬᠢᠵᠤ ᠪᠠᠶᠢᠭᠰᠠᠨ ᠮᠣᠩᠭᠤᠯ ᠤᠨ ᠶᠡᠭᠡ ᠬᠠᠭᠠᠨ ᠳᠤ ᠠᠪᠴᠤ ᠬᠡᠯᠡᠪᠡᠯ ᠲᠣᠮᠣᠬᠠᠨ ᠳᠣᠷᠣᠮᠵᠢᠯᠠᠯ ᠪᠣᠯᠣᠭᠰᠠᠨ ᠤᠴᠢᠷ ᠪᠣᠯᠣᠯ᠎ᠠ᠃ ᠬᠤᠪᠢᠯᠠᠢ ᠬᠠᠭᠠᠨ ᠶᠡᠭᠡ ᠬᠢᠯᠢᠩᠨᠡᠵᠦ᠂ ᠲᠤᠬᠠᠢ ᠶᠢᠨ ᠦᠶ᠎ᠡ ᠪᠠᠷ ᠬᠢᠲᠠᠳ ᠤᠨ ᠡᠮᠦᠨᠡᠲᠦ ᠰᠦᠩ ᠤᠯᠤᠰ ᠤᠨ ᠴᠡᠷᠢᠭ ᠲᠠᠢ ᠪᠠᠶᠢᠯᠳᠤᠵᠤ ᠪᠠᠶᠢᠭᠰᠠᠨ ᠮᠣᠩᠭᠤᠯ ᠴᠡᠷᠢᠭ ᠢᠶᠠᠨ ᠲᠠᠲᠠᠵᠤ᠂ ᠶᠠᠫᠤᠨ ᠳᠤ ᠴᠡᠷᠢᠭᠯᠡᠬᠦ ᠮᠣᠷᠢ ᠤᠨᠤᠭ᠎ᠠ᠂ ᠬᠦᠨᠡᠰᠦ ᠬᠤᠭᠤᠯᠠ᠂ ᠣᠩᠭᠤᠴᠠ ᠰᠠᠯ ᠪᠡᠯᠡᠳᠬᠡᠵᠦ ᠡᠬᠢᠯᠡᠭᠰᠡᠨ ᠪᠠᠶᠢᠨ᠎ᠠ᠃    ᠣᠨ ᠲᠣᠭᠠᠯᠠᠯ ᠤᠨ 1274 ᠣᠨ ᠳᠤ ᠬᠤᠪᠢᠯᠠᠢ ᠬᠠᠭᠠᠨ ᠵᠠᠷᠯᠢᠭ ᠪᠠᠭᠤᠯᠭᠠᠵᠤ᠂ ︽ᠬᠢᠲᠠᠳ᠂ ᠰᠣᠯᠣᠩᠭᠤᠰ᠂ ᠮᠣᠩᠭᠤᠯ ᠴᠡᠷᠢᠭ ᠲᠤᠰ ᠲᠤᠰ ᠭᠤᠷᠪᠠᠨ ᠵᠠᠭᠤᠨ ᠣᠩᠭᠤᠴᠠ ᠭᠠᠷᠭᠠᠵᠤ᠂ ᠲᠦᠮᠡ ᠲᠠᠪᠤᠨ ᠮᠢᠩᠭᠠᠨ ᠴᠡᠷᠢᠭ ᠲᠠᠲᠠᠵᠤ᠂ ᠳᠣᠯᠣᠳᠤᠭᠠᠷ ᠰᠠᠷ᠎ᠠ ᠳᠤ ᠶᠠᠫᠤᠨ ᠢ ᠳᠠᠶᠢᠯᠠᠬᠤ ᠪᠠᠷ︾ ᠪᠣᠯᠣᠭᠰᠠᠨ ᠪᠠᠶᠢᠨ᠎ᠠ᠃ ᠠᠯᠪᠠ ᠭᠤᠪᠴᠢᠭᠤᠷ ᠲᠤ ᠪᠠᠷᠢᠭᠳᠠᠭᠰᠠᠨ ᠬᠢᠲᠠᠳ᠂ ᠰᠣᠯᠣᠩᠭᠤᠰ ᠢᠷᠭᠡᠳ ᠣᠩᠭᠤᠴᠠ ᠰᠠᠯ ᠵᠣᠬᠢᠶᠠᠵᠤ᠂ ᠠᠮᠤ ᠬᠦᠨᠡᠰᠦ ᠵᠥᠭᠡᠭᠡᠪᠦᠷᠢᠯᠡᠭᠰᠡᠨ ᠲᠡᠳᠦᠢ ᠦᠭᠡᠢ᠂ ᠮᠥᠨ ᠴᠡᠷᠢᠭ ᠲᠤ ᠲᠠᠲᠠᠭᠳᠠᠵᠤ ᠣᠷᠣᠭᠰᠠᠨ ᠪᠠᠶᠢᠨ᠎ᠠ᠃ ᠭᠡᠪᠡᠴᠦ ᠲᠡᠦᠬᠡᠨ ᠪᠢᠴᠢᠭ ᠲᠤ ᠲᠡᠮᠳᠡᠭᠯᠡᠭᠰᠡᠨ ᠢ ᠦᠵᠡᠪᠡᠯ᠂ ᠶᠠᠫᠤᠨ ᠳᠤ ᠲᠣᠮᠢᠯᠠᠭᠰᠠᠨ ᠡᠨᠡ ᠬᠤᠯᠪᠣᠭᠠᠲᠤ ᠴᠡᠷᠢᠭ ᠨᠢ ︽ᠠᠷᠪᠠᠨ ᠰᠠᠷ᠎ᠠ ᠳᠤ ᠶᠠᠫᠤᠨ ᠤ ᠨᠤᠲᠤᠭ ᠲᠤ ᠣᠷᠣᠭᠰᠠᠨ ᠪᠣᠯᠪᠠᠴᠤ᠂ ᠤᠳᠠᠯ ᠦᠭᠡᠢ ᠳᠡᠶᠢᠯᠦᠭᠳᠡᠵᠦ᠂ ᠳᠡᠭᠡᠷ᠎ᠡ ᠠᠴᠠ ᠪᠠᠨ ᠴᠡᠷᠢᠭ ᠤᠨ ᠰᠦᠷ ᠳᠠᠷᠤᠭᠳᠠᠵᠤ᠂ ᠰᠤᠮᠤ ᠨᠢ ᠪᠠᠷᠠᠭᠳᠠᠭᠰᠠᠨ ᠪᠣᠯᠬᠤᠷ ᠵᠥᠪᠬᠡᠨ ᠳᠥᠷᠪᠡᠬᠡᠨ ᠭᠠᠵᠠᠷ ᠣᠷᠣᠨ ᠢ ᠲᠦᠢᠪᠡᠭᠡᠭᠡᠳ᠂ ᠳᠠᠬᠢᠵᠤ ᠤᠯᠤᠰ ᠲᠠᠭᠠᠨ ᠪᠤᠴᠠᠭᠰᠠᠨ ᠪᠠᠶᠢᠨ᠎ᠠ︾ ᠭᠡᠵᠦ ᠲᠡᠮᠳᠡᠭᠯᠡᠭᠰᠡᠨ ᠪᠠᠶᠢᠯ᠎ᠠ᠃ ᠲᠡᠦᠬᠡ ᠰᠤᠳᠤᠷ ᠲᠤ ᠲᠡᠮᠳᠡᠭᠯᠡᠭᠰᠡᠨ ᠢ ᠦᠵᠡᠪᠡᠯ᠂ 1274 ᠣᠨ ᠤ 10 ᠰᠠᠷ᠎ᠠ ᠶᠢᠨ ᠳᠤᠮᠳᠠᠴᠢ ᠪᠠᠷ᠂ ᠮᠣᠩᠭᠤᠯ ᠬᠤᠯᠪᠣᠭᠠᠲᠤ ᠴᠡᠷᠢᠭ ᠤᠨ ᠭᠤᠷᠪᠠᠨ ᠲᠦᠮᠡ ᠭᠤᠷᠪᠠᠨ ᠮᠢᠩᠭ᠎ᠠ ᠭᠠᠷᠤᠢ ᠴᠡᠷᠢᠭ ᠶᠠᠫᠤᠨ ᠤ ᠺᠢᠦᠰᠢᠤ ᠠᠷᠠᠯ ᠤᠨ ᠡᠮᠦᠨ᠎ᠡ ᠪᠡᠶ᠎ᠡ ᠶᠢᠨ ᠢᠺᠢᠵᠢᠮᠠ᠂ ᠼᠦᠵᠢᠮᠠ ᠵᠡᠷᠭᠡ ᠬᠤᠶᠠᠷ ᠠᠷᠠᠯ ᠢ ᠡᠵᠡᠯᠡᠭᠰᠡᠨ ᠪᠠᠶᠢᠨ᠎ᠠ᠃ ᠮᠣᠩᠭᠤᠯ ᠴᠡᠷᠢᠭ ᠴᠢᠨᠠᠭᠰᠢ ᠳᠠᠪᠰᠢᠵᠤ ᠪᠠᠰᠠ ᠶᠠᠫᠤᠨ ᠤ ᠾᠢᠽᠧᠨ ᠮᠠᠼᠦᠷᠠ ᠵᠡᠷᠭᠡ ᠭᠠᠵᠠᠷ ᠢ ᠡᠵᠡᠯᠡᠭᠡᠳ᠂ ᠶᠠᠫᠤᠨ ᠴᠡᠷᠢᠭ ᠢ ᠴᠢᠨᠠᠭᠰᠢ ᠰᠢᠬᠠᠭᠰᠠᠨ ᠪᠠᠶᠢᠨ᠎ᠠ ᠃ ᠢᠯᠠᠯᠲᠠ ᠶᠢᠨ ᠡᠷᠴᠢᠨ ᠳᠡᠭᠡᠨ ᠴᠢᠨᠠᠭᠰᠢ ᠳᠠᠪᠰᠢᠭᠰᠠᠨ ᠦᠭᠡᠢ᠂ ᠮᠣᠩᠭᠤᠯ ᠴᠡᠷᠢᠭ ᠰᠥᠨᠢ ᠳᠡᠭᠡᠨ ᠬᠠᠷᠢᠨ ᠳᠠᠯᠠᠢ ᠳᠡᠭᠡᠷᠡᠬᠢ ᠣᠩᠭᠤᠴᠠᠨ ᠳᠠᠭᠠᠨ ᠪᠤᠴᠠᠭᠰᠠᠨ ᠪᠠᠶᠢᠯ᠎ᠠ᠃ ᠭᠠᠶᠢᠬᠠᠯᠲᠠᠢ ᠨᠢ ᠭᠡᠪᠡᠯ᠂ ᠮᠥᠨ ᠣᠷᠣᠢ ᠨᠢ ᠳᠠᠯᠠᠢ ᠳᠡᠭᠡᠷ᠎ᠡ ᠶᠡᠭᠡ ᠰᠠᠯᠬᠢᠨ ᠳᠡᠭᠳᠡᠵᠦ᠂ ᠮᠣᠩᠭᠤᠯ ᠴᠡᠷᠢᠭ ᠤᠨ ᠬᠤᠶᠠᠷ ᠵᠠᠭᠤ ᠭᠠᠷᠤᠢ ᠣᠩᠭᠤᠴᠠ ᠨᠢ ᠰᠠᠯᠬᠢᠨ ᠳᠤ ᠬᠡᠶᠢᠰᠦᠭᠳᠡᠵᠦ ᠂ ᠦᠯᠡᠳᠡᠭᠰᠡᠨ ᠮᠣᠩᠭᠤᠯ ᠴᠡᠷᠢᠭ ᠠᠷᠭ᠎ᠠ ᠪᠤᠰᠤ ᠨᠤᠲᠤᠭ ᠪᠤᠴᠠᠭᠰᠠᠨ ᠪᠠᠶᠢᠨ᠎ᠠ᠃ ᠢᠩᠭᠢᠭᠡᠳ᠂ ᠮᠣᠩᠭᠤᠯ ᠴᠡᠷᠢᠭ ᠤᠨ ᠶᠠᠫᠤᠨ ᠢ ᠳᠠᠶᠢᠯᠠᠭᠰᠠᠨ ᠳᠠᠶᠢᠨ ᠪᠦᠲᠦᠮᠵᠢ ᠮᠠᠭᠤᠲᠠᠶᠢᠬᠠᠨ ᠲᠡᠭᠦᠰᠦᠭᠰᠡᠨ ᠪᠠᠶᠢᠨ᠎ᠠ᠃    ᠶᠠᠫᠤᠨ ᠤ ᠲᠡᠦᠬᠡᠨ ᠳᠤ ᠪᠦᠨ ᠡᠸ᠋ ᠤᠨ ᠳᠠᠶᠢᠨ ᠭᠡᠵᠦ ᠨᠡᠷᠡᠯᠡᠭᠳᠡᠭᠰᠡᠨ ᠡᠨᠡ ᠲᠤᠯᠤᠭᠠᠨ ᠨᠢ ᠮᠣᠩᠭᠤᠯ ᠴᠡᠷᠢᠭ ᠢᠯᠠᠭᠳᠠᠰᠢ ᠦᠭᠡᠢ ᠭᠡᠰᠡᠨ ᠶᠠᠷᠢᠶ᠎ᠠ ᠶᠢ ᠨᠢᠴᠤᠭᠠᠭᠰᠠᠨ ᠤᠴᠢᠷ ᠪᠣᠯᠵᠠᠢ᠃ ᠠᠮᠧᠷᠢᠺᠠ ᠶᠢᠨ ᠮᠣᠩᠭᠤᠯᠴᠢ ᠡᠷᠳᠡᠮᠲᠡᠨ ᠷᠣᠰᠠᠪᠢ ᠡᠨᠡ ᠳᠠᠶᠢᠨ ᠤ ᠲᠤᠬᠠᠢ ᠬᠡᠯᠡᠬᠦ ᠳᠡᠭᠡᠨ᠂ ︽ᠮᠣᠩᠭᠤᠯ ᠴᠡᠷᠢᠭ ᠠᠶᠠᠨ ᠳᠠᠶᠢᠨ ᠳᠠᠭᠠᠨ ᠨᠢᠭᠡᠨᠲᠡ ᠮᠣᠷᠳᠠᠭᠰᠠᠨ ᠢ ᠶᠠᠫᠤᠨᠴᠤᠳ ᠨᠢᠭᠡᠨᠲᠡ ᠮᠡᠳᠡᠭᠰᠡᠨ ᠪᠣᠯᠪᠠᠴᠤ᠂ ᠶᠠᠫᠤᠨᠴᠤᠳ ᠤᠨ ᠳᠠᠶᠢᠨ ᠤ ᠪᠡᠯᠡᠳᠬᠡᠯ ᠲᠠᠭᠠᠷᠠᠤᠬᠠᠨ ᠪᠠᠶᠢᠯ᠎ᠠ᠃ ᠲᠡᠳᠡᠨ ᠤ ᠮᠣᠩᠭᠤᠯ ᠴᠡᠷᠢᠭ ᠤᠨ ᠬᠡᠷᠡᠭᠯᠡᠳᠡᠭ ᠬᠤᠯᠠ ᠲᠤᠰᠤᠯᠲᠠ ᠲᠠᠢ ᠨᠤᠮᠤ ᠰᠤᠮᠤ ᠪᠠᠶᠢᠬᠤ ᠦᠭᠡᠢ᠂ ᠺᠣᠮᠠᠨᠳ᠋ᠯᠠᠭᠴᠢ ᠨᠢ ᠴᠦ ᠲᠤᠷᠰᠢᠯᠭ᠎ᠠ ᠮᠡᠬᠦᠰ ᠪᠠᠶᠢᠵᠠᠢ᠃ ᠬᠠᠷᠢᠨ ᠨᠢᠭᠤᠷ ᠨᠢᠭᠤᠷ ᠢᠶᠠᠷ ᠢᠶᠠᠨ ᠠᠰ ᠲᠤᠯᠤᠨ ᠬᠠᠷᠢᠭᠤᠴᠠᠬᠤ ᠳᠤ ᠶᠠᠫᠤᠨ ᠴᠡᠷᠢᠭ ᠤᠨ ᠳᠠᠪᠠᠭᠤᠯᠢᠭ ᠨᠢ ᠪᠠᠳᠠᠷᠠᠳᠠᠭ ᠶᠤᠮ ᠪᠠᠶᠢᠨ᠎ᠠ᠃ ᠬᠡᠳᠦᠶᠢᠪᠡᠷ ᠶᠠᠫᠤᠨ ᠴᠡᠷᠢᠭ ᠡᠬᠢᠨ ᠤ ᠬᠡᠳᠦᠨ ᠡᠳᠦᠷ ᠤᠨ ᠪᠠᠶᠢᠯᠳᠤᠭᠠᠨ ᠳᠤ ᠢᠯᠠᠭᠳᠠᠭᠰᠠᠨ ᠪᠣᠯᠪᠠᠴᠤ᠂ ᠭᠡᠨᠡᠳᠲᠡ ᠳᠡᠭᠳᠡᠭᠰᠡᠨ ᠳᠠᠯᠠᠢ ᠶᠢᠨ ᠰᠠᠯᠬᠢ ᠨᠢ ᠮᠣᠩᠭᠤᠯ ᠴᠡᠷᠢᠭ ᠤᠨ ᠣᠩᠭᠤᠴᠠ ᠰᠠᠯ ᠢ ᠦᠯᠢᠶᠡᠨ ᠰᠠᠷᠨᠢᠭᠤᠯᠵᠤ᠂ ᠮᠣᠩᠭᠤᠯ ᠴᠡᠷᠢᠭ ᠴᠦ ᠠᠷᠭ᠎ᠠ ᠪᠤᠰᠤ ᠤᠬᠤᠷᠢᠭᠰᠠᠨ ᠪᠠᠶᠢᠨ᠎ᠠ︾ ᠭᠡᠵᠡᠢ᠃    ᠤᠴᠠᠷᠠᠭᠰᠠᠨ ᠳᠠᠶᠢᠰᠤᠨ ᠤ ᠪᠠᠨ ᠰᠥᠰᠥ ᠶᠢ ᠬᠡᠮᠬᠡᠷᠡᠭᠦᠯᠵᠦ ᠪᠠᠶᠢᠭᠰᠠᠨ ᠳᠠᠶᠢᠴᠢᠨ ᠮᠣᠩᠭᠤᠯ ᠴᠡᠷᠢᠭ ᠵᠢᠵᠢᠭᠬᠡᠨ ᠠᠷᠠᠯᠲᠤ ᠤᠯᠤᠰ ᠤᠨ ᠮᠠᠭᠠᠷᠤᠤᠬᠠᠨ ᠵᠡᠪᠰᠡᠭᠯᠡᠭᠰᠡᠨ ᠴᠡᠷᠢᠭ ᠠᠷᠮᠢ ᠳᠤ ᠪᠤᠲᠠ ᠴᠣᠬᠢᠭᠤᠯᠤᠯ᠎ᠠ ᠭᠡᠵᠦ ᠬᠤᠶᠠᠭ ᠳᠤᠭᠤᠯᠭ᠎ᠠ ᠪᠠᠨ ᠴᠢᠷᠴᠦ ᠢᠷᠡᠭᠰᠡᠨ ᠵᠠᠩᠵᠤᠨ ᠰᠠᠶᠢᠳ ᠤᠨ ᠢᠶᠠᠨ ᠮᠡᠳᠡᠭᠡ ᠶᠢ ᠰᠣᠨᠣᠰᠤᠭᠠᠳ᠂ ᠬᠤᠪᠢᠯᠠᠢ ᠬᠠᠭᠠᠨ ᠥᠪᠡᠷ ᠤᠨ ᠴᠢᠬᠢ ᠪᠠᠨ ᠢᠲᠡᠭᠡᠵᠦ ᠶᠠᠳᠠᠵᠤ ᠪᠠᠶᠢᠯ᠎ᠠ᠃ ᠬᠡᠳᠦᠶᠢᠪᠡᠷ ᠳᠠᠬᠢᠵᠤ ᠨᠢᠭᠡ ᠤᠳᠠᠭ᠎ᠠ ᠨᠢᠭᠡ ᠪᠠᠨ ᠦᠵᠡᠯᠴᠡᠶ᠎ᠡ ᠭᠡᠵᠦ ᠬᠤᠪᠢᠯᠠᠢ ᠬᠠᠲᠠᠭᠤ ᠪᠣᠳᠣᠭᠰᠠᠨ ᠪᠣᠯᠪᠠᠴᠤ᠂ ᠶᠠᠭ ᠡᠨᠡ ᠦᠶ᠎ᠡ ᠪᠠᠷ ᠬᠢᠲᠠᠳ ᠤᠨ ᠰᠦᠩ ᠤᠯᠤᠰ ᠢ ᠨᠤᠷᠠᠭᠠᠬᠤ ᠴᠡᠷᠢᠭ ᠳᠠᠶᠢᠨ ᠤ ᠠᠵᠢᠯᠯᠠᠭ᠎ᠠ ᠨᠢ ᠨᠢᠭᠡᠨᠲᠡ ᠵᠠᠩᠭᠢᠯᠠᠭ᠎ᠠ ᠶᠢᠨ ᠱᠠᠲᠤᠨ ᠳᠠᠭᠠᠨ ᠣᠷᠣᠭᠠᠳ ᠪᠠᠶᠢᠭᠰᠠᠨ ᠪᠣᠯᠬᠤᠷ᠂ ᠬᠤᠪᠢᠯᠠᠢ ᠬᠠᠭᠠᠨ ᠳᠠᠬᠢᠵᠤ ᠶᠠᠫᠤᠨ ᠳᠤ ᠡᠯᠴᠢ ᠲᠣᠮᠢᠯᠠᠵᠤ᠂ ᠡᠷᠭᠦᠯ ᠪᠠᠷᠢᠴᠠ ᠡᠷᠭᠦ ᠭᠡᠵᠦ ᠵᠠᠷᠯᠢᠭᠳᠠᠭᠰᠠᠨ ᠪᠥᠭᠡᠳ ᠰᠠᠨᠠᠭ᠎ᠠ ᠶᠢ ᠨᠢ ᠭᠦᠢᠴᠡᠭᠡᠬᠦ ᠦᠭᠡᠢ ᠪᠣᠯ ᠳᠠᠬᠢᠵᠤ ᠳᠠᠶᠢᠯᠠᠨ ᠴᠣᠬᠢᠨ᠎ᠠ ᠭᠡᠵᠦ ᠰᠦᠷᠳᠡᠭᠦᠯᠦᠭᠰᠡᠨ ᠪᠠᠶᠢᠵᠠᠢ᠃ ᠭᠡᠪᠡᠴᠦ ᠰᠠᠶ᠋ᠢᠬᠠᠨ ᠤ ᠢᠯᠠᠯᠲᠠ ᠳᠠᠭᠠᠨ ᠰᠣᠭᠲᠣᠭᠤᠷᠠᠵᠤ᠂ ᠰᠥᠰᠥ ᠨᠢ ᠪᠦᠳᠦᠭᠦᠷᠡᠭᠰᠡᠨ ᠶᠠᠫᠤᠨᠴᠤᠳ ᠬᠤᠪᠢᠯᠠᠢ ᠶᠢᠨ ᠡᠯᠴᠢᠳ ᠢ ᠴᠠᠪᠴᠢᠵᠤ ᠠᠯᠠᠭᠰᠠᠨ ᠪᠠᠶᠢᠨ᠎ᠠ᠃ ᠲᠣᠮᠢᠯᠠᠭᠰᠠᠨ ᠡᠯᠴᠢ ᠶᠢ  ᠨᠢ ᠬᠤᠷᠣᠭᠠᠭᠰᠠᠨ ᠬᠡᠷᠡᠭ ᠨᠢ ᠮᠣᠩᠭᠤᠯᠴᠤᠳ ᠲᠤ ᠠᠪᠴᠤ ᠬᠡᠯᠡᠪᠡᠯ ᠨᠢᠭᠤᠷ ᠲᠤ ᠬᠦᠷᠦᠭᠰᠡᠨ ᠤᠴᠢᠷ ᠪᠣᠯᠵᠠᠢ᠃ 1218 ᠣᠨ ᠳᠤ᠂ ᠬᠤᠷᠣᠽᠧᠮ ᠤᠨ ᠵᠠᠩᠵᠤᠨ ᠴᠢᠩᠭᠢᠰ ᠬᠠᠭᠠᠨ ᠤ ᠲᠣᠮᠢᠯᠠᠭᠰᠠᠨ ᠬᠤᠳᠠᠯᠳᠤᠭᠠᠴᠢᠳ᠂ ᠡᠯᠴᠢᠳ ᠤᠨ ᠪᠦᠯᠬᠦᠮ ᠢ ᠬᠢᠳᠤᠵᠤ᠂ ᠳᠣᠷᠣᠮᠵᠢᠯᠠᠭᠰᠠᠨ ᠠᠴᠠ ᠪᠣᠯᠵᠤ᠂ ᠴᠢᠩᠭᠢᠰ ᠬᠠᠭᠠᠨ ᠬᠥᠯᠥᠭ ᠤᠨ ᠵᠢᠯᠣᠭᠤ ᠪᠠᠨ ᠪᠠᠷᠠᠭᠤᠨᠰᠢ ᠵᠠᠯᠠᠭᠰᠠᠨ ᠶᠤᠮ᠃ ᠬᠤᠪᠢᠯᠠᠢ ᠴᠦ ᠮᠥᠨ ᠶᠠᠫᠤᠨ ᠤ ᠡᠨᠡ ᠠᠵᠢᠯᠯᠠᠭᠠᠨ ᠳᠤ ᠥᠰᠢᠶ᠎ᠡ ᠬᠤᠨᠵᠢᠩ ᠵᠠᠭᠤᠭᠰᠠᠨ ᠪᠠᠶᠢᠨ᠎ᠠ᠃ 1281 ᠣᠨ ᠳᠤ ᠬᠤᠪᠢᠯᠠᠢ ᠬᠠᠭᠠᠨ ᠴᠡᠷᠢᠭ ᠲᠠᠲᠠᠵᠤ᠂ ᠳᠡᠭᠡᠷ᠎ᠡ ᠨᠢ ᠰᠠᠶ᠋ᠢᠬᠠᠨ ᠪᠠᠭᠤᠵᠤ ᠥᠭᠭᠦᠭᠰᠡᠨ ᠡᠮᠦᠨᠡᠲᠦ ᠰᠦᠩ ᠤᠯᠤᠰ ᠤᠨ ᠴᠡᠷᠢᠭ ᠢ ᠨᠡᠮᠡᠭᠡᠳ᠂ ᠬᠤᠶᠠᠷ ᠵᠠᠮ ᠢᠶᠠᠷ ᠴᠡᠷᠢᠭ ᠬᠤᠪᠢᠶᠠᠵᠤ᠂ ᠶᠠᠫᠤᠨ ᠢ ᠨᠢᠭᠡᠮᠦᠰᠦᠨ ᠳᠠᠷᠤᠮᠲᠠᠯᠠᠵᠦ ᠠᠪᠬᠤ ᠪᠠᠷ ᠲᠣᠮᠢᠯᠠᠭᠰᠠᠨ ᠪᠠᠶᠢᠨ᠎ᠠ᠃ ᠬᠤᠯᠪᠣᠭᠠᠲᠤ ᠴᠡᠷᠢᠭ ᠤᠨ ᠨᠢᠭᠡ ᠵᠠᠮ ᠨᠢ ᠮᠣᠩᠭᠤᠯ᠂ ᠰᠣᠯᠣᠩᠭᠤᠰ᠂ ᠬᠢᠲᠠᠳ ᠤᠨ ᠳᠥᠷᠪᠡᠨ ᠲᠦᠮᠡᠨ ᠴᠡᠷᠢᠭ ᠠᠴᠠ ᠪᠦᠷᠢᠯᠳᠦᠵᠦ᠂ ᠰᠣᠯᠣᠩᠭᠤᠰ ᠠᠴᠠ ᠮᠣᠷᠳᠠᠭᠰᠠᠨ ᠪᠠᠶᠢᠨ᠎ᠠ᠃ ᠨᠢᠭᠡᠨᠲᠡ ᠪᠠᠭᠤᠵᠤ ᠥᠭᠭᠦᠭᠰᠡᠨ ᠰᠦᠩ ᠤᠯᠤᠰ ᠤᠨ ᠴᠡᠷᠢᠭ ᠢ ᠶᠢᠰᠦᠨ ᠮᠢᠩᠭᠠᠨ ᠣᠩᠭᠤᠴᠠᠨ ᠳᠤ ᠰᠠᠭᠤᠯᠭᠠᠵᠤ᠂ ᠴᠢᠩ ᠶᠤᠸᠠᠨ᠂ ᠳ᠋ᠢᠩ ᠬᠠᠢ ᠠᠴᠠ ᠶᠠᠫᠤᠨ ᠤᠷᠤᠭᠤ ᠮᠣᠷᠳᠠᠭᠤᠯᠤᠭᠰᠠᠨ ᠪᠠᠶᠢᠨ᠎ᠠ᠃ ᠭᠡᠪᠡᠴᠦ ᠴᠡᠷᠢᠭ ᠤᠨ ᠺᠣᠮᠠᠨᠳ᠋ᠯᠠᠭᠴᠢ ᠨᠠᠷ ᠤᠨ ᠬᠢᠨᠢ ᠬᠤᠭᠤᠷᠣᠨᠳᠤ ᠨᠢᠭᠡᠳᠦᠯ ᠦᠭᠡᠢ᠂ ᠳᠡᠭᠡᠷ᠎ᠡ ᠠᠴᠠ ᠨᠢ ᠳᠠᠯᠠᠢ ᠳᠡᠭᠡᠷ᠎ᠡ ᠳᠠᠬᠢᠵᠤ ᠰᠠᠯᠬᠢᠨ ᠳᠡᠭᠳᠡᠭᠰᠡᠨ ᠠᠴᠠ ᠪᠣᠯᠵᠤ᠂ ᠮᠣᠩᠭᠤᠯ ᠴᠡᠷᠢᠭ ᠤᠨ ᠬᠤᠶᠠᠳᠠᠭᠢ ᠤᠳᠠᠭᠠᠨ ᠤ ᠠᠶᠠᠨ ᠳᠠᠶᠢᠨ ᠬᠠᠷᠠᠰᠠᠯᠲᠠᠢ ᠢᠯᠠᠭᠳᠠᠯ ᠳᠤ ᠤᠴᠠᠷᠠᠭᠰᠠᠨ ᠪᠢᠯᠡ᠃    ᠲᠠᠴᠢᠶᠠᠳᠠᠵᠤ ᠬᠢᠯᠢᠩᠨᠡᠭᠰᠡᠨ ᠬᠤᠪᠢᠯᠠᠢ ᠬᠠᠭᠠᠨ ᠬᠡᠳᠦᠶᠢᠪᠡᠷ ᠡᠮᠦᠨᠡᠲᠦ ᠣᠷᠣᠨ ᠤ ᠬᠤᠳᠠᠯᠳᠤᠭᠠᠴᠢᠳ ᠪᠣᠯᠣᠨ ᠵᠦᠷᠴᠢᠨ ᠤ ᠨᠣᠶᠠᠳ ᠢ ᠵᠠᠷᠯᠢᠭᠳᠠᠵᠤ᠂ ᠭᠤᠷᠪᠠᠳᠠᠭᠢ ᠤᠳᠠᠭ᠎ᠠ ᠶᠠᠫᠤᠨ ᠢ ᠳᠠᠶᠢᠯᠠᠬᠤ ᠪᠠᠷ ᠵᠡᠬᠡᠵᠦ ᠪᠠᠶᠢᠭᠰᠠᠨ ᠪᠣᠯᠪᠠᠴᠤ᠂ ᠤᠯᠤᠰ ᠤᠨ ᠳᠣᠲᠣᠭᠠᠳᠤ ᠶᠢᠨ ᠠᠵᠤ ᠠᠬᠤᠢ ᠮᠠᠭᠤᠳᠠᠭᠰᠠᠨ᠂ ᠲᠥᠷᠥ ᠶᠢᠨ ᠲᠦᠰᠢᠮᠡᠯ ᠰᠠᠶᠢᠳ ᠨᠢ ᠬᠠᠰᠢᠵᠤ ᠬᠤᠷᠢᠭᠯᠠᠭᠰᠠᠨ ᠠᠴᠠ ᠪᠣᠯᠵᠤ ᠶᠠᠫᠤᠨ ᠢ ᠡᠷᠬᠡᠰᠢᠶᠡᠬᠦ ᠰᠠᠨᠠᠭ᠎ᠠ ᠪᠠᠨ ᠬᠤᠷᠢᠶᠠᠭᠰᠠᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号