ᠪᠠᠲᠤ ᠬᠠᠭᠠᠨ
ᠨᠡᠶᠢᠲᠡᠯᠡᠭᠰᠡᠨ ᠴᠠᠭ᠄
2020/8/25
               ᠮᠣᠩᠭᠤᠯ ‍ᠣᠨ‌ᠡᠵᠡᠨᠲᠦ ᠭᠦᠷᠦᠨ ᠤ ᠬᠠᠭᠠᠨ᠂ 1236-1242 ᠣᠨ ᠨᠤᠭᠤᠳ ᠲᠤ ᠳᠣᠷᠣᠨᠠᠲᠤ ᠪᠣᠯᠣᠨ ᠲᠥᠪ ᠡᠸᠦ᠋ᠷᠦᠫᠡ ᠳᠤ ᠬᠢᠭᠰᠡᠨ ᠠᠶᠠᠨ ᠳᠠᠶᠢᠨ ᠢ ᠤᠳᠤᠷᠢᠳᠤᠭᠴᠢ ᠪᠠᠲᠤ ᠬᠠᠭᠠᠨ ᠨᠢ ᠠᠤᠭ᠎ᠠ ᠪᠠᠶᠢᠯᠳᠤᠨ ᠳᠠᠭᠠᠭᠤᠯᠤᠭᠴᠢ ᠴᠢᠩᠭᠢᠰ ᠬᠠᠭᠠᠨ ᠤ ᠤᠤᠭᠠᠨ‌‍ᠬᠦ᠋ᠦ ᠵᠦᠴᠢ ᠶᠢᠨ ᠬᠦᠦ ᠪᠣᠯᠣᠨ ᠲᠥᠷᠥᠵᠦ ᠡᠴᠢᠭᠡ ᠶᠢᠨ ᠢᠶᠠᠨ ᠭᠡᠷᠢᠶᠡᠰᠯᠡᠯ ᠶᠣᠰᠣ ᠪᠠᠷ ᠠᠷᠠᠯ ᠤᠨ ᠲᠠᠩᠭᠢᠰ ᠠᠴᠠ ᠪᠠᠷᠠᠭᠤᠨ᠂ ᠪᠠᠷᠠᠭᠤᠨ ᠬᠤᠶᠢᠳᠤ ᠵᠦᠭ ᠣᠷᠣᠰᠢᠬᠤ ᠮᠣᠩᠭᠤᠯ ᠤᠨ ᠡᠵᠡᠮᠰᠢᠯ ᠨᠤᠲᠤᠭ ᠢ ᠵᠠᠬᠢᠷᠬᠤ ᠪᠣᠯᠵᠠᠢ᠃    ᠴᠢᠩᠭᠢᠰ ᠬᠠᠭᠠᠨ ᠤ ᠭᠤᠷᠪᠠ ᠳᠠᠬᠢ ᠬᠦᠦ ᠥᠭᠡᠳᠡᠢ ᠲᠡᠭᠦᠨ ᠳᠤ ᠡᠴᠢᠭᠡ ᠶᠢᠨ ᠬᠢ ᠨᠢ ᠡᠵᠡᠮᠰᠢᠯ ᠨᠤᠲᠤᠭ ᠪᠣᠯᠬᠤ ᠺᠠᠪᠺᠠᠽ᠂ ᠬᠤᠷᠽᠤᠮ ᠤᠨ ᠬᠠᠭᠠᠨᠲᠤ ᠤᠯᠤᠰ ᠤᠨ ᠨᠤᠲᠤᠭ ᠢ 1227 ᠣᠨ ᠳᠤ ᠲᠠᠰᠤᠯᠤᠨ ᠥᠭᠴᠡᠢ᠃ ᠲᠡᠭᠦᠨ ᠳᠤ ᠨᠣᠭᠳᠠᠭᠰᠠᠨ ᠨᠤᠲᠤᠭ ᠨᠢ‌‍ᠲ᠋ᠡᠭᠦᠨ ᠤ ᠪᠠᠶᠢᠯᠳᠤᠨ ᠳᠠᠭᠠᠭᠤᠯᠬᠤ ᠥᠷᠥᠨᠡᠲᠦ ᠶᠢᠨ ᠣᠷᠣᠨ ᠨᠤᠭᠤᠳ ᠲᠠᠢ ᠬᠢᠯᠢᠯᠡᠵᠦ ᠪᠠᠶᠢᠪᠠ᠃    ᠪᠠᠲᠤ ᠬᠠᠭᠠᠨ19 ᠨᠠᠰᠤᠲᠠᠢ ᠳᠠᠭᠠᠨ ᠭᠡᠬᠦ ᠳᠤ ᠰᠤᠤᠲᠤ ᠡᠪᠦᠭᠡ ᠡᠴᠢᠭᠡ ᠶᠢᠨ ᠢᠶᠠᠨ ᠠᠶᠠᠨ ᠳᠠᠶᠢᠨ ᠬᠢᠬᠦ ᠰᠲᠷᠡᠲ᠋ᠧᠬᠢ᠂ ᠲᠠᠺᠲ᠋ᠢᠺ ᠢ ᠭᠦᠨᠵᠡᠭᠡᠢ ᠰᠤᠳᠤᠯᠵᠤ ᠡᠵᠡᠮᠰᠢᠭᠰᠡᠨ᠂ ᠶᠡᠭᠡ ᠮᠣᠷᠢᠨ ᠴᠡᠷᠢᠭ ᠢ ᠵᠠᠬᠢᠷᠬᠤ ᠴᠢᠳᠠᠪᠤᠷᠢᠲᠠᠢ ᠴᠡᠷᠢᠭ ᠤᠨ ᠳᠠᠷᠤᠭ᠎ᠠ ᠪᠣᠯᠣᠨ ᠲᠥᠯᠥᠪᠰᠢᠭᠰᠡᠨ ᠪᠠᠶᠢᠪᠠ᠃ ᠲᠡᠭᠦᠨ ᠤ ᠡᠴᠢᠭᠡ ᠵᠦᠴᠢ ᠤᠤᠭᠠᠨ ᠬᠦᠦ ᠪᠠᠨ ᠴᠡᠷᠢᠭ ᠤᠳ ᠲᠡᠭᠡᠨ ᠦᠯᠢᠭᠡᠷ ᠳᠠᠭᠤᠷᠢᠶᠠᠯᠠᠯ ᠪᠣᠯᠢᠬᠤᠶᠢᠴᠠ ᠵᠢᠩᠬᠢᠨᠢ ᠴᠡᠷᠢᠭ ᠪᠣᠯᠭᠠᠨ ᠬᠥᠮᠥᠵᠢᠭᠦᠯᠵᠦ ᠶᠡᠭᠡ ᠴᠡᠷᠢᠭ ᠤᠳᠤᠷᠢᠳᠬᠤ ᠤᠷᠠᠯᠢᠭ᠂ ᠤᠯᠠᠮ ᠥᠷᠭᠡᠵᠢᠨ ᠲᠡᠯᠡᠭᠰᠡᠭᠡᠷ ᠪᠠᠶᠢᠭ᠎ᠠ ᠤᠯᠤᠰ ᠣᠷᠣᠨ ᠳᠤ ᠪᠠᠨ ᠳᠣᠲᠣᠭᠠᠳᠤ ᠶᠢᠨ ᠰᠠᠮᠠᠭᠤᠨ ᠦᠢᠮᠡᠭᠡᠨ ᠭᠠᠷᠭᠠᠬᠤ ᠦᠭᠡᠢ ᠤᠳᠤᠷᠢᠳᠴᠤ ᠪᠠᠶᠢᠬᠤ ᠴᠢᠳᠠᠪᠤᠷᠢ ᠶᠢ ᠲᠡᠭᠦᠨ ᠳᠤ ᠵᠢᠭᠠᠵᠤ ᠰᠤᠷᠭᠠᠵᠠᠢ᠃    ᠴᠢᠩᠭᠢᠰ ᠬᠠᠭᠠᠨ ᠤ ᠬᠤᠶᠠᠷ ᠳᠠᠬᠢ ᠬᠦᠦ ᠴᠠᠭᠠᠲᠠᠢ ᠬᠠᠭᠠᠨ ᠤ ᠰᠠᠨᠠᠭᠠᠴᠢᠯᠠᠭ᠎ᠠ ᠪᠠᠷ 1229 ᠣᠨ ᠳᠤ ᠵᠣᠬᠢᠶᠠᠨ ᠪᠠᠶᠢᠭᠤᠯᠤᠭᠰᠠᠨ‌ᠮᠣᠩᠭᠤᠯ ᠤᠨ ᠬᠠᠭᠠᠳ ᠤᠨ ᠬᠤᠷᠠᠯᠳᠠᠢ ᠠᠴᠠ ᠠᠤᠭ᠎ᠠ ᠪᠠᠶᠢᠯᠳᠤᠨ ᠳᠠᠭᠠᠭᠤᠯᠤᠭᠴᠢ ᠡᠴᠢᠭᠡ ᠶᠢᠨ ᠢᠶᠠᠨ ᠭᠡᠷᠢᠶᠡᠰᠦᠯᠡᠯ ᠢ ᠬᠡᠷᠡᠭᠵᠢᠭᠦᠯᠵᠦ ᠬᠢᠲᠠᠳ᠂ ᠰᠣᠯᠣᠩᠭᠤᠰ᠂ ᠡᠨᠡᠳᠬᠡᠭ᠂ ᠡᠸᠦ᠋ᠷᠦᠫᠡ ᠶᠢ ᠪᠦᠬᠦᠯᠢ ᠳᠤ ᠨᠢ ᠪᠠᠶᠢᠯᠳᠤᠨ ᠡᠵᠡᠯᠡᠬᠦ ᠠᠶᠠᠨ ᠳᠠᠶᠢᠨ ᠬᠢᠬᠦ‌‍ᠲ᠋ᠡᠦᠬᠡᠨ ᠰᠢᠢᠳᠪᠦᠷᠢ ᠭᠠᠷᠭᠠᠵᠤ ᠭᠤᠣᠯ ᠴᠣᠬᠢᠯᠲᠠ ᠶᠢ ᠨᠠᠷᠠ ᠮᠠᠨᠳᠤᠬᠤ ᠨᠤᠲᠤᠭ ᠠᠴᠠ ᠪᠠᠷᠠᠭᠤᠨ ᠵᠦᠭ ᠬᠢᠬᠦ ᠶᠢ ᠣᠨᠴᠠᠯᠠᠨ ᠵᠢᠭᠠᠭᠰᠠᠨ ᠪᠠᠶᠢᠪᠠ᠃ ᠡᠬᠦᠨ ᠳᠤ ᠬᠢᠪᠴᠠᠭ᠂ ᠣᠷᠣᠰ ᠤᠨ ᠸᠠᠩ ᠤᠳ᠂ ᠢᠵᠢᠯ ᠮᠥᠷᠡᠨ ᠬᠠᠪᠢ ᠶᠢᠨ ᠪᠤᠯᠭᠠᠷᠢ ᠤᠳ ᠤᠨ ᠨᠤᠲᠤᠭ ᠢ ᠡᠵᠡᠯᠡᠨ ᠳᠦᠷᠢᠮᠡᠬᠡᠶᠢᠯᠡᠭᠡᠳ ᠬᠠᠮᠤᠭ ᠤᠨ ᠶᠡᠭᠡ ᠴᠡᠷᠢᠭ ᠢ ᠬᠤᠪᠢᠶᠠᠷᠢᠯᠠᠵᠤ ᠲᠡᠭᠦᠨ ᠢ ᠪᠠᠲᠤ ᠬᠠᠭᠠᠨ ᠳᠤ ᠵᠠᠬᠢᠷᠠᠭᠤᠯᠬᠤ ᠪᠠᠷ ᠪᠣᠯᠵᠤ ᠲᠡᠭᠦᠨ ᠤ ᠤᠳᠤᠷᠢᠳᠤᠯᠭ᠎ᠠ ᠳᠤ ᠲᠡᠭᠦᠨ ᠤ ᠠᠬ᠎ᠠ ᠳᠡᠭᠦᠦ᠂ ᠦᠶᠡᠯᠢ ᠳᠡᠭᠦᠦ ᠨᠠᠷ ᠲᠡᠳᠡᠨ ᠤ ᠳᠣᠲᠣᠷ᠎ᠠ ᠥᠭᠡᠳᠡᠢ ᠬᠠᠭᠠᠨ ᠤ ᠬᠦᠦ ᠢᠷᠡᠭᠡᠳᠦᠢ ᠶᠢᠨ ᠭᠦᠶᠦᠭ ᠬᠠᠭᠠᠨ᠂ ᠳᠤᠯᠤᠢ ᠬᠠᠭᠠᠨ ᠤ ᠬᠦᠦ ᠢᠷᠡᠭᠡᠳᠦᠢ ᠶᠢᠨ ᠮᠥᠩᠬᠡ ᠬᠠᠭᠠᠨ ᠨᠠᠷ ᠲᠤᠰ ᠳᠤᠰ ᠤᠨ ᠴᠡᠷᠢᠭ ᠲᠠᠢ ᠪᠠᠨ ᠣᠷᠣᠵᠠᠢ᠃ ᠪᠠᠲᠤ ᠬᠠᠭᠠᠨ ᠢ ᠮᠣᠩᠭᠤᠯ ᠤᠨ ᠴᠡᠷᠢᠭ ᠤᠨ ᠨᠡᠷᠡᠲᠦ ᠵᠠᠩᠵᠤᠨ ᠰᠦᠪᠡᠭᠡᠳᠡᠢ᠂ ᠬᠤᠪᠢᠯᠠᠢ ᠨᠠᠷ ᠢ ᠳᠠᠭᠠᠯᠳᠤᠭᠤᠯᠵᠠᠢ᠃    ᠢᠷᠡᠳᠡᠰᠢ ᠮᠥᠷᠡᠨ ᠤ ᠡᠬᠢ ᠬᠠᠪᠢ ᠳᠤ ᠬᠤᠷᠠᠯᠳᠤᠭᠤᠯᠤᠭᠰᠠᠨ ᠮᠣᠩᠭᠤᠯ ᠤᠨ 140 ᠮᠢᠩᠭᠠᠨ ᠶᠡᠭᠡ ᠮᠣᠷᠢᠨ ᠴᠡᠷᠢᠭ 1236 ᠣᠨ ᠤ ᠬᠤᠶᠠᠳᠤᠭᠠᠷ ᠰᠠᠷ᠎ᠠ ᠳᠤ ᠪᠠᠷᠠᠭᠤᠨ ᠵᠦᠭ ᠲᠤ ᠠᠶᠠᠨ ᠳᠠᠶᠢᠨ ᠳᠤ ᠮᠣᠷᠳᠠᠵᠤ ᠨᠢᠭᠡ ᠵᠢᠯ ᠤᠨ ᠬᠤᠭᠤᠴᠠᠭᠠᠨ ᠳᠤ ᠢᠵᠢᠯ ᠮᠥᠷᠡᠨ ᠤ ᠤᠷᠤᠰᠬᠠᠯ ᠤᠨ ᠳᠤᠮᠳᠠ ᠨᠤᠲᠤᠭ᠂ ᠵᠡᠷᠯᠢᠭᠳᠡᠯ᠎ᠠ᠂ ᠺᠠᠮᠮᠧᠨ ᠪᠤᠯᠭᠠᠷᠢ  ᠤᠳ ᠤᠨ ᠨᠤᠲᠤᠭ ᠢ ᠡᠵᠡᠯᠡᠵᠦ ᠠᠯᠢᠪᠠ ᠡᠰᠡᠷᠭᠦᠴᠡᠯ ᠢ ᠬᠡᠷᠴᠡᠭᠡᠶᠢᠯᠡᠨ ᠳᠠᠷᠤᠵᠤ ᠬᠤᠲᠠ ᠰᠠᠭᠤᠷᠢᠨ ᠢ ᠭᠠᠯᠳᠠᠨ ᠰᠢᠲᠠᠭᠠᠵᠤ ᠣᠯᠠᠨ ᠠᠷᠪᠠᠨ ᠮᠢᠩᠭᠠᠨ ᠬᠥᠮᠥᠨ ᠢ ᠮᠣᠩᠭᠤᠯ ᠤᠨ ᠬᠠᠭᠠᠳ᠂ ᠨᠣᠶᠠᠳ᠂ ᠴᠡᠷᠢᠭ ᠤᠳ ᠤᠨ ᠭᠡᠷ ᠪᠦᠯᠢ ᠳᠤ ᠵᠠᠷᠤᠴᠠ ᠪᠣᠯᠭᠠᠵᠤ ᠪᠠᠶᠢᠪᠠ᠃    ᠪᠠᠲᠤ ᠬᠠᠭᠠᠨ ᠠᠭᠤᠵᠢᠮ ᠲᠠᠯ᠎ᠠ ᠳᠤ ᠮᠣᠷᠢᠨ ᠴᠡᠷᠢᠭ ᠤᠳ᠂ ᠮᠣᠷᠢᠳ ᠢᠶᠠᠨ ᠬᠡᠰᠡᠭ ᠠᠮᠠᠷᠠᠭᠠᠭᠠᠳ 1237 ᠣᠨ ᠳᠤ ᠣᠷᠣᠰ ᠨᠤᠲᠤᠭ ᠤᠷᠤᠭᠤ ᠠᠩᠬᠠᠨ ᠤ ᠠᠶᠠᠨ ᠳᠠᠶᠢᠨ ᠢ ᠬᠢᠵᠦ ᠵᠡᠷᠯᠢᠭ ᠲᠠᠯ᠎ᠠ ᠲᠠᠢ ᠬᠢᠯᠢᠯᠡᠳᠡᠭ ᠷᠠᠶᠠᠽᠠᠨᠢ ᠸᠠᠩᠲᠤ ᠤᠯᠤᠰ ᠤᠨ ᠨᠤᠲᠤᠭ ᠲᠤ᠋‌ᠨᠡᠪᠲᠡᠷᠡᠨ‌ᠣᠷᠣᠵᠤ ᠢᠷᠠᠪᠠ᠃ ᠷᠠᠶᠠᠽᠠᠨᠨᠢ ᠶᠤᠷᠠᠢ ᠶᠧᠭᠤᠷᠸᠢᠢᠴ ᠸᠠᠩ ᠣᠷᠣᠰ ᠨᠤᠲᠤᠭ ᠲᠤ ᠠᠶᠤᠯ ᠤᠴᠠᠷᠠᠵᠤ ᠪᠠᠶᠢᠭ᠎ᠠ ᠲᠤᠬᠠᠢ ᠬᠠᠷᠠᠩᠭ᠎ᠠ ᠳᠡᠯᠡᠳᠴᠦ ᠪᠤᠰᠤᠳ ᠪᠠᠩᠭᠤ ᠤᠳ ᠲᠤ ᠬᠠᠨᠳᠤᠵᠤ ᠬᠠᠮᠲᠤᠷᠠᠨ ᠲᠡᠮᠡᠴᠡᠬᠦ ᠶᠢ ᠤᠷᠢᠶᠠᠯᠠᠳᠠᠭ ᠨᠢ ᠭᠠᠭᠴᠠ ᠨᠢ ᠴᠦ ᠬᠠᠷᠢᠭᠤ‌ᠥᠭᠭᠦᠭᠰᠡᠨ ᠦᠭᠡᠢ᠃ ᠲᠡᠭᠡᠭᠡᠳ ᠮᠣᠩᠭᠤᠯ ᠤᠨ ᠮᠣᠷᠢᠨ ᠴᠡᠷᠢᠭ ᠢ ᠬᠢᠯᠢ ᠶᠢᠨ ᠣᠷᠴᠢᠮ ᠲᠣᠰᠣᠨ ᠪᠠᠶᠢᠯᠳᠤᠬᠤ ᠪᠠᠷ ᠰᠢᠢᠳᠴᠤ ᠪᠤᠷᠤᠨᠧᠵᠢ ᠶᠢᠨ ᠣᠢ ᠤᠷᠤᠭᠤ ᠴᠡᠷᠢᠭ ᠶᠠᠪᠤᠭᠤᠯᠤᠭᠰᠠᠨ ᠨᠢ ᠬᠦᠴᠦ ᠲᠡᠩᠴᠡᠪᠦᠷᠢ ᠦᠭᠡᠢ ᠲᠤᠯᠤᠯᠳᠤᠭᠠᠨ ᠳᠤ ᠬᠡᠶᠢᠳᠡᠬᠦᠯᠵᠡᠢ᠃    ᠪᠠᠲᠤ ᠬᠠᠭᠠᠨ 1237ᠣᠨ ᠤ 12 ᠳ᠋ᠤᠭᠠᠷ ᠰᠠᠷ᠎ᠠ ᠶᠢᠨ 16 ᠳᠤ ᠷᠠᠽᠠ ᠬᠤᠲᠠ ᠶᠢ ᠪᠦᠰᠡᠯᠡᠯᠳᠡ ᠬᠢᠵᠦ ᠡᠬᠡᠨᠡᠷ᠂ ᠦᠬᠢᠳ ᠤᠳ ᠵᠶ᠋ᠠᠨ‌ᠠᠪᠴᠢᠷᠠᠨ ᠲᠤᠰᠢᠶᠠᠬᠤ ᠲᠤᠬᠠᠢ ᠲᠤᠯᠭᠠᠨ ᠱᠠᠭᠠᠷᠳᠠᠯᠭ᠎ᠠ ᠶᠢᠨ ᠢᠶᠠᠨ ᠬᠠᠷᠢᠭᠤ ᠳᠤ ︽ᠪᠢᠳᠠᠨ ᠢ ᠠᠮᠢᠳᠤ ᠪᠠᠶᠢᠭ᠎ᠠ ᠴᠠᠭ ᠲᠤ ᠭᠤᠷᠢᠳᠠᠭᠰᠠᠨ ᠴᠢᠨᠢ ᠭᠠᠷᠤᠵᠠ︕︾ ᠭᠡᠰᠡᠨ ᠬᠠᠷᠢᠭᠤ ᠠᠪᠴᠤ ᠳᠠᠭᠠᠷᠢᠯᠲᠠ ᠶᠢᠨ ᠪᠠᠭ ᠤᠳ ᠪᠠᠶᠢᠭᠤᠯᠵᠤ ᠴᠠᠶᠢᠵᠠ ᠤᠷᠤᠭᠤ ᠵᠣᠭᠰᠣᠯᠲᠠ ᠦᠭᠡᠢ ᠳᠠᠭᠠᠷᠢᠯᠲᠠ ᠬᠢᠭᠰᠡᠭᠡᠷ 21 ᠤ ᠡᠳᠦᠷ ᠬᠤᠲᠠ ᠳᠤ ᠨᠡᠪᠲᠡᠷᠡᠵᠦ ᠶᠡᠬᠡᠬᠡᠨ ᠬᠤᠬᠢᠷᠠᠯ ᠠᠮᠰᠠᠵᠤ ᠪᠠᠶᠢᠵᠤ ᠡᠵᠡᠯᠡᠪᠡ᠃ ᠶᠤᠷᠠᠢ ᠶᠧᠭᠤᠷᠸᠢᠢᠴ ᠸᠠᠩ ᠤᠨ ᠨᠢᠭᠡᠨ ᠴᠡᠷᠢᠭ ᠤᠨ ᠳᠠᠷᠤᠭ᠎ᠠ ᠶᠧᠫᠠᠲ᠋ᠢᠨ ᠺᠤᠯᠤᠸᠠᠷᠲ ᠠᠯᠤᠰ ᠬᠤᠯᠠ ᠶᠢᠨ ᠠᠶᠠᠨ ᠳᠤ ᠶᠠᠪᠤᠵᠤ ᠪᠠᠶᠢᠬᠤ ᠳᠠᠭᠠᠨ ᠷᠠᠽᠠ ᠬᠤᠲᠠ ᠶᠢ ᠲᠦᠢᠪᠡᠭᠡᠭᠰᠡᠨ ᠲᠤᠬᠠᠢ ᠭᠤᠨᠢᠭ ᠮᠡᠳᠡᠭᠡ ᠠᠪᠤᠮᠠᠭᠴᠠ ᠶᠠᠭᠠᠷᠠᠨ ᠪᠤᠴᠠᠨ ᠢᠷᠠᠵᠤ ᠤᠷᠢᠯᠭ᠎ᠠ ᠦᠭᠡᠢ‌ᠵᠣᠴᠢᠳ ᠤᠷᠤᠭᠤ ᠦᠶ᠎ᠡ ᠦᠶ᠎ᠡ ᠭᠡᠨᠡᠳᠲᠡ ᠶᠢᠨ ᠳᠠᠭᠠᠷᠢᠯᠲᠠ ᠨᠡᠯᠢᠶᠡᠳ ᠵᠣᠪᠠᠭᠠᠵᠤ ᠪᠠᠭ᠎ᠠ ᠦᠭᠡᠢ ᠬᠤᠬᠢᠷᠠᠯ ᠤᠴᠠᠷᠠᠭᠤᠯᠵᠤ ᠪᠠᠶᠢᠭᠰᠠᠨ ᠴᠦ ᠨᠢᠭᠡᠨ ᠤᠳᠠᠭ᠎ᠠ ᠪᠦᠰᠡᠯᠡᠭᠳᠡᠵᠦ ᠴᠥᠮ ᠠᠯᠠᠭᠳᠠᠵᠠᠢ᠃    ᠮᠤᠩᠭᠤᠯ ᠲᠠᠲ᠋ᠠᠷ ᠤᠨ ᠴᠡᠷᠢᠭ ᠷᠠᠽᠠ ᠨᠤᠲᠤᠭ ᠢ ᠳᠦᠢᠪᠡᠭᠡᠭᠰᠡᠨ ᠤ ᠳᠠᠷᠠᠭ᠎ᠠ ᠸᠠᠯᠠᠳᠢᠮᠢᠷ ᠰᠤᠽᠠᠳᠠᠯᠢᠨ ᠸᠠᠩᠲᠤ ᠤᠯᠤᠰ ᠤᠨ ᠨᠤᠲᠤᠭ ᠲᠤ ᠨᠡᠪᠲᠡᠷᠡᠵᠦ ᠤᠢ ᠳᠤ ᠮᠣᠳᠣᠨ ᠳᠤ ᠣᠷᠣᠰ ᠤᠨ ᠴᠡᠷᠢᠭ ᠠᠶᠤᠯ ᠤᠴᠠᠷᠠᠭᠤᠯᠳᠠᠭ ᠢ ᠭᠠᠰᠢᠭᠤᠨ ᠲᠤᠷᠰᠢᠯᠭ᠎ᠠ ᠪᠠᠷ ᠮᠡᠳᠡᠳᠡᠭ‌‍ᠪᠣᠯᠣᠭᠰᠠᠨ ᠲᠤᠯᠠ ᠮᠧᠰᠢᠸᠧᠷ ᠤᠨ ᠣᠢ ᠳᠤᠮᠳᠠᠭᠤᠷ ᠳᠠᠭᠠᠷᠢᠨ ᠭᠠᠷᠬᠤ ᠠᠴᠠ ᠡᠮᠢᠶᠡᠵᠦ ᠨᠡᠶᠢᠰᠯᠡᠯ ᠸᠠᠯᠠᠳᠠᠮᠢᠷ ᠬᠤᠲᠠ ᠤᠷᠤᠭᠤ ᠶᠠᠪᠤᠭᠰᠠᠨ ᠦᠭᠡᠢ᠂ ᠲᠡᠭᠦᠨ ᠢ ᠲᠣᠭᠤᠷᠢᠵᠤ ᠮᠣᠰᠺᠸᠠ᠂ ᠺᠤᠯᠢᠮᠶ᠎ᠠ ᠬᠤᠲᠠ ᠤᠳ ᠤᠷᠤᠭᠤ ᠶᠠᠪᠤᠪᠠ᠃ ᠸᠠᠯᠠᠳᠢᠮᠢᠷ ᠬᠤᠲᠠ ᠡᠴᠠ‌ᠮᠣᠩᠭᠤᠯ ᠤᠨ ᠮᠣᠷᠢᠨ ᠴᠡᠷᠢᠭ ᠢ ᠲᠣᠰᠴᠤ ᠴᠥᠭᠡᠬᠡᠨ ᠲᠣᠭᠠᠨ ᠤ ᠣᠷᠣᠰ ᠴᠡᠷᠢᠭ ᠵᠠᠮ ᠳᠤ ᠭᠠᠷᠤᠭᠰᠠᠨ ᠴᠦ ᠺᠤᠯᠢᠮᠶ᠎ᠠ ᠬᠤᠲᠠ ᠶᠢᠨ ᠣᠶᠢᠷᠠᠯᠴᠠᠭ᠎ᠠ ᠬᠦᠴᠦ ᠳᠠᠪᠠᠭᠤ ᠳᠠᠶᠢᠰᠤᠨ ᠳᠤ ᠳᠠᠶᠢᠯᠳᠠᠵᠠᠢ᠃    ᠮᠤᠩᠭᠤᠯ ᠲᠠᠲ᠋ᠠᠷ ᠤᠨ ᠴᠡᠷᠢᠭ ᠲᠡᠷᠡ ᠦᠶ᠎ᠡ ᠳᠤ ᠵᠢᠵᠢᠭᠬᠡᠨ ᠮᠣᠳᠣᠨ ᠴᠠᠶᠢᠵᠠ ᠪᠠᠶᠢᠭᠰᠠᠨ ᠮᠣᠰᠺᠸᠠ ᠬᠤᠲᠠ ᠶᠢ ᠪᠤᠯᠢᠶᠠᠨ ᠠᠪᠴᠤ ᠲᠦᠢᠮᠡᠷᠳᠡᠵᠦ ᠴᠠᠭᠠᠰᠢ ᠶᠠᠪᠤᠵᠤ ᠵᠠᠮ ᠳᠤ ᠲᠠᠭᠠᠷᠠᠯᠳᠤᠭᠰᠠᠨ ᠪᠦᠬᠦ ᠬᠤᠲᠠ ᠰᠠᠭᠤᠷᠢᠨ ᠢ ᠡᠵᠡᠯᠡᠵᠦ 1238 ᠣᠨ ᠤ ᠬᠤᠶᠠᠳᠤᠭᠠᠷ ᠰᠠᠷ᠎ᠠ ᠶᠢᠨ 3 ᠳᠤ ᠸᠠᠯᠠᠳᠢᠮᠢᠷ ᠬᠤᠲᠠ ᠶᠢ ᠪᠦᠰᠡᠯᠡᠯᠳᠡ ᠬᠢᠪᠡ᠃ ᠡᠨᠡ ᠦᠶ᠎ᠡ ᠳᠤ ᠶᠤᠷᠠᠢ ᠸᠠᠰᠸᠧᠪᠯᠤᠳᠤᠪᠴᠢ ᠸᠠᠩ ᠡᠵᠡᠮᠰᠢᠯ ᠨᠤᠲᠤᠭ ᠤᠨ ᠢᠶᠠᠨ ᠬᠤᠶᠢᠲᠤ ᠨᠤᠲᠤᠭ ᠲᠤ ᠴᠡᠷᠢᠭ ᠤᠨ ᠨᠥᠬᠦᠷᠯᠡᠯ ᠪᠦᠷᠢᠳᠦᠭᠦᠯᠵᠦ ᠨᠡᠶᠢᠰᠯᠡᠯ ᠳᠡᠭᠡᠨ ᠪᠠᠶᠢᠬᠤ ᠦᠭᠡᠢ ᠪᠠᠶᠢᠭᠰᠠᠨ ᠴᠦ‌ᠬᠤᠲᠠ ᠶᠢᠨ ᠣᠷᠣᠰᠢᠨ ᠰᠠᠭᠤᠭᠴᠢᠳ ᠰᠢᠷᠭᠠᠭᠤ ᠡᠰᠡᠷᠭᠦᠴᠡᠯ ᠦᠵᠡᠭᠦᠯᠵᠦ ᠪᠦᠰᠡᠯᠡᠯᠳᠡ ᠰᠤᠨᠵᠢᠷᠠᠬᠤ ᠲᠥᠯᠥᠪᠲᠡᠢ ᠪᠣᠯᠬᠤ ᠳᠤ ᠪᠠᠲᠤ ᠬᠠᠭᠠᠨ ᠴᠡᠷᠢᠭ ᠤᠨ ᠢᠶᠠᠨ ᠵᠠᠷᠢᠮ ᠬᠡᠰᠡᠭ ᠢ ᠠᠪᠴᠤ ᠣᠷᠣᠰ ᠤᠨ ᠲᠣᠮᠣᠬᠠᠨ ᠬᠤᠲᠠ ᠶᠢᠨ ᠨᠢᠭᠡ ᠪᠣᠯᠬᠤ ᠰᠤᠽᠠᠳᠠᠯ ᠬᠤᠲᠠ ᠶᠢ ᠡᠵᠡᠯᠡᠵᠦ ᠪᠦᠬᠦ ᠣᠷᠣᠰᠢᠨ ᠰᠠᠭᠤᠭᠴᠢᠳ ᠢ ᠨᠢ ᠬᠦᠢᠰᠦ ᠳᠡᠮᠳᠡᠷᠢᠵᠠᠢ᠃    ᠳᠠᠷᠠᠭ᠎ᠠ ᠨᠢ ᠸᠠᠯᠠᠳᠢᠮᠢᠷ ᠬᠤᠲᠠ ᠤᠷᠤᠭᠤ ᠢᠷᠠᠵᠤ ᠬᠠᠨ᠎ᠠ ᠴᠦᠮᠦᠯᠡᠭᠴᠢ ᠲᠥᠬᠦᠭᠡᠷᠦᠮᠵᠢ ᠬᠡᠷᠡᠭᠯᠡᠵᠦ ᠭᠤᠷᠪᠠᠨ ᠲᠠᠯ᠎ᠠ ᠠᠴᠠ ᠨᠢ ᠵᠡᠷᠭᠡ ᠳᠠᠭᠠᠷᠢᠯᠲᠠ ᠬᠢᠵᠦ ᠬᠤᠶᠠᠳᠤᠭᠠᠷ ᠰᠠᠷ᠎ᠠ ᠶᠢᠨ 7 ᠳᠤ ᠰᠠᠶ᠋ᠢ ᠨᠢᠭᠡ ᠡᠵᠡᠯᠡᠵᠡᠢ᠃ ᠡᠬᠦᠨ ᠤ ᠳᠠᠷᠠᠭ᠎ᠠ ᠸᠠᠯᠠᠳᠢᠮᠢᠷ ᠰᠤᠽᠠᠳᠠᠯᠢᠨ ᠸᠠᠩᠲᠤ ᠤᠯᠤᠰ ᠤᠨ ᠪᠤᠰᠤᠳ ᠪᠦᠬᠦ ᠬᠤᠲᠠ᠂ ᠲᠣᠰᠬᠤᠨ ᠢ ᠳᠠᠶᠢᠯᠠᠷ᠎ᠠ ᠮᠣᠷᠳᠠᠵᠤ ᠭᠠᠵᠠᠷ ᠤᠨ ᠬᠥᠷᠥᠰᠥ ᠲᠠᠢ ᠳᠡᠭᠰᠢᠯᠡᠵᠡᠢ᠃    ᠡᠨᠡ ᠵᠠᠭᠤᠷ᠎ᠠ ᠸᠠᠯᠠᠳᠢᠮᠢᠷ ᠤᠨ ᠶᠡᠭᠡ ᠸᠠᠩ ᠶᠤᠷᠠᠢ ᠸᠠᠰᠸᠧᠪᠯᠤᠳᠤᠪᠴᠢ ᠽᠢᠲ ᠭᠤᠣᠯ ᠤᠨ ᠡᠷᠭᠢ ᠳᠡᠭᠡᠷ᠎ᠡ ᠴᠥᠭᠡᠨ ᠦᠭᠡᠢ ᠴᠡᠷᠢᠭ ᠲᠥᠪᠯᠡᠷᠡᠭᠦᠯᠵᠦ ᠣᠷᠣᠰ ᠤᠨ ᠪᠤᠰᠤᠳ ᠨᠤᠲᠤᠭ ᠠᠴᠠ ᠢᠷᠡᠬᠦ ᠴᠡᠷᠢᠭ ᠢ ᠬᠦᠯᠢᠶᠡᠵᠦ ᠪᠠᠶᠢᠲᠠᠯ᠎ᠠ ᠮᠤᠩᠭᠤᠯ ᠲᠠᠲ᠋ᠠᠷ ᠤᠨ ᠴᠡᠷᠢᠭ ᠬᠦᠴᠦ ᠪᠠᠨ ᠬᠤᠷᠠᠮᠳᠤᠭᠤᠯᠬᠤ ᠠᠴᠠ ᠨᠢ ᠡᠮᠦᠨ᠎ᠡ ᠠᠮᠵᠢᠵᠤ ᠴᠣᠬᠢᠯᠲᠠ ᠥᠭᠬᠦ ᠪᠠᠷ ᠵᠠᠮ ᠳᠤ ᠶᠠᠭᠠᠷᠠᠪᠴᠢᠯᠠᠨ‌ᠭᠠᠷᠴᠤ ᠸᠠᠯᠠᠳᠢᠮᠢᠷ᠂ ᠲᠸᠧᠷ᠂ ᠶᠤᠷᠤᠰᠯᠠᠪ ᠬᠤᠲᠠ ᠨᠤᠭᠤᠳ ᠤᠨ ᠵᠦᠭ ᠠᠴᠠ ᠵᠡᠷᠭᠡ ᠣᠶᠢᠷᠠᠲᠤᠨ ᠣᠴᠢᠵᠤ 1238 ᠣᠨ ᠤ ᠭᠤᠷᠪᠠᠳᠤᠭᠠᠷ ᠰᠠᠷ᠎ᠠ ᠶᠢᠨ 4 ᠳᠤ ᠣᠷᠣᠰ ᠤᠨ ᠴᠡᠷᠢᠭ ᠤᠷᠤᠭᠤ ᠭᠡᠨᠡᠳᠲᠡ ᠳᠠᠭᠠᠷᠢᠵᠤ ᠪᠣᠭᠤᠨᠢ ᠬᠤᠭᠤᠴᠠᠭᠠᠨ ᠳᠤ ᠬᠢᠶᠠᠷ ᠴᠣᠬᠢᠵᠠᠢ᠃    ᠡᠨᠡ ᠢᠯᠠᠯᠲᠠ ᠶᠢᠨ ᠳᠠᠷᠠᠭ᠎ᠠ ᠪᠠᠲᠤ ᠬᠠᠭᠠᠨ ᠤ ᠴᠡᠷᠢᠭ ᠴᠢᠯᠦᠭᠡᠲᠦ ᠨᠤᠪᠭᠤᠷᠤᠨᠳ᠋ ᠬᠤᠲᠠ ᠶᠢ ᠵᠦᠭᠯᠡᠨ ᠵᠠᠮ ᠳᠤ ᠭᠠᠷᠤᠭᠰᠠᠨ ᠴᠦ ᠬᠠᠪᠤᠷ ᠤᠨ ᠰᠢᠪᠠᠷ ᠱᠠᠯᠪᠠᠭ ᠲᠤ ᠮᠣᠷᠢᠳ ᠤᠨ ᠬᠥᠯ ᠨᠢ ᠰᠢᠬᠢᠳᠴᠦ ᠤᠷᠤᠭᠰᠢᠯᠠᠬᠤ ᠪᠣᠯᠣᠯᠴᠠᠭ᠎ᠠ ᠦᠭᠡᠢ ᠪᠣᠯᠣᠭᠰᠠᠨ ᠲᠤᠯᠠ ᠲᠤᠷᠵᠤᠺ ᠬᠤᠲᠠ ᠶᠢ ᠪᠦᠰᠡᠯᠡᠯᠳᠡ ᠬᠢᠵᠦ ᠬᠤᠶᠠᠷ ᠳᠣᠯᠤᠭ᠎ᠠ ᠬᠤᠨᠤᠭ ᠤᠨ ᠳᠠᠷᠠᠭ᠎ᠠ ᠡᠵᠡᠯᠡᠵᠦ᠂ ᠳᠥᠷᠪᠡᠳᠦᠭᠡᠷ ᠰᠠᠷ᠎ᠠ ᠶᠢᠨ ᠡᠬᠢ ᠪᠠᠷ ᠨᠤᠪᠭᠤᠷᠤᠨᠳ᠋ ᠬᠤᠲᠠ ᠤᠷᠤᠭᠤ ᠬᠤᠶᠠᠷ ᠵᠠᠭᠤᠨ ᠺᠢᠯᠣᠮᠧᠲᠷ ᠤᠶᠢᠷᠠᠳᠤᠭᠰᠠᠨ ᠢᠶᠠᠨ ᠭᠡᠨᠡᠳᠲᠡ ᠡᠮᠦᠨ᠎ᠡ ᠵᠦᠭ ᠤᠷᠤᠭᠤ ᠪᠤᠴᠠᠵᠠᠢ᠃    ᠪᠠᠲᠤ ᠬᠠᠭᠠᠨ ᠪᠤᠴᠠᠬᠤ ᠵᠠᠮ ᠳᠠᠭᠠᠨ ᠵᠢᠵᠢᠭᠬᠡᠨ ᠺᠤᠽᠧᠯᠰᠺ ᠬᠤᠲᠠ ᠶᠢ ᠪᠦᠰᠡᠯᠡᠯᠳᠡ ᠬᠢᠵᠦ ᠳᠥᠷᠪᠡᠨ ᠮᠢᠩᠭᠠᠨ ᠴᠡᠷᠢᠭ ᠢᠶᠠᠨ ᠠᠯᠳᠠᠵᠤ ᠰᠠᠶ᠋ᠢ ᠨᠢᠭᠡ ᠬᠤᠲᠠ ᠳᠤ ᠨᠡᠪᠲᠡᠷᠡᠵᠦ ︽ᠴᠢᠳᠬᠦᠷ ᠤᠨ ᠬᠤᠲᠠ︾ ᠭᠡᠵᠦ ᠬᠠᠷᠢᠶᠠᠵᠤ ᠪᠦᠬᠦ ᠣᠷᠣᠰᠢᠨ ᠰᠠᠭᠤᠭᠴᠢᠳ ᠢ ᠨᠢ ᠲᠡᠭᠦᠨ ᠤ ᠳᠣᠲᠣᠷ᠎ᠠ ᠪᠠᠯᠴᠢᠷ ᠬᠡᠦᠬᠡᠳ ᠤᠳ᠂ ᠡᠮᠡᠭᠲᠡᠶᠢᠴᠦᠳ᠂ ᠥᠲᠡᠭᠦᠰ ᠬᠥᠭᠰᠢᠳ ᠢ ᠴᠦ ᠠᠮᠢ ᠶᠢ ᠬᠡᠲᠦᠷᠡᠭᠦᠯᠦᠯ ᠦᠭᠡᠢ᠂ ᠴᠥᠮ ᠢ ᠬᠢᠳᠤᠵᠤ ᠪᠦᠬᠦ ᠪᠠᠶᠢᠰᠢᠩ ᠪᠠᠷᠢᠯᠭ᠎ᠠ ᠶᠢ ᠲᠦᠢᠮᠡᠷᠳᠡᠵᠦ ᠬᠡᠷᠡᠮ ᠢ ᠨᠤᠷᠠᠭᠠᠵᠠᠢ᠃    ᠪᠠᠲᠤ ᠬᠠᠭᠠᠨ ᠬᠡᠭᠡᠷ᠎ᠡ ᠲᠠᠯ᠎ᠠ ᠳᠤ ᠶᠡᠭᠡ ᠴᠡᠷᠢᠭ ᠢᠶᠠᠨ ᠠᠮᠠᠷᠠᠭᠠᠵᠤ ᠬᠦᠴᠦ ᠪᠠᠨ ᠰᠡᠯᠪᠢᠭᠰᠡᠨ ᠤ ᠳᠠᠷᠠᠭ᠎ᠠ ᠣᠷᠣᠰ ᠤᠨ ᠡᠮᠦᠨᠡᠲᠦ ᠪᠣᠯᠣᠨ ᠪᠠᠷᠠᠭᠤᠨ ᠨᠤᠲᠤᠭ ᠢ ᠡᠵᠡᠯᠡᠬᠦ ᠪᠠᠷ 1239 ᠣᠨ ᠳᠤ ᠳᠠᠬᠢᠨ ᠬᠠᠯᠳᠠᠵᠤ ᠫᠧᠷᠧᠶᠠᠰᠯᠠᠪᠯᠠ᠂ ᠴᠧᠷᠨᠢᠭᠤᠪ ᠬᠤᠲᠠ ᠨᠤᠭᠤᠳ ᠢ ᠳᠠᠷᠠᠭᠠᠯᠠᠨ ᠡᠵᠡᠯᠡᠵᠦ ᠺᠢᠸ᠋ᠪ ᠬᠤᠲᠠ ᠶᠢ ᠪᠦᠰᠡᠯᠡᠵᠦ ᠴᠢᠯᠠᠭᠤ ᠰᠢᠳᠡᠭᠴᠢ᠂ ᠬᠠᠨ᠎ᠠ ᠴᠦᠮᠦᠯᠡᠭᠴᠢ ᠲᠥᠬᠦᠭᠡᠷᠦᠮᠵᠢ ᠬᠡᠷᠡᠭᠯᠡᠵᠦ ᠬᠤᠲᠠ ᠶᠢᠨ ᠣᠷᠣᠰᠢᠨ ᠰᠠᠭᠤᠭᠴᠢᠳ ᠤᠨ ᠰᠢᠷᠭᠠᠭᠤ ᠡᠰᠡᠷᠭᠦᠴᠡᠯ ᠢ ᠳᠠᠷᠤᠵᠤ 1240 ᠣᠨ ᠤ 12 ᠳ᠋ᠤᠭᠠᠷ‌‍ᠰᠠᠷ᠎ᠠ ᠶᠢᠨ 6 ᠳᠤ ᠡᠵᠡᠯᠡᠵᠠᠢ᠃ ᠳᠠᠷᠠᠭ᠎ᠠ ᠨᠢ ᠮᠣᠩᠭᠤᠯ ᠤᠨ ᠮᠣᠷᠢᠨ ᠴᠡᠷᠢᠭ ᠪᠠᠷᠠᠭᠤᠨ ᠡᠮᠦᠨᠡᠳᠦ ᠣᠷᠣᠰ ᠤᠨ ᠪᠤᠯᠸᠢᠢᠨ ᠪᠣᠯᠣᠨ ᠭᠠᠯᠢᠴᠢ ᠶᠢᠨ ᠸᠠᠩ ᠤᠯᠤᠰ ᠤᠨ ᠨᠤᠲᠤᠭ ᠢ ᠲᠦᠢᠪᠡᠭᠡᠵᠦ ᠵᠡᠭᠦᠨ ᠬᠤᠶᠢᠲᠤ ᠨᠤᠲᠤᠭ ᠲᠤ ᠳᠠᠪᠰᠢᠨ ᠢᠷᠡᠬᠦ ᠳᠤ ᠬᠥᠮᠥᠨ ᠠᠮᠠ ᠨᠢ ᠭᠦᠨ‌‍ᠪᠢᠲᠡᠭᠦᠦ ᠤᠢ ᠳᠤ ᠨᠢᠭᠤᠭᠳᠠᠵᠤ ᠠᠮᠢᠳᠤ ᠭᠠᠷᠴᠠᠢ᠃    1237-1240 ᠣᠨ ᠨᠤᠭᠤᠳ ᠲᠤ ᠪᠠᠲᠤ ᠬᠠᠭᠠᠨ ᠣᠷᠣᠰ ᠤᠨ ᠬᠤᠲᠠ᠂ ᠲᠣᠰᠬᠤᠳ ᠢ ᠦᠨᠡᠰᠦ ᠨᠤᠷᠮ᠎ᠠ ᠪᠣᠯᠭᠠᠨ ᠬᠤᠪᠢᠷᠠᠭᠠᠵᠤ ᠣᠯᠠᠨ ᠠᠷᠪᠠᠨ ᠮᠢᠩᠭᠠᠨ ᠬᠥᠮᠥᠨ ᠢ ᠪᠣᠭᠤᠯ ᠵᠠᠷᠤᠴᠠ ᠪᠣᠯᠭᠠᠨ ᠨᠤᠲᠤᠭ ᠲᠠᠭᠠᠨ ᠢᠯᠡᠭᠡᠵᠦ ᠪᠠᠶᠢᠯ᠎ᠠ᠃ ᠸᠠᠩ ᠤᠳ ‍ᠣᠨ‌‍ᠴᠡᠷᠢᠭ ᠤᠨ ᠨᠦᠬᠦᠷᠯᠡᠯ ᠤᠳ ᠳᠠᠷᠠᠭᠠᠯᠠᠨ ᠬᠦᠢᠰᠦ ᠳᠡᠮᠳᠡᠷᠢᠬᠦᠯᠵᠦ ᠣᠷᠣᠰ ᠨᠤᠲᠤᠭ ᠢ ᠥᠮᠥᠭᠯᠡᠨ ᠬᠠᠮᠠᠭᠠᠯᠠᠬᠤ ᠬᠥᠮᠥᠨ ᠦᠭᠡᠢ ᠪᠣᠯᠵᠠᠢ᠃ ᠣᠷᠣᠰ ᠤᠨ ᠸᠠᠩ ᠤᠳ ᠡᠵᠡᠯᠡᠨ ᠲᠦᠷᠢᠮᠡᠬᠡᠶᠢᠯᠡᠭᠴᠢᠳ ᠤᠨ ᠡᠰᠡᠷᠭᠦ ᠬᠠᠮᠲᠤᠷᠠᠨ ᠲᠡᠮᠡᠴᠡᠬᠦ ᠦᠭᠡᠢ ᠪᠠᠶᠢᠭᠰᠠᠨ ᠢᠶᠠᠷ ᠪᠦᠭᠦᠳᠡ‌‍ᠲ᠋ᠤᠰ ᠲᠤᠰ ᠲᠠᠭᠠᠨ ᠬᠡᠴᠢᠨᠡᠨ ᠴᠦ ᠰᠢᠷᠭᠠᠭᠤ ᠡᠷᠡᠯᠬᠡᠭ ᠲᠤᠯᠤᠯᠳᠤᠭᠰᠠᠨ ᠴᠦ ᠢᠯᠠᠭᠳᠠᠰᠠᠭᠠᠷ ᠪᠠᠶᠢᠭᠰᠠᠨ ᠶᠤᠮ᠃    1240 ᠣᠨ ᠤ ᠰᠡᠭᠦᠯᠴᠢ ᠪᠠᠷ ᠲᠠᠲ᠋ᠠᠷ ‍ᠤᠩᠭᠤᠯ ᠤᠨ ᠴᠡᠷᠢᠭ ᠭᠤᠷᠪᠠᠨ ᠴᠤᠪᠤᠭ᠎ᠠ ᠪᠠᠷ ᠲᠥᠪ ᠡᠸᠦ᠋ᠷᠦᠫᠡ ᠳᠤ ᠨᠡᠪᠲᠡᠷᠡᠵᠦ ᠫᠤᠯᠱ᠂ ᠴᠧᠬᠤ᠋᠂ ᠤᠩᠭᠠᠷ᠂ ᠳᠠᠯᠮᠠᠴᠢ᠂ ᠸᠠᠯᠠᠬᠢ᠂ ᠲᠷᠠᠨᠰᠢᠯᠸᠠᠨ ᠤ ᠨᠤᠳᠤᠭ ᠲᠤ ᠳᠤᠪᠳᠤᠯᠵᠠᠢ᠃ ᠪᠠᠲᠤ ᠬᠠᠭᠠᠨ ᠴᠡᠷᠢᠭ ᠤᠨ ᠢᠶᠠᠨ ᠭᠤᠣᠯ‌‍ᠬᠦ᠋ᠴᠦ ᠶᠢ ᠵᠠᠬᠢᠷᠴᠤ ᠭᠠᠯᠢᠴᠢ ᠶᠢᠨ ᠵᠦᠭ ᠠᠴᠠ ᠤᠩᠭᠠᠷ ᠤᠨ ᠲᠡᠭᠰᠢ ᠲᠠᠯ᠎ᠠ ᠳᠤ ᠣᠷᠣᠵᠤ ᠢᠷᠠᠪᠠ᠃ ᠨᠡᠭᠦᠳᠡᠯᠴᠢᠨ ᠮᠣᠩᠭᠤᠯᠴᠤᠳ ᠠᠶᠢᠰᠤᠢ ᠲᠤᠬᠠᠢ ᠮᠡᠳᠡᠭᠡ ᠰᠣᠨᠣᠰᠤᠭᠠᠳ ᠪᠠᠷᠠᠭᠤᠨ ᠡᠸᠦ᠋ᠷᠦᠫᠡ ᠶᠢᠨ ᠠᠷᠠᠳ ᠳᠦᠮᠡᠨ ᠤᠳ ᠳᠠᠭᠵᠢᠨ ᠴᠡᠴᠡᠷᠡᠵᠦ ᠶᠠᠪᠤᠬᠤ ᠪᠠᠨ‌ᠮᠡᠳᠡᠬᠦ ᠦᠭᠡᠢ ᠪᠠᠶᠢᠪᠠ᠃ 1241ᠣᠨ ᠤ ᠬᠠᠪᠤᠷ ᠮᠤᠩᠭᠤᠯ ᠲᠠᠲ᠋ᠠᠷ ᠤᠨ ᠴᠡᠷᠢᠭ ᠳᠣᠣᠷ᠎ᠠ ᠽᠢᠯᠧᠽᠢ ᠨᠤᠲᠤᠭ ᠤᠨ ᠯᠢᠭᠢᠴᠢ ᠶᠢᠨ ᠲᠠᠯ᠎ᠠ ᠳᠤ ᠭᠧᠷᠮᠠᠨ᠂ ᠫᠣᠯᠱ ᠤᠨ ᠹᠧᠣᠳᠠᠯ ᠤᠳ ᠤᠨ ᠨᠢᠭᠡᠳᠦᠭᠰᠡᠨ ᠠᠷᠮᠢ ᠶᠢᠨ ᠬᠤᠷᠢᠨ ᠮᠢᠩᠭᠠᠨ ᠴᠡᠷᠢᠭ ᠢ ᠪᠤᠲᠠ ᠴᠣᠬᠢᠪᠠ᠃ ᠪᠠᠲᠤ ᠬᠠᠭᠠᠨ ᠮᠤᠷᠠᠪ ᠤᠨ ᠨᠤᠲᠤᠭ ᠲᠤ ᠤᠯᠤᠮᠤᠴᠢ ᠬᠤᠲᠠ ᠶᠢᠨ ᠣᠷᠴᠢᠮ ᠴᠧᠬᠤ᠋᠂ ᠭᠧᠷᠮᠠᠨ ᠤ ᠬᠥᠮᠥᠨ ᠳᠤ ᠷᠴᠠᠷᠢᠤᠳ᠋ ᠤᠨ ᠪᠠᠭ ᠴᠡᠷᠢᠭ ᠲᠠᠢ ᠲᠤᠯᠭᠠᠷᠠᠵᠤ ᠪᠦ᠋ᠭᠧᠮ ᠤᠨ ᠴᠡᠷᠢᠭ ᠤᠨ ᠳᠠᠷᠤᠭ᠎ᠠ ᠶᠠᠷᠤᠰᠯᠠᠪ ᠤᠨ ᠤᠳᠤᠷᠢᠳᠤᠭᠰᠠᠨ ᠴᠡᠷᠢᠭ ᠮᠣᠩᠭᠤᠯ — ᠲᠠᠲ᠋ᠠᠷ ᠤᠨ ᠴᠡᠷᠢᠭ ‍ᠦᠨ‌ᠨᠢᠭᠡ ᠳᠦᠮᠡ ᠶᠢ ᠳᠡᠶᠢᠯᠵᠦ ᠤᠬᠤᠷᠢᠭᠰᠠᠨ ᠪᠠᠶᠢᠪᠠ᠃    ᠲᠥᠪ ᠡᠸᠦ᠋ᠷᠦᠫᠡ ᠶᠢᠨ ᠨᠤᠲᠤᠭ ᠲᠤ ᠨᠡᠪᠲᠡᠷᠡᠭᠰᠡᠨ ᠮᠣᠩᠭᠤᠯ ᠤᠨ ᠮᠣᠷᠢᠨ ᠴᠡᠷᠢᠭ ᠣᠷᠣᠰ ᠨᠤᠲᠤᠭ ᠤᠨ ᠬᠢ ᠰᠢᠭ ᠮᠣᠳᠣᠨ ᠬᠡᠷᠡᠮ᠂ ᠴᠠᠶᠢᠵᠠ ᠪᠢᠰᠢ᠂ ᠴᠢᠯᠠᠭᠤᠨ ᠰᠢᠯᠳᠡᠭᠡᠨ᠂ ᠴᠠᠶᠢᠵᠠ ᠶᠢ ᠳᠠᠭᠠᠷᠢᠨ ᠡᠵᠡᠯᠡᠬᠦ ᠪᠣᠯᠵᠤ ᠢᠯᠡᠭᠦᠦ ᠶᠡᠭᠡ ᠬᠤᠬᠢᠷᠠᠯ ᠠᠮᠰᠠᠵᠤ ᠪᠠᠶᠢᠯ᠎ᠠ᠃ ᠺᠠᠷᠫᠠᠲ ᠤᠨ ᠠᠭᠤᠯᠠᠰ ᠢ ᠳᠠᠪᠠᠵᠤ ᠤᠩᠭᠠᠷ ᠤᠨ ᠨᠤᠲᠤᠭ ᠲᠤ ᠣᠷᠣᠭᠰᠠᠨ ᠮᠣᠩᠭᠤᠯ ᠤᠨ ᠴᠡᠷᠢᠭ ᠨᠡᠯᠢᠶᠡᠳ ᠰᠢᠷᠦᠭᠦᠨ ᠡᠰᠡᠷᠭᠦᠴᠡᠯ ᠲᠠᠢ ᠳᠤᠯᠭᠠᠷᠠᠭ᠎ᠠ᠃ ᠤᠩᠭᠠᠷ ᠤᠨ ᠬᠠᠭᠠᠨ ᠪᠦᠬᠦ ᠴᠡᠷᠢᠭ ᠢᠶᠠᠨ ᠨᠡᠶᠢᠰᠯᠡᠯ ᠫᠧᠰᠢᠲ ᠬᠤᠲᠠ ᠳᠤ ᠬᠤᠷᠠᠯᠳᠤᠭᠤᠯᠵᠤ ᠮᠣᠩᠭᠤᠯ ‍ᠣᠨ‌‍ᠴᠡᠷᠢᠭ ᠤᠨ ᠳᠠᠭᠠᠷᠢᠯᠲᠠ ᠶᠢ ᠬᠤᠶᠠᠷ ᠰᠠᠷ᠎ᠠ ᠭᠠᠷᠤᠢ ᠬᠤᠭᠤᠴᠠᠭᠠᠨ ᠳᠤ ᠲᠡᠰᠴᠦ ᠴᠢᠳᠠᠪᠠ᠃ ᠲᠡᠭᠡᠭᠡᠳ ᠮᠣᠩᠭᠤᠯ ᠤᠨ ᠴᠡᠷᠢᠭ ᠤᠩᠭᠠᠷ ᠤᠨ ᠴᠡᠷᠢᠭ ᠢ ᠵᠠᠯᠢᠯᠠᠵᠤ ᠬᠡᠭᠡᠷ᠎ᠡ ᠲᠠᠯ᠎ᠠ ᠭᠠᠵᠠᠷ ᠭᠠᠷᠭᠠᠬᠤ ᠵᠣᠷᠢᠯᠭ᠎ᠠ ᠪᠠᠷ ᠰᠠᠶ᠋ᠢᠤ᠋ ᠭᠤᠣᠯ ᠤᠨ ᠵᠦᠭ ᠵᠣᠷᠢᠭᠤᠳᠠ ᠤᠬᠤᠷᠢᠵᠠᠢ᠃ ᠤᠩᠭᠠᠷ ᠤᠨ ᠬᠠᠭᠠᠨ 1241 ᠣᠨ ᠤ ᠭᠤᠷᠪᠠᠳᠤᠭᠠᠷ ᠰᠠᠷ᠎ᠠ ᠳᠤ ᠬᠤᠯᠪᠣᠭᠠᠲᠠᠨ ᠤ ᠴᠡᠷᠢᠭ ᠢᠶᠠᠨ ᠰᠠᠶ᠋ᠢᠤ᠋ ᠭᠤᠣᠯ ᠤᠨ ᠡᠷᠭᠢ ᠳᠡᠭᠡᠷ᠎ᠡ ᠬᠤᠷᠢᠶᠠᠩᠨᠠᠨ ᠪᠠᠭᠤᠵᠤ ᠬᠥᠰᠬᠡ ᠲᠡᠷᠭᠡ ᠪᠠᠷ ᠡᠷᠭᠢᠨ ᠲᠣᠭᠤᠷᠢᠨ ᠪᠠᠬᠢᠯᠡᠯᠲᠡ ᠬᠢᠵᠦ ᠭᠤᠣᠯ ᠤᠨ ᠭᠠᠭᠴᠠ ᠭᠦᠦᠷ ᠢ ᠬᠠᠮᠠᠭᠠᠯᠠᠯᠲᠠ ᠳᠤ ᠠᠪᠤᠪᠠ᠃ ᠭᠡᠲᠡᠯ᠎ᠡ ᠮᠣᠩᠭᠤᠯ ᠤᠨ ᠮᠣᠷᠢᠨ ᠴᠡᠷᠢᠭ ᠰᠥᠨᠢ ᠳᠥᠯᠥ ᠪᠠᠷ ᠭᠦᠦᠷ ᠂ ᠭᠤᠣᠯ ᠤᠨ ᠪᠦᠬᠦ ᠭᠠᠷᠠᠮ ᠢ ᠪᠤᠯᠢᠶᠠᠨ ᠠᠪᠴᠤ ᠬᠤᠯᠪᠣᠭᠠᠲᠠᠨ ᠤ ᠴᠡᠷᠢᠭ ᠤᠨ ᠬᠤᠸᠠᠷᠠᠨ ᠤ ᠣᠶᠢᠷᠠᠯᠴᠠᠭ᠎ᠠ ᠳᠤᠪᠤ  ᠤᠳ ᠳᠡᠭᠡᠷ᠎ᠡ ᠬᠡᠭᠡᠷ᠎ᠡ ᠶᠢᠨ ᠬᠤᠷᠢᠶᠠᠩᠭ᠎ᠠ ᠪᠠᠶᠢᠷᠢᠯᠠᠭᠤᠯᠪᠠ᠃ ᠷᠴᠠᠷᠢ ᠤᠳ ᠮᠣᠩᠭᠤᠯ ᠤᠨ ᠴᠡᠷᠢᠭ ᠤᠨ ᠬᠤᠸᠠᠷᠠᠨ ᠤᠷᠤᠭᠤ ᠳᠠᠭᠠᠷᠢᠯᠲᠠ ᠬᠢᠭᠰᠡᠨ ᠴᠦ ᠰᠤᠮᠤᠨ ᠮᠥᠨᠳᠥᠷ᠂ ᠰᠢᠳᠡᠭᠰᠡᠨ ᠴᠢᠯᠠᠭᠤᠨ ᠳᠤ ᠦᠷᠳᠦᠨ ᠪᠠᠶᠢᠷᠢᠯᠳᠤᠭᠠᠨ ᠢᠶᠠᠨ ᠪᠤᠴᠠᠵᠠᠢ᠃ ᠷᠴᠠᠷᠢ ᠶᠢᠨ ᠳᠠᠬᠢᠨ ᠨᠢᠭᠡ ᠪᠠᠭ ᠴᠡᠷᠢᠭ ᠳᠠᠭᠠᠷᠢᠯᠲᠠ‌‍ᠬᠢᠬᠦ ᠳᠤ ᠮᠣᠩᠭᠤᠯ ᠤᠨ ᠮᠣᠷᠢᠨ ᠴᠡᠷᠢᠭ ᠪᠦᠰᠡᠯᠡᠨ ᠤᠰᠠᠳᠬᠠᠵᠤ ᠬᠤᠯᠪᠣᠭᠠᠲᠠᠨ ᠤ ᠴᠡᠷᠢᠭ ᠲᠤ ᠳ᠋ᠤᠨᠠᠢ ᠮᠥᠷᠡᠨ ᠤ ᠵᠦᠭ ᠲᠤ ᠤᠬᠤᠷᠢᠬᠤ ᠪᠣᠯᠣᠯᠴᠠᠭ᠎ᠠ ᠤᠯᠭᠤᠮᠠᠭᠴᠠ  ᠪᠠᠨ ᠠᠷᠤ ᠠᠴᠠ ᠨᠢ 6 ᠬᠤᠨᠤᠭ ᠮᠥᠷᠳᠡᠵᠦ ᠬᠡᠰᠡᠭ ᠬᠡᠰᠡᠭ ᠢᠶᠠᠷ ᠨᠢ ᠲᠠᠰᠤᠯᠤᠨ ᠤᠰᠠᠳᠬᠠᠭᠰᠠᠭᠠᠷ ᠫᠧᠰᠢᠲ ᠬᠤᠲᠠ ᠳᠤ ᠨᠡᠪᠲᠡᠷᠡᠵᠦ‌‍ᠴᠢᠳᠠᠵᠠᠢ᠃    ᠤᠩᠭᠠᠷ ᠤᠨ ᠨᠡᠶᠢᠰᠯᠡᠯ ᠢ ᠡᠵᠡᠯᠡᠭᠰᠡᠨ ᠤ ᠳᠠᠷᠠᠭ᠎ᠠ ᠰᠦᠪᠡᠭᠡᠳᠡᠢ ᠵᠠᠩᠵᠤᠨ ᠤ ᠤᠳᠤᠷᠢᠳᠤᠭᠰᠠᠨ ᠴᠡᠷᠢᠭ ᠲᠤᠰ ᠣᠷᠣᠨ ᠤ ᠬᠤᠲᠠ ᠰᠠᠭᠤᠷᠢᠨ ᠢ ᠲᠦᠢᠪᠡᠭᠡᠨ ᠰᠦᠢᠳᠬᠡᠵᠦ ᠤᠩᠭᠠᠷ ᠤᠨ ᠬᠠᠭᠠᠨ ᠢ ᠳᠠᠯᠮᠠᠴᠢ ᠶᠢᠨ ᠨᠤᠲᠤᠭ ᠬᠦᠷᠲᠡᠯ᠎ᠡ ᠦᠯᠳᠠᠵᠡᠢ᠃ ᠲᠡᠭᠦᠨ ᠤ ᠵᠡᠷᠭᠡᠴᠡᠭᠡ‌ᠬᠤᠪᠢᠯᠠᠢ ᠵᠠᠩᠵᠤᠨ ᠤ ᠴᠡᠷᠢᠭ ᠰᠯᠤᠪᠸᠢ᠂ ᠺᠷᠠᠤᠴᠢ᠂ ᠰᠧᠷᠪᠢ ᠶᠢ ᠪᠠᠶᠢᠯᠳᠤᠨ ᠳᠠᠭᠠᠭᠤᠯᠪᠠ᠃ ᠮᠤᠩᠭᠤᠯ ᠲᠠᠲ᠋ᠠᠷ  ᠤᠨ ᠴᠡᠷᠢᠭ ᠠᠳ᠋ᠷᠢᠶᠠᠲ ᠤᠨ ᠲᠡᠩᠭᠢᠰ ᠤᠨ ᠡᠷᠭᠢ ᠬᠦᠷᠴᠦ ᠠᠷᠤ ᠲᠠᠯ᠎ᠠ ᠳᠠᠭᠠᠨ ᠬᠤᠶᠠᠷ ᠴᠦ ᠤᠳᠠᠭ᠎ᠠ ᠠᠶᠠᠨ ᠳᠠᠶᠢᠨ ᠬᠢᠵᠦ ᠪᠦᠷᠢᠨ ᠡᠷᠬᠡᠰᠢᠶᠡᠯ ᠳᠡᠭᠡᠨ ᠣᠷᠣᠭᠤᠯᠵᠤ ᠴᠢᠳᠠᠭ᠎ᠠ ᠦᠭᠡᠢ ᠣᠷᠣᠰ ᠤᠨ ᠨᠤᠲᠤᠭ ᠢ ᠠᠷᠤ ᠲᠠᠯ᠎ᠠ ᠳᠠᠭᠠᠨ ᠪᠠᠶᠢᠯᠭᠠᠬᠤ ᠶᠢ ᠬᠦᠰᠡᠭᠰᠡᠨ ᠦᠭᠡᠢ᠂ ᠳᠣᠷᠣᠨ᠎ᠠ ᠵᠦᠭ ᠬᠥᠯᠭᠡ ᠶᠢᠨ ᠵᠢᠯᠣᠭᠤ ᠶᠢ ᠵᠠᠯᠠᠬᠤ ᠳᠤ ᠡᠸᠦ᠋ᠷᠦᠫᠡ ᠶᠢᠨ ᠠᠷᠠᠳ ᠳᠦᠮᠡᠨ ᠨᠦᠭᠦᠳ ᠮᠠᠩᠨᠠᠢ ᠲᠡᠨᠢᠢᠨ ᠪᠠᠶᠠᠷᠯᠠᠵᠠᠢ᠃    ᠪᠠᠲᠤ ᠬᠠᠭᠠᠨ ᠣᠷᠣᠰ ᠤᠨ ᠡᠮᠦᠨᠡᠲᠦ ᠨᠤᠲᠤᠭ ᠢᠶᠠᠷ ᠪᠤᠴᠠᠬᠤ ᠵᠠᠮ ᠳᠠᠭᠠᠨ ᠢᠷᠳᠡᠰᠢ ᠮᠥᠷᠡᠨ ᠠᠴᠠ ᠳ᠋ᠤᠨᠠᠢ ᠮᠥᠷᠡᠨ ᠬᠦᠷᠲᠡᠯᠡᠬᠢ ᠠᠰᠤᠷᠤ ᠠᠭᠤᠳᠠᠮ ᠨᠤᠲᠤᠭ ᠲᠤ ᠠᠯᠲᠠᠨ ᠤ ᠣᠷᠳᠣᠨ ᠤ ᠤᠯᠤᠰ ᠢ ᠪᠠᠶᠢᠭᠤᠯᠵᠤ ᠢᠵᠢᠯ ᠮᠥᠷᠡᠨ ᠤ ᠤᠷᠤᠰᠬᠠᠯ ᠤᠨ ᠳᠣᠣᠷ᠎ᠠ‌‍ᠬᠡᠰᠡᠭ ᠲᠤ᠂ ᠥᠨᠥ ᠶᠢᠨ ᠠᠰᠲᠷᠠᠬᠠᠨ ᠬᠤᠲᠠ ᠶᠢᠨ ᠣᠶᠢᠷᠠᠯᠴᠠᠭ᠎ᠠ ᠨᠡᠶᠢᠰᠯᠡᠯ ᠬᠤᠲᠠ ᠶᠢᠨ ᠰᠢᠪᠠ ᠲᠠᠯᠪᠢᠵᠤ ᠰᠠᠷᠠᠢ ᠸᠠᠲ ᠭᠡᠵᠦ ᠨᠡᠷᠡᠯᠡᠵᠡᠢ᠃ ᠡᠶᠢᠨ ᠬᠦ ᠣᠷᠣᠰ ᠨᠤᠲᠤᠭ ᠬᠡᠳᠦᠨ ᠵᠠᠭᠤᠨ ᠵᠢᠯ ᠤᠨ ᠲᠤᠷᠰᠢ ᠠᠯᠲᠠᠨ ᠣᠷᠳᠣᠨ ᠤ ᠤᠯᠤᠰ ᠤᠨ ᠳᠠᠷᠤᠯᠠᠯ ᠳᠤ ᠣᠷᠣᠵᠠᠢ᠃ ᠪᠠᠲᠤ ᠬᠠᠭᠠᠨ ᠣᠷᠣᠰ ᠤᠨ ᠪᠦᠬᠦ ᠨᠤᠲᠤᠭ ᠠᠴᠠ ᠠᠪᠴᠤ ᠪᠠᠶᠢᠭ᠎ᠠ ᠠᠯᠪᠠᠨ ᠲᠠᠲᠠᠪᠤᠷᠢ ᠪᠠᠷ ᠨᠡᠶᠢᠰᠯᠡᠯ ᠢᠶᠠᠨ ᠪᠣᠰᠬᠠᠵᠤ ᠡᠵᠡᠯᠡᠭᠳᠡᠭᠰᠡᠨ ᠨᠤᠲᠤᠭ ᠳᠡᠪᠢᠰᠬᠡᠷ ᠠᠴᠠ ᠣᠯᠵᠠᠯᠠᠨ ᠠᠪᠴᠢᠷᠠᠭᠰᠠᠨ ᠤᠷᠠᠨ ᠭᠠᠷᠳᠤ ᠨᠤᠭᠤᠳ ᠢᠶᠠᠷ ᠭᠤᠶᠣᠮᠰᠤᠭ ᠬᠤᠲᠠ ᠪᠠᠷᠢᠭᠤᠯᠵᠠᠢ᠃ ᠪᠠᠲᠤ ᠬᠠᠭᠠᠨ 1251ᠣᠨ ᠳᠤ ᠮᠣᠩᠭᠤᠯ ᠤᠨ ᠡᠵᠡᠨᠲᠦ ᠭᠦᠷᠦᠨ ᠭᠠᠷᠤᠭᠰᠠᠨ ᠲᠥᠷᠥ ᠶᠢᠨ ᠡᠷᠭᠢᠯᠲᠡ ᠳᠤ ᠢᠳᠡᠪᠬᠢᠲᠡᠢ ᠣᠷᠣᠯᠴᠠᠵᠤ ᠥᠪᠡᠷ ᠤᠨ ᠲᠥᠯᠥᠭᠡᠨ ᠤ ᠬᠥᠮᠥᠨ ᠮᠥᠩᠬᠡ‌‍ᠶᠢ ᠬᠠᠭᠠᠨ ᠢᠶᠠᠷ ᠡᠷᠬᠦᠮᠵᠢᠯᠡᠬᠦᠯᠵᠡᠢ᠃ ᠭᠡᠬᠦ ᠳᠡᠭᠡᠨ ᠠᠯᠲᠠᠨ ᠣᠷᠳᠣᠨ ᠤ ᠤᠯᠤᠰ ᠢ‌‍ᠲ᠋ᠠᠩ ᠢᠶᠠᠷ ᠵᠠᠬᠢᠷᠤᠭᠰᠠᠨ ᠬᠡᠪ ᠢᠶᠠᠷ ᠪᠠᠶᠢᠪᠠ᠃    ᠮᠣᠩᠭᠤᠯ ᠤᠨ ᠠᠯᠳᠠᠷᠲᠤ ᠴᠡᠷᠢᠭ ᠤᠨ ᠵᠠᠩᠵᠤᠨ ᠪᠠᠲᠤ ᠬᠠᠭᠠᠨ ᠠᠤᠭ᠎ᠠ ᠡᠪᠦᠭᠡ ᠡᠴᠢᠭᠡ᠂ ᠲᠥᠷᠥᠭᠰᠡᠨ ᠡᠴᠢᠭᠡ ᠶᠢᠨ ᠢᠶᠠᠨ ᠦᠢᠯᠡ ᠬᠡᠷᠡᠭ ᠢ ᠨᠡᠷ᠎ᠡ ᠲᠥᠷᠥ ᠲᠠᠢ ᠵᠠᠯᠭᠠᠮᠵᠢᠯᠠᠭᠴᠢ ᠪᠠᠶᠢᠵᠤ ᠲᠡᠳᠡᠨ ᠤ ᠥᠪᠯᠡᠨ ᠤᠯᠠᠮᠵᠢᠯᠠᠭᠤᠯᠤᠭᠰᠠᠨ ᠴᠡᠷᠢᠭ ᠤᠨ ᠲᠡᠭᠦᠰ ᠤᠷᠠᠯᠢᠭ ᠢ‌ᠤᠯᠠᠮ ᠬᠥᠭᠵᠢᠭᠦᠯᠵᠦ ᠠᠶᠠᠨ ᠳᠠᠶᠢᠨ ᠶᠡᠭᠡ ᠮᠣᠷᠢᠨ ᠴᠡᠷᠢᠭ ᠢᠶᠠᠷ ᠭᠡᠨᠡᠳᠲᠡ ᠳᠠᠭᠠᠷᠢᠯᠲᠠ ᠬᠢᠬᠦ᠂ ᠲᠣᠮᠣᠬᠠᠨ ᠲᠤᠯᠤᠯᠳᠤᠭᠠᠨ ᠬᠢᠬᠦ‌ᠡᠴᠡ ᠵᠠᠶᠢᠯᠠᠰᠬᠢᠬᠦ᠂ ᠳᠠᠶᠢᠰᠤᠨ ᠢ ᠳᠤᠶᠢᠯᠳᠠᠭᠤᠯᠬᠤ ᠪᠠᠶᠢᠯᠳᠤᠭᠠᠨ ᠤ ᠲᠠᠺᠲ᠋ᠢᠺ ᠢ ᠭᠠᠷᠮᠠᠭᠠᠢ ᠬᠡᠷᠡᠭᠯᠡᠵᠦ ᠶᠡᠭᠡ ᠠᠮᠵᠢᠯᠲᠠ ᠳᠤ ᠬᠦᠷᠴᠦ ᠪᠠᠶᠢᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号