| | ᠹᠸᠣᠳᠠᠯ ᠤᠨ ᠨᠡᠶᠢᠭᠡᠮ ᠤᠨ ᠲᠦᠭᠵᠢᠭᠳᠡᠮᠡᠯ ᠬᠠᠷᠠᠩᠭᠤᠢ ᠳᠤ ᠣᠳᠣ ᠪᠣᠯᠣᠨ ᠭᠢᠯᠠᠯᠵᠠᠵᠤ᠂ ᠡᠷᠲᠡᠨ ᠤ | ᠮᠣᠩᠭᠤᠯ ᠤᠨ ᠠᠨᠢᠷ ᠨᠠᠮ ᠬᠥᠮ ᠲᠠᠯ᠎ᠠ ᠶᠢ ᠴᠣᠪᠣᠭᠤ ᠴᠣᠯᠭᠢᠨ ᠳᠠᠭᠤ ᠪᠠᠷᠵᠶ᠋ᠠᠨ ᠴᠣᠴᠢᠭᠠᠵᠤ᠂ ᠱᠠᠰᠢᠨ ᠨᠣᠮ ᠤᠨ | ᠲᠣᠭᠲᠠᠭᠰᠠᠨ ᠲᠠᠭᠠᠯᠠᠯ᠂ ᠣᠯᠢᠭ ᠪᠣᠯᠣᠭᠰᠠᠨ ᠬᠠᠭᠤᠷᠠᠢ ᠨᠣᠮᠯᠠᠯ ᠢ ᠢᠷᠭᠡᠨ ᠤ ᠠᠮᠢᠳᠤ ᠪᠦᠲᠦᠭᠡᠯᠴᠢ ᠡᠭᠦᠰᠬᠡᠯ ᠢᠶᠠᠷ | ᠵᠣᠷᠢᠭ ᠲᠠᠢ ᠰᠥᠷᠦᠨ ᠭᠠᠷᠴᠤ ᠢᠷᠡᠭᠰᠡᠨ᠂ ᠭᠤᠪᠢ ᠶᠢᠨ ᠠᠪᠢᠶᠠᠰᠯᠢᠭ ᠢᠷᠠᠭᠤ ᠨᠠᠶᠢᠷᠠᠭᠴᠢ ᠨᠣᠶᠠᠨ ᠬᠤᠲᠤᠭᠲᠤ | ᠳ᠋ᠠᠨᠽᠠᠨᠷᠠᠪᠵᠠᠢ ︵ᠷᠠᠪᠵᠠᠢ︶ 1803 ᠣᠨ ᠳᠤ ᠬᠠᠭᠤᠴᠢᠨ ᠲᠦᠰᠢᠶᠡᠲᠦ ᠬᠠᠨ ᠠᠶᠢᠮᠠᠭ ᠤᠨ ᠮᠡᠷᠭᠡᠨ ᠸᠠᠩ ᠤᠨ | ᠬᠤᠰᠢᠭᠤ᠂ ᠣᠳᠣ ᠶᠢᠨ ᠳᠣᠷᠤᠨᠠᠭᠤᠪᠢ ᠠᠶᠢᠮᠠᠭ ᠤᠨ ᠬᠥᠪᠰᠦᠭᠦᠯ ᠰᠤᠮᠤᠨ ᠤ ᠨᠤᠲᠤᠭ ᠳᠤᠯᠠᠭᠠᠨ ᠬᠠᠷ᠎ᠠ | ᠠᠭᠤᠯᠠᠨ ᠤ ᠪᠠᠷᠠᠭᠤᠨ ᠪᠡᠶ᠎ᠡ ︽ᠰᠢᠪᠠᠭᠤᠨ ᠱᠠᠩᠳᠠ︾ ᠬᠡᠮᠡᠬᠦ ᠭᠠᠵᠠᠷ᠂ ᠲᠡᠷᠡ ᠦᠶ᠎ᠡ ᠳᠡᠭᠡᠨ ᠳᠣᠯᠳᠣᠢ ᠪᠠᠷᠢᠨ | ᠲᠡᠨᠦᠵᠦ᠂ ᠲᠤᠶᠢᠯ ᠤᠨ ᠶᠠᠳᠠᠭᠤ ᠵᠦᠳᠡᠭᠦᠦ ᠠᠮᠢᠳᠤᠷᠠᠵᠤ ᠪᠠᠶᠢᠭᠰᠠᠨ ᠳᠣᠯᠳᠣᠶᠢᠲᠤ ᠠᠵᠠᠢ ᠶᠢᠨ ᠭᠠᠭᠴᠠ ᠬᠦᠦ | ᠪᠣᠯᠣᠨ ᠮᠡᠨᠳᠦᠯᠡᠵᠡᠢ᠃ ᠡᠬᠡ ᠨᠢ ᠬᠦᠦ ᠪᠠᠨ ᠬᠡᠭᠡᠷ᠎ᠡ ᠬᠥᠳᠡᠭᠡ ᠲᠡᠮᠡᠭᠡᠨ ᠲᠡᠷᠭᠡᠨ ᠳᠡᠭᠡᠷ᠎ᠡ ᠲᠥᠷᠥᠭᠦᠯᠵᠦ᠂ ᠡᠴᠢᠭᠡ | ᠨᠢ ᠣᠷᠬᠢᠮᠵᠢ ᠪᠠᠷ ᠢᠶᠠᠨ ᠪᠣᠭᠤᠨ ᠠᠪᠴᠤ᠂ ᠰᠠᠶ᠋ᠢ ᠲᠥᠷᠥᠭᠰᠡᠨ ᠡᠬᠡ ᠶᠢ ᠲᠡᠩᠬᠡᠷᠡᠭᠦᠯᠬᠦ ᠭᠡᠵᠦ ᠮᠠᠨᠵᠤ ᠡᠵᠡᠨ ᠤ | ᠲᠡᠮᠦᠷ ᠰᠦᠷᠦᠭᠴᠢᠳ ᠠᠴᠠ ᠱᠥᠯᠥᠨ ᠤ ᠶᠠᠭᠤᠮ᠎ᠠ ᠭᠤᠶᠤᠵᠤ ᠶᠠᠪᠤᠵᠠᠢ᠃ ᠤᠳᠠᠯ ᠦᠭᠡᠢ ᠬᠦᠦ ᠶᠢᠨ ᠡᠬᠡ | ᠲᠥᠷᠥᠬᠦ ᠶᠢᠨ ᠬᠡᠮ ᠢᠶᠠᠷ ᠨᠠᠰᠤᠨ ᠥᠭᠡᠳᠡ ᠪᠣᠯᠵᠤ᠂ ᠡᠴᠢᠭᠡ ᠨᠢ ᠶᠠᠳᠠᠭᠤ ᠵᠦᠳᠡᠭᠦᠦ᠂ ᠤᠷᠠᠨ ᠣᠪᠣᠬᠠᠢ ᠳᠤ | ᠬᠤᠷᠭᠤᠳᠠᠨ᠂ ᠣᠯᠠᠨ ᠤ ᠥᠭᠯᠢᠭᠡ ᠶᠢᠨ ᠢᠳᠡᠭᠡ ᠪᠠᠷ ᠠᠮᠢᠳᠤᠷᠠᠵᠤ᠂ ᠦᠯᠡᠳᠡᠭᠰᠡᠨ ᠭᠠᠭᠴᠠ ᠦᠷ᠎ᠡ ᠪᠠᠨ ᠡᠭᠦᠷᠴᠦ | ᠳᠡᠭᠦᠷᠴᠦ ᠶᠠᠪᠤᠭᠰᠠᠭᠠᠷ ᠳᠥᠷᠪᠡ ᠲᠠᠪᠤᠨ ᠨᠠᠰᠤ ᠶᠢ ᠬᠦᠷᠭᠡᠵᠡᠢ᠃ ᠷᠠᠪᠵᠠᠢ ᠬᠡᠳᠦᠶᠢᠪᠡᠷ ᠪᠠᠭ᠎ᠠ ᠠᠴᠠ ᠪᠠᠨ ︽ | ᠬᠤᠲᠤᠭᠲᠤ ᠬᠤᠪᠢᠯᠭᠠᠨ︾ ᠭᠡᠳᠡᠭ ᠨᠡᠷ᠎ᠡ ᠴᠣᠯᠠ ᠪᠠᠷ ᠡᠷᠭᠦᠮᠵᠢᠯᠡᠭᠳᠡᠵᠦ᠂ ᠲᠤᠬᠠᠢ ᠶᠢᠨ ᠨᠡᠶᠢᠭᠡᠮ ᠤᠨ ᠡᠷᠬᠡ ᠪᠠᠷ | ᠰᠦᠮ᠎ᠡ ᠬᠡᠶᠢᠳ ᠤᠨ ᠭᠠᠵᠠᠷ ᠮᠡᠳᠡᠯᠭᠡ ᠪᠣᠯᠪᠠᠰᠤᠷᠠᠯ ᠣᠯᠵᠤ ᠠᠪᠤᠭᠰᠠᠨ ᠪᠣᠯᠪᠠᠴᠤ ᠤᠭ ᠤᠨ ᠬᠤᠷᠴᠠ ᠰᠡᠷᠭᠦᠯᠡᠩ | ᠤᠬᠠᠭᠠᠨ᠂ ᠨᠦᠷ ᠶᠡᠭᠡ ᠬᠢᠴᠢᠶᠡᠯ ᠪᠢᠯᠢᠭ ᠤᠨ ᠬᠦᠴᠦ ᠪᠠᠷ ᠢᠷᠭᠡᠨ ᠤ ᠰᠣᠶᠣᠯ ᠪᠣᠯᠪᠠᠰᠤᠷᠠᠯ ᠢ ᠡᠵᠡᠮᠰᠢᠨ ᠲᠥᠪᠡᠳ᠂ | ᠮᠣᠩᠭᠤᠯ ᠬᠤᠶᠠᠷ ᠬᠡᠯᠡ ᠪᠠᠷ ᠵᠣᠬᠢᠶᠠᠯ ᠪᠦᠲᠦᠭᠡᠯ ᠢᠶᠠᠨ ᠲᠤᠭᠤᠷᠪᠢᠬᠤ ᠪᠣᠯᠵᠠᠢ᠃ | ᠷᠠᠪᠵᠠᠢ ᠪᠦᠷ ᠳᠣᠯᠣᠭᠠᠨ ᠨᠠᠰᠤᠲᠠᠢ ᠪᠠᠶᠢᠬᠤ ᠳᠠᠭᠠᠨ ︽ᠬᠤᠷᠮᠤᠰᠲᠠ ᠲᠡᠭᠷᠢ︾ ᠭᠡᠳᠡᠭ ᠠᠯᠳᠠᠷᠲᠤ ᠳᠠᠭᠤᠤ ᠪᠠᠨ | ᠵᠣᠬᠢᠶᠠᠵᠠᠢ᠃ ᠤᠯᠠᠮ ᠢᠶᠠᠷ ︽ᠦᠯᠡᠮᠵᠢ ᠶᠢᠨ ᠴᠢᠨᠠᠷ︾᠂ ︽ᠪᠠᠷᠳᠠᠩ ᠰᠡᠷᠭᠦᠯᠡᠩ ᠪᠣᠷᠣ︾᠂ ︽ᠰᠡᠷᠭᠦᠯᠡᠩ ᠵᠠᠩᠲᠤ | ᠴᠠᠭᠠᠨ︾᠂ ︽ᠲᠦᠪᠰᠢᠨ ᠰᠠᠶᠢᠬᠠᠨ︾᠂ ︽ᠰᠠᠷᠠᠭᠤᠯ ᠲᠤᠩᠭᠠᠯᠠᠭ︾᠂ ︽ᠨᠠᠢᠮᠠᠨ ᠵᠦᠭ ᠲᠡᠭᠡᠨ︾ ᠵᠡᠷᠭᠡ ᠭᠦᠷᠦ | ᠳᠠᠭᠤᠯᠠᠯ᠂ ︽ᠢᠴᠢᠭ ᠢᠴᠢᠭ︾᠂ ︽ᠴᠠᠭ ᠤᠨ ᠵᠢᠮ᠎ᠡ ᠶᠢ ᠲᠣᠳᠣᠷᠠᠭᠤᠯᠤᠭᠴᠢ ᠴᠠᠭᠠᠨ ᠰᠢᠪᠠᠭᠤᠨ ᠤ ᠦᠯᠢᠭᠡᠷ︾ | ᠂ ︽ᠰᠡᠳᠬᠢᠯ ᠢ ᠠᠮᠠᠷᠠᠭᠠᠭᠴᠢ︾᠂ ︽ᠬᠠᠪᠤᠷ ᠴᠠᠭ ᠤᠨ ᠵᠤᠭ᠎ᠠ︾᠂ ︽ᠠᠪᠬᠤ ᠭᠡᠭᠡᠬᠦ ᠪᠦᠭᠦᠳᠡ ᠰᠡᠳᠬᠢᠯ ᠠᠴᠠ︾ | ᠂ ︽ᠨᠠᠭᠠᠳᠤᠮ ᠤᠨ ᠰᠢᠯᠦᠭ︾᠂ ︽ᠶᠢᠷᠲᠢᠨᠴᠦ ᠠᠪᠠᠭᠠᠢ ᠶᠢᠨ ᠵᠢᠮ᠎ᠡ︾ ᠵᠡᠷᠭᠡ ᠰᠢᠯᠦᠭ᠂ ᠰᠤᠷᠭᠠᠯ᠂ ᠲᠣᠪᠴᠢ | ᠦᠭᠡᠰ ᠢ ᠵᠣᠬᠢᠶᠠᠵᠤ᠂ ︽ᠰᠠᠷᠠᠨ ᠬᠥᠬᠦᠭᠡᠨ ᠤ ᠨᠠᠮᠲᠠᠷ︾ ᠬᠡᠮᠡᠬᠦ ᠵᠦᠴᠦᠭᠡ ᠶᠢ ᠨᠠᠶᠢᠷᠠᠭᠤᠯᠤᠭᠰᠠᠨ ᠪᠠᠶᠢᠨ᠎ᠠ᠃ | ᠲᠡᠷᠡ ᠪᠠᠷ ᠲᠤᠬᠠᠢ ᠶᠢᠨ ᠦᠶ᠎ᠡ ᠳᠡᠭᠡᠨ ︽ᠴᠣᠶᠢᠷᠢ ᠴᠠᠩᠨᠢᠳ︾ ᠶᠢᠨ ᠵᠡᠷᠭᠡ ᠬᠥᠨᠳᠡᠢ ᠬᠠᠭᠤᠳᠠᠮ ᠨᠣᠮ ᠢ ᠦᠵᠡᠵᠦ | ᠭᠠᠪᠵᠤ ᠷᠠᠪᠵᠠᠮᠪᠠ᠂ ᡀᠠᠷᠠᠨᠪᠠ ᠳᠣᠷᠣᠮᠪᠠ ᠶᠢᠨ ᠴᠣᠯᠠ ᠶᠢ ᠬᠦᠰᠡᠭᠰᠡᠨ ᠦᠭᠡᠢ᠂ ᠡᠮ ᠵᠢᠷᠤᠬᠠᠢ ᠶᠢᠨ ᠤᠬᠠᠭᠠᠨ ᠢ | ᠣᠷᠣᠯᠳᠤᠵᠤ ᠮᠠᠷᠠᠮᠪᠠ᠂ ᠵᠠᠶᠢᠷᠠᠮᠪᠠ ᠶᠢᠨ ᠵᠡᠷᠭᠡ ᠶᠢ ᠠᠪᠤᠭᠰᠠᠨ ᠦᠭᠡᠢ᠂ ᠰᠦᠮ᠎ᠡ ᠬᠡᠶᠢᠳ ᠤᠨ ᠱᠠᠪᠢ ᠪᠠᠷ | ᠬᠠᠨ᠎ᠠ ᠶᠢᠨ ᠳᠣᠲᠣᠷ᠎ᠠ ᠰᠠᠭᠤᠵᠤ ᠭᠡᠰᠦᠯ ᠭᠡᠯᠦᠩ ᠤᠨ ᠨᠠᠷᠢᠨ ᠴᠠᠭᠠᠵᠠᠲᠤ ᠰᠠᠬᠢᠯ ᠰᠠᠨᠸᠠᠷ ᠲᠤ ᠴᠦ ᠪᠠᠷᠢᠭᠳᠠᠭᠰᠠᠨ | ᠦᠭᠡᠢ᠂ ᠱᠠᠰᠢᠨ ᠨᠣᠮ ᠤᠨ ᠳᠣᠲᠣᠭᠠᠳᠤ ᠨᠠᠷᠢᠨ ᠦᠢᠯᠡᠴᠢᠨ ᠪᠣᠯᠵᠤ ᠬᠠᠮᠪᠤ ᠴᠣᠷᠵᠢ ᠶᠢᠨ ᠥᠨᠳᠥᠷ ᠰᠠᠭᠤᠳᠠᠯ ᠢ ᠴᠦ | ᠡᠷᠢᠭ᠍ᠰᠡᠨ ᠦᠭᠡᠢ᠂ ᠭᠠᠭᠴᠠ ᠬᠦ ᠶᠢᠷᠲᠢᠨᠴᠦ ᠶᠢᠨ ᠬᠠᠷ᠎ᠠ ᠪᠣᠷᠣ ᠠᠮᠢᠳᠤᠷᠠᠯ ᠳᠤᠮᠳᠠ ᠣᠷᠣᠵᠤ᠂ ᠡᠭᠡᠯ ᠪᠤᠷᠭᠢᠯ ᠬᠥᠮᠥᠰ | ᠲᠠᠢ ᠠᠭᠤᠯᠵᠠᠨ ᠤᠴᠠᠷᠠᠵᠤ᠂ ᠮᠣᠩᠭᠤᠯ ᠨᠤᠲᠤᠭ ᠤᠨ ᠢᠶᠠᠨ ᠴᠡᠴᠡᠭᠲᠦ ᠬᠥᠨᠳᠡᠢ᠂ ᠤᠨᠢᠶᠠᠷᠲᠤ ᠲᠠᠯ᠎ᠠ ᠪᠠᠷ ᠲᠡᠮᠡᠭᠡᠨ | ᠲᠡᠷᠭᠡ᠂ ᠵᠤᠤᠵᠠᠢ ᠲᠠᠢ ᠠᠶᠠᠯᠠᠨ ᠵᠢᠭᠤᠯᠴᠢᠯᠠᠵᠤ ᠶᠠᠪᠤᠵᠠᠢ᠃ ᠷᠠᠪᠵᠠᠢ ᠮᠣᠩᠭᠤᠯ ᠤᠨ ᠣᠯᠠᠨ ᠭᠠᠵᠠᠷ ᠤᠨ ᠨᠤᠲᠤᠭ | ᠬᠤᠰᠢᠭᠤᠳ ᠢᠶᠠᠷ ᠢᠩᠭᠢᠵᠦ ᠶᠠᠪᠤᠬᠤ ᠳᠠᠭᠠᠨ ᠲᠤᠬᠠᠢ ᠶᠢᠨ ᠦᠶ᠎ᠡ ᠶᠢᠨ ᠶᠡᠬᠡᠰ ᠳᠡᠭᠡᠳᠦᠰ᠂ ᠬᠤᠲᠤᠭᠲᠤ | ᠬᠤᠪᠢᠯᠭᠠᠳ ᠤᠨ ᠠᠳᠠᠯᠢ ᠭᠦᠷᠢᠮ ᠳᠣᠷᠣᠮ ᠬᠢᠵᠦ᠂ ᠡᠷᠭᠦᠯ ᠮᠥᠷᠭᠦᠯ ᠦᠢᠯᠡᠳᠴᠦ ︽ᠲᠥᠪᠴᠢᠨ ᠲᠠᠷᠨᠢᠴᠢᠨ︾ ᠤ | ᠪᠠᠶᠢᠳᠠᠯ ᠢᠶᠠᠷ ᠶᠠᠪᠤᠭᠰᠠᠨ ᠦᠭᠡᠢ᠂ ᠶᠡᠭᠡ ᠲᠥᠯᠥᠪ ᠣᠴᠢᠭᠰᠠᠨ ᠭᠠᠵᠠᠷ ᠨᠠᠶᠢᠷ ᠨᠠᠭᠠᠳᠤᠮ ᠡᠭᠦᠰᠬᠡᠨ᠂ ᠪᠥᠵᠢᠭ ᠴᠠᠮ | ᠭᠠᠷᠭᠠᠭᠤᠯᠵᠤ᠂ ᠬᠤᠷᠠᠯ ᠨᠣᠮ ᠤᠨ ᠠᠶ᠎ᠠ ᠡᠭᠡᠰᠢᠭ ᠰᠣᠨᠣᠰᠴᠤ ᠶᠠᠪᠤᠭᠰᠠᠨ ᠪᠠᠶᠢᠨ᠎ᠠ᠃ ᠡᠨᠡ ᠲᠤᠬᠠᠢ ᠲᠡᠭᠦᠨ ᠤ | ᠲᠣᠪᠴᠢ ᠨᠠᠮᠲᠠᠷ ᠤᠨ ᠣᠯᠠᠨ ᠭᠠᠵᠠᠷ ︽ᠨᠠᠶᠢᠷ ᠨᠠᠭᠠᠳᠤᠮ ᠪᠡᠯᠡᠭᠯᠡᠵᠦ ᠡᠷᠭᠦᠪᠡ︾᠂ ︽ᠡᠭᠡᠰᠢᠭ ᠳᠠᠭᠤᠤ ᠵᠣᠬᠢᠶᠠᠪᠠ︾ | ᠂ ᠲᠠᠬᠢᠯ ᠤᠨ ᠳᠠᠭᠤᠨ ᠡᠷᠭᠦᠬᠦ ᠶᠢᠨ ᠪᠠᠶᠢᠳᠠᠯ ᠣᠷᠣᠭᠤᠯᠪᠠ︾ ᠭᠡᠬᠦ ᠮᠡᠲᠦ ᠪᠠᠷ ᠪᠢᠴᠢᠭᠰᠡᠨ ᠪᠠᠶᠢᠨ᠎ᠠ᠃ | ︽ᠬᠤᠷᠮᠤᠰᠲᠠ ᠲᠡᠭᠷᠢ︾ ᠭᠡᠳᠡᠭ ᠠᠯᠳᠠᠷᠲᠤ ᠳᠠᠭᠤᠤ ᠪᠠᠨ ᠷᠠᠪᠵᠠᠢ ᠳᠣᠯᠣᠭᠠᠨ ᠨᠠᠰᠤᠲᠠᠢ ᠳᠠᠭᠠᠨ ᠵᠣᠬᠢᠶᠠᠭᠰᠠᠨ | ᠪᠣᠯ ᠤᠯᠠᠮ ᠢᠶᠠᠷ ︽ᠦᠯᠡᠮᠵᠢ ᠶᠢᠨ ᠴᠢᠨᠠᠷ︾᠂ ︽ᠪᠠᠷᠳᠠᠩ ᠰᠡᠷᠭᠦᠯᠡᠩ ᠪᠣᠷᠣ︾᠂ ︽ᠰᠡᠷᠭᠦᠯᠡᠩ ᠵᠠᠩᠲᠤ ᠴᠠᠭᠠᠨ︾ | ᠂ ︽ᠴᠡᠴᠡᠨ ᠬᠠᠭᠠᠨ ᠤ ᠬᠥᠯᠥᠭ︾᠂ ︽ᠲᠥᠷᠥᠵᠦ ᠥᠰᠬᠡᠭᠰᠡᠨ ᠭᠥᠷᠥᠭᠡᠰᠦ ᠡᠵᠢ︾᠂ ︽ᠲᠦᠪᠰᠢᠨ ᠰᠠᠶᠢᠬᠠᠨ︾ | ᠂ ︽ᠰᠠᠷᠠᠭᠤᠯ ᠲᠤᠩᠭᠠᠯᠠᠭ︾᠂ ︽ᠨᠠᠢᠮᠠᠨ ᠵᠦᠭ ᠲᠡᠭᠡᠨ︾ ᠵᠡᠷᠭᠡ 80 ᠭᠠᠷᠤᠢ ᠭᠦᠷᠦ ᠳᠠᠭᠤᠯᠠᠯ ᠵᠣᠬᠢᠶᠠᠭᠰᠠᠨ | ᠨᠢ ᠡᠳᠦᠭᠡ ᠪᠢᠳᠡᠨ ᠤ ᠦᠶ᠎ᠡ ᠬᠦᠷᠲᠡᠯ᠎ᠡ 190 ᠵᠢᠯ ᠠᠷᠠᠳ ᠣᠯᠠᠨ ᠤ ᠳᠠᠭᠤᠯᠠᠬᠤ ᠳᠤᠷᠠᠲᠠᠢ ᠳᠠᠭᠤᠤ ᠪᠣᠯᠣᠨ | ᠡᠭᠡᠰᠢᠭᠯᠡᠭᠰᠡᠭᠡᠷ ᠢᠷᠠᠵᠠᠢ᠃ | ᠲᠤᠬᠠᠢ ᠶᠢᠨ ᠦᠶ᠎ᠡ ᠭᠤᠪᠢ ᠮᠡᠷᠭᠡᠨ ᠸᠠᠩ ᠤᠨ ᠬᠤᠰᠢᠭᠤᠨ ᠤ ᠨᠣᠶᠠᠨ ᠳ᠋ᠠᠭᠳᠠᠨᠳᠣᠷᠵᠢ ᠲᠠᠭᠠᠯᠠᠯ ᠲᠡᠭᠦᠰᠦᠭᠡᠳ | ᠬᠦᠦ ᠨᠢ ᠵᠡᠷᠭᠡ ᠵᠠᠯᠭᠠᠬᠤ ᠨᠠᠰᠤᠨ ᠳᠤ ᠬᠦᠷᠦᠭᠡ ᠦᠭᠡᠢ ᠪᠠᠶᠢᠭᠰᠠᠨ ᠤᠴᠢᠷ᠂ ᠭᠤᠪᠢ ᠮᠡᠷᠭᠡᠨ ᠸᠠᠩ ᠤᠨ ᠬᠤᠰᠢᠭᠤ | ᠬᠤᠲᠠᠯᠠᠭᠠᠷ ᠢᠶᠠᠨ ᠱᠤᠯᠤᠮ ᠠᠪᠠᠢ ᠡᠵᠢ ᠬᠡᠮᠡᠨ ᠨᠡᠷᠡᠯᠡᠳᠡᠭ ᠳ᠋ᠠᠭᠳᠠᠨᠳᠣᠷᠵᠢ ᠨᠣᠶᠠᠨ ᠤ ᠪᠠᠭ᠎ᠠ ᠬᠠᠲᠤᠨ ᠲᠠᠮᠠᠭ᠎ᠠ | ᠬᠠᠮᠢᠶᠠᠷᠴᠤ ᠪᠠᠶᠢᠵᠠᠢ᠃ ᠪᠡᠯᠪᠡᠰᠦᠨ ᠬᠠᠲᠤᠨ ᠬᠡᠳᠦᠶᠢᠪᠡᠷ ᠨᠠᠰᠤ ᠠᠬᠢᠭᠰᠠᠨ ᠴᠦ ᠤᠭ ᠤᠨ ᠨᠣᠮ ᠵᠢᠷᠤᠮ ᠢ | ᠬᠢᠴᠢᠶᠡᠭᠡ ᠦᠭᠡᠢ᠂ ᠶᠣᠰᠣ ᠭᠤᠷᠢᠮ ᠢ ᠨᠢ ᠰᠠᠬᠢᠭ᠎ᠠ ᠦᠭᠡᠢ᠂ ᠪᠤᠯᠠᠩᠭᠢᠷᠲᠤ ᠰᠡᠳᠬᠢᠯ ᠤᠨ ᠪᠠᠭ᠎ᠠ ᠢᠳᠡᠭᠡᠨ ᠳᠤ | ᠪᠠᠷᠢᠭᠳᠠᠭᠰᠠᠨ ᠠᠪᠠᠭᠠᠢ ᠲᠤᠯᠠ ᠰᠡᠮ ᠶᠠᠪᠤᠯᠴᠠᠳᠠᠭ ᠠᠳᠤᠭᠤᠨ ᠤ ᠭᠤᠨᠴᠤᠭ ᠭᠡᠭᠴᠢ ᠳᠡᠭᠡᠨ ᠰᠡᠳᠬᠢᠯ ᠬᠠᠨᠤᠭᠰᠠᠨ | ᠦᠭᠡᠢ᠂ ᠨᠣᠮ ᠤᠨ ᠰᠦᠷ ᠢᠶᠠᠷ ᠲᠦᠮᠡᠨ ᠤ ᠰᠡᠳᠬᠢᠯ ᠢ ᠬᠤᠷᠢᠶᠠᠭᠰᠠᠨ ᠨᠣᠶᠠᠨ ᠬᠤᠲᠤᠭᠲᠤ ᠳ᠋ᠠᠨᠽᠠᠨᠷᠠᠪᠵᠠᠢ ᠲᠠᠢ | ᠳᠠᠯᠳᠠᠭᠤᠷ ᠬᠠᠨᠢᠯᠠᠬᠤ ᠰᠠᠨᠠᠭ᠎ᠠ ᠲᠥᠷᠥᠵᠡᠢ᠃ | ᠨᠣᠶᠠᠨ ᠬᠤᠲᠤᠭᠲᠤ ᠳ᠋ᠠᠨᠽᠠᠨᠷᠠᠪᠵᠠᠢ ᠨᠤᠲᠤᠭ ᠣᠷᠣᠨ ᠳᠠᠭᠠᠨ ᠰᠠᠭᠤᠷᠢᠨ ᠰᠠᠭᠤᠬᠤ ᠭᠡᠵᠦ ᠣᠭᠲᠣ ᠦᠭᠡᠢ᠂ | ᠴᠠᠭ ᠪᠦᠷᠢ ᠴᠠᠮ ᠭᠠᠷᠭᠠᠭᠤᠯᠵᠤ᠂ ᠨᠠᠶᠢᠷ ᠨᠠᠭᠠᠳᠤᠮ ᠡᠭᠦᠰᠬᠡᠵᠦ᠂ ᠬᠦᠷᠦᠶ᠎ᠡ ᠬᠡᠶᠢᠳ ᠬᠤᠰᠢᠭᠤ ᠬᠤᠲᠠᠯᠠᠭᠠᠷ | ᠵᠠᠯᠠᠷᠠᠬᠤ ᠪᠥᠭᠡᠳ ᠨᠢᠭᠡ ᠤᠳᠠᠭ᠎ᠠ ᠬᠡᠶᠢᠳ ᠲᠡᠭᠡᠨ ᠮᠣᠷᠢᠯᠠᠬᠤ ᠦᠶ᠎ᠡ ᠪᠠᠷ ᠨᠢ ᠱᠤᠯᠤᠮ ᠠᠪᠠᠢ ᠡᠵᠢ ᠵᠠᠯᠠᠯᠭ᠎ᠠ | ᠲᠠᠯᠪᠢᠵᠠᠢ᠃ ᠲᠡᠭᠡᠭᠡᠳ ᠨᠠᠶᠢᠷ ᠪᠣᠯᠵᠤ᠂ ᠤᠳᠠᠯ ᠦᠭᠡᠢ ᠠᠶᠠᠭᠠᠴᠢᠨ ᠰᠢᠪᠡᠭᠴᠢᠨ ᠢᠶᠠᠨ ᠳᠣᠬᠢᠵᠤ ᠭᠠᠷᠭᠠᠭᠠᠳ᠂ | ᠳᠠᠷᠠᠭ᠎ᠠ ᠳᠠᠷᠠᠭ᠎ᠠ ᠪᠠᠷ ᠬᠤᠨᠳᠠᠭ᠎ᠠ ᠳᠡᠪᠰᠢᠭᠦᠯᠵᠦ᠂ ᠳᠣᠲᠣᠨᠣᠴᠢᠯᠠᠬᠤ ᠰᠢᠪᠡᠨᠡᠬᠦ ᠣᠯᠠᠰᠢᠷᠠᠪᠠ᠃ ᠡᠨᠡ ᠦᠶᠡᠰ | ᠬᠤᠲᠤᠭᠲᠤ ᠡᠷᠡᠭᠦᠯ ᠬᠥᠯᠴᠥᠭᠦᠦ ᠬᠤᠶᠠᠷ ᠤᠨ ᠳᠤᠮᠳᠠᠭᠤᠷ᠂ ᠵᠠᠷᠯᠢᠭ ᠥᠴᠢᠯ ᠬᠤᠶᠠᠷ ᠤᠨ ᠳᠤᠮᠳᠠᠭᠤᠷ᠄ ︽ | ᠬᠥᠭᠰᠢᠨ ᠢ ᠪᠠᠶᠢᠲᠤᠭᠠᠢ ᠵᠠᠯᠠᠭᠤ ᠶᠢ ᠶᠠᠭᠠᠬᠢᠶ᠎ᠠ ᠭᠡᠵᠦ ᠪᠠᠶᠢᠨ᠎ᠠ︾ ᠬᠡᠮᠡᠨ ᠬᠡᠯᠡᠭᠡᠳ ᠬᠡᠶᠢᠳ ᠤᠷᠤᠭᠤ ᠪᠠᠨ | ᠮᠣᠷᠢᠯᠠᠬᠤ ᠳᠤ ᠬᠥᠭᠰᠡᠶᠢᠨ ᠬᠠᠲᠤᠨ ᠱᠤᠯᠤᠮ ᠠᠪᠠᠢ ᠡᠵᠢ ᠬᠤᠷᠣᠰᠤᠯ ᠠᠲᠠᠭ᠎ᠠ ᠳᠦᠭᠦᠷᠡᠩ ᠬᠤᠴᠣᠷᠴᠠᠢ᠃ | ᠴᠠᠬᠠᠷ ᠤᠨ ᠪᠣᠶᠢᠨᠢ ᠶᠢᠨ ᠰᠦᠮ᠎ᠡ ᠤᠷᠤᠭᠤ ᠠᠯᠢ ᠬᠠᠯᠠᠭᠤᠨ ᠨᠠᠮᠤᠷ ᠢᠶᠠᠷ ᠶᠠᠪᠤᠭᠰᠠᠨ ᠨᠣᠶᠠᠨ ᠬᠤᠲᠤᠭᠲᠤ | ᠡᠪᠦᠯ ᠤᠨ ᠡᠬᠢᠨ ᠰᠠᠷ᠎ᠠ ᠭᠠᠷᠲᠠᠯ᠎ᠠ ᠬᠡᠶᠢᠳ ᠲᠡᠭᠡᠨ ᠡᠷᠭᠢᠵᠦ ᠢᠷᠡᠭᠰᠡᠨ ᠦᠭᠡᠢ᠂ ᠱᠤᠯᠤᠮ ᠠᠪᠠᠢ ᠡᠵᠡ ᠭᠤᠷᠢᠳᠠᠯᠭ᠎ᠠ | ᠲᠠᠰᠤᠷᠠᠯ ᠦᠭᠡᠢ᠂ ︽ᠢᠷ᠎ᠡ︾ ᠬᠡᠮᠡᠨ ᠵᠠᠯᠠᠯᠭ᠎ᠠ ᠶᠠᠪᠤᠭᠤᠯᠵᠤ᠂ ᠰᠢᠬᠠᠨ ᠱᠠᠭᠠᠷᠳᠠᠭᠠᠳ ᠡᠰᠡ ᠪᠣᠯᠣᠭᠰᠠᠨ ᠳᠤ | ᠨᠥᠭᠦᠭᠡ ᠠᠳᠤᠭᠤᠨ ᠤ ᠭᠤᠨᠴᠤᠭ ᠢ ᠵᠠᠷᠤᠵᠤ᠂ ᠲᠦᠩᠰᠢ ᠬᠢᠲᠠᠳ ᠲᠤ ᠮᠥᠩᠭᠦ ᠴᠢᠳᠬᠤᠵᠤ ᠬᠤᠣᠷ ᠬᠢᠯᠭᠡᠭᠦᠯᠦᠭᠡᠳ | ᠲᠡᠭᠦᠨ ᠢ ᠪᠠᠨ ᠠᠷᠢᠬᠢ ᠲᠠᠢ ᠬᠤᠯᠢᠵᠤ ᠡᠷᠭᠦᠭᠦᠯᠬᠦ ᠪᠠᠷ ᠰᠢᠢᠳᠴᠡᠢ᠃ | ᠠᠳᠤᠭᠤᠨ ᠤ ᠭᠤᠨᠴᠤᠭ ᠳᠣᠯᠣᠭᠠᠨ ᠯᠣᠩᠬᠤ ᠠᠷᠢᠬᠢ ᠬᠥᠲᠥᠯᠥᠭᠡ ᠮᠣᠷᠢᠨ ᠳᠤ ᠪᠥᠭᠲᠥᠷᠢᠵᠦ ᠲᠡᠩᠨᠡᠴᠢᠬᠡᠭᠡᠳ | ᠡᠪᠦᠯ ᠤᠨ ᠪᠣᠭᠤᠨᠢ ᠡᠳᠦᠷ ᠨᠠᠷᠠ ᠣᠷᠣᠶᠢᠬᠠᠨ ᠬᠢᠷᠢ ᠳᠤ ᠡᠷᠢᠶᠡᠨ ᠳᠠᠪᠠᠭᠠᠨ ᠠᠴᠠ ᠣᠲᠣᠷᠯᠠᠵᠤ ᠢᠷᠡᠴᠢᠬᠡᠭᠡᠳ | ᠪᠠᠶᠢᠭᠰᠠᠨ᠂ ᠭᠤᠪᠢ ᠮᠡᠷᠭᠡᠨ ᠸᠠᠩ ᠤᠨ ᠲᠤᠰᠠᠯᠠᠬᠤ ᠳ᠋ᠢᠶᠠᠰᠠᠴᠢᠨ ︵ᠠᠶ᠎ᠠ ᠵᠣᠬᠢᠶᠠᠭᠴᠢ︶ ᠪᠠᠶᠢᠭᠰᠠᠨ ᠡᠪᠦᠭᠡᠨ | ᠨᠠᠮᠰᠠᠷᠠᠢ ᠶᠢᠨ ᠳᠤ ᠪᠠᠭᠤᠪᠠ᠃ ᠭᠤᠨᠴᠤᠭ ᠤᠨ ᠲᠡᠩᠨᠡᠭᠡᠰᠦᠲᠠᠢ ᠶᠠᠭᠤᠮ᠎ᠠ ᠪᠠᠨ ᠭᠡᠷ ᠲᠤ ᠣᠷᠣᠭᠤᠯᠵᠤ ᠲᠠᠯᠪᠢᠭᠠᠳ᠂ | ᠶᠡᠬᠡᠳᠡ ᠨᠢᠮᠪᠠᠶᠢᠯᠠᠨ ᠨᠠᠨᠳᠢᠩᠨᠠᠵᠤ ᠪᠠᠶᠢᠬᠤ ᠶᠢ ᠬᠠᠰᠢᠷ ᠡᠪᠦᠭᠡᠨ ᠲᠤᠰᠠᠯᠠᠭᠴᠢ ᠠᠵᠢᠭᠯᠠᠭᠠᠳ ᠰᠡᠵᠢᠭᠯᠡᠵᠦ ᠡᠬᠢᠯᠡᠵᠡᠢ᠃ | ᠲᠡᠷᠡ ᠪᠠᠷ ᠭᠤᠨᠴᠤᠭ ᠠᠴᠠ ᠦᠭᠡ ᠴᠣᠬᠢᠨ᠂ ᠡᠨᠡ ᠲᠡᠷᠡ ᠶᠢ ᠠᠰᠠᠭᠤᠭᠠᠳ᠂ ᠤᠴᠢᠷ ᠢ ᠪᠦᠷᠦᠭ ᠪᠠᠷᠤᠭ | ᠲᠠᠭᠠᠮᠠᠭᠯᠠᠵᠤ᠂ ᠮᠠᠷᠭᠠᠰᠢ ᠥᠷᠯᠥᠭᠡ ᠮᠣᠷᠳᠠᠬᠤ ᠳᠤᠨᠢ ᠨᠣᠶᠠᠨ ᠬᠤᠲᠤᠭᠲᠤ ᠳᠤ ᠵᠠᠬᠢᠶ᠎ᠠ ᠳᠠᠶᠢᠵᠠᠢ᠃ ᠡᠨᠡ ᠬᠦ | ᠵᠠᠬᠢᠶ᠎ᠠ ᠳᠠᠭᠠᠨ᠄ ︽ᠡᠨᠡ ᠣᠴᠢᠭᠰᠠᠨ ᠨᠠᠩᠴᠢᠳ ᠶᠠᠩᠵᠤ ᠶᠢᠨ ᠶᠠᠭᠤᠮ᠎ᠠ ᠪᠠᠶᠢᠵᠤ ᠮᠠᠭᠠᠳ ᠦᠭᠡᠢ ᠰᠢᠦ᠂ ᠪᠦᠦ | ᠵᠣᠭᠤᠭᠯᠠ︾ ᠭᠡᠵᠡᠢ᠃ ᠱᠤᠯᠤᠮ ᠠᠪᠠᠢ ᠡᠵᠢ ᠷᠠᠪᠵᠠᠢ ᠳᠤ ᠳᠣᠯᠣᠭᠠᠨ ᠯᠣᠩᠬᠤ ᠠᠷᠢᠬᠢ ᠪᠠᠷᠢᠭᠰᠠᠨ ᠪᠠᠶᠢᠪᠠ᠃ | ᠷᠠᠪᠵᠠᠢ ᠪᠡᠯᠡᠭ ᠢ ᠲᠣᠭᠲᠠᠭᠠᠭᠠᠳ ᠭᠤᠨᠴᠤᠭ ᠲᠤ᠄ ︽ᠴᠢ ᠭᠤᠷᠪᠠ ᠬᠤᠨᠣᠭᠠᠳ ᠶᠠᠪᠤ᠂ ᠪᠢ ᠵᠠᠬᠢᠶ᠎ᠠ ᠪᠠᠷᠢᠭᠤᠯᠤᠨ᠎ᠠ︾ | ᠭᠡᠵᠡᠢ᠃ ᠲᠡᠭᠡᠭᠡᠳ ᠷᠠᠪᠵᠠᠢ ᠨᠢᠭᠡ ᠶᠡᠭᠡ ᠤᠷᠲᠤ ᠮᠣᠣᠳᠤᠤ ᠴᠠᠭᠠᠰᠤᠨ ᠳᠡᠭᠡᠷ᠎ᠡ 16 ᠪᠦᠯᠦᠭ ᠲᠠᠢ ᠵᠠᠬᠢᠶ᠎ᠠ | ᠪᠢᠴᠢᠵᠡᠢ᠃ ᠡᠨᠡ ᠨᠢ ︽ᠶᠢᠷᠲᠢᠨᠴᠦ ᠠᠪᠠᠭᠠᠢ ᠶᠢᠨ ᠵᠢᠮ᠎ᠡ︾ ᠭᠡᠳᠡᠭ ᠰᠤᠷᠭᠠᠯ ᠨᠢ ᠶᠤᠮ᠃ ᠪᠠᠰᠠ ︽ᠠᠰᠢᠲᠠᠶᠢᠬᠠᠨ | ᠠᠮᠠᠷᠠᠭ︾ ᠭᠡᠵᠦ ᠨᠢᠭᠡ ᠰᠢᠯᠦᠭ ᠪᠢᠴᠢᠵᠦ ᠨᠠᠮᠰᠠᠷᠠᠢ ᠳᠤ ᠢᠯᠡᠭᠡᠵᠡᠢ᠃ ᠭᠤᠨᠴᠤᠭ ᠢ ᠮᠣᠷᠳᠠᠬᠤ ᠳᠤ ᠨᠣᠶᠠᠨ | ᠬᠤᠲᠤᠭᠲᠤ᠄ ︽ᠴᠢ ᠲᠠᠪᠤᠨ ᠬᠥᠮᠥᠨ ᠲᠠᠢ ᠮᠣᠷᠳᠠᠭ᠎ᠠ ᠦᠭᠡᠢ ᠪᠢᠯᠡ ᠦᠦ︖︾ ᠭᠡᠵᠡᠢ᠃ ᠡᠨᠡ ᠨᠢ ᠱᠤᠯᠤᠮ | ᠠᠪᠠᠢ ᠡᠵᠢ ᠶᠢᠨ ᠥᠪᠥᠷ ᠢ ᠨᠢ ᠱᠠᠩᠨᠠᠨ ᠥᠭᠭᠦᠭᠰᠡᠨ ᠲᠠᠪᠢᠨ ᠴᠠᠭᠠᠨ ᠶᠤᠸᠠᠮᠪᠤᠤ ᠮᠥᠩᠭᠦ ᠶᠢ ᠬᠡᠯᠡᠭᠰᠡᠨ ᠬᠡᠷᠡᠭ | ᠪᠠᠶᠢᠵᠠᠢ᠃ ᠡᠭᠦᠨ ᠢ ᠠᠳᠤᠭᠤᠨ ᠤ ᠭᠤᠨᠴᠤᠭ ᠡᠰᠡ ᠤᠬᠠᠵᠤ ᠭᠠᠶᠢᠬᠠᠨ ᠵᠠᠮ ᠳᠠᠭᠠᠨ ᠣᠷᠣᠵᠤ᠂ ᠶᠠᠪᠤᠳᠠᠯ | ᠳᠤᠮᠳᠠ ᠪᠠᠨ ᠮᠠᠷᠲᠠᠵᠠᠢ᠃ ᠪᠤᠴᠠᠬᠤ ᠵᠠᠮ ᠳᠠᠭᠠᠨ ᠡᠪᠦᠯ ᠤᠨ ᠡᠳᠦᠷ ᠦᠳᠡ ᠳᠡᠭᠡᠷ᠎ᠡ ᠨᠠᠮᠰᠠᠷᠠᠢ ᠶᠢᠨ ᠳᠤ ᠢᠷᠠᠵᠤ | ᠪᠠᠭᠤᠪᠠ᠃ ᠨᠠᠮᠰᠠᠷᠠᠢ᠄ ︽ᠥᠨᠵᠢᠭᠡᠳ ᠶᠠᠪᠤ᠂ ᠬᠤᠨᠣᠭᠠᠳ ᠶᠠᠪᠤ᠂ ᠪᠠᠭᠰᠢ ᠶᠢᠨ ᠲᠤᠬᠠᠢ ᠶᠠᠷᠢᠭᠠᠳ ᠶᠠᠪᠤ︕︾ | ᠭᠡᠵᠦ ᠢᠳᠬᠠᠭᠰᠠᠭᠠᠷ ᠪᠠᠶᠢᠭᠠᠳ ᠬᠤᠨᠣᠭᠤᠯᠬᠤ ᠪᠣᠯᠵᠠᠢ᠃ ᠲᠡᠭᠡᠭᠡᠳ ᠠᠷᠢᠬᠢ ᠥᠭᠭᠦᠭᠡᠳ ᠰᠣᠭᠲᠣᠭᠠᠵᠤ ᠣᠷᠬᠢᠵᠠᠢ | ᠃ ᠤᠨᠠᠬᠤᠯᠠᠷ ᠨᠢ ᠵᠡᠬᠡᠶᠡ ᠶᠢ ᠨᠢ ᠵᠠᠳᠠᠯᠵᠤ ᠥᠭᠡᠬᠦᠨ ᠳ᠋ᠧᠩ ᠤᠨ ᠪᠦᠳᠡᠭᠢ ᠭᠡᠷᠡᠯ ᠳᠤ ᠬᠠᠭᠤᠯᠵᠤ ᠡᠬᠢᠯᠡᠪᠡ᠃ | ᠬᠠᠭᠤᠯᠤᠭᠰᠠᠭᠠᠷ ᠬᠠᠭᠤᠯᠤᠭᠰᠠᠭᠠᠷ ᠳᠠᠭᠤᠰᠴᠤ᠂ ᠥᠨᠥ ︽ᠠᠰᠢᠲᠠᠶᠢᠬᠠᠨ ᠠᠮᠠᠷᠠᠭ︾ ᠭᠡᠳᠡᠭ ᠢ ᠨᠢ ᠡᠬᠢᠯᠡᠭᠡᠳ | ᠶᠠᠪᠤᠵᠤ ᠪᠠᠶᠢᠲᠠᠯ᠎ᠠ ᠤᠨᠠᠭᠰᠠᠨ ᠬᠥᠮᠥᠨ ᠬᠥᠳᠡᠯᠬᠦ ᠮᠠᠶ᠋ᠢᠭᠲᠠᠢ ᠪᠣᠯᠣᠭᠰᠠᠨ ᠢᠶᠠᠨ ᠰᠡᠷᠡᠵᠦ ᠡᠬᠢᠯᠡᠩᠭᠦᠲᠡ ᠨᠢ ᠥᠨᠥᠬᠢ | ᠵᠠᠬᠢᠶ᠎ᠠ ᠪᠠᠨ ᠪᠤᠴᠠᠭᠠᠵᠤ ᠲᠠᠯᠪᠢᠵᠠᠢ᠃ | ᠡᠨᠡ ᠵᠣᠬᠢᠶᠠᠯ ᠨᠢ ᠷᠠᠪᠵᠠᠢ ᠶᠢᠨ ᠨᠢᠭᠡᠨ ᠬᠥᠮᠥᠨ ᠤ ᠶᠢᠷᠲᠢᠨᠴᠦ ᠤᠷᠤᠭᠤ᠂ ᠡᠴᠦᠰ ᠤᠨ ᠭᠠᠭᠴᠠ ᠦᠯᠡᠳᠡᠭᠰᠡᠨ | ᠳᠠᠪᠠᠭᠠᠨ ᠳᠡᠭᠡᠷ᠎ᠡ ᠠᠴᠠ ᠪᠠᠨ ᠡᠷᠭᠢᠵᠦ ᠬᠠᠷᠠᠵᠤ ᠬᠡᠯᠡᠭᠰᠡᠨ ᠰᠡᠭᠦᠯᠴᠢ ᠶᠢᠨ ᠦᠭᠡ ᠶᠤᠮ᠃ | ᠱᠤᠯᠤᠮ ᠠᠪᠠᠢ ᠡᠵᠢ ᠵᠠᠬᠢᠶ᠎ᠠ ᠶᠢ ᠭᠤᠷᠪᠠᠨ ᠡᠳᠦᠷ ᠰᠠᠯᠬᠤ ᠦᠭᠡᠢ ᠤᠩᠰᠢᠵᠤ ᠪᠠᠶᠢᠭᠠᠳ᠂ ᠠᠶᠠᠭᠠᠴᠢᠨ | ᠰᠢᠪᠡᠭᠴᠢᠨ ᠢᠶᠠᠷ ᠢᠶᠠᠨ ᠨᠢᠭᠡ ᠶᠡᠭᠡ ᠭᠠᠯ ᠲᠦᠯᠡᠭᠦᠯᠦᠭᠡᠳ ᠰᠢᠲᠠᠭᠠᠴᠢᠬᠠᠵᠠᠢ᠃ ᠡᠶᠢᠨ ᠬᠦ ᠬᠠᠰᠢᠷ ᠲᠤᠰᠠᠯᠠᠭᠴᠢ | ᠨᠠᠮᠰᠠᠷᠠᠢ ᠡᠪᠦᠭᠡᠨ ᠤ ᠠᠴᠢ ᠪᠠᠷ ᠷᠠᠪᠵᠠᠢ ᠶᠢᠨ ︽ᠶᠢᠷᠲᠢᠨᠴᠦ ᠶᠢᠨ ᠠᠪᠠᠭᠠᠢ ᠶᠢᠨ ᠵᠢᠮ᠎ᠡ︾ ᠭᠡᠳᠡᠭ ᠡᠨᠡ ᠠᠯᠳᠠᠷᠲᠤ | ᠰᠤᠷᠭᠠᠯ ᠱᠤᠯᠤᠮ ᠠᠪᠠᠢ ᠡᠵᠢ ᠳᠤ ᠬᠦᠷᠬᠦ ᠵᠠᠮ ᠳᠠᠭᠠᠨ ᠬᠠᠭᠤᠯᠤᠭᠳᠠᠨ ᠦᠯᠡᠳᠡᠵᠦ᠂ ᠭᠠᠷ ᠳᠠᠮᠵᠢᠨ | ᠤᠩᠰᠢᠭᠳᠠᠭᠰᠠᠭᠠᠷ ᠡᠳᠦᠭᠡ 150 ᠰᠢᠬᠠᠮ ᠵᠢᠯ ᠪᠣᠯᠣᠭᠰᠠᠨ ᠤ ᠤᠴᠢᠷ ᠡᠨᠡ ᠠᠵᠠᠢ᠃ | ᠷᠠᠪᠵᠠᠢ ︽ᠬᠥᠮᠥᠨ ᠤ ᠬᠦᠰᠡᠯ ᠢ ᠬᠠᠩᠭᠠᠵᠤ ᠦᠬᠦᠨ᠎ᠡ︾ ᠭᠡᠳ ᠠᠷᠢᠬᠢ ᠶᠢ ᠤᠤᠭᠤᠵᠤ᠂ ᠭᠤᠷᠪᠠᠨ ᠡᠳᠦᠷ | ᠰᠥᠨᠢ ᠤᠬᠠᠭᠠᠨ ᠦᠭᠡᠢ ᠪᠥᠭᠡᠯᠵᠢᠬᠦ ᠳᠤ ᠱᠠᠪᠢ ᠨᠠᠷ ᠨᠢ ︽ᠠᠭ ᠵᠠᠳᠠᠯᠵᠤ᠂ ᠠᠮᠢᠲᠠᠨ ᠳᠤ ᠲᠤᠰᠠᠯᠠ︕︾ ᠭᠡᠵᠦ | ᠮᠠᠨᠲᠠᠯᠲᠠᠵᠤ ᠪᠠᠶᠢᠵᠤ ᠤᠬᠠᠭᠠᠨ ᠣᠷᠣᠭᠤᠯᠤᠭᠰᠠᠨ ᠳᠤ᠂ ᠵᠠᠷᠢᠯᠭᠠ ᠨᠣᠮ ᠢᠶᠠᠨ ᠨᠡᠭᠡᠭᠡᠭᠡᠳ᠄ ︽ᠦᠬᠦᠬᠦ ᠳᠤ ᠪᠠᠭᠰᠢ | ᠬᠡᠷᠡᠭᠲᠡᠢ︾ ᠭᠡᠵᠦ ᠲᠠᠬᠢᠯ ᠤᠨ ᠣᠮᠵᠠᠳ ᠳ᠋ᠠ — ᠤᠳᠱᠤᠨᠤ ᠳᠠᠭᠠᠨ ᠱᠠᠪᠢ ᠣᠷᠣᠵᠠᠢ᠃ ᠲᠡᠭᠡᠭᠡᠳ ᠲᠠᠭᠠᠯᠠᠯ | ᠪᠠᠷᠠᠭᠰᠠᠨ ᠭᠡᠳᠡᠭ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |