| | ᠮᠣᠩᠭᠤᠯ ᠣᠯᠣᠰ ᠤᠨ ᠲᠦᠷᠤ ᠶᠢᠨ ᠬᠤᠱᠤᠢ ᠱᠠᠩᠨᠠᠯᠳᠤ ᠡᠷᠳᠡᠮᠳᠡᠨ ᠵᠤᠭᠢᠶᠠᠯᠴᠢ ᠴᠠᠳᠠᠷᠠᠪᠠᠯ ᠤᠨ | ᠯᠣᠳᠣᠶᠢᠳᠠᠮᠪᠠ ᠶᠢᠨ ︽ᠲᠣᠩᠭᠠᠯᠠᠭ ᠲᠠᠮᠢᠷ︾ ᠷᠣᠮᠠᠨ ᠤ ᠨᠢᠭᠡᠳᠣᠭᠡᠷ ᠪᠦᠯᠦᠭ ᠤᠨ ᠠᠷᠪᠠᠨ ᠵᠢᠷᠭᠤᠳᠣᠭᠠᠷ ᠭᠡᠰᠡᠭ | ᠲᠤ᠄ ︽ᠴᠡᠴᠡᠭ ᠣᠷᠣ ᠶᠢᠨ ᠲᠣᠯᠣᠭᠠᠢ ᠳᠤ ᠪᠠᠶᠢᠭᠰᠠᠨ ᠱᠣᠳᠣᠷᠭᠤ ᠬᠦᠭᠵᠢᠮ ᠢ ᠠᠪᠴᠣ᠂ ︿ᠰᠦᠩᠵᠢᠳᠮ᠎ᠠ﹀ | ᠬᠡᠳᠡᠭ ᠳᠠᠭᠤᠣ ᠶᠢ ᠬᠤᠶᠠᠷ ᠪᠠᠳᠠᠭ ᠲᠣᠭᠯᠠᠭᠰᠠᠨ ᠢᠶᠠᠨ ᠨᠠᠮᠣᠭᠤᠬᠠᠨ ᠵᠦᠭᠡᠯᠡᠨ ᠪᠦᠭᠡᠳ ᠭᠤᠨᠢᠭᠲᠠᠢ ᠳᠠᠭᠤ ᠪᠠᠷ᠄ | ᠁ ᠦᠢᠲᠡᠩ ᠬᠤᠸᠠᠷ ᠤᠨ ᠬᠡ ᠨᠢ ᠴᠦ ᠡᠯᠡᠭᠳᠡᠨ᠎ᠡ ᠳ᠋ᠡ᠂ ᠰᠦᠩᠵᠢᠳᠮ᠎ᠠ ᠮᠢᠨᠢ᠂ | ᠦᠨᠡᠨᠴᠢ ᠨᠥᠬᠦᠷ ᠴᠢᠨᠢ ᠬᠡᠷᠡᠭ ᠪᠣᠯᠣᠨ᠎ᠠ ᠠ᠋ ᠬᠥ᠋᠂ | ᠡᠭᠦᠳᠡᠨ ᠬᠤᠶᠠᠷ ᠰᠢᠳᠦ ᠶᠢ ᠴᠢᠨᠢ ᠤᠨᠠᠭᠠᠳ ᠢᠷᠡᠬᠦ ᠶᠢᠨ ᠴᠠᠭ ᠲᠤ ᠨᠢ ᠬᠥ᠋᠂ | ᠡᠭᠦᠳᠡ ᠬᠠᠭᠠᠯᠭ᠎ᠠ ᠪᠠᠨ ᠨᠡᠭᠡᠭᠡᠭᠡᠳ ᠥᠭᠭᠦᠭᠰᠡᠨ ᠴᠣ᠋ | ᠦᠵᠡᠵᠦ ᠬᠠᠷᠠᠬᠤ ᠬᠥᠮᠥᠨ ᠦᠭᠡᠢ ᠪᠣᠯᠣᠨ᠎ᠠ ᠠ᠋᠂ ᠠᠢ ᠬᠥᠭᠡᠷᠦᠬᠦᠢ ᠰᠦᠩᠵᠢᠳᠮ᠎ᠠ ᠮᠢᠨᠢ ᠁ | ᠭᠡᠵᠦ ᠣᠶᠠᠩᠭᠠᠯᠠᠭᠤᠯᠣᠨ ᠰᠡᠳᠬᠢᠯ ᠤᠨ ᠬᠢ ᠪᠠᠨ ᠭᠦᠨ ᠠᠴᠠ ᠠᠶᠠᠯᠭᠤ ᠶᠢ ᠭᠠᠷᠭᠠᠨ ᠳᠠᠭᠤᠯᠣᠭᠰᠠᠨ ᠢᠶᠠᠨ ᠳᠠᠬᠢᠨ | ᠬᠤᠶᠠᠷ ᠪᠠᠳᠠᠭ ᠢ ᠬᠦᠭᠵᠢᠮᠳᠡᠭᠡᠳ ᠱᠣᠳᠣᠷᠭᠤ ᠪᠠᠨ ᠳᠡᠪᠡᠷᠢᠨ ᠭᠡᠰᠡᠭ ᠭᠦᠯᠢᠷᠡᠨ ᠰᠠᠭᠤᠪᠠ︾ ᠭᠡᠰᠡᠨ ᠵᠢᠷᠣᠭᠯᠠᠯ | ᠪᠠᠶᠢᠳᠠᠭ ᠰᠠᠨ᠃ ᠡᠨᠡ ᠳᠠᠭᠤᠨ ᠤ ᠰᠢᠯᠦᠭ ᠲᠤ ︽ᠦᠢᠲᠡᠩ ᠬᠤᠸᠠ︾ ᠪᠤᠶᠤ ︽ᠦᠢᠲᠡᠩ ᠬᠤᠸᠠᠷ︾ ᠭᠡᠰᠡᠨ | ᠶᠠᠷᠢᠶᠠᠨ ᠤ ᠬᠡᠯᠡ ᠪᠠᠷ ᠮᠣᠩᠭᠤᠯ ᠬᠡᠯᠡᠨ ᠳᠤ ᠳᠡᠮᠵᠢᠨ ᠣᠷᠣᠵᠤ ᠨᠤᠲᠤᠭᠰᠢᠭᠰᠠᠨ ᠬᠢᠲᠠᠳ ᠭᠠᠷᠤᠯᠲᠠᠢ ᠦᠭᠡ ᠭᠠᠷᠴᠣ | ᠪᠠᠶᠢᠨ᠎ᠠ᠃ | ᠣᠯᠠᠨ ᠨᠡᠶᠢᠲᠡ ᠶᠢᠨ ᠰᠠᠨᠠᠭ᠎ᠠ ᠪᠣᠳᠣᠯ ᠤᠨ ᠰᠠᠯᠬᠢᠨ ᠤ ᠠᠶᠠᠰ ᠢ ᠠᠵᠢᠨ ᠦᠵᠡᠪᠡᠰᠦ᠂ ᠵᠠᠷᠢᠮ ᠨᠢ ᠡᠨᠡ ᠬᠦ ︽ | ᠦᠢᠲᠡᠩ ᠬᠤᠸᠠᠷ︾ ᠭᠡᠳᠡᠭ ᠢ ᠨᠢᠭᠡᠨ ᠵᠦᠢᠯ ᠵᠣᠵᠠᠭᠠᠪᠲᠣᠷ᠂ ᠴᠢᠨᠠᠷ ᠰᠠᠶᠢᠨ ᠬᠢᠲᠠᠳ ᠲᠣᠷᠭᠠᠨ ᠤ ᠨᠡᠷ᠎ᠡ ᠭᠡᠳᠡᠭ ᠢ | ᠯᠠᠪᠲᠠᠶᠢᠶ᠎ᠠ ᠣᠶᠢᠯᠠᠭᠠᠵᠤ᠂ ᠬᠠᠷᠢᠨ ᠮᠣᠩᠭᠤᠯ ᠬᠡᠯᠡᠨ ᠳᠤ ᠬᠡᠵᠢᠶ᠎ᠡ᠂ ᠬᠠᠮᠢᠭ᠎ᠠ ᠠᠴᠠ᠂ ᠬᠡᠨ ᠢᠶᠠᠷ᠂ ᠶᠠᠭᠤ ᠪᠠᠷ᠂ | ᠶᠠᠭᠠᠬᠢᠵᠤ ᠳᠠᠮᠵᠢᠵᠤ ᠣᠷᠣᠭᠰᠠᠨ᠂ ᠶᠠᠭᠤ ᠶᠢ ᠨᠡᠷᠡᠯᠡᠭᠰᠡᠨ᠂ ᠶᠠᠮᠠᠷ ᠤᠳᠬ᠎ᠠ ᠤᠴᠢᠷᠲᠠᠢ ᠦᠭᠡ ᠪᠣᠯᠬᠤ ᠶᠢ ᠶᠡᠷᠦ | ᠪᠣᠳᠣᠬᠤ ᠰᠦᠬᠦᠭᠡ ᠦᠭᠡᠢ᠂ ᠨᠥᠭᠦᠭᠡ ︽ᠦᠢᠲᠡᠩ ᠬᠤᠸᠠᠷ︾ ᠤᠨ ᠳᠡᠪᠡᠯ ᠲᠠᠢ ᠯᠠ ᠪᠣᠯᠪᠠᠯ ᠪᠣᠯᠵᠤ ᠶᠠᠪᠤᠬᠤ | ᠰᠢᠭ᠋᠃ ᠨᠥᠭᠦᠭᠡ ᠵᠠᠷᠢᠮ ᠨᠢ ᠡᠨᠡ ᠦᠭᠡ ᠯᠠᠪ ᠨᠢᠭᠡᠨ ᠵᠦᠢᠯ ᠴᠡᠴᠡᠭ ᠤᠨ ᠨᠡᠷ᠎ᠡ ᠪᠠᠶᠢᠬᠤ᠃ ᠡᠶᠢᠮᠦ ᠲᠡᠶᠢᠮᠦ ︽ | ᠬᠤᠸᠠᠷ︾ ᠭᠡᠬᠦᠯᠡᠷ ᠴᠡᠴᠡᠭ ᠯᠠ ᠪᠠᠶᠢᠳᠠᠭ ᠭᠡᠵᠦ ᠪᠣᠳᠣᠨ᠎ᠠ᠃ ᠪᠠᠰᠠ ᠪᠠᠭ᠎ᠠ ᠰᠠᠭ᠎ᠠ ᠪᠢᠴᠢᠭ ᠦᠰᠦᠭ ᠤᠨ | ᠪᠣᠯᠪᠠᠰᠤᠷᠠᠯ ᠲᠠᠢ᠂ ᠡᠬᠡ ᠬᠡᠯᠡ᠂ ᠡᠯᠳᠡᠪ ᠰᠣᠨᠢᠨ ᠦᠭᠡ ᠬᠡᠯᠡᠯᠭᠡ ᠶᠢᠨ ᠲᠠᠯ᠎ᠠ ᠪᠠᠷ ᠶᠠᠭᠤᠮ᠎ᠠ ᠪᠣᠳᠣᠵᠤ ᠶᠠᠪᠤᠳ᠋᠊ ᠠᠭ | ᠠᠷᠠᠢ ᠬᠡᠷᠰᠡᠭᠦᠭ᠊ ᠡᠨ ᠨᠢᠭᠡ ᠨᠢ ᠶᠡᠷᠦ ᠠᠴᠠ ᠪᠠᠨ ᠡᠨᠡ ︽ᠦᠢᠲᠡᠩ ᠬᠤᠸᠠᠷ︾ ᠤᠨ ︽ᠦᠢᠲᠡᠩ︾ ᠭᠡᠳᠡᠭ ᠨᠢ | ᠶᠠᠭᠤ ᠭᠡᠰᠡᠨ ᠤᠳᠬ᠎ᠠ ᠲᠠᠢ᠂ ᠶᠠᠮᠠᠷ ᠭᠡᠭᠴᠢ ᠴᠡᠴᠡᠭ ᠤᠷᠭᠤᠮᠠᠯ ᠤᠨ ᠨᠡᠷ᠎ᠡ᠂ ᠶᠠᠭᠠᠬᠢᠰᠬᠢᠵᠣ ᠶᠠᠪᠤᠭᠰ᠊ ᠠᠭᠠᠷ ᠮᠣᠩᠭᠤᠯ | ᠬᠡᠯᠡᠨ ᠤ ᠦᠭᠡ ᠶᠢᠨ ᠰᠠᠩ ᠤᠨ ᠬᠦᠨᠳᠦᠲᠡᠢ ᠬᠠᠭᠠᠯᠭ᠎ᠠ ᠪᠠᠷ ᠮᠣᠷᠢᠯᠠᠨ ᠣᠷᠣᠵᠤ ᠢᠷᠡᠭᠡᠳ᠂ ︽ᠰᠦᠩᠵᠢᠳᠮ᠎ᠠ︾ | ᠶᠢᠨ ᠰᠢᠯᠦᠭ ᠲ᠊ ᠤ ᠪᠠᠲᠣᠲᠠᠶᠢᠶᠠ ᠰᠠᠭᠤᠭᠠᠳ ᠬᠡᠪᠰᠢᠴᠢᠬᠡᠭᠰ᠊ ᠡᠨ ᠶᠤᠮ ᠪᠣᠯ ᠭᠡᠵᠦ ᠪᠣᠳᠣᠳᠠᠭ ᠪᠠᠶᠢᠵᠤ ᠮᠠᠭᠠᠳ᠃ | ᠡᠷᠳᠡᠮᠲᠡᠨ ᠶᠠ᠊ ᠊ ᠴᠠᠪᠠᠯ ᠭᠤᠸᠠᠢ ᠶᠢᠨ ︽ᠮᠣ ᠩᠭᠤᠯ ᠬᠡᠯᠡᠨ ᠤ ᠲᠣᠪᠴᠢ ᠲᠠᠶᠢᠯᠪᠤᠷᠢ ᠲᠣᠯᠢ︾ ︵186 | ᠳ᠋ᠣᠭᠠᠷ ᠨᠢᠭᠤᠷ︶᠂ ᠼ᠊ ᠊ ᠨᠣᠷᠵᠢᠨ ᠨᠠᠷ ᠤᠨ ︽ᠮᠣᠩᠭᠤᠯ ᠬᠡᠯᠡᠨ ᠤ ᠲᠣᠯᠢ︾ ︵631 ᠳ᠋ᠣᠭᠡᠷ ᠨᠢᠭᠤᠷ︶ | ᠵᠡᠷᠭᠡ ᠶᠢ ᠰᠡᠬᠦᠨ ᠦᠵᠡᠪᠡᠯ᠂ ︽ᠦ︾ ᠦᠰᠦᠭ ᠤᠨ ᠪᠦᠯᠦᠭ ᠲᠤ ︽ᠦᠢᠲᠡᠩ︾ ᠭᠡᠳᠡᠭ ᠲᠠᠩ ᠦᠭᠡ ᠶᠢ ᠲᠠᠶᠢᠯ᠊ | ᠪᠣᠷᠢᠯᠠᠭᠠ ᠦᠭᠡᠢ᠂ ᠬᠠᠷᠢᠨ ︽ᠦᠢᠲᠡᠩ ᠬ᠊ ᠤᠸᠠᠷ︾ ᠭᠡᠳᠡᠭ ᠨᠡᠶᠢᠯᠡᠮᠡᠯ ᠦᠭᠡ ᠪᠠᠷ ᠨᠢ ᠠᠪᠴᠤ᠄ ︽ᠴᠤᠯᠭᠤᠢ | ᠥᠩᠭᠡᠨ ᠳᠤ ᠬᠡ ᠲᠣ ᠪᠣᠶᠢᠯᠭᠠᠵᠤ ᠦᠢᠯᠡᠳᠦᠭᠰᠡᠨ ᠨᠢᠭᠡᠨ ᠵᠦᠢᠯ ᠲᠣᠷᠭ᠎ᠠ︾᠂ ︽ᠳᠠᠪᠬᠤᠷ ᠲᠣᠮᠣ ᠳᠣᠭᠤᠢ ᠬᠢᠯᠢᠩ | ᠬᠡ ᠲᠠᠢ ᠵᠣᠵᠠᠭᠠᠨ ᠲᠣᠷᠭ᠎ᠠ︾ ᠭᠡᠬᠦᠴᠢᠯᠡᠨ ᠲᠠᠶᠢᠯᠪᠤᠷᠢᠯᠠᠭᠰᠠᠨ ᠪᠠᠶᠢᠬᠤ ᠶᠤᠮ᠃ | ᠲᠣᠯᠢ ᠪᠢᠴᠢᠭ ᠤᠳ ᠤᠨ ᠲᠠᠶᠢᠯᠪᠤᠷᠢ ᠰᠡᠯᠲᠡ ᠠᠴᠠ ᠦᠵᠡᠬᠦ ᠳᠤ᠂ ︽ᠦᠢᠲᠡᠩ ᠬᠤᠸᠠ︾ ᠪᠣᠯ ᠨᠢᠭᠡᠨ ᠵᠦᠢᠯ | ᠠᠯᠳᠠᠷᠲᠠᠢ᠂ ᠭᠤᠶᠣ ᠰᠠᠶᠢᠬᠠᠨ ᠴᠡᠴᠡᠭ ᠪᠤᠶᠤ ︽ᠮᠠᠨᠳᠠᠷᠸ᠎ᠠ ᠴᠡᠴᠡᠭ︾ ᠤᠨ ᠬᠢᠲᠠᠳ ᠨᠡᠷ᠎ᠡ ᠪᠣᠯᠬᠤ ᠨᠢ ᠲᠣᠳᠣᠷᠬᠠᠢ | ᠪᠣᠯᠣᠭᠠᠳ ᠪᠠᠶᠢᠨ᠎ᠠ᠃ ᠶᠡᠷᠦ ᠠᠴᠠ ︽ᠮᠦᠳᠠᠨ ᠬᠤᠸᠠ︾ ᠪᠤᠶᠤ ︽ᠮᠠᠨᠳᠠᠷᠸ᠎ᠠ︾ ᠴᠡᠴᠡᠭ ᠢ ᠬᠢᠲᠠᠳ ᠤᠳ ︽ | ᠤᠯᠤᠰ ᠤᠨ ᠴᠡᠴᠡᠭ︾ ᠭᠡᠵᠦ ᠨᠡᠷᠡᠯᠡᠨ᠂ ᠵᠠᠷᠢᠮ ᠮᠤᠵᠢ᠂ ᠬᠤᠲᠠ ᠤᠳ ᠲᠤ᠂ ᠬᠠᠪᠤᠷ ᠲᠠᠭᠠᠨ ︽ᠮᠠᠨᠳᠠᠷᠸ᠎ᠠ ᠶᠢᠨ | ᠪᠠᠶᠠᠷ︾ ᠢ ᠬᠢᠳᠡᠭ ᠶᠣᠰᠣ ᠪᠠᠶᠢᠳᠠᠭ ᠠᠵᠢ᠃ ᠪᠠᠰᠠ ᠰᠣᠯᠣᠩᠭᠤᠰ ᠲᠤ ︽ᠮᠦᠳᠠᠨ ᠬᠤᠸᠠ︾ ᠶᠢ ︽ᠤᠯᠤᠰ ᠤᠨ | ᠴᠡᠴᠡᠭ︾ ᠪᠣᠯᠭᠠᠭᠰᠠᠨ ᠪᠠᠶᠢᠳᠠᠭ ᠨᠢ ᠰᠣᠨᠢᠨ ᠶᠤᠮ᠃ ᠲᠡᠭᠡᠬᠦᠯᠡᠷ᠂ ᠲᠡᠷᠡ ᠬᠦ ᠬᠢᠲᠠᠳ ᠲᠣᠷᠭᠠᠨ ᠤ ᠨᠡᠷ᠎ᠡ ᠨᠢ | ᠮᠣᠩᠭᠤᠯ ᠬᠡᠯᠡᠨ ᠳᠤ ︽ᠮᠦᠳᠠᠨ ᠬᠤᠸᠠ︾ ᠪᠠᠷ ᠨᠡᠷᠡᠯᠡᠭᠳᠡᠭᠰᠡᠨ ᠨᠢ ᠰᠣᠨᠢᠨ ᠪᠠᠶᠢᠨ᠎ᠠ᠃ | ᠡᠨᠡ ᠬᠦ ᠠᠯᠳᠠᠷᠲᠤ ᠲᠣᠷᠭ᠎ᠠ ᠨᠢ ᠬᠤᠳᠠᠯᠳᠤᠭ᠎ᠠ ᠮᠠᠶᠢᠮᠠᠢ ᠶᠢᠨ ᠠᠵᠢᠯ ᠢᠶᠠᠷ ᠬᠢᠲᠠᠳ ᠣᠷᠣᠨ ᠳᠤ ᠶᠠᠪᠤᠳᠠᠭ | ᠪᠠᠶᠢᠭᠰᠠᠨ ᠮᠣᠩᠭᠤᠯ ᠵᠢᠩᠴᠢᠳ ᠤᠨ ᠠᠪᠴᠢᠷᠠᠳᠠᠭ ᠴᠡᠮᠢᠨ ᠪᠠᠷᠠᠭᠠᠨ ᠤ ᠨᠢᠭᠡ ᠪᠠᠶᠢᠭᠰᠠᠨ ᠪᠢᠵᠡ᠃ ᠲᠣᠷᠭᠠᠨ ᠤ | ᠥᠩᠭᠡ ᠬᠢᠴᠡ ᠨᠢ ᠲᠡᠷᠡ ᠴᠠᠭ ᠤᠨ ᠬᠥᠮᠥᠰ ᠤᠨ ᠨᠢᠳᠦ ᠶᠢ ᠭᠢᠯᠪᠠᠭᠤᠯᠵᠣ᠂ ᠠᠪᠠᠭᠠᠢ ᠬᠡᠦᠬᠡᠨ ᠤᠳ ᠤᠨ ᠰᠡᠳᠬᠢᠯ ᠢ | ᠭᠡᠵᠢᠭᠡᠳᠡᠵᠦ᠂ ᠵᠠᠷᠢᠮ ᠨᠢᠭᠡ ᠶᠢᠨ ᠬᠢ ᠨᠢ ᠰᠢᠨᠤᠯ ᠢ ᠣᠷᠭᠢᠯᠤᠭᠤᠯᠵᠤ ᠪᠠᠶᠢᠭᠰᠠᠨ ᠯᠠ ᠪᠠᠶᠢᠬᠤ᠃ ᠬᠠᠷᠢᠨ ᠲᠣᠷᠭᠠᠨ ᠤ | ᠨᠡᠷ᠎ᠡ ᠨᠢ ᠮᠣᠩᠭᠤᠯ ᠬᠥᠮᠥᠨ ᠤ ᠬᠡᠯᠡ ᠶᠢ ᠡᠭᠡᠳᠡᠷᠡᠬᠦᠯᠵᠦ᠂ ᠬᠢᠲᠠᠳ ᠪᠢᠴᠢᠯᠭᠡ ᠶᠢ ᠨᠢ ᠡᠳᠦᠢ ᠪᠣᠯᠲᠠᠯ᠎ᠠ ᠬᠡᠨ ᠴᠦ | ᠠᠩᠵᠠᠭᠠᠷᠠᠵᠤ ᠦᠵᠡᠭᠡ ᠦᠭᠡᠢ᠂ ᠲᠡᠳᠦᠢ ᠯᠠ ᠰᠣᠨᠢᠷᠬᠠᠭᠰᠠᠨ ᠦᠭᠡᠢ ᠶᠠᠪᠤᠭᠰᠠᠭᠠᠷ ᠢᠷᠡᠭᠰᠡᠨ ᠪᠣᠯᠣᠯᠲᠠᠢ᠃ | ᠲᠡᠭᠡᠭᠡᠳ ᠯᠠ ︽ᠮᠦᠳᠠᠨ︾ ᠬᠡᠮᠡᠬᠦ ᠮᠥᠩᠭᠦᠨ ᠠᠶᠠᠭᠠᠨ ᠤ ᠴᠢᠨᠡᠭᠡ ᠲᠣᠮᠣ᠂ ᠠᠯᠳᠠᠷᠲᠤ᠂ ᠭᠤᠶᠣ ᠴᠡᠴᠡᠭ ᠤᠨ | ᠨᠡᠷ᠎ᠡ ᠶᠢᠨ ᠬᠢ ᠨᠢ ᠳᠠᠭᠤᠳᠠᠯᠭ᠎ᠠ ᠮᠣᠩᠭᠤᠯ ᠬᠡᠯᠡᠨ ᠤ ᠠᠪᠢᠶᠠᠨ ᠤ ᠬᠠᠤᠯᠢ᠂ ᠬᠥᠭ ᠠᠶᠠᠯᠭᠤ ᠳᠤ ᠵᠣᠬᠢᠴᠠᠵᠣ᠂ | ᠥᠭᠡᠷᠡᠴᠢᠯᠡᠭᠳᠡᠨ ᠰᠤᠨᠵᠢᠷᠠᠵᠤ᠂ ᠠᠪᠢᠶᠠᠨ ᠤ ᠪᠦᠷᠬᠦᠭᠦᠯ ᠨᠢ ᠬᠤᠪᠢᠷᠠᠨ ᠬᠤᠪᠢᠷᠠᠭᠰᠠᠭᠠᠷ᠂ ᠶᠠᠷᠢᠶᠠᠨ ᠤ ᠬᠡᠯᠡᠨ ᠤ | ᠣᠷᠴᠢᠨ ᠳᠤ ︽ᠮᠦᠳᠠᠨ︾ ᠨᠢ ︽ᠦᠳᠠᠨ︾ ᠪᠣᠯᠵᠤ᠂ ᠤᠯᠠᠮ ᠢᠶᠠᠷ ︽ᠦᠳᠠᠨ︾ ᠨᠢ ᠣᠷᠴᠢᠨ ᠴᠠᠭ ᠤᠨ | ᠮᠣᠩᠭᠤᠯ ᠬᠡᠯᠡᠨ ᠤ ᠠᠪᠢᠶᠠᠨ ᠤ ᠳᠠᠭᠤᠳᠠᠯᠭ᠎ᠠ ᠳᠤ ᠵᠣᠬᠢᠴᠠᠵᠣ᠂ ︽ᠦᠢᠲᠡᠩ︾ ᠪᠣᠯᠵᠤ ᠰᠤᠨᠵᠢᠷᠠᠵᠤ ᠬᠡᠯᠡᠭᠳᠡᠭᠰᠡᠭᠡᠷ | ︽ᠦᠢᠲᠡᠩ ᠬᠤᠸᠠᠷ︾ ᠪᠤᠶᠤ ᠮᠠᠨᠳᠠᠷᠸ᠎ᠠ ᠴᠡᠴᠡᠭ ᠤᠨ ᠨᠡᠷᠡᠲᠦ ᠲᠣᠷᠭᠠᠨ ᠤ ᠨᠡᠷ᠎ᠡ ᠡᠭᠦᠰᠦᠭᠰᠡᠨ ᠪᠠᠶᠢᠵᠤ ᠮᠠᠭᠠᠳ | ᠦᠭᠡᠢ ᠭᠡᠰᠡᠨ ᠨᠢᠭᠡᠨ ᠲᠠᠭᠠᠮᠠᠭ ᠲᠡᠳᠦᠢ ᠲᠠᠶᠢᠯᠪᠤᠷᠢ ᠶᠢ ᠬᠢᠵᠦ ᠪᠣᠯᠬᠤ ᠮᠡᠲᠦ᠃ | ᠵᠢᠴᠢ᠂ ︽ᠦᠢᠲᠡᠩ ᠬᠤᠸᠠ︾ ᠨᠢ ᠠᠩᠬ᠎ᠠ ︽ᠮᠠᠨᠳᠠᠷᠸ᠎ᠠ︾ ᠴᠡᠴᠡᠭ ᠤᠨ ᠨᠡᠷ᠎ᠡ ᠪᠠᠷ ᠨᠡᠷᠡᠯᠡᠭᠳᠡᠵᠦ᠂ | ᠲᠣᠷᠭᠠᠨ ᠤ ᠨᠡᠷ᠎ᠡ ᠪᠣᠯᠵᠤ᠂ ᠴᠠᠭᠠᠰᠢᠳᠠ ᠪᠠᠨ ︽ᠮᠠᠨᠳᠠᠷᠸ᠎ᠠ︾ ᠠᠴᠠ ᠥᠭᠡᠷ᠎ᠡ ᠪᠤᠰᠤᠳ ᠣᠯᠠᠨ ᠴᠡᠴᠡᠭ᠂ ᠬᠡ | ᠬᠤᠸᠠᠷ ᠢ ᠴᠦ ᠡᠨᠡ ᠲᠣᠷᠭᠠᠨ ᠳᠡᠭᠡᠷ᠎ᠡ ᠤᠷᠠᠯᠠᠵᠤ ᠪᠦᠲᠦᠭᠡᠭᠰᠡᠭᠡᠷ ᠢᠷᠠᠵᠡᠢ᠃ ᠭᠡᠬᠦ ᠳᠡᠭᠡᠨ ᠯᠠ ᠶᠠᠮᠠᠷ ᠴᠦ ᠬᠡ | ᠬᠤᠸᠠᠷ ᠲᠠᠢ ᠪᠠᠶᠢᠭᠰᠠᠨ ᠮᠣᠩᠭᠤᠯᠴᠤᠳ ᠡᠨᠡ ᠲᠣᠷᠭ᠎ᠠ ᠶᠢ ︽ᠦᠢᠲᠡᠩ ᠬᠤᠸᠠᠷ︾ ᠪᠤᠶᠤ ︽ᠮᠦᠳᠠᠨ ᠬᠤᠸᠠ︾ | ᠭᠡᠭᠰᠡᠭᠡᠷ ᠪᠤᠢ ᠨᠢ ᠪᠠᠰᠠ ᠰᠣᠨᠢᠨ᠃ | ᠶᠡᠷᠦ᠂ ᠮᠣᠩᠭᠤᠯ ᠬᠡᠯᠡᠨ ᠳᠤ ᠬᠠᠷᠢ ᠦᠭᠡ ᠨᠡᠪᠲᠡᠷᠡᠨ ᠢᠷᠡᠬᠦ ᠳᠡᠭᠡᠨ ᠠᠮᠠ ᠪᠠᠷ᠂ ᠪᠢᠴᠢᠭ ᠢᠶᠠᠷ ᠭᠡᠰᠡᠨ ᠬᠤᠶᠠᠷ | ᠬᠡᠯᠪᠡᠷᠢ ᠪᠠᠷ ᠣᠷᠣᠵᠤ ᠢᠷᠡᠭᠰᠡᠨ ᠪᠠᠶᠢᠳᠠᠭ᠃ ᠠᠮᠠᠨᠶᠠᠷᠢᠶᠠ ᠪᠠᠷ ᠳᠡᠮᠵᠢᠨ ᠣᠷᠣᠵᠤ᠂ ᠨᠤᠲᠤᠭᠰᠢᠭᠰᠠᠨ ᠦᠭᠡᠰ ᠨᠢ | ᠠᠪᠢᠶᠠᠨ ᠤ ᠪᠦᠷᠬᠦᠭᠦᠯ᠂ ᠳᠠᠭᠤᠳᠠᠯᠭ᠎ᠠ᠂ ᠪᠦᠲᠦᠴᠡ᠂ ᠪᠢᠴᠢᠯᠭᠡ ᠶᠢᠨ ᠬᠤᠪᠢ ᠳᠤ ᠦᠯᠡᠮᠵᠢ ᠥᠭᠡᠷᠡᠴᠢᠯᠡᠯᠲᠡ | ᠦᠵᠡᠭᠰᠡᠨ ᠪᠠᠶᠢᠳᠠᠭ ᠤᠨ ᠨᠢᠭᠡᠨ ᠵᠢᠱᠢᠶ᠎ᠡ ᠨᠢ ᠡᠨᠡ ︽ᠮᠦᠳᠠᠨ ᠬᠤᠸᠠ︾ ᠪᠠᠶᠢᠵᠤ ᠪᠣᠯᠬᠤ ᠶᠤᠮ᠃ ᠡᠨᠡ ᠪᠣᠯ | ᠨᠢᠭᠡ ᠲᠠᠯ᠎ᠠ ᠶᠢᠨ ᠲᠠᠭᠠᠮᠠᠭ ᠲᠠᠶᠢᠯᠪᠤᠷᠢ ᠪᠣᠯᠣᠨ᠎ᠠ᠃ ᠪᠠᠰᠠ ᠪᠠᠭᠠᠷᠢᠨ ᠠᠮᠠᠨ ᠠᠶᠠᠯᠭᠤᠨ ᠳᠤ ︽ᠦᠢᠲᠡᠩ ᠮᠣᠳᠣ︾ | ᠭᠡᠵᠦ ᠪᠠᠶᠢᠳᠠᠭ ᠭᠡᠬᠦ᠃ ︽ᠦᠢᠲᠡᠩ ᠮᠣᠳᠣᠨ ᠤ ᠬᠡ ᠬᠤᠸᠠᠷ︾ ᠭᠡᠰᠡᠨ ᠦᠭᠡ ᠪᠡᠰᠡ ᠪᠠᠶᠢᠳᠠᠭ ᠠᠵᠢ᠃ ᠡᠨᠡ ᠪᠣᠯ | ᠮᠠᠰᠢ ᠭᠤᠶᠣ ᠴᠡᠮᠢᠨ ᠴᠡᠴᠡᠭ ᠤᠨ ᠬᠡ ᠲᠠᠢ ᠮᠣᠳᠣ᠃ ᠳᠣᠮᠤᠭ ᠲᠤ ᠥᠭᠦᠯᠡᠬᠦ ᠳᠡᠭᠡᠨ ︽ᠦᠢᠲᠡᠩ ᠮᠣᠳᠣᠨ ᠳᠡᠭᠡᠷ᠎ᠡ | ᠭᠠᠭᠴᠠ ᠬᠠᠨ ᠭᠠᠷᠤᠳᠢ ᠰᠢᠪᠠᠭᠤ ᠯᠠ ᠰᠠᠭᠤᠳᠠᠭ ᠁︾ ᠭᠡᠵᠦ ᠭᠠᠷᠳᠠᠭ᠃ ᠡᠶᠢᠮᠦ ᠳᠤ ᠮᠣᠩᠭᠤᠯᠴᠤᠳ ᠲᠡᠷᠡ | ᠰᠠᠶᠢᠨ ᠴᠢᠨᠠᠷᠯᠢᠭ ᠲᠣᠷᠭ᠎ᠠ ᠶᠢ ᠲᠡᠷᠡ ᠬᠦ ᠳᠣᠮᠤᠭ ᠲᠤ ︽ᠦᠢᠲᠡᠩ ᠮᠣᠳᠣᠨ ᠤ ᠬᠡ ᠬᠤᠸᠠᠷ︾ ᠤᠨ ᠨᠡᠷ᠎ᠡ ᠪᠠᠷ | ᠨᠡᠷᠡᠯᠡᠭᠰᠡᠨ ᠪᠠᠶᠢᠵᠤ ᠮᠠᠭᠠᠳ᠃ ᠲᠡᠭᠡᠬᠦᠯᠡᠷ ᠪᠠᠰᠠ ︽ᠦᠢᠲᠡᠩ ᠮᠣᠳᠣᠨ︾ ᠤ ᠲᠡᠷᠡ ᠥᠪᠡᠷᠮᠢᠴᠡ ᠬᠡ ᠬᠤᠸᠠᠷ ᠤᠨ | ᠨᠡᠷ᠎ᠡ ᠠᠴᠠ ᠴᠦ ᠤᠳᠬ᠎ᠠ ᠰᠢᠯᠵᠢᠨ᠂ ︽ᠦᠢᠲᠡᠩ ᠬᠤᠸᠠᠷ︾ ᠲᠣᠷᠭᠠᠨ ᠤ ᠨᠡᠷ᠎ᠡ ᠡᠭᠦᠰᠦᠭᠰᠡᠨ ᠪᠠᠶᠢᠬᠤ ᠶᠢ | ᠦᠭᠡᠶᠢᠰᠬᠡᠬᠦ ᠠᠷᠭ᠎ᠠ ᠠᠯᠠᠭ᠎ᠠ᠃ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |