ᠠᠯᠠᠱᠠ ᠶᠢᠨ ᠨᠤᠲᠤᠭ ᠪᠡᠯᠴᠢᠭᠡᠷ ᠬᠢᠭᠡᠳ ᠲᠡᠮᠡᠭᠡᠨ ᠤ ᠣᠨᠴᠠᠯᠢᠭ ᠰᠢᠨᠵᠢ ᠵᠢᠴᠢ ᠵᠣᠬᠢᠴᠠᠯ
ᠨᠡᠶᠢᠲᠡᠯᠡᠭᠰᠡᠨ ᠴᠠᠭ᠄
2021/1/26
ᠠᠯᠠᠱᠠ ᠶᠢᠨ ᠨᠤᠲᠤᠭ ᠪᠡᠯᠴᠢᠭᠡᠷ ᠬᠢᠭᠡᠳ ᠲᠡᠮᠡᠭᠡᠨ ᠤ ᠣᠨᠴᠠᠯᠢᠭ ᠰᠢᠨᠵᠢ ᠵᠢᠴᠢ ᠵᠣᠬᠢᠴᠠᠯ ᠠᠯᠠᠱᠠ ᠨᠤᠲᠤᠭ ᠨᠡᠶᠢᠲᠡ 27 ᠲᠦᠮᠡᠨ ᠲᠡᠭᠰᠢ ᠺᠢᠯᠣᠮᠧᠲᠷ ᠨᠤᠲᠤᠭ ᠳᠡᠪᠢᠰᠬᠡᠷ ᠲᠠᠢ᠂ ᠠᠳᠡ ᠪᠠᠳᠠᠢ ᠶᠢᠨ ᠵᠢᠷᠠᠨ᠂ ᠲᠡᠭᠷᠢ ᠡᠯᠡᠰᠦ᠂ ᠤᠯᠠᠭᠠᠨ ᠪᠤᠬ᠎ᠠ ᠭᠡᠬᠦ 3 ᠶᠡᠭᠡ ᠡᠯᠡᠰᠦᠨ ᠴᠦᠯ ᠬᠦᠨᠳᠡᠯᠢᠳᠴᠦ᠂ ᠶᠡᠬᠡᠩᠬᠢ ᠨᠤᠲᠤᠭ ᠪᠡᠯᠴᠢᠭᠡᠷ ᠨᠢ ᠡᠯᠡᠰᠤᠨ ᠪᠠᠯᠠᠷ᠂ ᠭᠤᠪᠢ ᠬᠠᠩᠭᠠᠢ ᠪᠠᠷ ᠪᠦᠷᠢᠯᠳᠦᠭᠰᠡᠨ ᠪᠠᠶᠢᠳᠠᠭ ᠪᠦᠭᠡᠳ ᠬᠡᠰᠡᠭ ᠪᠤᠰᠠᠭ ᠠᠭᠤᠯᠠ ᠨᠢᠷᠤᠭᠤ᠂ ᠠᠳᠠᠷᠭᠠᠨ ᠲᠤᠯᠤᠭᠠᠳ ᠲᠠᠢ ᠬᠠᠲᠠᠭᠤᠯᠢᠭ ᠪᠡᠯᠴᠢᠭᠡᠷ ᠲᠠᠢ᠃ ᠬᠠᠷᠢᠨ ᠭᠤᠤᠯ ᠨᠠᠮᠤᠭ ᠲᠠᠢ ᠪᠡᠯᠴᠢᠭᠡᠷ ᠲᠤᠩ ᠪᠠᠭ᠎ᠠ ᠪᠠᠶᠢᠳᠠᠭ ᠢᠶᠠᠷ ᠢᠶᠠᠨ ᠡᠪᠦᠯ ᠳᠡᠭᠡᠨ ᠲᠠᠰᠬᠢᠮ᠎ᠠ ᠬᠦᠢᠲᠡᠨ᠂ ᠵᠤᠨ ᠳᠠᠭᠠᠨ ᠬᠠᠯᠠᠭᠤᠨ᠂ ᠣᠨᠴᠠ ᠶᠡᠭᠡ ᠭᠠᠩ ᠬᠠᠭᠤᠷᠠᠢ ᠠᠭᠤᠷ ᠠᠮᠢᠰᠬᠤᠯ ᠦᠷᠭᠦᠯᠵᠢᠯᠡᠵᠦ᠂ ᠰᠠᠯᠬᠢᠨ ᠰᠢᠭᠤᠷᠭᠠᠨ ᠤ ᠰᠠᠪᠠ ᠭᠠᠵᠠᠷ ᠪᠣᠯᠤᠭᠰᠠᠨ ᠪᠠᠶᠢᠳᠠᠭ᠃ ᠠᠯᠠᠱᠠ ᠨᠤᠲᠤᠭ ᠤᠨ ᠡᠯᠡᠰᠦᠨ ᠪᠠᠯᠠᠷ ᠲᠤ ᠵᠠᠭ᠂ ᠰᠤᠬᠠᠢ᠂ ᠲᠣᠷᠯᠤᠭ᠂ ᠬᠠᠷᠭᠠᠨ᠎ᠠ᠂ ᠬᠤᠯᠤᠰᠤ᠂ ᠰᠤᠯᠢ᠂ ᠭᠤᠪᠢ ᠬᠠᠩᠭᠠᠢ  ᠳᠤᠨᠢ ᠪᠤᠳᠠᠷᠭᠠᠨ᠎ᠠ᠂ ᠤᠯᠠᠭᠠᠨ ᠪᠤᠳᠠᠷᠭᠠᠨ᠎ᠠ᠂ ᠬᠠᠷᠮᠠᠭ᠂ ᠬᠤᠶᠢᠷᠠᠭ᠂ ᠬᠠᠵᠠᠭᠠᠷ ᠡᠪᠡᠰᠦ᠂ ᠬᠢᠯᠭᠠᠨ᠎ᠠ᠂ ᠲᠠᠭᠠᠨ᠎ᠠ ᠪᠠᠷ ᠭᠤᠣᠯᠯᠠᠵᠤ᠂ ᠰᠢᠪᠠᠭ᠂ ᠪᠦᠭᠡᠷᠡᠭ ︵ᠪᠦᠭᠡᠷᠡᠯᠵᠢᠭᠡᠨ᠎ᠡ︶᠂ ᠮᠦᠩᠬᠡ ᠬᠠᠷᠭᠠᠨ᠎ᠠ᠂ ᠪᠤᠴᠢᠭᠢᠨᠠᠭᠤᠷ ᠬᠤᠯᠢᠯᠳᠤᠭᠰᠠᠨ ᠪᠤᠷᠤᠯᠵᠢᠨ ᠪᠡᠯᠴᠢᠭᠡᠷ ᠢ ᠪᠦᠷᠢᠯᠳᠦᠭᠦᠯᠦᠭᠰᠡᠨ ᠪᠠᠶᠢᠳᠠᠭ ᠪᠦᠭᠡᠳ ᠠᠭᠤᠯᠠ ᠠᠳᠠᠷᠭᠠᠨ ᠳᠤᠨᠢ ᠴᠤ ᠬᠡᠳᠦᠨ ᠵᠦᠢᠯ ᠤᠨ ᠪᠤᠳᠠᠷᠭᠠᠨ᠎ᠠ ᠪᠠᠷ ᠭᠤᠣᠯᠯᠠᠵᠤ᠂ ᠪᠤᠰᠤᠳ ᠨᠠᠷᠢᠯᠢᠭ ᠡᠪᠡᠰᠦ ᠬᠤᠯᠢᠯᠳᠤᠭᠰᠠᠨ ᠰᠠᠶᠢᠷᠡᠭ ᠪᠡᠯᠴᠢᠭᠡᠷ ᠤᠨ ᠪᠦᠲᠦᠴᠡ  ᠲᠠᠢ ᠪᠣᠯᠪᠠᠴᠤ ᠦᠷᠭᠡᠨ ᠬᠡᠪᠴᠢᠶᠡᠨ ᠤ ᠬᠤᠵᠢᠷᠯᠢᠭ ᠭᠠᠵᠠᠷ ᠤᠨ ᠡᠪᠡᠰᠦ ᠤᠷᠭᠤᠮᠠᠯ ᠨᠢ ᠰᠢᠮ᠎ᠡ ᠰᠠᠶᠢᠲᠠᠢ ᠪᠠᠶᠢᠳᠠᠭ ᠢᠶᠠᠷ ᠢᠶᠠᠨ ᠭᠠᠩ ᠳᠠᠭᠠᠭᠠᠬᠤ ᠲᠡᠰᠪᠦᠷᠢ ᠴᠢᠩᠭ᠎ᠠ ᠲᠤᠯᠠ ᠡᠨᠡ ᠨᠤᠲᠤᠭ ᠤᠨ ᠲᠡᠮᠡᠭᠡ ᠴᠤ ᠭᠠᠵᠠᠷ ᠤᠰᠤᠨ ᠤ ᠪᠠᠨ ᠰᠢᠮ᠎ᠡ ᠲᠡᠵᠢᠭᠡᠯ ᠳᠤ ᠪᠦᠷᠢᠨ ᠢᠳᠡᠭᠡᠰᠢᠵᠦ ᠵᠣᠬᠢᠴᠠᠭᠰᠠᠨ ᠪᠠᠶᠢᠳᠠᠭ᠃ ᠠᠯᠠᠱᠠ ᠲᠡᠮᠡᠭᠡ ᠪᠦᠬᠦᠨ ᠢᠶᠠᠷ ᠢᠶᠠᠨ ᠬᠤᠶᠠᠷ ᠪᠦᠬᠦ ᠲᠠᠢ ᠪᠠᠶᠢᠳᠠᠭ ᠲᠤᠯᠠ ᠠᠯᠠᠱᠠ ᠬᠤᠣᠰ ᠪᠦᠬᠦᠲᠦ ᠲᠡᠮᠡᠭᠡ ᠭᠡᠵᠦ ᠳᠠᠭᠤᠳᠠᠳᠠᠭ᠃ ᠠᠯᠠᠱᠠ ᠲᠡᠮᠡᠭᠡᠨ ᠤ ᠪᠡᠶ᠎ᠡ ᠭᠠᠯᠪᠢᠷ ᠤᠨ ᠭᠠᠳᠠᠷ ᠪᠠᠶᠢᠳᠠᠯ ᠠᠴᠠ ᠨᠡᠶᠢᠳᠡᠮ ᠠᠵᠢᠭᠯᠠᠬᠤ ᠳᠤ ᠪᠡᠶ᠎ᠡ ᠣᠬᠤᠷ᠂ ᠬᠦᠯ ᠤᠷᠲᠤ᠂ ᠬᠦᠵᠦᠭᠦᠦ ᠤᠷᠲᠤ᠂ ᠲᠤᠯᠤᠭᠠᠢ ᠳᠡᠭᠡᠷ᠎ᠡ᠂ ᠬᠤᠩᠰᠢᠶᠠᠷ ︵ᠬᠤᠰᠢᠭᠤ︶ ᠨᠠᠷᠢᠨ᠂ ᠳᠤᠬᠤ ᠶᠢᠨ ᠶᠠᠰᠤ ᠨᠢ ᠭᠦᠳᠦᠭᠦᠷ᠂ ᠴᠡᠭᠡᠵᠢᠨ ᠪᠡᠶ᠎ᠡ ᠠᠭᠤᠵᠢᠮ ᠶᠡᠭᠡ᠂ ᠨᠢᠷᠤᠭᠤ ᠬᠠᠩᠭᠠᠢ᠂ ᠬᠤᠨᠳᠤᠯᠠᠢ ᠪᠠᠭ᠎ᠠ᠂ ᠦᠪᠬᠦᠭ ︵ᠦᠪᠦᠭ︶ ᠲᠠᠢ ᠠᠳᠠᠯᠢᠪᠲᠤᠷ ᠬᠤᠣᠰ ᠪᠦᠬᠦ ᠲᠠᠢ᠂ ᠲᠠᠰᠢᠶ᠎ᠠ ᠰᠢᠪᠲᠤᠩ᠂ ᠪᠤᠯᠴᠢᠩ ᠰᠢᠷᠪᠦᠰᠦ ᠲᠣᠲᠤᠷᠬᠠᠢ᠂ ᠵᠦᠭᠡᠯᠡᠨ ᠲᠠᠪᠠᠭ ᠨᠢ ᠲᠠᠬᠠᠰᠢ ᠲᠠᠢ᠂ ᠪᠦᠲᠦᠷᠬᠡᠢ᠂ ᠡᠪᠦᠳᠦᠭ ᠤᠨ ᠦᠶ᠎ᠡ᠂ ᠡᠮᠦᠨ᠎ᠡ ᠬᠤᠶᠢᠲᠤ ᠬᠦᠯ ᠤᠨ ᠲᠠᠭᠠᠯᠴᠠᠭ ᠲᠠᠭᠠᠨ ᠪᠦᠷ ᠲᠠᠭᠠᠰᠢ ᠲᠠᠢ ᠪᠠᠶᠢᠳᠠᠭ ᠢᠶᠠᠷ ᠢᠶᠠᠨ ᠣᠨᠴᠠᠯᠢᠭᠳᠠᠵᠤ᠂ ᠭᠠᠭᠴᠠ ᠪᠦᠬᠦᠲᠦ ᠲᠡᠮᠡᠭᠡ ᠪᠠ ᠬᠠᠪᠳᠠᠭᠠᠢ ︵ᠵᠡᠷᠯᠢᠭ ᠲᠡᠮᠡᠭᠡ︶ ᠠᠴᠠ ᠢᠯᠭᠠᠭ᠎ᠠ ᠲᠠᠢ ᠪᠠᠶᠢᠳᠠᠭ᠃ ᠠᠯᠠᠱᠠ ᠲᠡᠮᠡᠭᠡᠨ ᠤ ᠣᠬᠤᠷ ᠪᠡᠶ᠎ᠡ᠂ ᠤᠷᠲᠤ ᠬᠦᠯ᠂ ᠲᠠᠬᠠᠰᠢ ᠲᠠᠢ ᠫᠠᠯᠢᠭᠠᠷ ᠲᠤᠮᠤ ᠲᠠᠪᠠᠭ ︵ᠲᠠᠪᠠᠭ᠋ᠠᠢ︶ ᠨᠢ ᠡᠯᠡᠰᠦ ᠮᠠᠩᠬ᠎ᠠ᠂ ᠭᠤᠪᠢ ᠭᠡᠭᠡᠷ᠎ᠡ ᠪᠠᠷ ᠠᠶᠠᠯᠠᠵᠤ ᠶᠠᠪᠤᠬᠤ᠂ ᠢᠳᠡᠰᠢᠯᠡᠵᠦ ᠪᠡᠯᠴᠢᠭᠡᠷᠯᠡᠬᠦ ᠳᠤ ᠨᠠᠷᠢᠨ ᠵᠣᠬᠢᠴᠠᠵᠤ᠂ ᠪᠦᠲᠦᠷᠭᠡᠢ᠂ ᠡᠪᠦᠳᠦᠭ᠂ ᠲᠠᠭᠠᠯᠴᠠᠭ ᠤᠨ ᠲᠠᠬᠠᠰᠢ  ᠨᠢ ᠭᠠᠩ ᠬᠠᠭᠤᠷᠠᠢ ᠡᠯᠡᠰᠦ ᠮᠠᠩᠬᠠᠨ ᠨᠤᠲᠤᠭ ᠤᠨ ᠢᠳᠡ ᠵᠤᠨ ᠤ ᠰᠢᠲᠠᠮ᠎ᠠ ᠬᠠᠯᠠᠭᠤᠨ ᠪᠠ ᠡᠪᠦᠯ ᠤᠨ ᠳ᠋ᠦᠩ ᠤᠨ ᠲᠠᠰᠬᠢᠮ᠎ᠠ ᠬᠦᠢᠲᠡᠨ ᠳᠤ ᠪᠤᠰᠤᠳ ᠡᠷᠬᠡᠲᠡᠨ ᠢᠶᠠᠨ ᠭᠠᠵᠠᠷ ᠠᠴᠠ ᠵᠣᠬᠢᠮᠵᠢᠲᠠᠢ ᠬᠦᠨᠳᠡᠶᠢᠷᠡᠭᠦᠯᠵᠦ᠂ ᠪᠡᠶ᠎ᠡ ᠶᠢᠨ ᠢᠶᠠᠨ ᠬᠡᠲᠦ ᠬᠠᠯᠠᠬᠤ ᠪᠤᠶᠤ ᠬᠦᠯᠳᠡᠬᠦ ᠠᠴᠠ ᠰᠡᠷᠭᠡᠶᠢᠯᠡᠵᠦ ᠴᠢᠳᠠᠳᠠᠭ ᠦᠢᠯᠡᠳᠦᠯ ᠲᠠᠢ᠃ ᠬᠤᠣᠰ ᠪᠦᠬᠦ ᠨᠢ ᠤᠭᠤᠷᠠᠭ ᠲᠤᠰᠤᠨ ᠤ ᠠᠭᠤᠯᠤᠭᠳᠠᠴᠠ ᠲᠠᠢ ᠦᠭᠡᠬᠦ ᠪᠠᠷ ᠳᠦᠭᠦᠷᠴᠦ ᠪᠠᠶᠢᠳᠠᠭ ᠲᠤᠯᠠ ᠦᠷᠭᠦᠯᠵᠢᠯᠡᠭᠰᠡᠨ ᠭᠠᠩ ᠬᠠᠭᠰᠠᠷᠭᠠᠨ᠂ ᠣᠯᠠᠨ ᠬᠤᠨᠤᠭ ᠤᠨ ᠠᠶᠠᠯᠠᠯ ᠶᠠᠪᠤᠳᠠᠯ᠂ ᠤᠳᠠᠭᠠᠨ ᠡᠳᠤᠷ ᠤᠨ ᠴᠠᠩᠭᠠᠵᠤ ᠦᠯᠳᠡᠬᠦ ᠳᠤ ᠲᠡᠵᠢᠭᠡᠯ ᠲᠠᠮᠢᠷ ᠨᠦᠬᠦᠪᠦᠷᠢᠯᠡᠵᠦ ᠦᠭᠳᠡᠭ ᠣᠨᠴᠠᠭᠠᠢ ᠦᠢᠯᠡᠳᠦᠯ ᠲᠠᠢ ᠡᠷᠳᠡᠨᠢ ᠪᠣᠯᠳᠠᠭ᠃ ᠲᠡᠮᠡᠭᠡᠴᠢᠳ ᠤᠨ ᠦᠭᠡᠨ ᠳᠤ ︽ᠪᠦᠬᠦ ᠳᠦᠭᠦᠷᠡᠩ ᠲᠡᠮᠡᠭᠡ ᠦᠯᠪᠡᠷᠴᠦ ᠦᠬᠦᠬᠦ ᠶᠣᠰᠣ ᠦᠭᠡᠢ︾ ᠭᠡᠳᠡᠭ ᠪᠢᠯᠡ᠃ ᠠᠯᠠᠱᠠ ᠲᠡᠮᠡᠭᠡᠨ ᠤ ᠦᠷᠭᠡᠨ ᠠᠭᠤᠵᠢᠮ ᠴᠡᠭᠡᠵᠢ᠂ ᠪᠠᠭ᠎ᠠ ᠠᠪᠰᠠᠷᠬᠠᠨ ᠬᠤᠨᠳᠤᠯᠠᠢ ᠨᠢ ᠴᠤ ᠡᠯᠡᠰᠦᠨ ᠪᠠᠯᠠᠷ ᠲᠤ ᠠᠶᠠᠯᠠᠬᠤ ᠳᠤ ᠪᠦᠬᠦ ᠪᠡᠶ᠎ᠡ ᠶᠢᠨ ᠢᠶᠠᠨ ᠲᠡᠩᠴᠡᠭᠦᠷᠢ ᠶᠢ ᠲᠣᠭᠲᠠᠭᠠᠵᠤ᠂ ᠣᠨᠴᠠᠭᠠᠶᠢᠯᠠᠨ ᠲᠠᠬᠠᠰᠢ ᠲᠠᠢ ᠵᠦᠭᠡᠯᠡᠨ ᠲᠠᠪᠠᠭ ᠨᠢ ᠫᠠᠯᠢᠭᠠᠷ ᠲᠤᠮᠤ ᠪᠦᠭᠡᠳ ᠤᠶᠠᠨ ᠬᠠᠲᠠᠨ ᠲᠤᠯᠠ ᠡᠯᠡᠰᠦ ᠮᠠᠩᠬᠠᠨ ᠤ ᠨᠤᠭᠤᠴᠠᠭᠠᠨ ᠳᠤ ᠪᠤᠯᠬᠠᠵᠤ ᠬᠤᠯᠤᠮᠳᠠᠬᠤ ᠦᠭᠡᠢ ᠪᠠᠶᠢᠳᠠᠭ᠃ ᠲᠡᠷᠡ ᠮᠦᠷᠲᠡᠭᠡᠨ ᠭᠠᠵᠠᠷ ᠣᠷᠤᠨ ᠤ ᠪᠠᠨ ᠣᠷᠴᠢᠨ ᠲᠤᠭᠤᠷᠢᠨ ᠳᠤ ᠵᠣᠬᠢᠴᠠᠵᠤ ᠪᠤᠯᠴᠢᠩ ᠰᠢᠷᠪᠦᠰᠦ ᠨᠢ ᠴᠤ ᠵᠦᠩᠳᠡᠭᠡᠨ ᠬᠦᠭᠵᠢᠨ ᠪᠤᠵᠠᠭᠠᠶᠢᠷᠠᠭᠰᠠᠨ ᠪᠠᠶᠢᠳᠠᠭ᠃ ᠠᠯᠠᠱᠠ ᠲᠡᠮᠡᠭᠡᠨ ᠤ ᠦᠩᠭᠡ ᠵᠢᠰᠦ ᠨᠢ ᠰᠢᠷ᠎ᠠ᠂ ᠬᠦᠷᠡᠩ᠂ ᠪᠤᠷᠣ ᠭᠤᠣᠯᠳᠠᠵᠤ᠂ ᠴᠠᠭᠠᠨ ᠲᠡᠮᠡᠭᠡ ᠴᠦᠭᠡᠪᠦᠷᠢ ᠪᠠᠶᠢᠳᠠᠭ᠃ ᠪᠤᠰᠤᠳ ᠲᠦᠷᠦᠯ ᠤᠨ ᠲᠡᠮᠡᠭᠡᠨ ᠤ ᠨᠣᠣᠰᠤ ᠶᠢ ᠪᠣᠳᠤᠪᠠᠯ ᠰᠤᠷ ᠬᠢᠯᠭᠠᠰᠤ ᠨᠢ ᠨᠠᠷᠢᠯᠢᠭ ᠤᠷᠲᠤ᠂ ᠨᠣᠣᠯᠤᠤᠷ ᠨᠢ ᠨᠢᠭᠲᠠ ᠵᠦᠭᠡᠯᠡᠨ᠂ ᠤᠶᠠᠨ ᠬᠠᠷᠢᠮᠠᠬᠠᠢ ᠪᠦᠭᠡᠳ ᠪᠦᠬᠡᠯᠢᠭ᠂ ᠭᠠᠷᠤᠯᠲᠠ ᠶᠢᠨ ᠬᠡᠮᠵᠢᠶ᠎ᠡ ᠨᠢ ᠴᠤ ᠬᠠᠷᠢᠴᠠᠯᠠᠰᠢ ᠦᠭᠡᠢ ᠦᠨᠳᠦᠷ ᠪᠠᠶᠢᠳᠠᠭ᠃ ᠠᠯᠠᠱᠠ ᠲᠡᠮᠡᠭᠡ ᠬᠡᠲᠦᠶᠢᠪᠡᠷ ᠪᠤᠰᠤᠳ ᠲᠦᠷᠦᠯ ᠤᠨ ᠲᠡᠮᠡᠭᠡ ᠲᠠᠢ ᠣᠯᠠᠨ ᠲᠠᠯ᠎ᠠ ᠪᠠᠷ ᠠᠳᠠᠯᠢ ᠪᠤᠰᠤ ᠣᠨᠴᠠᠯᠢᠭ  ᠲᠠᠢ ᠪᠣᠯᠪᠠᠴᠤ ᠬᠤᠯᠤᠭᠠᠨ᠎ᠠ ᠶᠢᠨ ᠴᠢᠬᠢ ᠲᠠᠢ᠂ ᠦᠬᠡᠷ ᠤᠨ ᠬᠢᠮᠦᠰᠦ ᠲᠠᠢ᠂ ᠪᠠᠷᠰ ᠤᠨ ᠵᠤᠭᠲᠤᠷ ᠲᠠᠢ᠂ ᠲᠠᠤᠯᠠᠢ ᠶᠢᠨ ᠤᠷᠤᠭᠤᠯ ᠲᠠᠢ᠂ ᠯᠤᠤ ᠶᠢᠨ ᠬᠦᠵᠦᠭᠦᠦ ᠲᠠᠢ᠂ ᠮᠣᠭᠠᠢ ᠶᠢᠨ ᠰᠡᠭᠦᠯ ᠲᠠᠢ᠂ ᠮᠣᠷᠢᠨ ᠳᠡᠯ ᠲᠠᠢ ︵ᠰᠢᠯᠢ ᠲᠠᠢ︶᠂ ᠬᠤᠨᠢᠨ ᠨᠢᠳᠤ ᠲᠠᠢ᠂ ᠪᠡᠴᠢᠨ ᠨᠣᠣᠰᠣ ᠲᠠᠢ᠂ ᠲᠠᠬᠢᠶ᠎ᠠ ᠶᠢᠨ ᠰᠡᠴᠢᠭ ᠲᠠᠢ ︵ᠦᠪᠬᠦᠭ︶ ᠲᠠᠢ᠂ ᠨᠣᠬᠠᠢ ᠶᠢᠨ ᠭᠤᠶ᠎ᠠ ᠲᠠᠢ᠂ ᠭᠠᠭ᠋ᠠᠢ ᠶᠢᠨ ᠭᠡᠳᠡᠰᠦ ᠲᠠᠢ ᠠᠷᠪᠠᠨ ᠬᠤᠶᠠᠷ ᠵᠢᠯ ᠤᠨ ᠰᠢᠨᠵᠢ ᠶᠢ ᠪᠦᠷᠢᠨ ᠬᠠᠲᠠᠭᠠᠯᠠᠭᠰᠠᠨ ᠪᠠᠶᠢᠳᠠᠭ ᠪᠦᠭᠡᠳ ᠠᠯᠠᠱᠠ ᠲᠡᠮᠡᠭᠡᠨ ᠤ ᠪᠣᠢ ᠪᠣᠯᠤᠭᠰᠠᠨ ᠲᠤᠬᠠᠢ ᠡᠶᠢᠮᠦ ᠨᠢᠭᠡᠨ ᠳᠤᠮᠤᠭ ᠤᠯᠠᠮᠵᠢᠯᠠᠭᠳᠠᠨ ᠶᠠᠷᠢᠭᠳᠠᠵᠤ ᠪᠠᠶᠢᠳᠠᠭ᠃ ᠤᠷᠢᠳᠤ ᠲᠡᠮᠡᠭᠡ ᠭᠡᠳᠡᠭ ᠠᠮᠢᠲᠠᠨ ᠪᠠᠶᠢᠭ᠎ᠠ ᠦᠭᠡᠢ᠃ ᠲᠠᠩᠭᠤᠳ ᠤᠨ ᠬᠠᠭᠠᠨ ᠬᠠᠷᠢᠶᠠᠯ ᠬᠢᠬᠦ ᠳᠡᠭᠡᠨ ᠲᠡᠮᠡᠭᠡ ᠶᠢ ᠯᠦᠳ᠋ ᠵᠣᠯᠢᠭ ᠪᠣᠯᠭᠠᠵᠦ ᠠᠯᠠᠱᠠ ᠭᠠᠵᠠᠷ ᠲᠤ ᠶᠠᠪᠤᠭᠤᠯᠤᠭᠰᠠᠨ ᠢ ᠪᠤᠷᠬᠠᠨ ᠪᠠᠭᠰᠢ ᠵᠠᠮ ᠠᠴᠠ ᠨᠢ ᠲᠣᠰᠴᠤ ᠠᠪᠤᠭᠠᠳ᠄ ︽ᠴᠢᠮ᠎ᠠ ᠶᠢ ᠪᠢ ᠭᠠᠷᠤᠯ ᠲᠦᠷᠦᠯ ᠢ ᠨᠢ ᠰᠠᠶᠢᠵᠢᠷᠠᠭᠤᠯᠵᠤ ᠦᠭᠭᠦᠯ᠎ᠡ᠃ ᠣᠳᠤ ᠴᠢ ᠯᠤᠤ ᠶᠢᠨ ᠳᠡᠭᠦᠦ  ᠨᠢ ᠪᠣᠯᠵᠤ᠂ ᠪᠡᠶ᠎ᠡ ᠬᠠ ᠶᠡᠬᠡᠲᠡᠢ ᠴᠢᠳᠠᠯ ᠲᠡᠩᠬᠡᠭᠡ ᠰᠠᠶᠢᠲᠠᠢ ᠪᠠᠷ ᠢᠶᠠᠨ ᠡᠯᠡᠰᠤᠨ ᠪᠠᠯᠠᠷ ᠭᠠᠵᠠᠷ ᠲᠤ ᠶᠠᠪᠤᠬᠤ ᠳᠤ ᠶᠠᠭ ᠲᠤᠬᠢᠷᠠᠬᠤ ᠰᠢᠨᠵᠢ ᠲᠠᠢ ᠠᠮᠢᠲᠠᠨ ᠪᠣᠯᠵᠡᠢ᠃ ᠡᠭᠦᠨ ᠠᠴᠠ ᠬᠤᠶᠢᠰᠢ ᠮᠣᠩᠭᠤᠯ ᠭᠠᠵᠠᠷ ᠲᠤ ᠠᠮᠢᠳᠤᠷᠠᠵᠤ ᠢᠳᠡᠭᠡᠰᠢᠭᠡᠳ ᠬᠦᠮᠦᠨ ᠳᠤ ᠬᠦᠴᠦ ᠴᠢᠳᠠᠯ ᠢᠶᠠᠨ ᠦᠭᠴᠦ ᠠᠴᠢᠶ᠎ᠠ ᠲᠡᠩᠬᠡᠭᠡ ᠶᠢ ᠨᠢ ᠡᠭᠦᠷᠴᠦ ᠶᠠᠪᠤᠪᠠᠯ ᠮᠠᠷᠲᠠᠭᠳᠠᠰᠢ ᠦᠭᠡᠢ ᠠᠮᠢᠲᠠᠨ ᠪᠣᠯᠵᠤ᠂ ᠬᠦᠳᠡᠭᠡ ᠭᠠᠵᠠᠷ ᠤᠨ ᠬᠦᠯᠦᠭ ᠴᠤ ᠪᠣᠯᠵᠤ᠂ ᠴᠢᠮᠡᠭ ᠴᠤ ᠪᠣᠯᠵᠤ ᠶᠠᠪᠤᠬᠤ ᠶᠤᠮ᠃ ᠲᠡᠭᠡᠪᠡᠯ ᠨᠢᠭᠦᠯ ᠠᠯᠳᠠᠰᠢ ᠴᠢᠨᠢ ᠪᠠᠶᠢᠰᠢ ᠦᠭᠡᠢ ᠶᠡᠭᠡ ᠪᠤᠶᠠᠨ ᠢᠶᠠᠷ ᠰᠣᠯᠢᠭᠳᠠᠵᠤ ᠲᠤᠩ ᠶᠡᠭᠡ ᠫᠠᠶ᠋ᠢᠩ ︵ᠪᠤᠶᠠᠨ︶ ᠲᠠᠢ ᠪᠣᠯᠤᠨ᠎ᠠ︕︾ ᠭᠡᠰᠡᠨ ᠳᠤ ᠲᠡᠮᠡᠭᠡ ᠮᠠᠭᠤ ᠲᠦᠷᠦᠯᠭᠡ ᠠᠴᠠ ᠭᠠᠷᠴᠤ ᠰᠠᠶᠢᠨ ᠢᠵᠠᠭᠤᠷ ᠲᠠᠢ ᠠᠮᠢᠲᠠᠨ ᠪᠤᠯᠤᠭᠰᠠᠨ ᠳᠠᠭᠠᠨ ᠪᠠᠶᠠᠷᠯᠠᠵᠤ᠄ ︽ᠵᠠ ᠵᠠᠷᠯᠢᠭ ᠳᠠᠭᠠᠶ᠎ᠠ︾ ᠭᠡᠵᠦ ᠨᠤᠮᠤᠬᠠᠨ ᠬᠦᠯᠢᠶᠡᠭᠡᠳ ᠠᠯᠠᠱᠠ ᠨᠤᠲᠤᠭ ᠲᠤ ᠶᠠᠪᠤᠬᠤ ᠪᠠᠷ ᠪᠣᠯᠪᠠ᠃ ᠢᠩᠬᠢᠵᠦ ᠲᠡᠮᠡᠭᠡ ᠭᠡᠳᠡᠭ ᠠᠮᠢᠲᠠᠨ ᠪᠣᠢ ᠪᠣᠯᠵᠡᠢ᠃ ᠲᠡᠮᠡᠭᠡ ᠪᠤᠷᠬᠠᠨ ᠤ ᠵᠢᠭᠠᠪᠤᠷᠢ ᠵᠠᠬᠢᠶ᠎ᠠ ᠶᠢ ᠶᠣᠰᠤᠴᠢᠯᠠᠨ ᠪᠡᠶᠡᠯᠡᠭᠦᠯᠵᠦ᠂ ᠡᠨᠡ ᠨᠤᠲᠤᠭ ᠲᠤ ᠢᠷᠡᠭᠡᠳ ᠭᠠᠵᠠᠷ ᠤᠰᠤᠨ ᠳᠤᠨᠢ ᠵᠣᠬᠢᠴᠠᠵᠤ ᠦᠨᠢᠷ ᠰᠠᠶᠢᠬᠠᠨ ᠦᠷᠡᠵᠢᠵᠦ ᠦᠰᠦᠭᠡᠳ᠂ ᠮᠣᠩᠭᠤᠯ ᠨᠤᠲᠤᠭ ᠤᠨ ᠴᠢᠮᠡᠭ ᠪᠣᠯᠵᠤ ᠤᠨᠤᠵᠤ ᠡᠳ᠋ᠯᠡᠬᠦ ᠳᠤ ᠬᠠᠭ᠋ᠤᠷ ᠱᠦᠭᠦᠷ᠂ ᠠᠴᠢᠵᠤ ᠬᠤᠮᠨᠠᠬᠤ ᠳᠤ ᠳᠠᠭᠠᠭᠠᠴᠠ ᠰᠠᠶᠢᠲᠠᠢ᠂ ᠡᠯᠡᠰᠦᠨ ᠭᠠᠵᠠᠷ ᠲᠤ ᠴᠢᠳᠠᠮᠠᠭᠠᠢ ᠶᠠᠪᠤᠳᠠᠭ ᠲᠡᠰᠪᠦᠷᠢ ᠳᠠᠭᠠᠭᠠᠮᠵᠢ ᠲᠠᠢ ᠴᠢᠳᠠᠯ ᠲᠡᠩᠬᠡᠭᠡ ᠶᠡᠬᠡᠲᠠᠢ ᠤᠨᠤᠭ᠎ᠠ ᠪᠣᠯᠣᠭᠰᠠᠨ ᠠᠴᠠ ᠮᠣᠩᠭᠤᠯᠴᠤᠳ ᠤᠨ ᠨᠡᠭᠦᠵᠦ ᠰᠠᠭᠤᠳᠠᠭ ᠮᠠᠯᠵᠢᠬᠤ ᠠᠮᠢᠳᠤᠷᠠᠯ ᠤᠨ ᠬᠡᠷᠡᠭᠴᠡᠭᠡ ᠳᠤᠨᠢ ᠰᠠᠯᠵᠤ ᠪᠣᠯᠤᠰᠢ ᠦᠭᠡᠢ ᠬᠠᠨᠢ ᠲᠦᠰᠢᠭ ᠨᠢ ᠪᠣᠯᠵᠤ ᠢᠵᠢᠯᠢᠰᠢᠭᠡᠳ᠂ ᠬᠦᠮᠦᠨ ᠳᠤ ᠲᠤᠰᠠ ᠳᠡᠮ ᠢᠶᠠᠨ ᠬᠦᠷᠭᠡᠵᠦ᠂ ᠦᠨᠢᠷ ᠤᠳᠠᠭᠠᠨ ᠲᠡᠤᠬᠡ ᠲᠠᠢ ᠶᠠᠪᠤᠵᠤ ᠢᠷᠡᠵᠡᠢ᠃ ᠲᠡᠶᠢᠮᠦ ᠳᠡᠭᠡᠨ ᠠᠯᠠᠱᠠ ᠮᠣᠩᠭᠤᠯᠴᠤᠳ ᠲᠡᠮᠡᠭᠡ ᠪᠠᠨ ᠪᠤᠷᠬᠠᠨ ᠪᠠᠭᠰᠢ ᠶᠢᠨ ᠰᠤᠶᠤᠷᠬᠠᠵᠤ ᠬᠠᠶᠢᠷᠠᠯᠠᠭᠰᠠᠨ ᠰᠠᠶᠢᠨ ᠴᠤ ᠤᠨᠤᠭ᠎ᠠ᠂ ᠰᠠᠶᠢᠬᠠᠨ ᠴᠤ ᠠᠮᠢᠲᠠᠨ ᠭᠡᠵᠦ ᠨᠠᠨᠳᠢᠩᠨᠠᠨ ᠬᠠᠶᠢᠷᠠᠯᠠᠳᠠᠭ ᠪᠠᠶᠢᠬᠤ ᠳᠤ ᠲᠡᠮᠡᠭᠡ ᠴᠤ ᠡᠵᠡᠨ ᠳᠡᠭᠡᠨ ᠣᠨᠴᠠ ᠳᠠᠰᠳᠠᠭ ᠤᠶᠠᠨ ᠰᠡᠳᠬᠢᠯ ᠲᠠᠢ ᠠᠮᠢᠲᠠᠨ ᠪᠣᠯᠵᠡᠢ᠃ ᠲᠡᠮᠡᠭᠡ ᠢᠵᠢᠯᠢ ᠠᠴᠠ ᠪᠠᠨ ᠰᠠᠯᠬᠤ᠂ ᠦᠷ᠎ᠡ ᠲᠦᠯ ᠠᠴᠠ ᠪᠠᠨ ᠰᠠᠯᠬᠤ ᠳᠤ ᠨᠢᠳᠤᠨ ᠠᠴᠠ ᠨᠢ ᠲᠤᠮᠤ ᠲᠤᠮᠤ ᠨᠢᠯᠪᠤᠰᠤ ᠳᠤᠰᠤᠯᠵᠤ ᠣᠯᠠᠨ ᠬᠤᠨᠤᠭ ᠭᠤᠩᠭᠢᠨᠠᠵᠤ ᠵᠣᠪᠠᠳᠠᠭ᠃ ᠪᠣᠲᠤᠭᠤ ᠪᠠᠨ ᠭᠤᠯᠤᠭᠰᠠᠨ ᠢᠩᠭᠡᠨ ᠳᠤ ᠳᠠᠭᠤᠤ ᠳᠠᠭᠤᠯᠠᠬᠤ᠂ ᠬᠤᠭᠤᠷ ᠲᠠᠲᠠᠬᠤ ᠳᠤ ᠤᠬᠢᠯᠠᠵᠤ ᠪᠤᠶᠢᠯᠠᠭᠠᠳ ᠠᠪᠳᠠᠭ ᠪᠢᠯᠡ᠃ ᠲᠡᠮᠡᠭᠡ ᠭᠡᠳᠡᠭ ᠨᠤᠲᠤᠭ ᠤᠰᠤᠨ ᠳᠠᠭᠠᠨ ᠴᠤ ᠣᠨᠴᠠ ᠬᠠᠶᠢᠷᠠᠲᠠᠢ ᠪᠠᠶᠢᠳᠠᠭ᠃ ᠶᠠᠮᠠᠷ ᠰᠠᠶᠢᠬᠠᠨ ᠡᠪᠡᠰᠦ ᠤᠰᠤ ᠲᠠᠢ ᠭᠠᠵᠠᠷ ᠲᠤ ᠠᠪᠠᠴᠢᠪᠠᠴᠤ ᠭᠠᠵᠠᠷᠰᠢᠳᠠᠭ ᠦᠭᠡᠢ᠃ ᠦᠬᠦᠨ ᠦᠬᠦᠲᠡᠯ᠎ᠡ ᠵᠠᠪᠠᠯ ᠨᠤᠲᠤᠭ ᠵᠦᠭ ᠢᠶᠠᠨ ᠠᠯᠳᠠᠭᠤᠯᠵᠤ ᠭᠦᠶᠦᠳᠡᠭ ᠡᠶᠢᠮᠦ ᠰᠦᠷᠡᠬᠡᠢ ᠨᠤᠲᠤᠭᠴᠢ ᠠᠮᠢᠲᠠᠨ ᠶᠤᠮ ᠭᠡᠳᠡᠭ᠃ ᠬᠤᠣᠰ ᠪᠦᠬᠦᠲᠦ ᠲᠡᠮᠡᠭᠡ ᠢᠩᠬᠢᠵᠦ ᠠᠯᠠᠱᠠ ᠨᠤᠲᠤᠭ ᠲᠤ ᠦᠰᠴᠦ ᠣᠯᠠᠰᠢᠷᠠᠭᠰᠠᠨ ᠮᠦᠷᠲᠡᠭᠡᠨ ᠠᠯᠠᠱᠠ ᠶᠢᠨ ᠲᠡᠮᠡᠭᠡ ᠶᠢᠨ ᠦᠩᠭᠡ ᠵᠢᠰᠦᠮ ᠰᠠᠶᠢᠲᠠᠢ᠂ ᠮᠦᠨ ᠴᠤ ᠬᠤᠷᠳᠤᠨ ᠲᠡᠮᠡᠭᠡ ᠲᠠᠢ ᠨᠤᠲᠤᠭ ᠪᠣᠯᠵᠤ᠂ ᠲᠡᠮᠡᠭᠡ ︽ᠡᠯᠡᠰᠤᠨ ᠨᠤᠲᠤᠭ ᠤᠨ ᠣᠩᠭᠤᠴᠠ︾ ᠭᠡᠵᠦ ᠠᠯᠳᠠᠷᠰᠢᠵᠤ ᠮᠣᠩᠭᠤᠯᠴᠤᠳ ᠲᠤ ᠡᠭᠡᠯᠢᠲᠡᠢ ᠰᠠᠶᠢᠬᠠᠨ ᠤᠨᠤᠭ᠎ᠠ ᠪᠣᠯᠵᠡᠢ᠃ ᠠᠯᠠᠱᠠ ᠲᠡᠮᠡᠭᠡ ᠣᠷᠤᠰᠢᠨ ᠲᠣᠭᠲᠠᠨᠢᠭ᠎ᠠ ᠪᠠᠶᠢᠭᠠᠯᠢ ᠣᠷᠴᠢᠨ ᠲᠠᠢ ᠪᠠᠨ ᠨᠢᠭᠲᠠ ᠵᠣᠬᠢᠴᠠᠭᠰᠠᠨ ᠨᠢ ᠠᠯᠠᠱᠠ ᠨᠤᠲᠤᠭ ᠤᠨ ᠮᠠᠯᠴᠢᠳ ᠤᠨ ᠠᠵᠤ ᠠᠮᠢᠳᠤᠷᠠᠯ ᠳᠤ ᠲᠤᠯᠬᠤ ᠦᠢᠯᠡᠳᠪᠦᠷᠢᠯᠡᠯ ᠤᠨ ᠬᠦᠴᠦᠨ ᠪᠣᠯᠤᠭᠰᠠᠨ ᠢᠶᠠᠷ ᠦᠯᠦ ᠪᠠᠷᠠᠮ ᠠᠮᠢᠳᠤᠷᠠᠯ ᠤᠨᠳᠤᠷᠤᠯᠭ᠎ᠠ ᠳᠤᠨᠢ ᠲᠤᠰᠠᠯᠠᠬᠤ ᠡᠬᠡ ᠪᠠᠶᠠᠯᠢᠭ ᠢ ᠴᠤ ᠰᠢᠭᠤᠳ ᠬᠠᠩᠭᠠᠵᠤ ᠪᠠᠶᠢᠳᠠᠭ᠃ ︽ᠳᠤᠮᠳᠠᠳᠤ ᠤᠯᠤᠰ ᠤᠨ ᠨᠡᠪᠲᠡᠷᠬᠡᠢ ᠲᠡᠤᠬᠡ︾ ᠶᠢᠨ ᠪᠠᠷᠠᠭᠤᠨ ᠰᠢᠶᠠ ᠤᠯᠤᠰ ︵1032-1227︶ ᠤᠨ ᠳᠣᠲᠤᠷᠠᠬᠢ ᠨᠢᠭᠡ ᠪᠠᠳᠠᠭ ᠲᠤ ︽ᠠᠯᠠᠱᠠ ᠪᠣᠯᠤᠨ ᠡᠵᠡᠨ᠎ᠡ ᠶᠢᠨ ᠲᠡᠮᠡᠭᠡ ᠠᠯᠢ ᠠᠷᠪᠢᠨ︾ ᠭᠡᠵᠦ ᠲᠡᠮᠳᠡᠭᠯᠡᠭᠰᠡᠨ ᠪᠦᠭᠡᠳ ᠬᠠᠳᠠᠨ ᠵᠢᠷᠤᠭ ᠤᠨ ᠨᠤᠲᠤᠭ ᠭᠡᠮᠡᠭᠳᠡᠭᠰᠡᠨ ᠠᠯᠠᠱᠠ ᠶᠢᠨ ᠶᠡᠭᠡ ᠭᠤᠪᠢ ᠳᠤ ᠬᠠᠮᠤᠭ ᠨᠠᠭᠠᠲᠤ ᠵᠠᠬ᠎ᠠ ᠳᠠᠭᠠᠨ 6000 ᠵᠢᠯ ᠤᠨ ᠡᠮᠦᠨ᠎ᠡ᠂ ᠳᠠᠷᠤᠢ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠪᠣᠢ ᠪᠣᠯᠤᠭᠰᠠᠨ ᠬᠠᠳᠠᠨ ᠵᠢᠷᠤᠭ ᠤᠨ ᠳᠤᠲᠤᠷ᠎ᠠ ᠴᠤ ᠲᠡᠮᠡᠭᠡ ᠮᠠᠯᠵᠢᠭᠰᠠᠨ ᠵᠢᠷᠤᠭ ᠤᠳ ᠪᠠᠶᠢᠳᠠᠭ ᠨᠢ ᠮᠦᠨ ᠴᠤ ᠡᠨᠡ ᠨᠤᠲᠤᠭ ᠲᠤ ᠠᠯᠢ ᠡᠷᠲᠡ ᠲᠡᠮᠡᠭᠡ ᠪᠠᠶᠢᠭᠰᠠᠨ ᠪᠦᠭᠡᠳ ᠲᠡᠭᠦᠨ ᠢ ᠮᠠᠯᠵᠢᠵᠤ ᠡᠷᠬᠡᠰᠢᠶᠡᠭᠰᠡᠨ ᠪᠣᠳᠠᠲᠤ ᠭᠡᠷᠡᠴᠢ ᠪᠣᠯᠬᠤ ᠶᠤᠮ᠃ ᠡᠭᠦᠨ ᠤ ᠤᠯᠠᠮ ᠢᠶᠠᠷ ᠦᠷᠦᠨ᠎ᠡ ᠳᠤᠷᠤᠨ᠎ᠠ ᠶᠢ ᠬᠤᠯᠪᠤᠭᠰᠠᠨ ᠠᠯᠳᠠᠷᠲᠤ ᠲᠤᠷᠭᠠᠨ ᠵᠠᠮ ᠴᠤ ᠲᠡᠮᠡᠭᠡᠨ ᠠᠶᠠᠨ ᠤ ᠠᠴᠢ ᠪᠠᠷ ᠨᠡᠪᠲᠡᠷᠡᠭᠰᠡᠨ ᠪᠦᠭᠡᠳ ᠠᠯᠢ ᠣᠯᠠᠨ ᠠᠶᠠᠯᠠᠯ ᠵᠢᠭᠤᠯᠴᠢᠯᠠᠯ᠂ ᠴᠡᠷᠢᠭ ᠳᠠᠶᠢᠨ ᠤ ᠲᠡᠤᠬᠡᠨ ᠬᠡᠷᠡᠭ ᠤᠳ ᠲᠤ ᠲᠡᠮᠡᠭᠡᠨ ᠤ ᠲᠠᠮᠢᠷ ᠴᠢᠳᠠᠯ᠂ ᠲᠡᠰᠪᠦᠷᠢ ᠳᠡᠪᠴᠢᠶᠡᠷᠢ ᠶᠢᠨ ᠬᠢᠵᠠᠭᠠᠷᠯᠠᠰᠢ ᠦᠭᠡᠢ ᠠᠴᠢ ᠲᠤᠰᠠ ᠲᠤᠲᠤᠬᠠᠨ ᠬᠠᠷᠠᠭᠳᠠᠵᠤ ᠪᠠᠶᠢᠳᠠᠭ ᠪᠢᠯᠡ᠃ ᠠᠯᠠᠱᠠ ᠨᠤᠲᠤᠭ ᠤᠨ ᠮᠠᠯᠴᠢᠳ ᠡᠷᠲᠡ ᠳᠡᠭᠡᠲᠤ ᠲᠡᠤᠬᠡ ᠰᠤᠶᠤᠯ ᠢᠶᠠᠨ ᠪᠦᠲᠦᠭᠡᠵᠦ ᠢᠷᠡᠬᠦ ᠳᠡᠭᠡᠨ ᠭᠠᠵᠠᠷ ᠣᠷᠤᠨ ᠤ ᠣᠨᠴᠠᠯᠢᠭ ᠪᠦᠬᠦᠢ ᠦᠪᠡᠷᠮᠢᠴᠡ ᠠᠮᠢᠳᠦᠷᠠᠯ ᠤᠨ ᠵᠠᠩᠰᠢᠯ᠂ ᠮᠠᠯᠵᠢᠯ ᠤᠨ ᠳᠠᠳᠬᠠᠯ ᠢ ᠪᠣᠢ ᠪᠣᠯᠭᠠᠭᠰᠠᠨ ᠪᠠᠶᠢᠳᠠᠭ᠃ ᠡᠭᠦᠨ ᠤ ᠳᠤᠲᠤᠷᠠᠬᠢ ᠨᠢᠭᠡ ᠬᠡᠰᠡᠭ ᠨᠢ ᠬᠡᠯᠡᠯᠭᠡᠨ ᠦᠭᠡᠢ ᠲᠦᠭᠡᠮᠡᠯ ᠣᠷᠤᠰᠢᠭᠰᠠᠨ ᠲᠡᠮᠡᠭᠡ ᠮᠠᠯᠵᠢᠬᠤ ᠵᠠᠩ ᠦᠢᠯᠡ ᠪᠠᠶᠢᠬᠤ ᠤᠴᠢᠷ ᠲᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ︽ᠠᠯᠠᠱᠠ ᠲᠡᠮᠡᠭᠡᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号