ᠨᠤᠳᠤᠭ ᠤᠰᠤ ᠪᠠᠨ ᠬᠦᠭᠵᠢᠬᠦᠯᠵᠦ ᠶᠠᠪᠤᠭ᠎ᠠ ᠤᠶᠤᠳᠠᠨ ᠭᠠᠴᠠᠭᠠᠨ ᠱᠦᠵᠢ
ᠨᠡᠶᠢᠲᠡᠯᠡᠭᠰᠡᠨ ᠴᠠᠭ᠄
2021/10/13
ᠡᠷᠳᠡᠨᠢᠠᠠᠭᠤᠯᠠ ᠨᠠᠷᠠᠨ᠎ᠠ ᠡᠷᠳᠡᠨᠢᠬᠦᠦ          ᠨᠤᠳᠤᠭ ᠤᠰᠤ ᠪᠠᠨ ᠬᠦᠭᠵᠢᠬᠦᠯᠵᠦ ᠶᠠᠪᠤᠭ᠎ᠠ ᠤᠶᠤᠳᠠᠨ ᠭᠠᠴᠠᠭᠠᠨ ᠱᠦᠵᠢ ᠤᠷᠴᠢᠮ ᠳᠤ ᠣᠨᠳᠣᠷᠣᠯᠳᠣ ᠪᠠᠯᠭᠠᠰᠣᠨ ᠤ ᠳᠠᠪᠤᠨᠬᠤᠳᠳᠤᠭ ᠭᠠᠴᠠᠭᠠᠨ ᠤ ᠱᠦᠵᠢ᠂ ᠭᠠᠴᠠᠭᠠᠨ ᠳᠠᠷᠤᠭ᠎ᠠ ᠶᠢᠨ ᠠᠵᠢᠯ ᠢ ᠳᠠᠪᠬᠤᠷ ᠬᠠᠷᠢᠭᠤᠴᠠᠵᠣ ᠶᠠᠪᠣᠭ᠎ᠠ ᠨᠣᠳᠤᠭ ᠲᠠᠭᠠᠨ ᠪᠣᠴᠠᠭᠰᠠᠨ ᠣᠶᠣᠳᠠᠨ ᠵᠠᠯᠠᠭᠤ ᠪᠦᠭᠡᠳᠡ᠂ ᠭᠠᠴᠠᠭᠠᠨ ᠎ ᠤ ᠨᠡᠶᠢᠳᠡ ᠶᠢᠨ ᠪᠡᠯᠴᠢᠬᠡᠷ ᠳᠡᠭᠡᠷ᠎ᠠ ᠨᠣᠳᠤᠭ ᠲᠠᠭᠠᠨ ᠪᠣᠴᠠᠵᠣ ᠢᠷᠡᠭᠰᠡᠨ ᠮᠠᠯᠴᠢᠳ ᠲᠤ ᠮᠠᠯ ᠦᠭᠡᠷ ᠢᠶᠠᠨ ᠳᠡᠵᠢᠭᠡᠵᠣ ᠦᠷᠡᠵᠢᠬᠦᠯᠬᠦ ᠭᠠᠵᠠᠷ ᠭᠠᠷᠭᠠᠵᠣ ᠦᠭᠬᠦ ᠪᠠᠷ ᠡᠳᠦᠷᠵᠢᠨ ᠶᠠᠭᠠᠷᠠᠨ᠎ᠠ᠃ ᠳᠡᠷᠡ ᠰᠤᠷᠭᠠᠭᠤᠯᠢ ᠪᠠᠨ ᠳᠡᠬᠦᠰᠴᠦ ᠨᠤᠳᠤᠭ ᠲᠠᠭᠠᠨ ᠪᠤᠴᠠᠵᠦ ᠢᠷᠡᠭᠰᠡᠨ ᠬᠡᠳᠦᠨ ᠵᠢᠯ ᠤᠨ ᠳᠤᠷᠰᠢ᠂ ᠡᠨᠡ ᠮᠡᠳᠦ ᠪᠠᠷ ᠨᠤᠳᠤᠭ ᠤᠰᠤ ᠪᠠᠨ ᠬᠦᠭᠵᠢᠬᠦᠯᠦᠨ ᠬᠤᠪᠢᠷᠠᠭᠤᠯᠬᠤ ᠪᠠᠷ ᠢᠮᠠᠭᠳᠠ ᠴᠢᠷᠮᠠᠶᠢᠨ ᠵᠢᠳᠬᠦᠵᠦ᠂ ᠤᠯᠠᠨ ᠠᠷᠪᠢᠨ ᠪᠤᠳᠠᠳᠤ ᠶᠠᠪᠤᠳᠠᠯ ᠢ ᠬᠢᠵᠦ ᠪᠡᠶᠡᠯᠡᠬᠦᠯᠦᠬᠡᠳ ᠤᠯᠠᠨ ᠳᠦᠮᠡᠨ ᠤ ᠬᠦᠷᠢᠶᠡᠯᠡᠯ ᠢ ᠤᠯᠵᠤ᠂ ᠮᠠᠯᠴᠢᠳ ᠲᠠᠭᠠᠨ ᠳᠤᠰᠠ ᠲᠠᠢ ᠰᠠᠶᠢᠨ ᠱᠦᠵᠢ ᠬᠡᠵᠦ ᠮᠠᠭᠳᠠᠭᠳᠠᠵᠦ ᠪᠠᠶᠢᠳᠠᠭ ᠪᠢᠯᠡ᠃ ᠨᠣᠳᠤᠭ ᠣᠷᠣᠨ ᠤ ᠢᠶᠠᠨ ᠪᠦᠳᠦᠭᠡᠨ ᠪᠠᠶᠢᠭᠤᠯᠣᠯᠳᠠ᠂ ᠬᠦᠭᠵᠢᠯᠳᠡ ᠶᠢ ᠨᠢᠳᠣ ᠪᠠᠷ ᠢᠶᠠᠨ ᠦᠵᠡᠵᠣ ᠬᠠᠷᠠᠵᠣ ᠳᠣᠭᠤᠯᠵᠣ ᠢᠷᠡᠭᠰᠡᠨ ᠪᠦᠭᠡᠳᠡ ᠳᠤ ᠠᠪᠴᠣ ᠭᠡᠯᠡᠪᠡᠯ ᠨᠣᠳᠤᠭ ᠤᠨ ᠢᠶᠠᠨ ᠳᠣᠬᠠᠢ ᠣᠶᠢᠯᠠᠭᠠᠯᠳᠠ ᠬᠠᠮᠤᠭ ᠬᠦᠨᠵᠡᠭᠡᠢ ᠪᠠᠶᠢᠭᠰᠠᠨ ᠪᠦᠬᠡᠳ ᠰᠤᠷᠤᠭᠰᠠᠨ ᠮᠡᠳᠡᠭᠰᠡᠨ ᠢᠶᠠᠨ ᠨᠤᠳᠤᠭ ᠲᠠᠭᠠᠨ ᠡᠷᠬᠦᠵᠦ ᠶᠠᠪᠤᠬᠤ ᠬᠦᠰᠡᠯ ᠲᠠᠢ ᠪᠠᠶᠢᠵᠡᠢ᠃ ᠳᠡᠶᠢᠨᠬᠦ ᠳᠡᠷᠠ ᠮᠠᠨᠢ 2014 ᠣᠨ ᠳᠤ ᠶᠡᠭᠡ ᠰᠣᠷᠭᠠᠭᠤᠯᠢ ᠪᠠᠨ ᠳᠡᠬᠦᠰᠦᠮᠡᠭᠴᠠ ᠨᠣᠳᠤᠭ ᠲᠠᠭᠠᠨ ᠪᠣᠴᠠᠵᠡᠢ᠃ ᠪᠦᠭᠡᠳᠡ ᠳᠤ ᠬᠦᠯ ᠶᠡᠭᠡᠳᠡᠢ ᠬᠤᠳᠠ ᠶᠢᠨ ᠣᠷᠣᠨ ᠵᠠᠢ ᠳᠤ ᠦᠢᠯᠡᠰ ᠪᠦᠳᠦᠭᠡᠵᠣ ᠡᠷᠳᠡᠮ ᠣᠶᠣᠨ ᠢᠶᠠᠨ ᠰᠣᠷᠢᠵᠣ ᠶᠠᠪᠤᠬᠤ ᠵᠠᠪᠰᠢᠶᠠᠨ ᠪᠠᠶᠢᠭᠰᠠᠨ ᠦᠬᠡᠢ ᠪᠢᠰᠢ᠂ ᠬᠠᠷᠢᠨ ᠬᠦᠳᠡᠭᠡ ᠨᠣᠳᠤᠭ ᠲᠠᠭᠠᠨ ᠪᠣᠴᠠᠵᠣ᠂ ᠨᠣᠳᠤᠭ ᠤᠨ ᠢᠶᠠᠨ ᠪᠦᠳᠦᠭᠡᠨ ᠪᠠᠶᠢᠭᠤᠯᠣᠯᠳᠠ᠂ ᠬᠦᠭᠵᠢᠯᠳᠡ ᠳᠤ ᠪᠠᠭ᠎ᠠ ᠴᠦ ᠭᠡᠰᠡᠨ ᠬᠦᠴᠣ ᠪᠠᠨ ᠡᠷᠬᠦᠬᠦ ᠬᠡᠰᠡᠨ ᠪᠤᠳᠤᠯ ᠨᠢ ᠡᠳᠦᠷ ᠢᠷᠡᠬᠦᠶ᠎ᠠ ᠴᠢᠩᠭᠠᠷᠠᠵᠦ ᠳᠡᠬᠦᠨ ᠢ ᠰᠤᠷᠤᠨᠵᠢᠨ ᠠᠳᠠᠯᠢ ᠳᠠᠳᠠᠵᠦ ᠪᠠᠶᠢᠭᠰᠠᠨ ᠠᠴᠠ ᠬᠠᠷᠢᠵᠦ ᠢᠷᠡᠭᠰᠡᠨ ᠪᠠᠶᠢᠵᠡᠢ᠃ ᠳᠡᠷᠡ ᠮᠠᠨᠢ ᠪᠠᠯᠭᠠᠰᠣᠨ ᠤ ᠪᠠᠨ ᠶᠠᠳᠠᠭᠤ ᠶᠢ ᠳᠡᠳᠬᠦᠬᠦ ᠠᠵᠢᠯ ᠤᠨ ᠪᠠᠶᠢᠷᠢ ᠳᠤ ᠭᠤᠷᠪᠠᠨ ᠵᠢᠯ ᠤᠨ ᠬᠤᠭᠤᠴᠠᠭ᠎ᠠ ᠎ ᠲᠠᠢ ᠠᠵᠢᠯᠯᠠᠭᠰᠠᠨ ᠢᠶᠠᠨ 2017 ᠣᠨ ᠳᠤ ᠣᠨᠳᠣᠷᠣᠯᠳᠣ ᠪᠠᠯᠭᠠᠰᠣᠨ ᠤ ᠰᠠᠶᠢᠬᠠᠨᠳᠠᠯ᠎ᠠ ᠭᠠᠴᠠᠭᠠᠨ ᠳᠤ ᠨᠣᠳᠤᠭ ᠎ ᠲᠠᠭᠠᠨ ᠪᠣᠴᠠᠭᠰᠠᠨ ᠣᠶᠣᠳᠠᠨ ᠢᠶᠠᠷ ᠳᠣᠮᠢᠯᠠᠭᠳᠠᠨ ᠪᠠᠰᠠ ᠨᠢᠭᠡ ᠵᠢᠯ ᠬᠠᠭᠠᠰ ᠤᠨ ᠬᠢᠷᠢᠳᠡᠢ ᠠᠵᠢᠯᠯᠠᠭᠰᠠᠨ ᠪᠠᠶᠢᠵᠡᠢ᠃ ᠪᠦᠭᠡᠳᠡ ᠠᠵᠢᠯ ᠳᠠᠭᠠᠨ ᠬᠢᠨᠠᠮᠠᠭᠠᠢ᠂ ᠳᠠᠭᠠᠭᠠᠵᠣ ᠬᠠᠷᠢᠭᠤᠴᠠᠵᠣ ᠠᠪᠣᠭᠰᠠᠨ ᠠᠵᠢᠯ ᠢᠶᠠᠨ ᠴᠠᠭ ᠲᠤᠨᠢ ᠬᠢᠵᠣ ᠪᠡᠶᠡᠯᠡᠬᠦᠯᠵᠦ ᠶᠠᠪᠣᠳᠠᠭ ᠢᠶᠠᠷ ᠢᠶᠠᠨ ᠤᠯᠠᠨ ᠤ ᠢᠳᠡᠭᠡᠯ ᠨᠠᠶᠢᠳᠠᠪᠣᠷᠢ ᠶᠢ ᠣᠯᠵᠣ ᠶᠠᠪᠣᠵᠡᠢ᠃
ᠮᠠᠯᠴᠢᠨ ᠳᠦᠮᠡᠨ ᠤ ᠢᠶᠠᠨ ᠬᠦᠴᠢᠷᠳᠡᠯ ᠢ ᠰᠢᠢᠳᠪᠦᠷᠢᠯᠡᠨ᠂ ᠤᠯᠠᠨ ᠤ ᠡᠮᠣᠨ᠎ᠡ ᠠᠴᠠ ᠰᠢᠭᠤᠷᠬᠠᠶᠢᠯᠠᠨ ᠵᠢᠳᠬᠦᠬᠦ ᠨᠢ ᠵᠦᠳᠡᠬᠦᠷᠢᠳᠡᠢ ᠠᠳᠠᠯ᠎ᠠ ᠪᠠᠨ ᠬᠦᠨᠳᠦᠳᠭᠡᠯᠳᠡᠢ ᠠᠵᠢᠯ ᠪᠠᠶᠢᠭᠰᠠᠨ᠃ ᠳᠡᠷᠡ 2018 ᠣᠨ ᠤ 8 ᠰᠠᠷ᠎ᠠ ᠳᠤ ᠦᠪᠡᠷ ᠎ ᠤᠨ ᠨᠤᠳᠤᠭ ᠪᠣᠯᠬᠤ ᠳᠠᠪᠤᠨᠬᠤᠳᠳᠤᠭ ᠭᠠᠴᠠᠭᠠᠨ ᠳᠠᠷᠤᠭ᠎ᠠ ᠶᠢᠨ ᠳᠣᠰᠢᠶᠠᠯ ᠢ ᠡᠬᠦᠷᠭᠡᠯᠡᠨ ᠠᠪᠴᠣ᠂ 2021 ᠣᠨ ᠎ ᠤ 1 ᠰᠠᠷ᠎ᠠ ᠳᠤ ᠭᠠᠴᠠᠭᠠᠨ ᠤ ᠨᠠᠮ ᠤᠨ ᠡᠬᠦᠷ ᠤᠨ ᠱᠦᠵᠢ ᠪᠠᠷ ᠰᠣᠩᠭᠤᠭᠳᠠᠨ᠂ ᠭᠠᠴᠠᠭᠠᠨ ᠤ ᠱᠦᠵᠢ᠂ ᠳᠠᠷᠤᠭ᠎ᠠ ᠎ ᠶᠢᠨ ᠠᠵᠢᠯ ᠢ ᠳᠠᠪᠬᠤᠷ ᠬᠠᠷᠢᠭᠤᠴᠠᠵᠣ ᠢᠷᠡᠪᠠ᠃ ᠳᠦᠩᠭᠡᠵᠢ ᠭᠤᠴᠢ ᠭᠠᠷᠣᠭᠰᠠᠨ ᠪᠦᠭᠡᠳᠡ ᠭᠠᠴᠠᠭᠠᠨ ᠤ ᠢᠶᠠᠨ ᠪᠦᠬᠦ ᠠᠵᠢᠯ ᠶᠠᠪᠣᠳᠠᠯ ᠢ ᠬᠤᠶᠠᠷ ᠮᠦᠷᠣᠨ ᠳᠡᠭᠡᠷ᠎ᠠ ᠪᠠᠨ ᠳᠣᠯᠵᠣ᠂ ᠮᠠᠯᠴᠢᠨ ᠳᠦᠮᠡᠨ ᠤ ᠪᠠᠨ ᠪᠠᠶᠠᠵᠢᠯ ᠤᠨ ᠵᠠᠮ ᠎ ᠤᠨ ᠳᠠᠭᠠᠭᠤᠯᠣᠭᠴᠢ ᠨᠢ ᠪᠣᠯᠵᠣ ᠮᠠᠯ ᠠᠵᠣ ᠠᠬᠤᠢ ᠶᠢᠨ ᠬᠦᠭᠵᠢᠯᠳᠡ ᠶᠢ ᠳᠠᠶᠢᠴᠢᠯᠠᠨ᠂ ᠰᠢᠨᠵᠢᠯᠡᠬᠦ ᠣᠬᠠᠭᠠᠨᠴᠢ ᠎ ᠪᠠᠷ ᠮᠠᠯ ᠮᠠᠯᠵᠢᠬᠤ ᠰᠢᠨ᠎ᠡ ᠵᠠᠮ ᠢ ᠡᠷᠢᠯᠬᠢᠯᠡᠨ᠂ ᠠᠷᠭ᠎ᠠ ᠪᠦᠬᠦᠨ ᠢ ᠰᠡᠳᠦᠵᠣ ᠶᠠᠪᠣᠭ᠎ᠠ ᠶᠤᠮ ᠪᠢᠯᠡ᠃
ᠪᠦᠭᠡᠳᠡ ᠭᠠᠴᠠᠭᠠᠨ ᠱᠦᠵᠢ ᠶᠢᠨ ᠠᠵᠢᠯ ᠢ ᠡᠬᠦᠷᠭᠡᠯᠡᠭᠰᠡᠨ ᠠᠴᠠ ᠨᠠᠭᠠᠰᠢ ᠭᠠᠴᠠᠭᠠᠨ ᠤ ᠪᠠᠨ 63 ᠡᠷᠦᠭᠡ ᠳᠤ ᠵᠣᠷᠯᠦᠩ ᠪᠠᠷᠢᠵᠣ ᠵᠠᠰᠠᠬᠤ ᠠᠵᠢᠯ ᠢ ᠬᠢᠵᠣ ᠳᠠᠭᠤᠰᠬᠠᠨ᠂ 25 ᠡᠷᠦᠭᠡ ᠳᠤ ᠴᠠᠬᠢᠯᠭᠠᠨ ᠤ ᠠᠰᠠᠭᠤᠳᠠᠯ ᠢ ᠰᠢᠢᠳᠪᠦᠷᠢᠯᠡᠨ ᠦᠭᠬᠦᠭᠰᠡᠨ ᠢᠶᠠᠷ ᠪᠠᠷᠠᠬᠤ ᠦᠭᠡᠢ ᠮᠠᠯᠴᠢᠳ ᠤᠨ ᠣᠰᠣ ᠳᠣᠳᠠᠭᠳᠠᠵᠣ ᠪᠠᠶᠢᠭᠰᠠᠨ ᠠᠰᠠᠭᠤᠳᠠᠯ ᠳᠤ ᠴᠢᠭᠯᠡᠬᠦᠯᠦᠨ ᠬᠤᠳᠳᠤᠭ ᠮᠠᠯᠳᠠᠨ ᠦᠭᠴᠡᠢ᠃ ᠳᠡᠷᠡ ᠮᠠᠯᠴᠢᠳ ᠲᠤ ᠳᠣᠯᠭᠠᠷᠠᠭᠰᠠᠨ ᠡᠳᠣᠷ ᠳᠣᠳᠣᠮ ᠤᠨ ᠠᠰᠠᠭᠤᠳᠠᠯ᠂ ᠬᠦᠴᠢᠷᠳᠡᠯ ᠢ ᠴᠠᠭ ᠳᠣᠬᠠᠢ ᠳᠤᠨᠢ ᠰᠢᠢᠳᠪᠦᠷᠢᠯᠡᠨ ᠦᠭᠬᠦ ᠪᠠᠷ ᠴᠢᠷᠮᠠᠶᠢᠵᠣ ᠢᠷᠡᠭᠰᠡᠨ ᠪᠠᠶᠢᠳᠠᠭ᠃ ᠪᠣᠰᠣᠳ ᠲᠤ ᠦᠢᠯᠡᠴᠢᠯᠡᠨ᠎ᠡ ᠭᠡᠳᠡᠭ ᠳᠡᠶᠢᠮᠣ ᠴᠦ ᠠᠮᠠᠷ ᠠᠵᠢᠯ ᠪᠢᠰᠢ ᠶᠤᠮ᠂ ᠵᠢᠱᠢᠶᠡᠯᠡᠪᠡᠯ᠂ ᠬᠦᠳᠡᠭᠡ ᠶᠢᠨ ᠬᠦᠮᠣᠰ ᠤᠨ ᠭᠡᠷ ᠲᠡᠭᠡᠨ ᠵᠣᠷᠯᠦᠩ ᠪᠠᠷᠢᠬᠤ ᠳᠤ ᠳᠣᠷ᠎ᠠ ᠦᠬᠡᠶᠢᠴᠡᠵᠦ ᠪᠠᠶᠢᠭ᠎ᠠ ᠪᠠᠶᠢᠳᠠᠯ ᠳᠤ ᠬᠠᠨᠳᠤᠭᠤᠯᠤᠨ᠂ ᠡᠷᠦᠭᠡ ᠪᠦᠷᠢ ᠪᠠᠷ ᠶᠠᠪᠣᠵᠣ ᠵᠣᠷᠯᠦᠩ ᠵᠠᠰᠠᠵᠣ ᠪᠠᠷᠢᠬᠤ ᠠᠵᠢᠯ ᠤᠨ ᠠᠰᠢᠭ ᠲᠠᠢ ᠳᠠᠯ᠎ᠠ ᠶᠢ ᠶᠠᠷᠢᠵᠣ ᠣᠯᠠᠨ ᠳᠠᠯ᠎ᠠ ᠎ ᠠᠴᠠ ᠳᠠᠶᠢᠯᠪᠣᠷᠢᠯᠠᠯᠳᠠ ᠬᠢᠵᠣ᠂ ᠬᠦᠳᠡᠭᠡ ᠶᠢᠨ ᠠᠮᠢᠳᠣᠷᠠᠯ ᠤᠨ ᠨᠦᠬᠦᠴᠡᠯ ᠢ ᠣᠯᠠᠮ ᠨᠢᠭᠡ ᠠᠯᠬᠤᠮ ᠰᠠᠶᠢᠵᠢᠷᠠᠭᠤᠯᠬᠤ ᠪᠠᠷ ᠴᠢᠷᠮᠠᠶᠢᠬᠰᠠᠨ ᠪᠠᠶᠢᠳᠠᠭ᠃ ᠠᠵᠢᠯ ᠤᠨ ᠨᠠᠷᠢᠨ ᠵᠦᠢᠯᠡᠰ ᠢ ᠶᠡᠷᠣ ᠠᠴᠠ ᠣᠮᠳᠣᠭᠠᠶᠢᠯᠠᠳᠠᠭ ᠦᠭᠡᠢ ᠪᠦᠭᠡᠳᠡ ᠮᠠᠯᠴᠢᠳ ᠤᠨ ᠬᠤᠳᠳᠤᠭ ᠮᠠᠯᠳᠠᠬᠤ ᠰᠠᠨᠠᠭᠤᠯᠭ᠎ᠠ ᠶᠢ ᠰᠢᠭᠤᠳ ᠬᠦᠯᠢᠶᠡᠨ ᠠᠪᠴᠣ᠂ ᠭᠠᠴᠠᠭᠠᠨ ᠎ ᠠᠴᠠ ᠬᠤᠷᠠᠯ ᠬᠢᠵᠣ ᠳᠣᠭᠳᠠᠨ᠂ ᠪᠠᠯᠭᠠᠰᠣᠨ ᠳᠤ ᠰᠠᠨᠠᠯ ᠢᠶᠠᠨ ᠳᠡᠪᠰᠢᠬᠦᠯᠣᠨ᠂ ᠴᠢᠨᠠᠭᠰᠢᠯᠠᠨ ᠬᠤᠰᠢᠭᠤᠨ ᠠᠴᠠ ᠳᠦᠷᠦᠯ ᠵᠦᠢᠯ ᠢ ᠵᠦᠪᠰᠢᠶᠡᠷᠡᠬᠦᠯᠦᠨ ᠣᠯᠵᠣ ᠴᠢᠳᠠᠵᠡᠢ᠂ ᠢᠩᠭᠢᠭᠡᠳ ᠭᠠᠴᠠᠭᠠᠨ ᠤ ᠪᠡᠶᠢᠷᠢ ᠳᠡᠭᠡᠷ᠎ᠠ 2019 ᠣᠨ ᠎ ᠳᠤ ᠨᠢᠭᠡ ᠬᠤᠳᠳᠤᠭ ᠮᠠᠯᠳᠠᠵᠣ᠂ 2020 ᠣᠨ ᠳᠤ ᠬᠤᠶᠠᠷ ᠬᠤᠳᠳᠤᠭ ᠮᠠᠯᠳᠠᠵᠣ ᠭᠠᠷᠭᠠᠭᠰᠠᠨ ᠢᠶᠠᠷ ᠬᠦᠮᠦᠨ ᠮᠠᠯ ᠤᠨ ᠤᠤᠭᠤᠬᠤ ᠤᠰᠤᠨ ᠤ ᠠᠰᠠᠭᠤᠳᠠᠯ ᠰᠢᠢᠳᠪᠦᠷᠢᠯᠡᠭᠳᠡᠵᠦ᠂ ᠬᠦᠳᠡᠭᠡ ᠳᠤᠰᠬᠤᠨ ᠤ ᠠᠵᠤ ᠠᠮᠢᠳᠤᠷᠠᠯ ᠤᠨ ᠨᠦᠬᠦᠴᠡᠯ ᠰᠠᠶᠢᠵᠢᠷᠠᠨ ᠦᠩᠭᠡ ᠳᠦᠷᠰᠦ ᠬᠤᠪᠢᠷᠠᠵᠦ ᠡᠬᠢᠯᠡᠵᠡᠢ᠃ ︽ᠬᠦᠳᠡᠭᠡ ᠪᠠᠨ ᠪᠠᠶᠢᠭᠰᠠᠨ ᠭᠡᠷ ᠪᠠᠶᠢᠰᠢᠩ ᠎ ᠢᠶᠠᠨ ᠬᠤᠳᠠᠯᠳᠣᠭᠠᠳ ᠬᠤᠳᠠ ᠣᠷᠣᠭᠰᠠᠨ ᠬᠦᠮᠣᠰ ᠣᠳᠣ ᠬᠦᠳᠡᠭᠡ ᠪᠠᠨ ᠳᠠᠬᠢᠨ ᠬᠠᠷᠢᠵᠣ ᠢᠷᠡᠵᠣ ᠮᠠᠯ ᠠᠬᠤᠢ ᠎ ᠪᠠᠨ ᠠᠷᠠᠴᠢᠯᠠᠵᠣ ᠳᠣᠳᠣᠮᠳᠠᠬᠤ ᠪᠤᠯᠵᠡᠢ᠂ ᠢᠩᠭᠢᠭᠡᠳ ᠪᠢᠳᠠ ᠡᠨᠡᠬᠦ ᠪᠠᠶᠢᠳᠠᠯ ᠳᠤ ᠴᠢᠭᠯᠡᠬᠦᠯᠣᠨ ᠭᠠᠴᠠᠭᠠᠨ ᠤ ᠪᠠᠨ ᠨᠣᠳᠤᠭ ᠪᠡᠯᠴᠢᠭᠡᠷ ᠳᠡᠭᠡᠷ᠎ᠠ ᠮᠠᠯ ᠦᠭᠡᠷ ᠢ ᠳᠡᠵᠢᠭᠡᠨ ᠦᠷᠡᠵᠢᠬᠦᠯᠬᠦ ᠳᠣᠰᠬᠠᠢ ᠭᠠᠵᠠᠷ ᠭᠠᠷᠭᠠᠨ ᠦᠭᠬᠦ ᠪᠠᠷ ᠴᠢᠷᠮᠠᠶᠢᠵᠣ ᠪᠣᠢ᠂ ᠬᠤᠳᠠ ᠠᠴᠠ ᠬᠠᠷᠢᠵᠣ ᠢᠷᠡᠭᠰᠡᠨ ᠭᠠᠴᠠᠭᠠᠨ ᠤ ᠬᠦᠮᠦᠰ ᠡ᠊ᠨᠳᠡ ᠪᠠᠨ ᠰᠠᠭᠤᠭᠠᠳ ᠮᠠᠯ ᠢᠶᠠᠨ ᠮᠠᠯᠯᠠᠵᠣ ᠪᠣᠯᠣᠨ᠎ᠠ︾ ᠭᠡᠵᠣ ᠪᠦᠭᠡᠳᠡ ᠶᠠᠷᠢᠨ᠎ᠠ᠃
ᠪᠦᠭᠡᠳᠡ ᠶᠢᠨ ᠠᠷᠠᠳ ᠣᠯᠠᠨ ᠳᠠᠭᠠᠨ ᠢᠯᠡᠬᠦᠣ ᠠᠵᠢᠯ ᠬᠢᠵᠣ ᠦᠭᠬᠦᠶ᠎ᠡ ᠭᠡᠰᠡᠨ ᠴᠢᠷᠮᠠᠶᠢᠯᠭ᠎ᠠ ᠵᠢᠳᠬᠦᠯ ᠨᠢ ᠠᠵᠢᠯ ᠎ ᠤᠨ ᠬᠢᠨᠢ ᠨᠠᠷᠢᠨ ᠵᠦᠢᠯᠡᠰ ᠲᠤ ᠳᠣᠳᠣ ᠬᠠᠷᠠᠭᠳᠠᠨ᠎ᠠ᠃ ᠵᠠᠯᠠᠭᠤ ᠨᠢᠭᠡ ᠦᠶ᠎ᠡ ᠶᠢᠨ ᠬᠢᠨ ᠳᠡᠭᠡᠨ ᠳᠠᠭᠤᠷᠢᠶᠠᠯ ᠪᠤᠯᠵᠤ ᠶᠠᠪᠣᠭ᠎ᠠ ᠳᠡᠷᠠ ᠮᠠᠨᠢ ᠨᠣᠳᠤᠭ ᠣᠷᠣᠨ ᠤ ᠢᠶᠠᠨ ᠮᠠᠨᠳᠤᠯ ᠬᠦᠭᠵᠢᠯ ᠳᠤ ᠢᠳᠡᠭᠡᠯ ᠳᠦᠬᠦᠷᠡᠩ ᠶᠠᠭᠠᠷᠠᠯᠳᠠᠶᠢᠬᠠᠨ ᠠᠵᠢᠯᠯᠠᠨᠠᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号