ᠬᠤᠺ ᠤᠨ ᠵᠡᠮ
ᠨᠡᠶᠢᠲᠡᠯᠡᠭᠰᠡᠨ ᠴᠠᠭ᠄
2021/10/13
    ᠬᠤᠺ ᠤᠨ ᠬᠡᠭᠡᠷᠯᠡᠨ ᠠᠶᠠᠯᠠᠬᠤ ᠴᠡᠴᠡᠷᠯᠢᠭ ᠨᠢ ᠠᠯᠠᠱᠠ ᠠᠭᠤᠯᠡᠨ ᠳᠤ ᠪᠠᠶᠢᠷᠢᠯᠠᠵᠤ᠂ 100 ᠲᠡᠭᠰᠢ ᠳᠥᠷᠪᠡᠯᠵᠢᠨ ᠺᠢᠯᠣᠮᠧᠲᠷ ᠭᠠᠵᠠᠷ ᠡᠵᠡᠯᠡᠵᠦ ᠪᠠᠶᠢᠳᠠᠭ᠃ ᠠᠳᠡ ᠬᠠᠨ ᠣᠯᠣᠰ ᠤᠨ ᠣᠷᠳᠣ ᠴᠠᠭᠠᠨ ᠬᠡᠷᠡᠮ᠂ ᠮᠢᠩ ᠤᠯᠤᠰ ᠤᠨ ᠣᠷᠳᠣ ᠴᠠᠭᠠᠨ ᠬᠡᠷᠡᠮ᠂ ᠴᠣᠨᠵᠢ ᠶᠢᠨ ᠪᠠᠭᠤᠷᠢ ᠪᠠᠶᠢᠵᠤ᠂ ᠮᠦᠨ ᠮᠠᠰᠢ ᠣᠯᠠᠨ ᠺᠢᠨᠣ᠋ ᠰᠡᠭᠦᠳᠡᠷᠯᠡᠯᠭᠡ ᠶᠢᠨ ᠦᠵᠡᠮᠵᠢ ᠰᠣᠩᠭᠤᠬᠤ ᠭᠠᠵᠠᠷ ᠪᠣᠯᠵᠣ  ᠂ ᠤᠯᠤᠰ ᠤᠨ ᠳᠣᠲᠣᠭᠠᠳᠤ ᠶᠢᠨ ᠬᠠᠮᠤᠭ ᠠᠩᠬᠠᠨ ᠤ ᠲᠦᠷᠪᠡᠨ ᠬᠦᠳᠡᠯᠭᠡᠭᠦᠷ ᠲᠡᠷᠭᠡ ᠪᠠᠷ ᠬᠠᠳᠠ ᠠᠪᠠᠷᠢᠬᠤ᠂ ᠠᠯᠬᠤᠬᠤ᠂ ᠭᠦᠶᠦᠬᠦ᠂ ᠬᠡᠭᠡᠷᠡᠯᠡᠨ ᠪᠠᠭᠤᠳᠠᠯᠯᠠᠬᠤ᠂ ᠲᠡᠷᠭᠡ ᠣᠨᠤᠭ᠎ᠠ ᠪᠠᠷ ᠠᠶᠠᠯᠠᠬᠤ ᠵᠡᠷᠭᠡ ᠣᠯᠠᠨ ᠵᠦᠶᠯ ᠤᠨ ᠬᠡᠭᠡᠷᠡᠯᠠᠨ ᠵᠣᠭᠠᠴᠠᠬᠤ ᠲᠠᠮᠢᠷ ᠤᠨ ᠬᠥᠳᠡᠯᠭᠡᠭᠡᠨ ᠢ ᠨᠢᠭᠡ ᠴᠤᠭᠴᠠᠵᠢᠭᠤᠯᠤᠭᠰᠠᠨ ᠬᠡᠭᠡᠷᠡᠯᠡᠨ ᠠᠶᠠᠯᠠᠬᠤ ᠴᠡᠴᠡᠷᠯᠢᠭ ᠪᠣᠯᠤᠨ᠎ᠠ᠃     ᠣᠲᠣ ᠠᠮᠧᠷᠢᠺᠠ ᠶᠢᠨ RubiconTrail ︵ᠯᠤ᠋ ᠺᠧ ᠺᠧᠨ ᠵᠥᠷᠢᠭ ᠵᠠᠮ︶᠂ Moab ︵ᠮᠥᠸᠧ ᠶᠠ︶ ᠎ ᠲᠠᠢ ᠬᠠᠮᠲᠤ ᠪᠠᠷ ᠪᠥᠬᠦ ᠪᠥᠮᠪᠥᠷᠴᠡᠭ ᠤᠨ ᠬᠡᠭᠡᠷᠡᠯᠡᠨ ᠠᠶᠠᠯᠠᠬᠤ ᠭᠤᠷᠪᠠᠨ ᠶᠡᠭᠡ ᠠᠷᠢᠭᠤᠨ ᠣᠷᠣᠨ ᠪᠣᠯᠵᠣ ᠨᠡᠷᠡᠯᠡᠭᠳᠡᠨ᠂ ᠪᠥᠬᠦ ᠪᠥᠮᠪᠥᠷᠴᠡᠭ ᠤᠨ ᠬᠡᠭᠡᠷᠡᠯᠡᠨ ᠠᠶᠠᠯᠠᠬᠤ ᠪᠠᠭ᠋ᠠᠷᠬᠠᠯ ᠲᠠᠢ ᠬᠥᠮᠦᠰ ᠤᠨ ᠠᠩᠬᠠᠷᠤᠯ ᠢ ᠲᠠᠲᠠᠵᠤ ᠪᠣᠶ᠃ ᠬᠤᠺ ᠤᠨ ᠬᠡᠭᠡᠷᠯᠡᠨ ᠠᠶᠠᠯᠠᠬᠤ ᠬᠥᠳᠡᠯᠭᠡᠭᠡᠨ ᠣᠲᠣ ᠨᠢᠭᠡᠨᠲᠡ ᠪᠠᠷᠳᠠᠭᠠᠲᠣ ᠬᠡᠮᠵᠢᠶ᠎ᠡ ᠪᠠᠷ ᠠᠳᠠᠯᠢ ᠪᠤᠰᠤ 51 ᠮᠠᠰᠢᠨ ᠲᠡᠷᠭᠡᠨ ᠤ ᠬᠠᠳᠠ ᠠᠪᠠᠷᠢᠬᠤ / ᠬᠡᠭᠡᠷ᠎ᠡ ᠶᠢᠨ ᠱᠤᠭᠤᠮ᠂ 8 ᠠᠭᠤᠯᠠᠨ ᠭᠠᠵᠠᠷ ᠤᠨ ᠳᠤᠭᠤᠶ ᠲᠡᠷᠭᠡᠨ ᠤ ᠱᠤᠭᠤᠮ᠂ 8 ᠬᠡᠭᠡᠷ᠎ᠡ ᠶᠢᠨ ᠮᠣᠲ᠋ᠣᠷ ᠲᠡᠷᠭᠡᠨ ᠤ UTV/ATV ᠱᠤᠭᠤᠮ᠂ 7 ᠠᠯᠬᠤᠬᠤ ᠵᠠᠮ ᠱᠤᠭᠤᠮ᠂ 4 ᠭᠦᠶᠦᠬᠦ ᠱᠤᠭᠤᠮ᠂ 6 ᠠᠭᠤᠯᠠ ᠠᠪᠠᠷᠢᠬᠤ ᠱᠤᠭᠤᠮ᠂ 7 ᠬᠡᠭᠡᠷᠡᠯᠡᠨ ᠪᠠᠭᠤᠳᠠᠯᠯᠠᠬᠤ ᠭᠠᠵᠠᠷ᠂ 3 ᠡᠭᠴᠡ ᠦᠨᠳᠣᠷ ᠎ ᠠᠴᠠ ᠪᠠᠭᠤᠬᠤ ᠳᠤᠭᠤᠶ ᠲᠡᠷᠭᠡᠨ ᠤ ᠱᠤᠭᠤᠮ ᠢ  ᠭᠠᠷᠭᠠᠵᠠᠶ᠃
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号