ᠦᠢᠯᠡᠰ ᠤᠨ ᠡᠷᠢᠯ ᠤᠨ ᠠᠮᠵᠢᠯᠳᠠ ᠬᠦᠷᠬᠦ ᠵᠠᠢ ᠳᠤ
ᠨᠡᠶᠢᠲᠡᠯᠡᠭᠰᠡᠨ ᠴᠠᠭ᠄
2021/10/15
ᠡᠷᠳᠡᠨᠢᠠᠠᠭᠤᠯᠠ ᠨᠠᠷᠠᠨ᠎ᠠ ᠡᠷᠳᠡᠨᠢᠬᠦᠦ               ᠦᠢᠯᠡᠰ ᠤᠨ ᠡᠷᠢᠯ ᠤᠨ ᠠᠮᠵᠢᠯᠳᠠ ᠬᠦᠷᠬᠦ ᠵᠠᠢ ᠳᠤ ᠠᠯᠠᠱᠠ ᠵᠡᠬᠦᠨ ᠬᠤᠰᠢᠭᠤᠨ ᠤ ᠴᠣᠭᠳᠣᠬᠦ᠋ᠷᠢᠶ᠎ᠡ ᠰᠣᠮᠣᠨ ᠤ ᠣᠯᠠᠭᠠᠨᠴᠣᠨᠵᠢ ᠭᠠᠴᠠᠭᠠᠨ ᠳᠤ ᠨᠤᠳᠤᠭ ᠲᠠᠢ ᠬᠦᠳᠡᠷᠯᠢᠭ ᠦᠨᠳᠦᠷᠬᠡᠨ ᠪᠡᠶ᠎ᠡ ᠲᠠᠢ ᠵᠠᠯᠠᠭᠤ ᠬᠤᠳᠳᠤᠭ ᠳᠡᠬᠡᠷ᠎ᠠ ᠳᠡᠮᠡᠭᠡ ᠤᠰᠤᠯᠠᠨ᠂ ᠳᠡᠮᠡᠬᠡᠨ ᠤ ᠦᠳᠦ ᠬᠤᠷᠤᠬᠠᠢ ᠠᠷᠢᠯᠭᠠᠨ ᠶᠠᠭᠠᠷᠠᠨ᠎ᠠ᠃ ᠡᠨᠡ ᠵᠠᠯᠠᠭᠤ ᠶᠢ ᠠᠯᠳᠠᠨᠴᠣᠭᠳᠣ ᠭᠡᠳᠡᠭ᠃ ᠶᠡᠭᠡ ᠰᠤᠷᠭᠠᠭᠤᠯᠢ ᠪᠠᠨ ᠳᠡᠬᠦᠰᠬᠡᠬᠡᠳ ᠬᠡᠳᠦᠨ ᠵᠢᠯ ᠭᠠᠳᠠᠭᠰᠢ ᠶᠠᠪᠤᠵᠤ ᠦᠢᠯᠡᠰ ᠪᠦᠳᠦᠬᠡᠬᠦ ᠬᠡᠵᠦ ᠤᠷᠤᠯᠳᠤᠭᠠᠳ ᠨᠢᠳᠤᠨᠤᠨ ᠬᠠᠷᠢᠵᠦ ᠢᠷᠡᠨ᠂ ᠤᠯᠠᠮᠵᠢᠯᠠᠯᠳᠤ ᠰᠤᠶᠤᠯ ᠢᠶᠠᠨ ᠦᠪᠯᠡᠵᠦ᠂ ᠨᠤᠳᠤᠭ ᠤᠨ ᠪᠤᠶᠠᠨ ᠢᠶᠠᠨ ᠲᠦᠰᠢᠨ᠂ ᠦᠪᠡᠷ ᠤᠨ ᠠᠳᠠᠯ ᠦᠢᠯᠡᠰ ᠢᠶᠠᠨ ᠪᠦᠳᠦᠬᠡᠶ᠎ᠠ ᠬᠡᠵᠦ ᠴᠢᠷᠮᠠᠶᠢᠵᠤ ᠪᠠᠶᠢᠭ᠎ᠠ ᠶᠤᠮ᠃ ᠳᠡᠬᠦᠨ ᠤ ᠦᠢᠯᠡᠰ ᠤᠨ ᠡᠷᠢᠯ ᠤᠨ ᠠᠮᠵᠢᠯᠳᠠ ᠳᠤ ᠬᠦᠷᠬᠦ ᠵᠠᠢ ᠳᠤ ᠤᠯᠠᠨ ᠤᠯᠠᠨ ᠦᠯᠢᠬᠡᠷ ᠲᠠᠢ᠃
ᠤᠶᠤᠳᠠᠳ ᠶᠡᠭᠡ ᠰᠤᠷᠭᠠᠭᠤᠯᠢ ᠪᠠᠨ ᠳᠡᠬᠦᠰᠬᠡᠮᠡᠭᠴᠨ ᠨᠡᠶᠢᠬᠡᠮ ᠳᠡᠭᠡᠷ᠎ᠠ ᠭᠠᠷᠴᠦ ᠠᠵᠢᠯ ᠠᠮᠢᠳᠤᠷᠠᠯ ᠤᠨ ᠰᠢᠨ᠎ᠠ ᠠᠶᠠᠨ ᠢᠶᠠᠨ ᠡᠬᠢᠯᠡᠬᠦᠯᠦᠨ᠎ᠠ᠃ ᠡᠬᠦᠨ ᠤ ᠳᠤᠮᠳᠠ ᠤᠯᠵᠤ ᠠᠯᠳᠠᠬᠤ᠂ ᠠᠮᠵᠢᠯᠳᠠ ᠢᠯᠠᠭᠳᠠᠯ᠂ ᠪᠠᠶᠠᠷ ᠭᠤᠨᠢᠭ ᠤᠯᠠᠨ ᠤᠴᠢᠷ ᠳᠤᠬᠢᠶᠠᠯᠳᠤᠵᠤ᠂ ᠠᠮᠢᠳᠤᠷᠠᠯ ᠤᠨ ᠵᠠᠮ ᠤᠨ ᠰᠤᠩᠭᠤᠯᠳᠠ᠂ ᠦᠢᠯᠡᠰ ᠪᠦᠳᠦᠬᠡᠬᠦ ᠶᠢᠨ ᠳᠠᠰᠪᠦᠷᠢ ᠬᠠᠳᠠᠭᠤᠵᠢᠯ᠂ ᠵᠤᠷᠢᠭ ᠤᠬᠠᠭᠠᠨ ᠤ ᠰᠢᠯᠭᠠᠯᠳᠠ ᠶᠢ ᠬᠦᠯᠢᠶᠠᠨ᠎ᠠ᠃ ᠠᠯᠳᠠᠨᠴᠣᠭᠳᠣ ᠴᠦ ᠭᠡᠰᠡᠨ ᠡᠳᠡᠭᠡᠷ ᠪᠦᠬᠦᠨ ᠠᠳᠠᠯᠢᠬᠠᠨ ᠳᠤᠬᠢᠶᠠᠯᠳᠤᠵᠤ ᠪᠠᠶᠢᠯ᠎ᠠ᠂ ᠳᠡᠷᠡᠪᠡᠷ 2013 ᠣᠨ ᠳᠤ ᠶᠡᠭᠡ ᠰᠣᠷᠭᠠᠭᠤᠯᠢ ᠶᠢᠨ ᠳᠠᠳᠣᠯᠭ᠎ᠠ ᠶᠢᠨ ᠬᠤᠭᠤᠴᠠᠭᠠᠨ ᠠᠴᠠ ᠪᠠᠨ ᠦᠪᠦᠷ ᠮᠣᠩᠭᠤᠯ ᠤᠨ ᠬᠠᠰᠠᠷ ᠰᠣᠶᠣᠯ ᠵᠠᠭᠤᠴᠢᠯᠠᠭᠤᠷ ᠤᠨ ᠺᠣᠮᠫᠠᠨᠢ ᠳᠤ ᠣᠴᠢᠨ ᠠᠵᠢᠯᠯᠠᠵᠣ᠂ ᠪᠠᠷᠤᠭ ᠭᠤᠷᠪᠠ ᠳᠦᠷᠪᠡᠨ ᠵᠢᠯ ᠠᠵᠢᠯᠯᠠᠭᠰᠠᠨ ᠤ ᠳᠠᠷᠠᠭ᠎ᠠ ᠪᠠᠷ ᠬᠦᠭᠡᠬᠤᠳᠠ ᠳᠤ ᠪᠡᠶ᠎ᠡ ᠴᠢᠬᠢᠷᠠᠭᠵᠢᠭᠤᠯᠬᠤ ᠭᠠᠵᠠᠷ ᠢ ᠳᠠᠭᠠᠭᠠᠴᠢᠯᠠᠨ ᠠᠪᠴᠣ᠂ ᠦᠪᠡᠷ ᠢᠶᠠᠨ ᠭᠠᠷᠳᠠᠵᠣ ᠡᠵᠡᠩᠨᠡᠭᠰᠡᠨ ᠪᠠᠶᠢᠵᠡᠢ᠃ ᠳᠡᠷᠡᠪᠡᠷ ᠪᠡᠶ᠎ᠡ ᠴᠢᠬᠢᠷᠠᠭᠵᠢᠭᠤᠯᠬᠤ ᠭᠠᠵᠠᠷ ᠢᠶᠠᠨ ᠡᠷᠬᠢᠯᠡᠭᠡᠳ ᠳᠦᠩᠭᠡᠵᠢ ᠨᠢᠭᠡ ᠵᠢᠯ ᠭᠠᠷᠣᠭᠠᠳ ᠯᠠ ᠡᠬᠦᠳᠡ ᠪᠠᠨ ᠬᠠᠭᠠᠵᠡᠢ᠂ ᠳᠠᠶᠢᠨᠬᠦ ᠠᠯᠳᠠᠨᠴᠣᠭᠳᠣ ᠵᠣᠷᠢᠭ ᠮᠣᠬᠤᠭᠰᠠᠨ ᠦᠭᠡᠢ᠃ ᠵᠠᠪᠠᠯ ᠨᠢᠭᠡ ᠦᠪᠡᠷ ᠤᠨ ᠢᠶᠠᠨ ᠭᠡᠰᠡᠨ ᠣᠶᠢᠯᠡᠰ ᠲᠠᠢ ᠪᠣᠯᠬᠤ ᠪᠠᠷ ᠴᠢᠷᠮᠠᠶᠢᠵᠣ ᠪᠠᠶᠢᠭᠰᠠᠨ᠂ ᠳᠡᠶᠢᠨᠬᠦ ᠳᠡᠷᠡ ᠰᠧᠴᠣᠸᠠᠨ ᠳᠤ ᠬᠦᠷᠴᠣ ᠵᠣᠭᠤᠰ ᠣᠷᠣᠭᠤᠯᠵᠣ ᠪᠠᠰᠠ ᠪᠡᠶ᠎ᠡ ᠴᠢᠬᠢᠷᠠᠭᠵᠢᠭᠤᠯᠬᠤ ᠭᠠᠵᠠᠷ ᠭᠠᠷᠭᠠᠨ᠂ ᠡᠬᠦᠨ ᠢᠶᠠᠷ ᠢᠶᠠᠨ ᠴᠠᠭᠠᠰᠢ ᠪᠠᠰᠠ ᠨᠢᠭᠡᠨ ᠳᠡᠯᠭᠡᠬᠦᠷ ᠨᠡᠭᠡᠭᠡᠭᠰᠡᠨ ᠪᠠᠶᠢᠵᠡᠢ᠃ ᠠᠯᠳᠠᠨᠴᠣᠭᠳᠣ ᠰᠧᠴᠣᠸᠠᠨ ᠳᠤ ᠬᠤᠶᠠᠷ ᠳᠡᠯᠭᠡᠬᠦᠷ ᠨᠡᠭᠡᠭᠡᠬᠦ ᠠᠴᠠ ᠪᠠᠨ ᠡᠮᠣᠨ᠎ᠡ ᠵᠠᠬ᠎ᠠ ᠳᠡᠯᠬᠡᠬᠦᠷ ᠤᠨ ᠪᠠᠶᠢᠴᠠᠭᠠᠯᠳᠠ ᠬᠢᠬᠦ ᠨᠢ ᠳᠤᠳᠠᠭᠤᠳᠠᠵᠦ ᠭᠠᠵᠠᠷ ᠣᠷᠣᠨ ᠤ ᠨᠠᠷᠢᠨ ᠪᠠᠶᠢᠳᠠᠯ ᠳᠤ ᠣᠶᠢᠯᠠᠭᠠᠯᠳᠠ ᠮᠠᠭᠤ ᠪᠣᠯᠣᠭᠰᠠᠨ ᠠᠴᠠ ᠣᠳᠠᠯ ᠦᠭᠡᠢ ᠪᠠᠷ ᠬᠤᠶᠠᠷ ᠳᠡᠯᠭᠡᠬᠦᠷ ᠢᠶᠠᠨ ᠪᠦᠬᠦᠨ ᠢ ᠬᠠᠭᠠᠭᠰᠠᠨ ᠪᠠᠶᠢᠯ᠎ᠠ᠃ ᠳᠡᠷᠡ ᠮᠠᠨᠢ ᠳᠠᠷᠠᠭ᠎ᠠ ᠪᠠᠷ ᠨᠢ ᠨᠠᠶᠢᠵᠠ ᠶᠢᠨ ᠎ ᠢᠶᠠᠨ ᠳᠠᠨᠢᠯᠴᠠᠭᠤᠯᠭ᠎ᠠ ᠪᠠᠷ ᠮᠣᠩᠭᠤᠯ ᠣᠯᠣᠰ ᠲᠤ ᠬᠦᠷᠴᠣ ᠬᠠᠭᠠᠰ ᠵᠢᠯ ᠤᠨ ᠬᠤᠭᠤᠴᠠᠭᠠᠨ ᠳᠤ ᠺᠣᠮᠫᠠᠨᠢ ᠶᠢᠨ ᠵᠢᠯᠣᠭᠤᠴᠢ ᠶᠢᠨ ᠠᠵᠢᠯ ᠢ ᠬᠢᠵᠣ ᠪᠠᠶᠢᠭᠰᠠᠨ᠂ ᠢᠩᠭᠢᠭᠡᠳ ᠬᠢᠵᠢᠭ ᠠᠴᠠ ᠪᠣᠯᠵᠣ ᠨᠣᠳᠤᠭ ᠲᠠᠭᠠᠨ ᠨᠢᠭᠡᠮᠣᠰᠣᠨ ᠬᠠᠷᠢᠵᠣ ᠮᠠᠯ ᠠᠬᠤᠢ ᠳᠠᠭᠠᠨ ᠰᠢᠮᠳᠠᠬᠤ ᠪᠣᠯᠣᠭᠰᠠᠨ ᠨᠢ ᠡᠨᠡ ᠶᠣᠮᠰᠠᠨ᠃
ᠭᠡᠨ ᠬᠦᠮᠣᠨ ᠴᠦ ᠭᠡᠰᠡᠨ ᠠᠮᠢᠳᠣᠷᠠᠯ ᠳᠠᠭᠠᠨ ᠭᠡᠳᠣᠨ ᠣᠳᠠᠭ᠎ᠠ ᠪᠣᠷᠣᠭᠤ ᠠᠯᠬᠤᠮ ᠶᠠᠪᠣᠨ ᠭᠡᠴᠢᠨᠡᠨ ᠰᠠᠶᠢᠬᠠᠨ ᠪᠣᠯᠣᠮᠵᠢ ᠶᠢ ᠠᠯᠳᠠᠵᠣ ᠦᠩᠭᠡᠷᠡᠬᠦᠯᠳᠡᠭ᠂ ᠮᠦᠨᠬᠦ ᠬᠠᠷᠠᠮᠰᠠᠬᠤ ᠵᠦᠢᠯ ᠭᠡᠨ ᠳᠤ ᠴᠦ ᠪᠢᠰᠢᠬᠦᠢ ᠯᠠ ᠳᠣᠬᠢᠶᠠᠯᠳᠣᠬᠤ ᠶᠤᠮ ᠳ᠋ᠠ᠃ ︽ᠭᠡᠷᠪᠡ ᠪᠢ ᠰᠣᠷᠭᠠᠭᠤᠯᠢ ᠪᠠᠨ ᠳᠡᠬᠦᠰᠦᠮᠡᠭᠴᠡ ᠨᠣᠳᠤᠭ ᠲᠠᠭᠠᠨ ᠬᠠᠷᠢᠵᠣ ᠮᠠᠯ ᠠᠬᠤᠢ ᠪᠠᠨ ᠳᠣᠳᠣᠮᠳᠠᠭᠰᠠᠨ ᠪᠣᠯ ᠨᠡᠩ ᠠᠷᠪᠢᠨ ᠵᠦᠢᠯ ᠤᠳ ᠢ ᠬᠢᠭᠰᠡᠨ ᠪᠠᠶᠢᠬ᠎ᠠ︾ ᠭᠡᠵᠣ ᠠᠯᠳᠠᠨᠴᠣᠭᠳᠣ ᠶᠠᠷᠢᠨ᠎ᠠ᠃ ᠦᠩᠭᠡᠷᠡᠭᠰᠡᠨ ᠶᠠᠪᠣᠳᠠᠯ ᠤᠨ ᠬᠤᠶᠢᠨ᠎ᠡ ᠠᠴᠠ ᠬᠠᠷᠠᠮᠰᠠᠬᠤ ᠨᠢ ᠠᠰᠬᠠᠷᠠᠭᠰᠠᠨ ᠰᠦᠨ ᠤ ᠠᠷᠣ ᠠᠴᠠ ᠬᠠᠷᠠᠭᠤᠰᠬᠤ ᠎ ᠲᠠᠢ ᠠᠳᠠᠯᠢ ᠠᠰᠢᠭ ᠦᠭᠡᠢ ᠵᠦᠢᠯ ᠶᠤᠮ᠃ ᠳᠡᠬᠦᠨ ᠳᠤ ᠬᠠᠷᠠᠮᠰᠠᠯ ᠠᠴᠠ ᠪᠠᠨ ᠣᠬᠠᠭᠠᠷᠠᠯ ᠳᠦᠷᠦᠭᠰᠡᠨ ᠶᠤᠮ ᠪᠠᠶᠢᠵᠡᠢ᠃
ᠬᠦᠳᠡᠭᠡ ᠨᠣᠳᠤᠭ ᠤᠨ ᠠᠮᠢᠳᠣᠷᠠᠯ ᠬᠤᠳᠠ ᠠᠴᠠ ᠳᠣᠳᠠᠭᠤ ᠦᠭᠡᠢ ᠰᠠᠶᠢᠬᠠᠨ ᠪᠣᠯᠵᠣ᠂ ᠮᠠᠯᠵᠢᠯ ᠤᠨ ᠵᠠᠮ ᠠᠭᠤᠵᠢᠮ ᠳᠠᠷᠳᠠᠩ ᠰᠣᠨᠣᠯᠵᠠᠨ᠎ᠠ᠃ ︽ᠪᠠᠭ᠎ᠠ ᠪᠠᠶᠢᠬᠤ ᠳᠤ ᠡᠭᠡᠴᠢ ᠲᠠᠢ ᠪᠠᠨ ᠬᠤᠶᠠᠭᠤᠯᠠ ᠡᠭᠡᠯᠵᠢ ᠪᠠᠷ ᠬᠤᠨᠢ ᠎ ᠪᠠᠨ ᠬᠠᠷᠢᠭᠤᠯᠣᠨ᠂ ᠢᠰᠢᠭᠡ ᠬᠤᠷᠠᠭ᠎ᠠ ᠪᠠᠨ ᠣᠭᠤᠳᠠ ᠣᠭᠤᠳᠠ ᠪᠠᠷ ᠡᠬᠦᠷᠴᠣ ᠭᠡᠷ ᠲᠡᠭᠡᠨ ᠬᠦᠷᠭᠡᠨ᠎ᠡ᠂ ᠳᠡᠷᠡ ᠦᠶ᠎ᠡ ᠶᠢᠨ ᠨᠦᠬᠦᠴᠡᠯ ᠣᠳᠣᠬᠢ ᠶᠢ ᠪᠣᠳᠣᠪᠠᠯ ᠦᠨᠡᠭᠡᠷ ᠮᠠᠭᠤ᠂ ᠣᠳᠣ ᠮᠠᠯᠵᠢᠬᠤ ᠨᠦᠬᠦᠴᠡᠯ ᠣᠯᠠᠮ ᠢᠶᠠᠷ ᠰᠠᠶᠢᠨ ᠪᠣᠯᠵᠣ ᠮᠠᠯᠵᠢᠯ ᠦᠢᠯᠡᠳᠪᠦᠷᠢᠯᠡᠯ ᠢᠶᠠᠨ ᠬᠦᠭᠵᠢᠬᠦᠯᠬᠦ ᠳᠤ ᠨᠡᠩ ᠰᠠᠶᠢᠨ ᠪᠣᠯᠵᠡᠢ︾ ᠭᠡᠵᠣ ᠠᠯᠳᠠᠨᠴᠣᠭᠳᠣ ᠶᠠᠷᠢᠨ᠎ᠠ᠃ ᠳᠡᠷᠡᠪᠡᠷ ᠨᠣᠳᠤᠭ ᠣᠰᠣᠨ ᠤ ᠢᠶᠠᠨ ᠡᠬᠢ ᠪᠠᠶᠠᠯᠢᠭ᠂ ᠠᠪᠤ ᠡᠵᠢ ᠶᠢᠨ ᠪᠣᠶᠠᠨ ᠢᠶᠠᠷ ᠮᠠᠯᠵᠢᠬᠤ ᠠᠮᠢᠳᠣᠷᠠᠯ ᠢᠶᠠᠨ ᠣᠯᠠᠮ ᠦᠭᠡᠳᠡ ᠳᠠᠳᠠᠵᠣ ᠴᠣᠭᠴᠠᠯᠠᠬᠤ ᠪᠠᠷ ᠢᠳᠡᠭᠡᠯ ᠳᠡᠬᠦᠯᠳᠡᠷ ᠪᠠᠶᠢᠨᠠᠮ᠃ ᠳᠡᠷᠡᠪᠡᠷ ᠨᠣᠳᠤᠭ ᠲᠠᠭᠠᠨ ᠬᠠᠷᠢᠵᠣ ᠢᠷᠡᠭᠡᠳ ᠣᠳᠣ ᠨᠢᠭᠡᠨᠳᠡ ᠵᠢᠯ ᠭᠠᠷᠦᠢ ᠤᠨ ᠨᠢᠭᠤᠷ ᠢ ᠦᠵᠡᠵᠣ ᠪᠠᠶᠢᠨ᠎ᠠ᠃ ᠭᠡᠳᠦᠶᠢᠪᠡᠷ ᠠᠯᠳᠠᠨᠴᠣᠭᠳᠣ ᠬᠠᠷᠠᠬᠠᠨ ᠪᠠᠭ᠎ᠠ ᠠᠴᠠ ᠪᠠᠨ ᠬᠦᠳᠡᠭᠡ ᠪᠠᠨ ᠪᠠᠶᠢᠭᠰᠠᠨ ᠪᠣᠯᠪᠠᠴᠣ ᠵᠢᠩᠭᠢᠨᠢ ᠮᠠᠯᠵᠢᠯ ᠦᠢᠯᠡᠳᠪᠦᠷᠢᠯᠡᠯ ᠳᠤ ᠣᠷᠣᠯᠴᠠᠬᠤ ᠳᠤ ᠰᠣᠷᠴᠣ ᠰᠣᠳᠣᠯᠬᠤ ᠵᠦᠢᠯ ᠤᠳ ᠣᠯᠠᠨ ᠪᠠᠶᠢᠯ᠎ᠠ᠃ ᠳᠦᠷᠪᠡᠨ ᠣᠯᠠᠷᠢᠯ ᠢᠶᠠᠷ ᠳᠡᠮᠡᠭᠡ ᠪᠠᠨ ᠶᠠᠭᠠᠬᠢᠵᠣ ᠬᠠᠷᠢᠭᠤᠯᠬᠤ ᠳᠣᠬᠠᠢ᠂ ᠬᠤᠷ᠎ᠠ ᠳᠣᠨᠳᠠᠰᠣ ᠴᠦᠭᠡᠨ ᠵᠢᠯ ᠳᠤ ᠪᠣᠭ ᠪᠣᠳᠠ ᠮᠠᠯ ᠢᠶᠠᠨ ᠶᠠᠭᠠᠬᠢᠵᠣ ᠮᠠᠯᠯᠠᠬᠤ ᠳᠣᠬᠠᠢ ᠵᠡᠷᠭᠡ ᠦᠢ ᠲᠦᠮᠡᠨ ᠠᠰᠠᠭᠤᠳᠠᠯ ᠳᠤ ᠠᠯᠳᠠᠨᠴᠣᠭᠳᠣ ᠣᠬᠠᠭᠠᠨ ᠢᠶᠠᠨ ᠵᠠᠷᠣᠴᠠᠭᠤᠯᠵᠣ ᠨᠢᠭᠡ ᠯᠠ ᠰᠡᠳᠬᠢᠯ ᠢᠶᠠᠷ ᠮᠠᠯᠵᠢᠬᠤ ᠠᠮᠢᠳᠣᠷᠠᠯ ᠳᠠᠭᠠᠨ ᠰᠠᠨᠠᠭᠠᠰᠢᠷᠠᠨ᠎ᠠ᠃ ︽ᠣᠳᠣ ᠮᠢᠨᠣ ᠰᠠᠨᠠᠭᠠᠰᠢᠷᠠᠵᠣ ᠪᠠᠶᠢᠬᠤ ᠨᠢ ᠮᠠᠯ ᠤᠨ ᠮᠢᠬ᠎ᠠ ᠪᠠᠨ ᠶᠠᠮᠠᠷ ᠠᠷᠭ᠎ᠠ ᠪᠠᠷ ᠪᠣᠷᠣᠯᠠᠭᠤᠯᠬᠤ᠂ ᠦᠭᠡᠷ ᠳᠡᠮᠡᠭᠡ ᠪᠠᠨ ᠶᠠᠭᠠᠬᠢᠵᠣ ᠰᠢᠨᠵᠢᠯᠡᠬᠦ ᠣᠬᠠᠭᠠᠨᠴᠢ ᠪᠠᠷ ᠮᠠᠯᠯᠠᠪᠠᠯ ᠠᠰᠢᠭ ᠬᠦᠷᠳᠡᠬᠦ ᠵᠡᠷᠭᠡ ᠠᠰᠢᠭ ᠣᠷᠣᠯᠭ᠎ᠠ ᠪᠠᠨ ᠨᠡᠮᠡᠭᠳᠡᠬᠦᠯᠬᠦ ᠠᠷᠭ᠎ᠠ ᠵᠠᠮ ᠬᠠᠶᠢᠵᠣ ᠶᠠᠪᠣᠨ᠎ᠠ︾ ᠭᠡᠵᠣ ᠠᠯᠳᠠᠨᠴᠣᠭᠳᠣ ᠶᠠᠷᠢᠨ᠎ᠠ᠃ ᠠᠯᠳᠠᠨᠴᠣᠭᠳᠣ ᠣᠳᠣ ᠮᠠᠯ ᠠᠬᠤᠢ ᠳᠠᠭᠠᠨ ᠶᠠᠭᠠᠷᠠᠨ᠂ ᠠᠪᠤ ᠡᠵᠢ ᠲᠠᠢ ᠪᠠᠨ ᠬᠠᠮᠳᠣ ᠠᠵᠢᠯ ᠬᠦᠳᠡᠯᠮᠣᠷᠢ ᠪᠦᠬᠦᠨ ᠎ ᠳᠤ ᠣᠷᠣᠯᠴᠠᠨ ᠮᠠᠯᠵᠢᠯ ᠦᠢᠯᠡᠳᠪᠦᠷᠢᠯᠡᠯ ᠤᠨ ᠠᠵᠢᠯ ᠮᠡᠷᠭᠡᠵᠢᠯ ᠢ ᠬᠢᠵᠣ ᠰᠣᠷᠴᠣ ᠵᠢᠩᠭᠢᠨᠢ ᠮᠠᠯᠴᠢᠨ ᠬᠦᠮᠣᠨ ᠤ ᠠᠵᠣ ᠠᠮᠢᠳᠣᠷᠠᠯ ᠢ ᠳᠡᠭᠡᠳᠦᠯᠡᠵᠣ ᠶᠠᠪᠣᠨ᠎ᠠ᠃ ᠠᠯᠳᠠᠨᠴᠣᠭᠳᠣ ᠤᠨ ᠳᠣᠭᠤᠯᠵᠣ ᠦᠩᠭᠡᠷᠡᠬᠦᠯᠦᠭᠰᠡᠨ ᠠᠳᠠᠯ ᠠᠮᠢᠳᠣᠷᠠᠯ ᠤᠨ ᠬᠢᠨᠢ ᠠᠯᠳᠠᠭ᠎ᠠ ᠣᠨᠤᠭ᠎ᠠ᠂ ᠡᠷᠢᠶᠠᠨ ᠪᠠᠷᠠᠭᠠᠨ ᠪᠦᠬᠦᠨ ᠨᠢ ᠣᠳᠣᠬᠢ ᠠᠮᠢᠳᠣᠷᠠᠯ ᠳᠤ ᠨᠢ ᠢᠯᠡᠬᠦᠣ ᠪᠠᠶᠠᠯᠢᠭ ᠣᠬᠠᠭᠠᠷᠠᠯ ᠢ ᠠᠪᠴᠢᠷᠠᠭᠰᠠᠨ ᠶᠤᠮ ᠪᠠᠶᠢᠵᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号