500 ᠭᠠᠷᠦᠢ ᠣᠳᠠᠰᠣᠨ ᠨᠣᠮᠧᠷ ᠴᠡᠭᠡᠵᠢᠯᠡᠳᠡᠭ ᠬᠠᠷᠠᠭ᠎ᠠ ᠦᠭᠡᠢ ᠨᠠᠰᠣᠳᠠᠨ
ᠨᠡᠶᠢᠲᠡᠯᠡᠭᠰᠡᠨ ᠴᠠᠭ᠄
2021/10/15
ᠡᠷᠳᠡᠨᠢᠠᠠᠭᠤᠯᠠ ᠨᠠᠷᠠᠨ᠎ᠠ ᠡᠷᠳᠡᠨᠢᠬᠦᠦ          500 ᠭᠠᠷᠦᠢ ᠣᠳᠠᠰᠣᠨ ᠨᠣᠮᠧᠷ ᠴᠡᠭᠡᠵᠢᠯᠡᠳᠡᠭ ᠬᠠᠷᠠᠭ᠎ᠠ ᠦᠭᠡᠢ ᠨᠠᠰᠣᠳᠠᠨ 75 ᠨᠠᠰᠣ ᠶᠢ ᠪᠠᠷᠠᠳᠠᠭᠰᠠᠨ ᠬᠠᠷᠠᠭ᠎ᠠ ᠦᠭᠡᠢ ᠨᠠᠰᠣᠳᠠᠨ ᠡᠷᠳᠡᠨᠢᠪᠠᠶᠠᠷ ᠳᠦᠪ ᠤᠨ ᠷᠠᠳᠢᠤ᠋ ᠬᠤᠷᠢᠶᠠᠨ ᠤ ᠬᠠᠷᠢᠯᠴᠠᠬᠤ ᠣᠳᠠᠰᠣ᠂ ᠬᠦᠭᠡᠨᠠᠭᠤᠷ ᠤᠨ ᠴᠠᠶᠢᠳᠠᠮ ᠤᠨ ᠰᠣᠨᠢᠨ ᠤ ᠬᠤᠷᠢᠶᠠᠨ ᠤ ᠰᠣᠷᠪᠣᠯᠵᠢᠯᠠᠭᠴᠢ ᠶᠢᠨ ᠣᠳᠠᠰᠣ ᠵᠡᠷᠭᠡ ᠷᠠᠳᠢᠤ᠋ ᠠᠴᠠ ᠤᠯᠵᠤ ᠰᠣᠨᠣᠰᠣᠭᠰᠠᠨ ᠤᠳᠠᠰᠤᠨ ᠨᠣᠮᠧᠷ ᠪᠤᠯᠤᠨ ᠣᠶᠢᠷ᠎ᠠ ᠬᠠᠪᠢ ᠶᠢᠨ ᠨᠣᠳᠤᠭ ᠣᠰᠣᠨ ᠤ ᠎ ᠪᠠᠨ ᠲᠠᠨᠢᠯ ᠳᠠᠰᠣᠯ᠂ ᠰᠠᠳᠣᠨ ᠳᠦᠷᠦᠯ ᠤᠨ ᠢᠶᠠᠨ ᠤᠳᠠᠰᠤᠨ ᠨᠣᠮᠧᠷ ᠨᠡᠶᠢᠳᠡ 500 ᠭᠠᠷᠦᠢ ᠶᠢ ᠴᠡᠭᠡᠵᠢᠯᠡᠴᠢᠭᠡᠭᠰᠡᠨ ᠪᠠᠶᠢᠳᠠᠭ᠃ ᠳᠡᠷᠡ ᠨᠢᠭᠡ ᠯᠠ ᠣᠳᠠᠭ᠎ᠠ ᠰᠣᠨᠣᠰᠣᠭᠠᠳ ᠴᠡᠬᠡᠵᠢᠨ ᠳᠡᠭᠡᠨ ᠳᠣᠭᠳᠠᠭᠠᠴᠢᠬᠠᠳᠠᠭ ᠤᠢ ᠳᠤᠭᠳᠠᠭᠠᠮᠵᠢ ᠲᠠᠢ ᠳᠤ ᠨᠢ ᠬᠦᠮᠦᠰ ᠶᠡᠭᠡ ᠬᠠᠴᠢᠷᠬᠠᠵᠦ ᠰᠤᠨᠢᠭᠤᠴᠢᠯᠠᠳᠠᠭ ᠶᠤᠮᠰᠠᠨ᠃ ᠡᠷᠳᠡᠨᠢᠪᠠᠶᠠᠷ ᠪᠤᠯ ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠡ ᠰᠤᠮᠤᠨ ᠤ ᠵᠠᠭᠳᠤ ᠭᠠᠴᠠᠭᠠᠨ ᠤ ᠮᠠᠯᠴᠢᠨ᠂ ᠳᠡᠷᠡᠪᠡᠷ ᠬᠠᠷᠠᠭ᠎ᠠ ᠪᠠᠨ ᠠᠯᠳᠠᠭᠠᠳ ᠣᠳᠣ ᠨᠢᠭᠡᠨᠳᠡ 21 ᠵᠢᠯ ᠤᠨ ᠨᠢᠭᠤᠷ ᠢ ᠦᠵᠡᠵᠣ ᠪᠣᠢ᠃ ᠲᠡᠷᠡ ᠤᠤᠯ ᠤᠨ ᠪᠠᠷᠠᠭᠤᠨ ᠪᠡᠯ ᠪᠠᠯᠭᠠᠰᠤᠨ ᠤ ᠬᠦᠪᠡᠭᠡᠨᠠᠮᠤᠭ ᠭᠠᠴᠠᠭᠠᠨ ᠤ ᠬᠦᠮᠦᠨ᠂ ᠬᠤᠷᠢᠨ ᠬᠡᠳᠦᠳᠡᠢ ᠪᠠᠶᠢᠬᠤ ᠳᠠᠭᠠᠨ ᠴᠤᠭᠳᠤᠬᠦ᠋ᠷᠢᠶ᠎ᠡ ᠰᠤᠮᠤᠨ ᠤ ᠵᠠᠭᠳᠤ ᠭᠠᠴᠠᠭᠠᠨ ᠳᠤ ᠬᠦᠷᠭᠡᠨ ᠢᠶᠠᠷ ᠤᠴᠢᠭᠰᠠᠨ ᠠᠴᠠ ᠬᠤᠶᠢᠰᠢ ᠮᠤᠳᠤᠨ ᠨᠠᠭᠤᠷᠳᠤ ᠬᠡᠮᠡᠬᠦ ᠰᠠᠭᠤᠷᠢᠰᠢᠯ ᠳᠤ ᠮᠠᠯ ᠮᠠᠯᠵᠢᠭᠠᠳ ᠲᠠᠪᠢᠭᠠᠳ ᠵᠢᠯ ᠤᠨ ᠨᠢᠭᠤᠷ ᠦᠵᠡᠵᠦ ᠪᠤᠢ᠃ ᠳᠡᠷᠡᠪᠡᠷ 55 ᠨᠠᠰᠤᠳᠠᠢ ᠪᠠᠶᠢᠬᠤ ᠳᠠᠭᠠᠨ ᠵᠤᠯ ᠪᠤᠰᠤ ᠪᠠᠷ ᠴᠠᠭᠠᠨ ᠬᠠᠷᠠᠩ᠂ ᠤᠶᠢᠷ᠎ᠠ ᠬᠠᠷᠠᠭ᠎ᠠ᠂ ᠨᠢᠳᠦᠨ ᠤ ᠬᠠᠯᠳᠠᠰᠤᠨ ᠤ ᠬᠡᠮᠳᠦᠯ ᠵᠡᠷᠭᠡ ᠤᠯᠠᠨ ᠲᠦᠷᠦᠯ ᠤᠨ ᠡᠪᠡᠳᠴᠢᠨ ᠠᠴᠠ ᠬᠠᠷᠠᠭ᠎ᠠ ᠪᠠᠨ ᠠᠯᠳᠠᠵᠦ᠂ ᠡᠮᠴᠢᠯᠡᠭᠡᠨ ᠠᠴᠠ ᠲᠠᠬᠢᠵᠦ ᠡᠳᠡᠭᠡᠷᠡᠬᠦ ᠪᠤᠯᠤᠮᠵᠢ ᠦᠭᠡᠢ ᠬᠡᠰᠡᠨ ᠲᠤᠳᠤᠯᠠᠯᠳᠠ ᠦᠭᠬᠦᠭᠰᠡᠨ ᠪᠠᠶᠢᠨ᠎ᠠ᠃ ᠠᠮᠢᠳᠤᠷᠠᠯ ᠤᠨ ᠡᠷᠢᠶᠡᠨ ᠪᠠᠷᠠᠭᠠᠨ ᠢ ᠦᠵᠡᠵᠦ ᠲᠤᠭᠤᠯᠤᠭᠰᠠᠨ ᠬᠦᠮᠦᠨ ᠳᠤ ᠲᠠᠬᠢᠵᠦ ᠠᠯᠠᠭ ᠬᠤᠷᠸ᠎ᠠ ᠶᠢ ᠬᠠᠷᠠᠬᠤ ᠡᠷᠬᠡ ᠦᠭᠡᠢ ᠬᠡᠰᠡᠨ ᠵᠠᠷᠯᠢᠭ ᠲᠤᠩᠬᠠᠭᠯᠠᠬᠤ ᠨᠢ ᠬᠡᠳᠦᠢ ᠴᠤ ᠬᠠᠷᠠᠰᠠᠯᠳᠠᠢ ᠤᠴᠢᠷ ᠠᠵᠢ᠃ ᠬᠡᠳᠡᠯ᠎ᠡ ᠡᠷᠳᠡᠨᠢᠪᠠᠶᠠᠷ ᠨᠠᠰᠤᠳᠠᠨ ᠠᠮᠢᠳᠤᠷᠠᠯ ᠤᠨ ᠬᠠᠷᠠᠩᠭᠤᠢ ᠳᠤ ᠰᠡᠳᠬᠢᠯ ᠢᠶᠠᠷ ᠤᠨᠠᠭᠰᠠᠨ ᠦᠭᠡᠢ ᠠᠮᠢᠳᠣᠷᠠᠯ ᠠᠬᠤᠢ ᠳᠠᠭᠠᠨ ᠰᠡᠳᠬᠢᠯ ᠳᠠᠯᠪᠢᠭᠰᠠᠭᠠᠷ ᠢᠷᠡᠵᠡᠢ᠃ ᠬᠠᠷᠠᠭ᠎ᠠ ᠦᠭᠡᠢ ᠬᠦᠮᠣᠰ ᠪᠣᠯ ᠰᠣᠨᠣᠰᠬᠤ ᠡᠷᠭᠡᠳᠡᠨ ᠬᠦᠷᠦᠯᠴᠡᠬᠦ ᠡᠷᠭᠡᠳᠡᠨ ᠬᠤᠶᠠᠷ ᠢᠶᠠᠷ ᠢᠶᠠᠨ ᠠᠯᠢᠪᠠ ᠭᠠᠳᠠᠭᠠᠳᠣ ᠣᠷᠴᠢᠨ ᠢ ᠮᠡᠳᠡᠷᠡᠵᠣ ᠪᠠᠶᠢᠳᠠᠭ ᠭᠡᠳᠡᠭ᠃ ᠬᠠᠷᠠᠭ᠎ᠠ ᠦᠭᠡᠢ ᠪᠠᠶᠢᠬᠤ ᠶᠢᠨ ᠵᠣᠪᠠᠯᠠᠩ ᠢ ᠳᠣᠭᠤᠯᠵᠣ ᠢᠷᠡᠭᠰᠡᠨ ᠳᠡᠬᠦᠨ ᠳᠤ ᠪᠢᠯᠢᠭ ᠤᠨ ᠬᠠᠷᠠᠭ᠎ᠠ ᠪᠠᠨ ᠰᠠᠨᠠᠮᠰᠠᠷ ᠦᠭᠡᠢ ᠬᠦᠭᠵᠢᠬᠦᠯᠦᠭᠰᠡᠨ ᠨᠢ ᠬᠤᠪᠢ ᠬᠦᠮᠣᠨ ᠤ ᠬᠦᠮᠣᠵᠢᠯ ᠪᠣᠯᠪᠠᠰᠣᠷᠠᠯ ᠵᠡᠷᠭᠡ ᠳᠤ ᠬᠤᠯᠪᠣᠭ᠎ᠠ ᠲᠠᠢ ᠪᠠᠶᠢᠬ᠎ᠠ᠃ ᠡᠷᠳᠡᠨᠢᠪᠠᠶᠠᠷ ᠬᠠᠷᠠᠭ᠎ᠠ ᠦᠭᠡᠢ ᠶᠠᠪᠣᠭᠰᠠᠨ ᠡᠴᠢᠨᠡᠨ ᠵᠢᠯ ᠤᠨ ᠳᠣᠷᠰᠢᠳᠠ ᠷᠠᠳᠢᠤ᠋ ᠰᠣᠨᠣᠰᠬᠤ᠂ ᠲᠠᠭᠤᠤ ᠰᠤᠨᠤᠰᠬᠤ᠂ ᠨᠤᠮ ᠣᠩᠰᠢᠭᠤᠯᠵᠣ ᠰᠣᠨᠣᠰᠬᠤ ᠵᠡᠷᠭᠡ ᠪᠠᠷ ᠳᠠᠮᠵᠢᠨ ᠮᠡᠳᠡᠯᠭᠡ ᠮᠡᠳᠡᠭᠡᠯᠡᠯ᠂ ᠣᠷᠠᠨ ᠵᠣᠬᠢᠶᠠᠯ ᠢᠶᠠᠷ ᠠᠮᠢᠳᠤᠷᠠᠯ ᠢᠶᠠᠨ ᠪᠠᠶᠠᠯᠢᠭᠵᠢᠭᠤᠯᠣᠨ᠂ ᠰᠡᠳᠬᠢᠯ ᠤᠨ ᠭᠡᠭᠡ ᠪᠠᠨ ᠭᠡᠷᠡᠯᠳᠦᠭᠰᠡᠭᠡᠷ ᠢᠷᠡᠵᠡᠢ᠃ ᠳᠡᠶᠢᠨᠬᠦ ᠬᠠᠷᠠᠭ᠎ᠠ ᠮᠠᠭᠤ ᠠᠴᠠ ᠴᠡᠭᠡᠵᠢᠯᠡᠬᠦ ᠴᠢᠳᠠᠪᠣᠷᠢ ᠨᠢ ᠣᠨᠴᠠᠭᠠᠢ ᠰᠠᠶᠢᠨ ᠪᠠᠶᠢᠵᠣ᠂ ᠨᠡᠩ ᠢᠯᠡᠬᠦᠣ ᠳᠣᠭᠠᠨ ᠤ ᠳᠠᠯ᠎ᠠ ᠪᠠᠷ ᠴᠡᠭᠡᠵᠢᠯᠡᠬᠦ ᠳᠡᠭᠡᠨ ᠰᠠᠶᠢᠨ᠂ ᠬᠠᠮᠢᠭ᠎ᠠ ᠶᠠᠮᠠᠷ ᠬᠦᠮᠣᠨ ᠤ ᠣᠳᠠᠰᠣᠨ ᠨᠣᠮᠧᠷ ᠢ ᠨᠢᠭᠡ ᠯᠠ ᠣᠳᠠᠭ᠎ᠠ ᠰᠣᠨᠣᠰᠣᠭᠠᠳ ᠴᠡᠭᠡᠵᠢᠯᠡᠴᠢᠭᠡᠳᠡᠭ ᠶᠤᠮ᠃ ︽ᠬᠠᠮᠤᠭ ᠠᠩᠬ᠎ᠠ ᠨᠢ ᠠᠯᠪᠠ ᠪᠠᠷ ᠣᠳᠠᠰᠣᠨ ᠨᠣᠮᠧᠷ ᠴᠡᠭᠡᠵᠢᠯᠡᠵᠣ ᠪᠠᠶᠢᠭᠰᠠᠨ ᠢᠶᠠᠨ ᠰᠡᠬᠦᠯᠡᠷ ᠨᠢ ᠴᠡᠭᠡᠵᠢᠯᠡᠬᠦ ᠳᠣᠰᠣᠮ ᠢᠶᠠᠨ ᠰᠦᠷᠡᠭᠡᠢ ᠪᠣᠯᠵᠣ ᠢᠷᠡᠭᠰᠡᠨ᠃ ᠬᠠᠮᠤᠭ ᠰᠠᠶᠢᠨ ᠦᠶ᠎ᠡ ᠳᠤ 1000 ᠭᠠᠷᠦᠢ ᠨᠣᠮᠧᠷ ᠴᠡᠭᠡᠵᠢᠯᠡᠵᠣ ᠪᠠᠶᠢᠭᠰᠠᠨ ᠶᠤᠮ᠂ ᠣᠳᠣ ᠴᠡᠭᠡᠵᠢᠯᠡᠬᠦ ᠪᠠᠨ ᠪᠣᠯᠢᠭᠠᠳ 500 ᠭᠠᠷᠦᠢ ᠣᠳᠠᠰᠣᠨ ᠨᠣᠮᠧᠷ ᠴᠡᠭᠡᠵᠢᠨ ᠳᠤ ᠬᠤᠴᠣᠷᠴᠠᠢ︾ ᠭᠡᠵᠣ ᠡᠷᠳᠡᠨᠢᠪᠠᠶᠠᠷ ᠨᠠᠰᠣᠳᠠᠨ ᠶᠠᠷᠢᠨ᠎ᠠ ᠃ ᠳᠡᠷᠡᠪᠡᠷ ᠰᠢᠷᠡᠬᠦ᠋ᠳᠡᠭᠡ᠂ ᠬᠠᠷᠠᠮᠠᠭᠳᠠᠢ᠂ ᠴᠠᠯᠠᠭᠠᠷ ᠵᠡᠷᠭᠡ ᠣᠶᠢᠷ᠎ᠠ ᠬᠠᠪᠢ ᠶᠢᠨ ᠳᠠᠨᠢᠯ ᠬᠦᠮᠣᠰ ᠤᠨ ᠢᠶᠠᠨ ᠣᠳᠠᠰᠣᠨ ᠨᠣᠮᠧᠷ ᠢ ᠪᠦᠬᠦᠨ ᠢ ᠮᠡᠳᠡᠵᠣ ᠪᠠᠶᠢᠳᠠᠭ ᠢᠶᠠᠷ ᠢᠶᠠᠨ ᠪᠠᠶᠢᠩᠭᠤ ᠣᠳᠠᠰᠣ ᠠᠪᠴᠣ ᠬᠦᠭᠡᠷᠦᠯᠳᠣᠨ᠂ ᠨᠣᠳᠤᠭ ᠣᠰᠣᠨ ᠤ ᠪᠠᠨ ᠰᠣᠷᠠᠭ ᠵᠠᠩᠭᠢ᠂ ᠭᠠᠳᠠᠨ᠎ᠠ ᠳᠣᠳᠣᠨ᠎ᠠ ᠪᠣᠯᠵᠣ ᠪᠠᠶᠢᠭ᠎ᠠ ᠣᠴᠢᠷ ᠶᠠᠪᠣᠳᠠᠯ ᠢ ᠠᠰᠠᠭᠤᠵᠣ ᠶᠠᠷᠢᠯᠴᠠᠳᠠᠭ ᠪᠠᠶᠢᠯ᠎ᠠ᠃ ᠡᠷᠳᠡᠨᠢᠪᠠᠶᠠᠷ ᠬᠠᠷᠠᠭ᠎ᠠ ᠪᠠᠨ ᠠᠯᠳᠠᠭᠰᠠᠨ ᠠᠴᠠ ᠬᠤᠶᠢᠰᠢ ᠶᠠᠭ ᠭᠡᠷ ᠲᠡᠭᠡᠨ ᠰᠠᠭᠤᠭᠰᠠᠨ ᠦᠭᠡᠢ᠂ ᠠᠯᠢ ᠪᠣᠯᠬᠤ ᠪᠠᠷ ᠪᠡᠶ᠎ᠡ ᠪᠠᠨ ᠳᠠᠭᠠᠭᠠᠬᠤ ᠶᠢ ᠰᠣᠷᠴᠣ᠂ ᠣᠯᠠᠭᠠᠨ ᠭᠤᠶᠣᠣ ᠮᠠᠯᠳᠠᠬᠤ᠂ ᠬᠤᠨᠢ ᠬᠠᠶᠢᠴᠢᠯᠠᠬᠤ᠂ ᠵᠡᠷᠭᠡᠯᠡᠳᠡᠭᠡ ᠠᠶᠢᠯ ᠎ ᠳᠠᠭᠠᠨ ᠶᠠᠪᠣᠬᠤ ᠵᠡᠷᠭᠡ ᠠᠯᠢ ᠬᠢᠵᠣ ᠴᠢᠳᠠᠬᠤ ᠠᠵᠢᠯ ᠢᠶᠠᠨ ᠳᠡᠮᠳᠡᠷᠢᠵᠣ ᠪᠠᠶᠢᠭᠠᠳ ᠬᠢᠳᠡᠭ ᠪᠠᠶᠢᠵᠡᠢ᠃ ᠳᠡᠷᠡᠪᠡᠷ ᠰᠠᠶᠢᠨ ᠮᠡᠳᠡᠳᠡᠭ ᠣᠯᠠᠭᠠᠨ ᠭᠤᠶᠣᠣ ᠶᠢᠨ ᠠᠭᠤᠷᠬᠠᠢ ᠲᠠᠢ ᠭᠠᠵᠠᠷ ᠢᠶᠠᠨ ᠳᠡᠮᠳᠡᠷᠢᠭᠡᠳ ᠣᠯᠵᠣ ᠣᠯᠠᠭᠠᠨ ᠭᠤᠶᠣᠣ ᠎ ᠪᠠᠨ ᠨᠢᠭᠡ ᠶᠢ ᠴᠦ ᠦᠯᠡᠳᠡᠭᠡᠯ ᠦᠭᠡᠢ ᠪᠠᠷ ᠮᠠᠯᠳᠠᠵᠣ ᠢᠷᠡᠳᠡᠭ᠃ ᠨᠢᠭᠡ ᠡᠳᠣᠷ ᠲᠤ ᠬᠠᠮᠤᠭ ᠣᠯᠠᠨ ᠳᠠᠭᠠᠨ 20 ᠭᠠᠷᠦᠢ ᠬᠤᠨᠢ ᠬᠠᠶᠢᠴᠢᠯᠠᠳᠠᠭ᠂ ᠬᠠᠷᠠᠭ᠎ᠠ ᠲᠠᠢ ᠪᠠᠶᠢᠬᠤ ᠳᠠᠭᠠᠨ ᠨᠢᠭᠡ ᠡᠳᠣᠷ ᠲᠤ 90 ᠭᠠᠷᠦᠢ ᠬᠤᠨᠢ ᠬᠠᠶᠢᠴᠢᠯᠠᠵᠣ ᠪᠠᠶᠢᠭᠰᠠᠨ ᠬᠡᠨ᠎ᠠ᠃ ᠡᠷᠳᠡᠨᠢᠪᠠᠶᠠᠷ ᠪᠠᠭ᠎ᠠ ᠪᠠᠶᠢᠬᠤ ᠳᠠᠭᠠᠨ ᠬᠦᠪᠡᠭᠡᠨᠠᠮᠤᠭ ᠭᠠᠴᠠᠭᠠᠨ ᠤ ᠪᠠᠭ᠎ᠠ ᠰᠤᠷᠭᠠᠭᠤᠯᠢ ᠳᠤ ᠭᠤᠷᠪᠠᠨ ᠵᠢᠯ ᠪᠢᠴᠢᠭ ᠦᠵᠡᠭᠰᠡᠨ ᠬᠦᠮᠦᠨ ᠪᠤᠯᠬᠤᠷ ᠨᠤᠮ ᠳᠤ ᠪᠠᠭ᠋ᠠᠳᠠᠢ᠃ ᠬᠠᠷᠠᠭ᠎ᠠ ᠠᠯᠳᠠᠭᠰᠠᠨ ᠠᠴᠠ ᠬᠤᠶᠢᠰᠢ ᠨᠤᠮ ᠢ ᠬᠦᠦ ᠪᠠᠷ ᠢᠶᠠᠨ ᠪᠤᠶᠤ ᠰᠠᠭᠠᠬᠠᠯᠳᠠ ᠠᠶᠢᠯ ᠤᠨ ᠪᠢᠴᠢᠭ ᠲᠠᠢ ᠬᠦᠮᠦᠨ ᠢᠶᠠᠷ ᠲᠠᠭᠤᠳᠠᠭᠤᠯᠤᠨ ᠤᠩᠰᠢᠳᠠᠭ᠃ ᠡᠷᠳᠡᠨᠢᠪᠠᠶᠠᠷ ᠨᠠᠰᠤᠳᠠᠨ ᠭᠤᠤᠯᠳᠠᠭᠤ ᠰᠡᠳᠬᠦᠯ᠂ ᠦᠯᠢᠬᠡᠷ ᠤᠨ ᠨᠤᠮ᠂ ᠳᠠᠭᠤᠤ ᠶᠢᠨ ᠨᠤᠮ ᠪᠤᠶᠤ ᠭᠠᠵᠠᠷ ᠵᠦᠢ ᠶᠢᠨ ᠨᠤᠮ ᠳᠤ ᠲᠤᠷ᠎ᠠ ᠪᠠᠭ᠋ᠠᠳᠠᠢ᠂ ᠡᠳᠡᠭᠡᠷ ᠵᠠᠬᠢᠶᠠᠯᠠᠵᠦ ᠠᠪᠤᠭᠰᠠᠨ ᠨᠤᠮ ᠢᠶᠠᠨ ᠬᠡᠨ ᠢᠶᠠᠷ ᠴᠤ ᠪᠤᠯ ᠬᠠᠮᠢᠶ᠎ᠠ ᠦᠭᠡᠢ ᠲᠠᠭᠤᠳᠠᠭᠤᠯᠵᠦ ᠰᠤᠨᠤᠰᠳᠠᠭ᠃ ᠨᠤᠮ ᠤᠩᠰᠢᠨ᠎ᠡ ᠬᠡᠬᠦ ᠳᠤ ᠪᠦᠷ ᠬᠦᠮᠦᠨ ᠢ ᠭᠤᠶᠤᠬᠤ ᠴᠢᠬᠤᠯᠠᠳᠠᠢ ᠤᠴᠢᠷ ᠠᠴᠠ ᠬᠦᠮᠦᠨ ᠤ ᠴᠢᠯᠦᠭᠡ ᠵᠡᠪ ᠢ ᠬᠠᠷᠠᠵᠦ ᠪᠠᠶᠢᠭᠠᠳ ᠵᠠᠷᠢᠮ ᠳᠠᠭᠠᠨ ᠨᠤᠮ ᠢᠶᠠᠨ ᠠᠪᠤᠭᠠᠳ ᠬᠡᠳᠦᠨ ᠤ ᠭᠠᠵᠠᠷ ᠤᠨ ᠵᠠᠶᠢᠳᠠᠢ ᠠᠶᠢᠯ ᠎ ᠳᠤ ᠬᠦᠷᠭᠡᠬᠦᠯᠵᠦ ᠤᠴᠢᠭᠠᠳ ᠨᠤᠮ ᠰᠤᠨᠤᠰᠳᠠᠭ ᠤᠴᠢᠷ ᠴᠤ ᠭᠠᠷᠳᠠᠭ ᠠᠵᠢ᠃ ︽ᠳᠦᠷᠦᠬᠦᠨ ᠳᠡᠭᠡᠨ ᠨᠣᠮ ᠣᠩᠰᠢᠭᠤᠯᠵᠣ ᠰᠠᠭᠤᠬᠤ᠂ ᠳᠤᠭ᠎ᠠ ᠴᠡᠭᠡᠵᠢᠯᠡᠬᠦ ᠶᠢ ᠶᠡᠭᠡ ᠰᠠᠨᠠᠳᠠᠭ ᠪᠠᠶᠢᠭᠰᠠᠨ᠂ ᠣᠳᠣ ᠬᠠᠷᠢᠨ ᠬᠦᠭᠰᠢᠷᠡᠬᠦ ᠶᠢᠨ ᠡᠷᠭᠡᠨ ᠳᠤ ᠨᠣᠮ ᠣᠩᠰᠢᠭᠤᠯᠵᠣ ᠰᠣᠨᠣᠰᠬᠤ᠂ ᠣᠳᠠᠰᠣᠨ ᠨᠣᠮᠧᠷ ᠦᠷᠬᠦᠯᠵᠢᠯᠡᠨ ᠴᠡᠭᠡᠵᠢᠯᠡᠬᠦ ᠪᠠᠨ ᠪᠠᠷᠢᠮᠳᠠᠯᠠᠬᠤ ᠎ ᠪᠠᠨ ᠪᠣᠯᠢᠵᠡᠢ︾ ᠭᠡᠵᠣ ᠡᠷᠳᠡᠨᠢᠪᠠᠶᠠᠷ ᠶᠡᠷᠢᠵᠣ ᠪᠠᠶᠢᠭᠰᠠᠨ ᠶᠤᠮ᠃ 500 ᠭᠠᠷᠦᠢ ᠨᠣᠮᠧᠷ ᠴᠡᠭᠡᠵᠢᠯᠡᠨ᠎ᠡ ᠭᠡᠳᠡᠭ ᠨᠢ ᠬᠠᠷᠠᠭ᠎ᠠ ᠲᠠᠢ ᠬᠦᠮᠣᠨ ᠳᠤ ᠴᠦ ᠪᠡᠶᠡᠯᠡᠬᠦᠯᠬᠦ ᠳᠤ ᠬᠦᠴᠢᠷ ᠤᠴᠢᠷ ᠳᠤᠯᠠ᠂ ᠬᠠᠷᠠᠭ᠎ᠠ ᠦᠭᠡᠢ ᠨᠠᠰᠣᠳᠠᠨ ᠳᠤ ᠠᠪᠴᠣ ᠭᠡᠯᠡᠪᠡᠯ ᠦᠨᠡᠭᠡᠷ ᠨᠢᠭᠡᠨ ᠡᠷᠳᠡᠮ ᠭᠡᠬᠦ ᠳᠤ ᠠᠬᠠᠳᠠᠬᠤ ᠦᠭᠡᠢ ᠶᠣᠮᠰᠠᠨ᠃ ᠨᠡᠶᠢᠭᠡᠮ ᠤᠨ ᠬᠦᠭᠵᠢᠯᠳᠡ ᠶᠢ ᠳᠠᠭᠠᠯᠳᠤᠨ ᠬᠦᠮᠣᠰ ᠠᠯᠢ ᠳᠦᠬᠦᠮ ᠳᠦᠳᠡ ᠳᠤ ᠣᠶᠢᠷᠠᠳᠴᠣ ᠢᠯᠡᠬᠦᠣ ᠨᠢᠭᠡ ᠦᠰᠦᠭ ᠳᠤᠭ᠎ᠠ ᠶᠢ ᠴᠦ ᠴᠡᠭᠡᠵᠢᠯᠡᠬᠦ ᠠᠴᠠ ᠪᠠᠨ ᠵᠠᠯᠬᠠᠭᠤᠷᠠᠵᠦ ᠪᠠᠶᠢᠭ᠎ᠠ ᠴᠠᠭ ᠦᠶ᠎ᠠ ᠳᠤ ᠡᠷᠳᠡᠨᠢᠪᠠᠶᠠᠷ ᠨᠠᠰᠣᠳᠠᠨ ᠤ ᠬᠦᠴᠢᠷ ᠪᠡᠷᠭᠡᠰᠢᠶᠡᠯ ᠢ ᠲᠡᠪᠴᠢᠵᠦ᠂ ᠪᠢᠯᠢᠭ ᠤᠨ ᠬᠠᠷᠠᠭ᠎ᠠ ᠪᠠᠨ ᠨᠡᠭᠡᠭᠡᠵᠣ ᠶᠠᠪᠣᠭᠰᠠᠨ ᠦᠯᠢᠭᠡᠷ ᠨᠢ ᠪᠢᠳᠠᠨ ᠳᠤ ᠶᠠᠭᠠᠬᠢᠬᠤ ᠶᠢᠨ ᠠᠷᠭ᠎ᠠ ᠦᠭᠡᠢ ᠬᠡᠷᠡᠯ ᠬᠡᠬᠡ᠂ ᠵᠦᠪ ᠡᠨᠧᠷᠬᠢ ᠶᠢ ᠦᠭᠴᠦ ᠪᠢᠯᠡ᠃ ᠠᠮᠢᠳᠤᠷᠠᠯ ᠳᠠᠭᠠᠨ ᠬᠦᠰᠡᠯ ᠬᠦᠬᠡᠭᠡᠴᠡᠯᠳᠦᠯ ᠲᠠᠢ᠂ ᠪᠤᠳᠤᠬᠤ ᠰᠠᠨᠠᠬᠤ ᠬᠢᠬᠦ ᠪᠡᠶᠡᠯᠡᠬᠦᠯᠬᠦ ᠵᠤᠶᠢᠯ ᠲᠠᠢ ᠪᠠᠶᠢᠳᠠᠭ ᠠᠴᠠ ᠡᠷᠳᠡᠨᠢᠪᠠᠶᠠᠷ ᠨᠠᠰᠤᠳᠠᠨ ᠪᠡᠶ᠎ᠡ ᠮᠠᠬᠠᠪᠤᠳ ᠡᠷᠡᠭᠦᠯ ᠲᠡᠩᠭᠡᠯᠡᠬᠦᠨ᠂ ᠪᠤᠳᠤᠯ ᠤᠬᠠᠭᠠᠨ ᠰᠠᠷᠠᠭᠤᠯ ᠳᠤᠩᠭᠠᠯᠠᠭ᠂ ᠠᠵᠤ ᠠᠮᠢᠳᠤᠷᠠᠯ ᠵᠤᠯ ᠵᠢᠷᠭᠠᠯ ᠲᠠᠢ ᠪᠠᠷ ᠦᠳᠡᠯᠦᠬᠡ ᠨᠠᠰᠤ ᠪᠠᠨ ᠦᠩᠭᠡᠷᠡᠬᠦᠯᠵᠦ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号