ᠵᠢᠷᠤᠬᠡᠨ ᠠᠴᠠ ᠵᠢᠷᠤᠬᠡᠨ ᠳᠤ ᠲᠠᠮᠵᠢᠭᠳᠠᠭᠰᠠᠠ ᠬᠠᠯᠠᠭᠤᠨ ᠬᠠᠯᠠᠮᠵᠢ
ᠨᠡᠶᠢᠲᠡᠯᠡᠭᠰᠡᠨ ᠴᠠᠭ᠄
2021/10/30
ᠭᠤᠸ᠎ᠠ︽ᠪᠢ ᠡᠶᠢᠮᠦ ᠲᠤᠮᠦ ᠪᠤᠯᠤᠭᠠᠳ ᠠᠩᠬ᠎ᠠ ᠤᠳᠠᠭ᠎ᠠ ᠪᠤᠰᠤᠤᠨ ᠤᠨ ᠭᠡᠷ ᠲᠤ ᠰᠤᠷᠤᠯᠴᠠᠵᠦ ᠠᠮᠢᠳᠦᠷᠠᠵᠦ ᠪᠠᠶᠢᠨ᠎ᠠ᠂ ᠬᠡᠳᠦ᠋ᠢᠪᠡᠷ ᠠᠶᠢᠯ ᠤᠨ ᠬᠡᠷ ᠪᠤᠯᠪᠠᠴᠤ ᠨᠠᠳᠠ ᠬᠠᠷᠢᠨ ᠦᠪᠡᠷ ᠤᠨ ᠬᠡᠷ ᠰᠢᠭ ᠳᠤᠳᠤᠨᠤ ᠪᠦᠯᠢᠶᠡᠨ ᠲᠦᠷᠦᠭᠳᠡᠯ ᠲᠠᠢ ᠪᠠᠶᠢᠭ᠎ᠠ ᠁︾ ᠡᠨᠡ ᠪᠤᠯ ᠬᠢᠵᠢᠭ ᠤᠨ ᠨᠦᠯᠦᠬᠡ ᠪᠠᠷ ᠰᠤᠷᠭᠠᠭᠤᠯᠢ ᠴᠢᠯᠦᠬᠡ ᠳᠠᠯᠪᠢᠬᠰᠠᠨ ᠪᠤᠯᠪᠠᠴᠤ ᠭᠡᠷ ᠲᠡᠭᠡᠨ ᠬᠠᠷᠢᠵᠦ ᠴᠢᠳᠠᠬᠤ ᠦᠭᠡᠢ ᠬᠠᠰᠢᠬᠳᠠᠵᠤ᠂ ᠬᠠᠮᠳᠦ ᠰᠤᠷᠤᠯᠭᠠᠳᠡᠨ ᠤ ᠪᠠᠨ ᠭᠡᠷ ᠲᠤ ᠠᠮᠢᠳᠤᠷᠠᠵᠤ ᠰᠤᠷᠤᠯᠴᠠᠵᠤ ᠪᠠᠶᠢᠭ᠎ᠠ ᠠᠯᠠᠱᠠ ᠮᠤᠩᠭᠤᠯ ᠦᠨᠳᠦᠰᠦᠳᠡᠨ ᠤ ᠪᠦᠷᠢᠨ ᠲᠤᠮᠳᠠᠳᠦ ᠰᠤᠷᠭᠠᠭᠤᠯᠢ ᠶᠢᠨ ᠲᠡᠭᠡᠳᠦ ᠭᠤᠷᠪᠡ ᠶᠢᠨ ᠵᠢᠷᠭᠤᠭ᠎ᠠ ᠶᠢᠨ ᠬᠡᠨᠳᠡᠨᠳᠤᠷᠵᠢ ᠶᠢᠨ ᠦᠨᠠᠠ ᠰᠠᠳᠬᠢᠯ ᠤᠨ ᠦᠬᠡ ᠪᠤᠯᠤᠨ᠎ᠠ᠃10 ᠰᠠᠷ᠎ᠠ ᠶᠢᠨ ᠳᠤᠮᠳᠠᠴᠢ ᠪᠠᠷ ᠡᠬᠦᠰᠦᠭᠰᠡᠨ ᠬᠠᠯᠳᠠᠪᠤᠷᠢᠳᠤ ᠬᠢᠵᠢᠭ ᠠᠴᠠ ᠪᠤᠯᠵᠦ ᠠᠯᠠᠱᠠ ᠠᠶᠢᠮᠠᠭ ᠪᠠᠴᠢᠮ ᠶᠠᠭᠠᠷᠠᠯᠳᠠᠢ ᠰᠡᠷᠭᠡᠶᠢᠯᠡᠯᠳᠡ ᠶᠢᠨ ᠠᠵᠢᠯ ᠢᠶᠠᠨ ᠡᠬᠢᠯᠡᠬᠦᠯᠵᠤ᠂ ᠡᠯ᠎ᠡ ᠳᠤᠮᠳᠠᠳᠤ ᠪᠠᠭ᠎ᠠ ᠰᠤᠷᠭᠠᠭᠤᠯᠢ᠂ ᠴᠡᠴᠡᠷᠯᠢᠭ ᠤᠳ ᠪᠦᠷ ᠴᠢᠯᠦᠬᠡ ᠳᠠᠯᠪᠢᠨ᠂ ᠠᠶᠢᠮᠠᠭ ᠤᠨ ᠰᠤᠷᠭᠠᠨ ᠬᠦᠮᠦᠵᠢᠯ ᠪᠠᠶ᠎ᠠ ᠶᠢᠨ ᠳᠠᠮᠢᠷ ᠤᠨ ᠲᠤᠪᠴᠢᠶᠡᠨ ᠤ ᠨᠢᠬᠡᠳᠦᠯᠳᠡᠢ ᠳᠤᠬᠢᠷᠠᠭᠤᠯᠭ᠎ᠠ ᠪᠠᠷ 21᠎ ᠤ ᠡᠳᠦᠷ ᠤᠨ ᠦᠳᠡ ᠶᠢᠨ ᠡᠮᠦᠨ᠎ᠠ ᠰᠦᠯᠵᠢᠶᠡᠡ ᠬᠢᠴᠢᠶᠡᠯᠯᠡᠭᠡ ᠶᠢ ᠪᠦᠬᠦ ᠲᠠᠯ᠎ᠠ ᠪᠠᠷ ᠡᠬᠢᠯᠡᠬᠦᠯᠵᠤ᠂ ᠰᠤᠷᠤᠬᠴᠢᠳ ᠬᠡᠷ ᠲᠡᠭᠡᠨ ᠰᠤᠷᠤᠯᠴᠠᠬᠤ ᠪᠤᠯᠵᠡᠢ᠃ ᠬᠡᠪᠡᠴᠤ ᠬᠢᠵᠢᠭ ᠤᠨ ᠬᠦᠯ ᠬᠤᠷᠢᠭ᠎ᠠ ᠪᠠᠷ ᠭᠡᠷ ᠲᠡᠭᠡᠨ ᠬᠠᠷᠢᠵᠦ ᠴᠢᠳᠠᠬᠤ ᠦᠭᠡᠢ ᠮᠦᠷᠳᠡᠭᠡᠨ ᠪᠠᠶᠠᠨᠬᠤᠳᠠ ᠳᠤ ᠲᠦᠷᠤᠯ ᠰᠠᠳᠦᠨ ᠪᠠᠶᠢᠬᠤ ᠦᠭᠡᠢ ᠡᠵᠡᠨ᠎ᠠ ᠬᠤᠰᠢᠭᠤ᠂ ᠠᠯᠠᠱᠠ ᠪᠠᠷᠠᠭᠤᠨ ᠬᠤᠰᠢᠭᠤ ᠪᠤᠯᠤᠨ ᠠᠯᠠᠱᠠ ᠵᠡᠬᠦᠨ ᠬᠤᠰᠢᠭᠤᠨ ᠤ ᠦᠯᠵᠡᠢ ᠰᠤᠮᠤ ᠵᠢᠴᠢ ᠭᠠᠨᠰᠤ ᠶᠢᠨ ᠰᠦᠪᠸᠢ ᠰᠢᠶᠠᠨ ᠳᠤ ᠨᠤᠳᠤᠭᠳᠠᠢ 22 ᠰᠤᠷᠤᠭᠴᠢ ᠬᠠᠮᠢᠭ᠎ᠠ ᠰᠠᠭᠤᠵᠤ ᠠᠮᠢᠳᠤᠷᠠᠵᠤ ᠰᠤᠷᠤᠯᠴᠠᠬᠤ ᠳᠤᠬᠠᠢ ᠠᠰᠠᠭᠤᠳᠠᠯ ᠠᠯᠠᠱᠠ ᠮᠤᠩᠭᠤᠯ ᠦᠨᠳᠤᠰᠤᠳᠠᠠ ᠤ ᠪᠦᠷᠢᠠ ᠳᠤᠮᠳᠠᠳᠤ ᠰᠤᠷᠭᠠᠭᠤᠯᠢ ᠳᠤ ᠳᠤᠯᠭᠠᠷᠠᠯ᠎ᠠ᠃ ᠢᠩᠬᠢᠬᠡᠳ ᠰᠤᠷᠭᠠᠭᠤᠯᠢ ᠶᠢᠨ ᠳᠠᠯ᠎ᠠ ᠶᠢᠨ ᠤᠷᠢᠶᠠᠯᠠᠭ᠎ᠠ ᠲᠠᠶᠢᠴᠢᠯᠡᠯᠳᠡ ᠪᠠᠷ᠂ ᠠᠩᠬᠢ ᠶᠢᠨ ᠪᠠᠭᠰᠢ᠂ ᠬᠢᠴᠢᠶᠡᠯᠯᠡᠭᠡ ᠶᠢᠨ ᠪᠠᠭᠰᠢ ᠲᠦᠷᠦᠬᠦᠯᠡᠨ᠂ ᠬᠠᠮᠳᠦ ᠰᠤᠷᠤᠯᠭᠠᠳᠠᠨ᠂ ᠬᠡᠷ ᠤᠨ ᠠᠬᠠᠮᠠᠳ ᠨᠡᠷ ᠤᠨ ᠢᠳᠡᠪᠬᠢᠳᠡᠢ ᠤᠷᠤᠯᠴᠠᠯᠭ᠎ᠠ ᠬᠠᠪᠰᠤᠷᠤᠯᠭ᠎ᠠ ᠪᠠᠷ ᠡᠳᠡᠭᠡᠷ ᠰᠤᠷᠤᠭᠴᠢᠳ ᠤᠨ ᠰᠠᠭᠤᠵᠤ ᠬᠤᠨᠤᠬᠯᠠᠬᠤ᠂ ᠠᠮᠢᠳᠤᠷᠠᠵᠤ ᠰᠤᠷᠤᠯᠴᠠᠬᠤ ᠠᠰᠠᠭᠤᠳᠡᠯ ᠳᠡᠬᠦᠰ ᠰᠠᠶᠢᠬᠠᠨ  ᠰᠢᠢᠳᠪᠤᠷᠢᠯᠡᠭᠳᠡᠵᠤ᠂ ᠰᠤᠷᠭᠠᠭᠤᠯᠢ ᠶᠢᠨ ᠬᠠᠯᠠᠮᠵᠢᠯᠠᠯ᠂ ᠪᠠᠭᠰᠢ ᠰᠤᠷᠤᠬᠴᠢᠳ ᠤᠨ ᠬᠠᠶᠢᠷ᠎ᠠ ᠰᠡᠳᠬᠢᠯᠬᠡ᠂ ᠬᠠᠮᠳᠤ ᠰᠤᠷᠤᠯᠭᠠᠳᠠᠨ ᠤ ᠨᠦᠬᠦᠷᠯᠡᠯ᠂ ᠬᠡᠷ ᠤᠨ ᠠᠬᠠᠮᠠᠳ ᠨᠡᠷ ᠤᠨ ᠦᠷᠦᠪᠴᠢ ᠰᠡᠳᠬᠢᠯ ᠢ ᠳᠤᠰᠬᠠᠬᠰᠠᠨ ᠲᠦᠬᠡᠮᠡᠯ ᠬᠠᠶᠢᠷ᠎ᠠ ᠶᠢᠨ ᠦᠯᠢᠬᠡᠷ ᠢ ᠪᠢᠴᠢᠭᠯᠡᠭᠰᠡᠨ ᠪᠠᠶᠢᠨ᠎ᠠ᠃︽ᠰᠤᠷᠭᠠᠭᠤᠯᠢ ᠴᠢᠯᠦᠭᠡ ᠲᠠᠯᠪᠢᠬᠤ ᠶᠢᠨ ᠦᠶ᠎ᠠ ᠪᠠᠷ ᠬᠦᠦ ᠮᠢᠨᠢ ᠨᠠᠳᠠ ᠳᠤ ᠤᠳᠠᠰᠦ ᠢᠷᠡᠭᠦᠯᠦᠭᠡᠳ ᠡᠵᠡᠨ᠎ᠠ ᠶᠢᠨ ᠬᠠᠮᠳᠦ ᠰᠤᠷᠤᠭᠴᠢ ᠪᠠᠨ ᠲᠤᠰᠴᠦ ᠠᠪᠴᠢᠷᠠᠵᠦ ᠰᠠᠭᠤᠯᠭᠠᠬᠤ ᠪᠤᠳᠦᠯ ᠢᠶᠠᠨ ᠶᠠᠷᠢᠭᠰᠠᠠ ᠶᠤᠮ᠃ ᠬᠡᠳᠡᠯ᠎ᠠ ᠡᠪᠡᠳᠴᠢᠨ ᠬᠢᠵᠢᠭ ᠤᠨ ᠤᠨᠴᠠᠭᠠᠢ ᠴᠠᠭ ᠲᠤ᠂ ᠬᠦᠮᠦᠨ ᠤ ᠬᠡᠥᠬᠡᠳ ᠢ ᠠᠪᠴᠢᠷᠠᠴᠢᠬᠠᠭᠠᠳ ᠡᠪᠡᠳᠴᠢᠨ ᠲᠠᠬᠤᠯ ᠨᠡᠷᠪᠡᠭᠳᠡᠭᠦᠯᠴᠢᠬᠡᠪᠡᠯ ᠡᠵᠢ ᠠᠪᠦ ᠳᠤᠨᠢ ᠶᠠᠭᠠᠬᠢᠵᠦ ᠲᠤᠰᠢᠶᠠᠵᠦ ᠦᠭᠬᠦ ᠪᠤᠢ ᠭᠡᠵᠦ ᠲᠠᠳᠠᠭᠠᠯᠵᠠᠭᠰᠠᠠ ᠪᠤᠯᠪᠠᠴᠦ ᠬᠢᠵᠢᠭ ᠲᠤ ᠬᠤᠷᠢᠭᠳᠠᠭᠠᠳ ᠨᠤᠳᠤᠭ ᠤᠷᠤᠨ ᠳᠠᠭᠠᠨ ᠬᠠᠷᠢᠵᠦ ᠴᠢᠳᠠᠬᠤ ᠦᠭᠡᠢ ᠪᠠᠶᠢᠳᠡᠯ ᠳᠤ ᠪᠢᠳᠡ ᠬᠠᠶᠢᠷ᠎ᠠ ᠶᠢᠨ ᠬᠠᠯᠠᠭᠤᠨ ᠭᠠᠷ ᠢᠶᠠᠨ ᠰᠤᠩᠭᠠᠬᠤ ᠦᠭᠡᠢ ᠶᠠᠭᠠᠬᠢᠵᠦ ᠪᠤᠯᠬᠤ ᠪᠤᠢ ᠭᠡᠵᠦ ᠵᠦᠪᠰᠢᠶᠡᠷᠡᠭᠰᠡᠡ︾ ᠭᠡᠵᠦ ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠦᠨ ᠤ ᠮᠠᠯᠴᠢᠨ ᠠᠯᠳ᠋ᠬᠠᠠᠭᠤᠯᠡ ᠡᠵᠡᠨ᠎ᠠ ᠶᠢᠨ ᠰᠤᠷᠤᠭᠴᠢ ᠶᠢ ᠬᠦᠯᠢᠶᠡᠵᠦ ᠠᠪᠤᠭᠰᠠᠠ ᠤᠴᠢᠷ ᠢᠶᠠᠨ ᠶᠠᠷᠢᠯ᠎ᠠ᠃ ︽ᠬᠡᠥᠬᠡᠥᠨ ᠤᠨ ᠡᠵᠢ ᠠᠪᠤ ᠨᠢ ᠤᠯᠠᠭᠠᠨ ᠪᠠᠭᠯᠠᠭ᠎ᠠ ᠪᠠᠷ ᠮᠠᠨ ᠤ ᠭᠡᠷ ᠤᠨ ᠬᠦᠮᠦᠨ ᠳᠤ ᠮᠦᠡᠭᠭᠦ ᠢᠷᠡᠭᠦᠯᠦᠭᠰᠡᠡ ᠁ ᠬᠢᠵᠢᠭ ᠲᠡᠯᠭᠡᠷᠡᠵᠦ ᠪᠠᠶᠢᠭ᠎ᠠ ᠡᠶᠢᠮᠦ ᠬᠠᠳᠠᠭᠤ ᠴᠠᠭ ᠲᠤ ᠲᠡᠨᠳᠡ ᠬᠡᠷᠡᠭᠯᠡᠬᠦ ᠭᠠᠵᠡᠷ ᠤᠯᠡᠨ ᠪᠠᠶᠢᠬᠤ ᠯᠡ ᠳ᠋ᠠ︾ᠳᠤᠰ ᠰᠤᠷᠭᠠᠭᠤᠯᠢ ᠶᠢᠨ ᠠᠩᠬ᠎ᠠ ᠭᠤᠷᠪᠡ ᠶᠢᠨ ᠬᠤᠶᠠᠳᠦᠭᠠᠷ ᠠᠩᠬᠢ ᠶᠢᠨ ᠡᠷᠬᠢᠯᠡᠭᠴᠢ ᠪᠠᠷᠠᠭᠰᠪᠠᠳᠢ ᠠᠯᠠᠱᠠ ᠪᠠᠷᠠᠭᠤᠨ ᠬᠤᠰᠢᠭᠤ ᠨᠤᠳᠤᠭᠳᠠᠢ ᠨᠢᠭᠡ ᠦᠨᠳᠦᠷ ᠲᠤᠮᠳᠠᠳᠦ ᠶᠢᠨ ᠡᠮᠡᠭᠳᠠᠢ ᠰᠤᠷᠤᠭᠴᠢ ᠪᠤᠯᠤᠨ ᠨᠢᠭᠡ ᠠᠩᠬ᠎ᠠ ᠲᠤᠮᠳᠠᠳᠦ ᠶᠢᠨ ᠡᠷᠡᠭᠳᠠᠢ ᠰᠤᠷᠤᠭᠴᠢ ᠶᠢ ᠭᠡᠷ ᠲᠡᠭᠡᠨ ᠲᠤᠰᠴᠦ ᠠᠪᠴᠢᠷᠠᠭᠠᠳ ᠠᠮᠢᠳᠦᠷᠡᠯ ᠰᠤᠷᠤᠯᠭ᠎ᠠ ᠶᠢ ᠨᠢ ᠬᠠᠷᠠᠭᠠᠯᠵᠡᠵᠦ ᠪᠤᠢ᠃ ᠬᠤᠶᠡᠷ ᠰᠤᠷᠤᠭᠴᠢ ᠳᠤ ᠰᠠᠶᠢᠨ ᠰᠠᠶᠢᠬᠠᠨ ᠰᠤᠷᠤᠯᠴᠠᠬᠤ ᠤᠷᠴᠢᠨ ᠲᠤᠭᠤᠷᠢᠨ ᠬᠠᠨᠭ᠍ᠭᠠᠬᠤ ᠶᠢᠨ ᠲᠤᠰᠠᠳᠡ᠂ ᠲᠡᠷᠡᠪᠡᠷ ᠬᠤᠶᠡᠷ ᠰᠤᠷᠤᠭᠴᠢ ᠶᠢ ᠬᠤᠶᠡᠷ ᠨᠤᠮ ᠤᠨ ᠦᠷᠤᠭᠡᠨ ᠳᠡᠭᠡᠨ ᠬᠢᠴᠢᠶᠡᠯᠯᠡᠭᠦᠯᠵᠦ ᠂ ᠨᠠᠮ ᠵᠢᠮ ᠪᠠᠶᠢᠬᠤ ᠶᠢ ᠪᠠᠳᠦᠯᠠᠡ᠂ ᠦᠪᠡᠷ ᠲᠡᠭᠡᠨ ᠵᠤᠴᠢᠯᠠᠬᠤ ᠦᠷᠦᠭᠡᠨ ᠳᠡᠭᠡᠨ ᠰᠦᠯᠵᠢᠶᠡᠡ ᠤ ᠬᠢᠴᠢᠶᠡᠯ ᠡᠷᠬᠢᠯᠡᠵᠦ ᠪᠤᠢ᠃ 2 ᠬᠡᠥᠬᠡᠳ ᠤᠨ ᠬᠢᠴᠢᠶᠡᠯ ᠤᠷᠤᠵᠦ ᠪᠠᠶᠢᠬᠤ ᠪᠠᠶᠢᠳᠡᠯ᠂ ᠲᠠᠰᠬᠠᠯ ᠲᠠᠭᠠᠭᠠᠯᠭᠠᠪᠦᠷᠢ ᠶᠢ ᠪᠠᠶᠡᠯᠡᠭᠦᠯᠵᠦ ᠪᠠᠶᠢᠬᠤ ᠡᠰᠡᠬᠦ ᠶᠢ ᠲᠤᠳᠦᠮᠳᠡᠨ ᠬᠠᠷᠠᠭᠠᠯᠵᠠᠬᠤ ᠠᠴᠠ ᠭᠠᠳᠡᠨ᠎ᠠ ᠪᠦᠭᠡᠮ ᠬᠦᠴᠢᠯ ᠤᠨ ᠪᠠᠶᠢᠴᠠᠭᠠᠯᠳᠡ ᠶᠢ ᠴᠠᠭ ᠲᠤᠬᠠᠢ ᠳᠤᠨᠢ ᠲᠠᠭᠠᠭᠤᠯᠤᠨ ᠬᠢᠯᠬᠡᠬᠦ ᠶᠢᠨ ᠬᠠᠮᠳᠦ᠂ ᠭᠠᠷ ᠤᠳᠠᠰᠤ ᠶᠢ ᠪᠠᠭ᠎ᠠ ᠤᠷᠤᠯᠳᠤᠭᠤᠯᠬᠤ ᠶᠢᠨ ᠲᠦᠯᠦᠭᠡ ᠤᠷᠤᠢ ᠶᠢᠨ ᠵᠠᠪ ᠴᠢᠯᠦᠭᠡ ᠪᠠᠷ ᠲᠤᠬᠯᠠᠭᠠᠮ ᠨᠠᠭᠠᠳᠦᠮ ᠦᠷᠨᠢᠭᠦᠯᠵᠦ᠂ ᠰᠤᠷᠤᠭᠴᠢ ᠶᠢᠨ ᠠᠰᠢᠭ ᠲᠤᠰᠠ ᠶᠢ ᠬᠠᠮᠤᠭ ᠲᠡᠷᠢᠭᠦᠨ ᠳᠤ ᠪᠤᠳᠦᠯᠬᠢᠯᠠᠵᠦ ᠪᠠᠭᠰᠢ ᠶᠢᠨ ᠡᠭᠦᠷᠭᠡ ᠬᠠᠷᠢᠭᠤᠴᠠᠯᠭ᠎ᠠ ᠶᠢ ᠦᠴᠦᠭᠡᠨ ᠴᠦ ᠤᠰᠦᠯᠳᠦᠯ ᠦᠭᠡᠢ ᠬᠦᠢᠴᠡᠳᠭᠡᠵᠦ ᠪᠠᠶᠢᠭ᠎ᠠ ᠠᠵᠢ᠃ᠤᠳᠦᠬᠠᠨ᠂ ᠬᠢᠵᠢᠭ ᠎ ᠲᠤ ᠬᠠᠰᠢᠭᠳᠠᠵᠦ ᠭᠡᠷ ᠲᠡᠭᠡᠨ ᠬᠠᠷᠢᠵᠦ ᠴᠢᠳᠠᠬᠤ ᠦᠭᠡᠢ 13 ᠰᠤᠷᠤᠭᠴᠢ ᠪᠠᠭᠰᠢ ᠶᠢᠨ  ᠎ ᠢᠶᠠᠨ ᠭᠡᠷ ᠎ ᠲᠤ ᠰᠠᠭᠤᠵᠦ᠂ 9 ᠰᠤᠷᠤᠭᠴᠢ ᠨᠢ ᠬᠠᠮᠳᠦ ᠰᠤᠷᠤᠯᠭᠠᠳᠡᠨ ᠤ ᠪᠠᠨ ᠭᠡᠷ ᠲᠤ ᠰᠤᠷᠤᠯᠴᠠᠨ ᠠᠮᠢᠳᠦᠷᠠᠵᠦ ᠪᠠᠶᠢᠭ᠎ᠠ ᠬᠡᠳᠡᠭ ᠢ ᠰᠤᠷᠪᠦᠯᠵᠢᠯᠠᠭ᠎ᠠ ᠪᠠᠷ ᠦᠢᠯᠠᠭᠠᠯ᠎ᠠ᠃ ᠬᠠᠯᠳᠠᠪᠦᠷᠢᠳᠦ ᠬᠢᠵᠢᠭ ᠤᠨ ᠭᠠᠯᠵᠠᠭᠤ ᠲᠠᠭᠠᠷᠢᠯᠳᠡ ᠳᠤ ᠰᠤᠷᠭᠠᠨ ᠬᠦᠮᠤᠵᠢᠯ ᠭᠡᠬᠦ ᠬᠠᠮᠳᠦ ᠶᠢᠨ ᠬᠠᠷᠢᠭᠤᠴᠠᠯᠭ᠎ᠠ ᠳᠤ ᠤᠯᠡᠨ ᠲᠦᠮᠡᠨ ᠰᠡᠳᠬᠢᠯ ᠨᠢᠭᠡᠳᠠᠢ ᠬᠦᠳᠡᠯᠤᠯᠴᠡᠵᠦ᠂  ᠦᠪᠠᠷ ᠤᠨ ᠢᠶᠠᠨ ᠭᠡᠰᠡᠠ ᠬᠤᠪᠢ ᠨᠠᠮᠠᠷᠢ᠂ ᠴᠢᠷᠮᠠᠶᠢᠯᠭ᠎ᠠ ᠵᠢᠳᠬᠦᠯ ᠢᠶᠠᠨ ᠡᠷᠬᠦᠵᠤ ᠪᠠᠶᠢᠭ᠎ᠠ ᠡᠳᠡᠭᠡᠷ ᠬᠦᠮᠦᠰ ᠬᠠᠶᠢᠷᠠᠯᠠᠯᠳᠠᠢ᠂ ᠪᠢᠰᠢᠷᠡᠯᠳᠡᠢ᠃︽ᠭᠡᠷ ᠢᠶᠠᠨ ᠰᠠᠨᠠᠵᠦ ᠪᠠᠶᠢᠨ᠎ᠠ᠂ ᠡᠵᠢ ᠠᠪᠦ ᠲᠡᠭᠦᠦ ᠪᠠᠨ ᠰᠠᠨᠠᠵᠦ ᠪᠠᠶᠢᠨ᠎ᠠ᠂ ᠬᠢᠵᠢᠭ ᠬᠤᠷᠳᠦᠨ ᠦᠡᠭᠭᠡᠷᠡᠵᠦ ᠡᠷᠡᠬᠦᠯ ᠰᠠᠷᠠᠭᠤᠯ ᠬᠡᠪ ᠤᠨ ᠠᠮᠢᠳᠦᠷᠡᠯ ᠳᠠᠭᠠᠨ ᠪᠤᠴᠠᠬᠤ ᠶᠢ ᠮᠠᠰᠢ ᠬᠦᠰᠡᠵᠦ ᠪᠠᠶᠢᠨ᠎ᠠ᠃ ᠬᠡᠳᠦ᠋ᠢᠪᠡᠷ ᠭᠡᠷ ᠲᠡᠭᠡᠨ ᠬᠠᠷᠢᠵᠦ ᠲᠡᠶᠢᠯᠬᠦ ᠦᠭᠡᠢ ᠴᠦ ᠰᠤᠷᠭᠠᠭᠤᠯᠢ᠂ ᠪᠠᠭᠰᠢ᠂ ᠬᠠᠮᠳᠦ ᠰᠤᠷᠤᠯᠭᠠᠳᠡᠨ ᠤ ᠬᠠᠶᠢᠷ᠎ᠠ ᠬᠠᠯᠠᠮᠵᠢ ᠨᠠᠳᠠ ᠳᠤ ᠶᠡᠭᠡ ᠵᠤᠷᠢᠭᠵᠢᠭᠤᠯᠤᠯ ᠢᠳᠡᠭᠡᠯ ᠤᠯᠭᠤᠭᠰᠠᠠ︾ ᠭᠡᠵᠦ ᠬᠡᠨᠳᠡᠨᠳᠤᠷᠵᠢ ᠶᠠᠷᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号