ᠡᠪᠦᠯ ᠤᠨ ᠤᠯᠠᠷᠢᠯ ᠤᠨ ᠡᠷᠬᠡᠬᠠᠰᠢᠬ᠎ᠠ ᠳᠤ ᠬᠠᠶᠢᠷ᠎ᠠ ᠬᠠᠯᠠᠮᠵᠢ ᠪᠢᠯᠬᠠᠨ᠎ᠠ
ᠨᠡᠶᠢᠲᠡᠯᠡᠭᠰᠡᠨ ᠴᠠᠭ᠄
2021/11/17
     ᠡᠨᠡ ᠡᠪᠤᠯ ᠡᠷᠳᠡ ᠬᠦᠳᠡᠷᠡᠭᠰᠡᠨ ᠴᠦ ᠡᠷᠬᠡᠬᠠᠰᠢᠬ᠎ᠠ ᠰᠤᠮᠤᠨ ᠤ ᠮᠠᠯᠵᠢᠬᠤ ᠤᠷᠤᠨ ᠢᠶᠠᠷ ᠮᠠᠯᠴᠢᠳ ᠬᠠᠷᠢᠯᠴᠠᠨ ᠬᠠᠪᠰᠤᠷᠤᠯᠴᠠᠨ ᠠᠵᠢᠯ ᠦᠢᠯᠡᠳᠪᠦᠷᠢᠯᠡᠯ ᠢᠶᠠᠨ ᠪᠡᠶᠡᠯᠡᠬᠦᠯᠵᠦ ᠬᠠᠶᠢᠷ᠎ᠠ ᠬᠠᠯᠠᠮᠵᠢ ᠪᠢᠯᠬᠠᠭᠰᠠᠨ ᠬᠠᠯᠠᠭᠤᠨ ᠳᠤᠯᠠᠭᠠᠨ ᠠᠭᠤᠷ ᠠᠮᠢᠰᠬᠤᠯ ᠢ ᠪᠦᠷᠢᠯᠳᠦᠬᠦᠯᠵᠦ ᠪᠠᠶᠢᠨ᠎ᠠ᠃               ᠬᠠᠷᠢᠯᠴᠠᠨ ᠬᠠᠪᠰᠤᠷᠤᠯᠴᠠᠵᠦ ᠮᠠᠯ ᠤᠨ ᠬᠢᠵᠢᠭ ᠢ ᠰᠡᠷᠬᠡᠶᠢᠯᠡᠨ᠎ᠠ     ᠠᠭᠤᠷ ᠠᠮᠢᠰᠬᠤᠯ ᠠᠭᠠᠵᠢᠮ ᠢᠶᠠᠷ ᠬᠦᠶᠲᠡᠷᠡᠵᠦ ᠡᠬᠢᠯᠡᠬᠦ ᠳᠤ᠂ ᠠᠮᠢᠲᠠᠨ ᠤ ᠡᠪᠡᠳᠴᠢᠨ ᠬᠢᠵᠢᠭ ᠡᠪᠡᠳᠴᠢᠨ ᠠᠮᠠᠷᠬᠠᠨ ᠡᠭᠦᠰᠬᠦ ᠬᠤᠭᠤᠴᠠᠭ᠎ᠠ ᠪᠤᠯᠵᠤ᠂ ᠰᠡᠷᠭᠡᠶᠢᠯᠡᠨ ᠬᠢᠵᠠᠭᠠᠷᠯᠠᠬᠤ ᠠᠵᠢᠯ ᠪᠠᠴᠢᠮ ᠶᠠᠭᠠᠷᠠᠤ ᠶᠠᠪᠤᠭᠳᠠᠨ᠎ᠠ᠃ ᠡᠷᠬᠡᠬᠠᠰᠢᠬ᠎ᠠ ᠰᠤᠮᠤ ᠶᠢᠨ ᠶᠡᠷᠦᠩᠬᠡᠶᠢᠯᠡᠭᠰᠡᠨ ᠪᠠᠲᠤᠯᠠᠭ᠎ᠠ ᠪᠠ ᠮᠡᠷᠭᠡᠵᠢᠯ ᠳᠡᠯᠭᠡᠷᠡᠭᠦᠯᠬᠦ ᠲᠥᠪ ᠤᠨ ᠬᠢᠨ ᠡᠯ᠎ᠡ ᠭᠠᠴᠠᠭᠠᠨ ᠤ ᠬᠢᠵᠢᠭ ᠰᠡᠷᠭᠡᠶᠢᠯᠡᠭᠴᠢᠳ ᠲᠠᠢ ᠬᠠᠮᠲᠤᠷᠠᠨ ᠴᠠᠭ ᠢ ᠠᠮᠵᠢᠨ ᠡᠯ᠎ᠡ ᠭᠠᠴᠠᠭᠠᠨ ᠤ ᠮᠠᠯᠵᠢᠬᠤ ᠡᠷᠦᠬᠡ ᠶᠢᠨ ᠮᠠᠯ ᠳᠤ ᠰᠡᠷᠬᠡᠶᠢᠯᠡᠯᠬᠡ ᠶᠢᠨ ᠲᠠᠷᠢᠯᠭ᠎ᠠ ᠬᠢᠵᠦ᠂ ᠨᠠᠮᠤᠷ ᠡᠪᠦᠯ ᠤᠨ ᠬᠢᠵᠢᠭ ᠢ ᠰᠡᠷᠭᠡᠶᠢᠯᠡᠬᠦ ᠠᠵᠢᠯ ᠢ 100%᠎ ᠪᠠᠷ ᠪᠡᠶᠡᠯᠡᠭᠦᠯᠪᠡ᠃    ᠮᠠᠯ ᠲᠡᠵᠢᠭᠡᠪᠦᠷᠢ ᠶᠢᠨ ᠸᠠᠺᠼᠢᠨ ᠤ ᠲᠠᠷᠢᠯᠭ᠎ᠠ ᠬᠢᠬᠦ ᠪᠣᠯ ᠬᠠᠲᠠᠭᠤ ᠡᠭᠦᠷᠭᠡ ᠮᠥᠨ᠃ ᠭᠡᠪᠡᠴᠦ ᠬᠢᠵᠢᠭ ᠢ ᠰᠡᠷᠭᠡᠶᠢᠯᠡᠭᠴᠢ ᠰᠢᠷ᠎ᠠ ᠬᠤᠯᠤᠰᠤ ᠭᠠᠴᠠᠭᠠᠨ ᠤ ᠯᠦᠸᠧ ᠸᠧᠨ ᠶᠧ ᠶᠢᠨ ᠬᠡᠷ ᠲᠤ ᠬᠥᠷᠬᠦ ᠦᠶ᠎ᠡ ᠳᠤ᠂ ᠬᠡᠷ ᠪᠦᠯᠢ ᠎ ᠶᠢᠨ ᠬᠦᠴᠢᠷᠳᠡᠯ ᠪᠠᠶᠢᠳᠠᠯ ᠨᠢ ᠳᠡᠬᠦᠨ ᠤ ᠰᠡᠳᠬᠢᠯ ᠢ ᠵᠤᠪᠠᠭᠠᠭᠰᠠᠨ ᠪᠠᠶᠢᠪᠠ᠃ ᠭᠡᠨᠡᠳᠲᠡ ᠶᠢᠨ ᠰᠠᠨᠠᠭᠠᠨ ᠳᠤ ᠥᠬᠡᠶ ᠤᠴᠢᠷ ᠢᠶᠠᠷ ᠯᠦᠸᠧ ᠸᠧᠨ ᠶᠧ ᠬᠥᠳᠡᠯᠮᠦᠷᠢᠯᠡᠬᠦ ᠴᠢᠳᠠᠪᠤᠷᠢ ᠪᠠᠨ ᠠᠯᠳᠠᠵᠤ᠂ ᠬᠦᠦ ᠨᠢ ᠭᠠᠳᠠᠨ᠎ᠠ ᠤᠷᠤᠨ ᠳᠤ ᠪᠢᠴᠢᠭ ᠦᠵᠡᠵᠦ ᠪᠠᠶᠢᠬᠤ ᠳᠤᠯᠠ ᠲᠡᠭᠦᠨ ᠢ ᠬᠠᠪᠰᠤᠷᠴᠤ ᠬᠤᠨᠢ᠂ ᠦᠬᠡᠷ᠂ ᠲᠡᠮᠡᠭᠡ ᠮᠠᠯ ᠢ ᠨᠢ ᠳᠤᠳᠤᠮᠳᠠᠬᠤ ᠬᠦᠮᠦᠨ ᠦᠬᠡᠢ ᠳᠤᠯᠠ ᠶᠠᠭᠠᠬᠢᠵᠦ ᠡᠳᠡᠨ ᠤ ᠮᠠᠯ ᠳᠤ ᠰᠡᠷᠬᠡᠶᠢᠯᠡᠯᠬᠡ ᠶᠢᠨ ᠵᠡᠭᠦᠦ ᠴᠤᠬᠢᠬᠤ ᠪᠢᠯᠡ︖ ᠬᠡᠵᠦ ᠠᠯᠠᠩᠳᠤᠷᠠᠨ᠎ᠠ᠃ ᠡᠨᠡ ᠦᠶ᠎ᠠ ᠳᠤ ᠨᠠᠮ ᠳᠤ ᠣᠷᠣᠭᠠᠳ 22 ᠵᠢᠯ ᠪᠣᠯᠵᠣ ᠪᠠᠶᠢᠭ᠎ᠠ ᠠᠬᠠᠮᠠᠳ ᠨᠠᠮ ᠤᠨ ᠭᠡᠰᠢᠭᠦᠨ ᠸᠠᠩ ᠰᠢᠨ ᠮᠢᠩ ᠰᠠᠶᠢᠨ ᠳᠤᠷ᠎ᠠ ᠠᠴᠠ ᠪᠠᠨ ᠯᠦᠸᠧ ᠸᠧᠨ ᠶᠧ ᠶᠢᠨ ᠬᠡᠷ ᠲᠤ ᠬᠦᠷᠴᠦ ᠢᠷᠡᠬᠡᠳ᠂ ᠦᠬᠡᠷ ᠤᠨ ᠬᠠᠰᠢᠶ᠎ᠠ᠂ ᠲᠡᠮᠡᠭᠡᠨ ᠬᠠᠰᠢᠶ᠎ᠠ ᠪᠠᠷ ᠨᠢ ᠣᠷᠣᠵᠤ᠂ ᠮᠠᠯ ᠢ ᠨᠢ ᠬᠠᠮᠵᠢᠨ ᠪᠠᠷᠢᠯᠠᠵᠦ ᠰᠡᠷᠬᠡᠶᠢᠯᠡᠯᠬᠡ ᠶᠢᠨ ᠵᠡᠬᠦᠦ ᠴᠤᠬᠢᠵᠦ᠂ ᠲᠡᠮᠳᠡᠭ ᠳᠠᠯᠪᠢᠵᠦ ᠬᠦᠳᠡᠯᠮᠦᠷᠢᠯᠡᠬᠡᠳ᠂ ᠨᠢᠭᠡ ᠡᠳᠦᠷ ᠤᠨ ᠬᠤᠭᠤᠴᠠᠭᠠᠨ ᠳᠤ ᠯᠦᠸᠧ ᠸᠧᠨ ᠶᠧ ᠪᠣᠯᠤᠨ ᠣᠶᠢᠷ᠎ᠠ ᠬᠠᠪᠢ ᠶᠢᠨ 2 ᠮᠠᠯᠵᠢᠬᠤ ᠡᠷᠦᠬᠡ ᠶᠢ ᠬᠠᠪᠰᠤᠷᠤᠨ ᠪᠥᠬᠦ ᠮᠠᠯ ᠤᠨ ᠰᠡᠷᠬᠡᠶᠢᠯᠡᠯᠬᠡ ᠶᠢᠨ ᠲᠠᠷᠢᠯᠭ᠎ᠠ ᠎ ᠶᠢ ᠬᠢᠵᠦ ᠳᠠᠭᠤᠰᠬᠠᠵᠠᠶ᠃     ᠰᠢᠷ᠎ᠠ ᠬᠤᠯᠤᠰᠤ ᠭᠠᠴᠠᠭᠠᠨ ᠤ ᠵᠦᠪᠯᠡᠯ ᠤᠨ ᠭᠡᠰᠢᠭᠦᠨ ᠬᠠᠳᠠ ᠪᠣᠯ ᠨᠠᠮ ᠳᠤ ᠣᠷᠣᠭᠠᠳ 26 ᠵᠢᠯ ᠪᠣᠯᠵᠤ ᠪᠠᠶᠢᠭ᠎ᠠ ᠠᠬᠠᠮᠠᠳ ᠨᠠᠮ ᠤᠨ ᠭᠡᠰᠢᠭᠦᠨ ᠶᠤᠮ᠂ ᠲᠠᠪᠤᠨ ᠵᠢᠯ ᠤᠨ ᠡᠮᠦᠨ᠎ᠡ ᠳᠡᠷᠡ ᠵᠢᠷᠦᠬᠡᠨ ᠤ ᠮᠡᠰᠡ ᠵᠠᠰᠠᠯ  ᠬᠢᠯᠬᠡᠭᠰᠡᠨ ᠪᠣᠯᠪᠠᠴᠤ ᠭᠠᠴᠠᠭᠠᠨ ᠤ ᠬᠢᠵᠢᠭ ᠢ ᠰᠡᠷᠭᠡᠶᠢᠯᠡᠭᠴᠢ ᠶᠢᠨ ᠠᠵᠢᠯ ᠢ ᠬᠢᠭᠰᠡᠭᠡᠷ ᠢᠷᠡᠵᠡᠢ᠃ ᠤᠢᠢᠷ᠎ᠠ ᠶᠢᠨ 10 ᠵᠢᠯ ᠤᠨ ᠲᠤᠷᠰᠢ᠂ ᠲᠡᠷᠡ ᠬᠢᠵᠢᠭ ᠢ ᠰᠡᠷᠭᠡᠶᠢᠯᠡᠬᠦ ᠮᠡᠳᠡᠯᠭᠡ ᠶᠢ ᠢᠳᠡᠪᠬᠢᠲᠡᠢ ᠤᠬᠠᠭᠤᠯᠵᠤ᠂ ᠭᠠᠴᠠᠭ᠎ᠠ ᠶᠢᠨ ᠡᠷᠦᠬᠡ ᠪᠣᠯᠭᠠᠨ ᠢᠶᠠᠷ ᠳᠠᠷᠠᠭᠠᠯᠠᠨ ᠶᠠᠪᠤᠵᠤ᠂ ᠬᠦᠮᠦᠨ ᠪᠦᠯᠢ ᠴᠦᠬᠡᠨ ᠬᠦᠴᠢᠷᠳᠡᠯᠲᠡᠢ ᠭᠡᠷ ᠪᠦᠯᠢ ᠶᠢ ᠬᠠᠪᠰᠤᠷᠤᠨ ᠰᠡᠷᠬᠡᠶᠢᠯᠡᠯᠬᠡ ᠶᠢᠨ ᠳᠠᠷᠢᠯᠭ᠎ᠠ ᠬᠢᠵᠦ᠂ ᠲᠡᠷᠡ ᠠᠷᠪᠠᠨ ᠵᠢᠯ ᠤᠨ ᠳᠤᠷᠰᠢ ᠬᠠᠪᠤᠷ᠂ ᠨᠠᠮᠤᠷ ᠡᠪᠦᠯ ᠤᠨ ᠬᠢᠵᠢᠭ ᠢ ᠰᠡᠷᠭᠡᠶᠢᠯᠡᠬᠦ ᠡᠭᠦᠷᠭᠡ ᠶᠢ ᠪᠡᠶᠡᠯᠡᠬᠦᠯᠦᠭᠰᠡᠬᠡᠷ ᠢᠷᠡᠭᠰᠡᠨ ᠪᠠᠶᠢᠨ᠎ᠠ᠃              ᠬᠠᠷᠢᠯᠴᠠᠨ ᠬᠠᠪᠰᠤᠷᠤᠯᠴᠠᠵᠦ ᠡᠷᠳᠡᠨᠢ ᠰᠢᠰᠢ ᠶᠢ ᠵᠠᠪᠳᠤᠨ ᠬᠤᠷᠢᠶᠠᠨ᠎ᠠ      ᠰᠢᠷ᠎ᠠ ᠬᠤᠯᠤᠰᠤ ᠭᠠᠴᠠᠭᠠᠨ ᠤ ᠮᠠᠯᠴᠢᠨ ᠯᠦᠸᠧ ᠱᠧᠩ ᠵᠧᠨ ᠤ ᠡᠬᠡᠨᠡᠷ ᠨᠢ ᠡᠪᠡᠳᠴᠢᠯᠡᠬᠡᠳ ᠭᠠᠨᠰᠦ ᠶᠢᠨ ᠡᠤ ᠸᠧᠶ ᠬᠤᠳᠠ ᠳᠤ ᠡᠮᠨᠡᠯᠭᠡ ᠳᠤ ᠰᠠᠭᠤᠵᠤ ᠪᠠᠶᠢᠬᠤ ᠠᠴᠠ ᠪᠣᠯᠵᠣ᠂ ᠳᠡᠷᠡ ᠬᠡᠷ ᠤᠨ ᠳᠣᠲᠣᠨ᠎ᠠ ᠭᠠᠳᠠᠨ᠎ᠠ ᠶᠢᠨ ᠠᠵᠢᠯ ᠳᠤ ᠭᠠᠭᠴᠠᠭᠠᠷ ᠢᠶᠠᠨ ᠶᠠᠭᠠᠷᠠᠵᠤ ᠪᠠᠶᠢᠪᠠ᠃ ᠡᠬᠡᠨᠡᠷ ᠨᠢ ᠡᠮᠨᠡᠯᠭᠡ ᠠᠴᠠ ᠭᠠᠷᠤᠭᠰᠠᠨ ᠤ ᠳᠠᠷᠠᠭ᠎ᠠ᠂ ᠭᠡᠨᠡᠳᠲᠡ ᠬᠢᠵᠢᠭ ᠳᠡᠯᠭᠡᠷᠡᠭᠰᠡᠨ ᠠᠴᠠ ᠪᠣᠯᠵᠣ ᠬᠡᠷ ᠲᠡᠭᠡᠨ ᠬᠠᠷᠢᠬᠤ ᠶᠢᠨ ᠠᠷᠭ᠎ᠠ ᠥᠬᠡᠶ ᠪᠤᠯᠵᠡᠢ᠃ ᠲᠠᠷᠢᠶᠠᠨ ᠠᠴᠠ ᠬᠤᠷᠢᠶᠠᠭᠰᠠᠨ 10 ᠮᠥ ᠡᠷᠳᠡᠨᠢ ᠰᠢᠰᠢ ᠨᠢ ᠰᠠᠯᠬᠢ ᠰᠢᠭᠤᠷᠭᠠᠨ ᠳᠤ ᠳᠠᠭᠠᠷᠢᠭᠳᠠᠵᠤ᠂ ᠯᠦᠸᠧ ᠱᠧᠩ ᠵᠧᠨ ᠭᠠᠭᠴᠠᠭᠠᠷ ᠢᠶᠠᠨ ᠶᠠᠭᠠᠷᠠᠵᠤ ᠬᠡᠷ ᠲᠡᠭᠡᠨ ᠬᠠᠳᠠᠭᠠᠯᠠᠵᠤ ᠠᠮᠵᠢᠭᠰᠠᠨ ᠥᠬᠡᠶ ᠪᠠᠶᠢᠵᠡᠢ᠃ ᠡᠬᠦᠨ ᠢ ᠬᠦᠷᠰᠢ ᠠᠶᠢᠯ ᠨᠢ ᠪᠤᠯᠬᠤ ᠨᠠᠮ ᠤᠨ ᠭᠡᠰᠢᠭᠦᠨ ᠡᠷᠳᠡᠨᠢᠳᠠᠯᠠᠢ ᠤᠯᠵᠤ ᠮᠡᠳᠡᠬᠡᠳ ᠡᠬᠡᠨᠡᠷ ᠲᠠᠢ ᠪᠠᠨ ᠬᠤᠶᠠᠭᠤᠯᠠ ᠥᠪᠡᠷ ᠤᠨ ᠠᠵᠢᠯ ᠎ ᠢᠶᠠᠨ ᠬᠤᠶᠢᠰᠢᠯᠠᠭᠤᠯᠵᠤ ᠪᠠᠶᠢᠭᠠᠳ᠂ ᠬᠤᠶᠠᠷ ᠡᠳᠦᠷ ᠤᠨ ᠴᠠᠭ ᠭᠠᠷᠠᠭᠠᠨ ᠬᠦᠳᠡᠯᠮᠦᠷᠢᠯᠡᠵᠦ᠂ ᠯᠦᠸᠧ ᠱᠧᠩ ᠵᠧᠨ ᠎ ᠤ ᠲᠠᠷᠢᠶᠠᠨ ᠳᠠᠬᠢ ᠡᠷᠳᠡᠨᠢ ᠰᠢᠰᠢ ᠶᠢ ᠰᠠᠪᠠᠯᠠᠵᠦ  ᠭᠡᠷ ᠲᠤᠨᠢ ᠬᠦᠷᠬᠡᠵᠦ ᠦᠭᠴᠡᠢ᠃      ᠮᠠᠯ ᠤᠨᠤᠭ᠎ᠠ᠂ ᠡᠪᠡᠰᠦ ᠪᠤᠷᠤᠳᠤᠭ᠎ᠠ ᠪᠣᠯ ᠮᠠᠯᠴᠢᠳ ᠤᠨ ᠬᠠᠮᠤᠭ ᠤᠨ ᠡᠷᠬᠢᠮ ᠨᠠᠨᠳᠢᠨ ᠡᠳ᠋ ᠬᠦᠷᠦᠩᠭᠡ ᠪᠠᠶᠢᠭ᠎ᠠ ᠶᠤᠮ᠃ ᠬᠦᠴᠢᠷ ᠳᠤᠯᠭᠠᠷᠠᠬᠤ ᠦᠶ᠎ᠠ ᠳᠤ ︽ᠪᠢ ᠪᠣᠯ ᠨᠠᠮ ᠤᠨ ᠭᠡᠰᠢᠭᠦᠨ᠂ ᠪᠢ ᠳᠠᠨ ᠢ ᠬᠠᠪᠰᠤᠷᠤᠶ᠎ᠠ︾ ᠂ ︽ᠪᠢ ᠬᠥᠷᠰᠢ ᠵᠡᠷᠭᠡᠯᠡᠳᠡᠭᠡ ᠰᠠᠭᠤᠵᠤ ᠪᠠᠶᠢᠨ᠎ᠠ᠂ ᠪᠢ ᠳᠠᠨ ᠢ ᠬᠠᠪᠰᠤᠷᠤᠶ᠎ᠠ︾ ᠬᠡᠰᠡᠨ ᠤᠯᠠᠨ ᠰᠠᠶᠢᠬᠠᠨ ᠰᠡᠳᠬᠢᠯ ᠬᠦᠳᠡᠯᠬᠡᠮ᠎ᠠ ᠪᠣᠳᠠᠲᠤ ᠠᠵᠢᠯᠯᠠᠭ᠎ᠠ ᠨᠠᠮ ᠤᠨ ᠭᠡᠰᠢᠭᠦᠨ ᠤ ᠡᠭᠦᠷᠭᠡ ᠬᠠᠷᠢᠭᠤᠴᠠᠯᠭ᠎ᠠ ᠶᠢᠨ ᠤᠭ ᠰᠠᠨᠠᠭ᠎ᠠ ᠶᠢ ᠦᠢᠯᠡᠳᠦᠯᠭᠡᠵᠢᠭᠦᠯᠵᠦ᠂ ᠮᠠᠯᠵᠢᠬᠤ ᠣᠷᠣᠨ ᠳᠤ ᠬᠠᠶᠢᠷ᠎ᠠ ᠬᠠᠯᠠᠮᠵᠢ ᠲᠠᠢ ᠬᠠᠯᠠᠭᠤᠨ ᠳᠤᠯᠠᠭᠠᠨ ᠠᠭᠤᠷ ᠠᠮᠢᠰᠬᠤᠯ ᠢ ᠪᠦᠷᠢᠯᠳᠦᠬᠦᠯᠵᠦ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号