ᠭᠠᠭ᠋ᠠᠢ ᠶᠢᠨ ᠮᠢᠯᠵᠠᠩ
ᠨᠡᠶᠢᠲᠡᠯᠡᠭᠰᠡᠨ ᠴᠠᠭ᠄
2021/11/25
ᠲᠥᠷᠥᠯᠵᠢᠭᠰᠡᠨ ᠸᠢᠷᠦ᠋ᠰ ᠢᠶᠠᠷ ᠡᠭᠦᠰᠬᠡᠭᠳᠡᠳᠡᠭ ᠭᠠᠭ᠋ᠠᠢ ᠶᠢᠨ ᠭᠤᠴᠣ ᠬᠠᠯᠳᠠᠪᠤᠷᠢᠲᠤ ᠡᠪᠡᠳᠴᠢᠨ ᠶᠡᠬᠡᠪᠴᠢᠯᠡᠨ ᠴᠢᠰᠤᠨ ᠤ ᠰᠤᠳᠠᠰᠤᠨ ᠤ ᠬᠠᠨ᠎ᠠ ᠶᠢ ᠭᠡᠮᠲᠦᠭᠡᠵᠦ ᠡᠪᠡᠳᠴᠢᠯᠡᠭᠦᠯᠦᠨ᠎ᠡ ᠃ ᠬᠠᠯᠳᠠᠪᠤᠷᠢᠯᠠᠯᠲᠠ ᠄ ᠡᠪᠡᠳᠴᠢᠯᠡᠭᠰᠡᠨ ᠭᠠᠭ᠋ᠠᠢ ᠪᠣᠯᠣᠨ ᠡᠪᠡᠳᠴᠢᠲᠡᠶ ᠭᠠᠭ᠋ᠠᠢ ᠶᠢᠨ ᠢᠯᠭᠠᠳᠠᠰᠤ ᠪᠠᠷ ᠪᠣᠬᠢᠷᠯᠠᠭᠳᠠᠭᠰᠠᠨ ᠪᠠᠶᠢᠷᠢ ᠂ ᠲᠡᠵᠢᠭᠡᠯ ᠂ ᠤᠰᠤ ᠪᠠᠷ ᠳᠡᠮᠵᠢᠨ ᠬᠠᠯᠳᠠᠪᠤᠷᠢᠯᠠᠨ᠎ᠠ ᠃ ᠰᠢᠨᠵᠢ ᠲᠡᠮᠳᠡᠭ ᠄ ᠬᠠᠯᠠᠭᠤᠷᠠᠨ᠎ᠠ ᠂ ᠪᠠᠭᠠᠰᠤ ᠬᠠᠲᠠᠵᠤ ᠪᠠᠶᠢᠭᠰᠠᠨ ᠢᠶᠠᠨ ᠴᠢᠴᠠᠭ᠎ᠠ ᠠᠯᠳᠠᠨ᠎ᠠ ᠂ ᠠᠷᠠᠰᠤ ᠤᠯᠠᠶᠢᠵᠤ ᠶᠠᠭᠠᠪᠲᠤᠷ ᠲᠤᠶᠠᠭ᠎ᠠ ᠲᠠᠢ ᠪᠣᠯᠣᠨ᠎ᠠ ᠂ ᠴᠢᠬᠢᠨ ᠤ ᠦᠵᠦᠭᠦᠷ ᠂ ᠰᠡᠭᠦᠯ ᠪᠡᠯᠭᠡ ᠶᠢᠨ ᠤᠷᠤᠭᠤᠯ ᠦᠬᠦᠵᠢᠨ᠎ᠡ ᠂ ᠨᠢᠳᠦᠨ ᠤ ᠰᠠᠯᠢᠰᠤᠲᠤ ᠪᠦᠷᠬᠦᠭᠦᠯ ᠦᠷᠪᠢᠰᠦᠨ ᠂ ᠨᠢᠳᠦ ᠨᠤᠤᠬᠠᠳᠠᠬᠤ ᠂ ᠲᠠᠲᠠᠪᠠᠭᠠᠨᠠᠨ᠎ᠠ ᠃ ᠨᠢᠲᠤᠯᠠᠭ᠎ᠠ ᠶᠢᠨ ᠳᠠᠷᠠᠭ᠎ᠠ ᠢᠯᠡᠷᠡᠬᠦ ᠥᠭᠡᠷᠡᠴᠢᠯᠡᠯᠲᠡ ᠨᠦᠭᠦᠳ ᠄ ᠪᠥᠭᠡᠷ᠎ᠡ ᠂ ᠳᠡᠯᠢᠭᠦᠦ ᠂ ᠰᠥᠰᠥᠨ ᠤ ᠬᠡᠦᠳᠡᠢ ᠶᠢᠨ ᠰᠠᠯᠢᠰᠤᠲᠤ ᠪᠦᠷᠬᠦᠭᠦᠯ ᠳᠡᠭᠡᠷ᠎ᠡ ᠰᠢᠭᠢᠳᠦᠭᠡᠰᠦ ᠂ ᠰᠠᠯᠢᠰᠤᠲᠤ ᠪᠦᠷᠬᠦᠭᠦᠯ ᠳᠡᠭᠡᠷ᠎ᠡ ᠳᠤᠭᠤᠢ ᠂ ᠲᠣᠪᠴᠢ ᠬᠡᠯᠪᠡᠷᠢ ᠶᠢᠨ ᠰᠢᠷᠬ᠎ᠠ ᠂ ᠪᠦᠳᠦᠭᠦᠨ ᠭᠡᠳᠡᠰᠦᠨ ᠤ ᠰᠠᠯᠢᠰᠤᠲᠤ ᠪᠦᠷᠬᠦᠭᠦᠯ ᠳᠡᠭᠡᠷ᠎ᠡ ᠰᠢᠷᠬ᠎ᠠ ᠲᠤᠰ ᠲᠤᠰ ᠡᠭᠦᠰᠦᠨ᠎ᠡ ᠂ ᠲᠤᠩᠭᠠᠯᠠᠭ ᠤᠨ ᠵᠠᠩᠭᠢᠯᠠᠭ᠎ᠠ ᠲᠣᠮᠣᠷᠠᠨ᠎ᠠ ᠃ ᠬᠠᠪᠢᠷᠭᠠᠨ ᠤ ᠳᠣᠣᠷᠠᠳᠤ ᠬᠡᠰᠡᠭ᠂ ᠠᠭᠤᠰᠬᠢ ᠂ ᠭᠡᠳᠡᠰᠦᠨ ᠤ ᠬᠤᠶᠠᠷᠳᠠᠭᠴᠢ ᠦᠷᠪᠢᠰᠦᠯ ᠪᠤᠢ ᠪᠣᠯᠣᠨ᠎ᠠ ᠃ ᠰᠡᠷᠭᠡᠶᠢᠯᠡᠯᠲᠡ ᠄ ᠠᠷᠢᠭᠤᠳᠬᠠᠯ ᠂ ᠬᠠᠯᠳᠠᠪᠤᠷᠢ ᠦᠭᠡᠶᠢᠵᠢᠭᠦᠯᠦᠯᠲᠡ ᠂ ᠡᠨᠡ ᠡᠪᠡᠳᠴᠢᠨ ᠤ ᠡᠰᠡᠷᠭᠦ ᠵᠣᠷᠢᠭᠤᠯᠤᠯᠲᠠ ᠶᠢᠨ ᠸᠠᠺᠼᠢᠨ ᠲᠠᠷᠢᠵᠤ ᠳᠠᠷᠬᠠᠯᠠᠭ᠎ᠠ ᠲᠠᠢ ᠪᠣᠯᠭᠠᠬᠤ ᠳᠤ ᠣᠷᠣᠰᠢᠨ᠎ᠠ ᠃ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号