ᠲᠦᠯ ᠤᠨ ᠴᠠᠭ ᠲᠤ ᠠᠷᠢᠭᠤᠨ ᠴᠡᠪᠡᠷᠴᠢ ᠪᠠᠶᠢᠬᠤ ᠶᠢ ᠪᠠᠷᠢᠮᠲᠠᠯᠠᠪᠠᠯ ᠵᠤᠬᠢᠨ᠎ᠠ
ᠨᠡᠶᠢᠲᠡᠯᠡᠭᠰᠡᠨ ᠴᠠᠭ᠄
2021/11/25
ᠬᠠᠪᠤᠷ ᠲᠦᠯ ᠲᠤᠰᠬᠤ ᠦᠶ᠎ᠡ ᠪᠠᠷ ᠮᠠᠯᠴᠢᠳ ᠮᠢᠨᠢ ᠬᠠᠮᠤᠭ ᠤᠨ ᠶᠠᠭᠠᠷᠠᠯᠳᠠᠢ ᠦᠶ᠎ᠡ ᠳᠡᠭᠡᠨ ᠤᠷᠤᠵᠤ ᠡᠳᠤᠷ ᠰᠦᠨᠢ ᠎ ᠶᠢᠨ ᠡᠭᠡᠯᠵᠢᠨ ᠳᠤ ᠭᠡᠷ ᠤᠨ ᠳᠤᠳᠤᠨ᠎ᠠ ᠭᠠᠳᠠᠨ᠎ᠠ ᠶᠢᠨ ᠠᠵᠢᠯ ᠳᠠᠭᠠᠨ ᠶᠠᠭᠠᠷᠠᠵᠤ ᠯᠡ ᠪᠠᠶᠢᠢᠳᠠᠭ᠃ ᠡᠨᠡ ᠦᠶ᠎ᠡ ᠪᠤᠯ ᠮᠠᠯᠴᠢᠳ ᠤᠨ ᠬᠠᠮᠤᠭ ᠶᠠᠭᠠᠷᠠᠤ᠂ ᠬᠠᠮᠤᠭ ᠶᠠᠳᠠᠷᠠᠯᠳᠠᠢ ᠦᠶ᠎ᠡ ᠪᠤᠯᠬᠤ ᠪᠦᠭᠡᠳ ᠮᠦᠨ ᠴᠤ ᠲᠦᠯ ᠮᠠᠯ ᠳᠤ ᠡᠪᠡᠳᠴᠢᠨ ᠭᠡᠮ ᠭᠦᠷᠭᠦ ᠶᠢ ᠰᠡᠷᠭᠡᠶᠢᠢᠯᠡᠭᠦ ᠵᠠᠩᠭᠢᠯᠠᠭ᠎ᠠ ᠶᠢᠨ ᠦᠶ᠎ᠡ ᠪᠤᠯᠤᠨ᠎ᠠ᠃ ᠳᠡᠶᠢᠢᠮᠤ ᠠᠴᠠ ᠡᠨᠡ ᠦᠶ᠎ᠡ ᠠᠷᠢᠭᠤᠨ ᠴᠡᠪᠡᠷᠴᠢ ᠪᠠᠶᠢᠢᠬᠤ ᠶᠢ ᠤᠨᠴᠠ ᠠᠩᠬᠠᠷᠴᠤ᠂ ᠬᠤᠷᠤᠭ᠎ᠠ ᠬᠠᠰᠢᠶ᠎ᠠ ᠪᠠᠨ ᠰᠠᠶᠢᠢᠳᠤᠷ ᠴᠡᠪᠡᠷᠯᠡᠵᠤ ᠠᠷᠢᠭᠤᠳᠬᠠᠬᠤ ᠶᠢᠨ ᠬᠠᠮᠳᠤ ᠤᠬᠵᠢ᠂ ᠮᠠᠯ ᠳᠤ ᠭᠡᠷᠡᠭᠯᠡᠭᠦ ᠵᠡᠭᠦᠦ ᠵᠡᠷᠭᠡ ᠪᠠᠨ ᠰᠠᠶᠢᠢᠳᠤᠷ ᠠᠷᠢᠭᠤᠳᠬᠠᠵᠤ ᠴᠡᠪᠡᠷᠯᠡᠭᠦ ᠭᠡᠷᠡᠭᠳᠠᠢ᠃ ᠬᠤᠷᠤᠭ᠎ᠠ ᠬᠠᠰᠢᠶᠠᠨ ᠤ ᠠᠷᠢᠭᠤᠨ ᠴᠡᠪᠡᠷ ᠪᠠᠶᠢᠢᠬᠤ ᠶᠢ ᠢᠮᠠᠬᠳᠠ ᠠᠩᠬᠠᠷᠴᠤ ᠪᠢᠳᠡᠭᠦᠦ ᠬᠠᠰᠢᠶ᠎ᠠ ᠰᠠᠷᠠᠪᠴᠢᠨ ᠤ ᠡᠭᠦᠳᠡ ᠴᠤᠩᠬᠤ ᠶᠢ ᠪᠠᠶᠢᠢᠩᠭᠤ ᠨᠡᠭᠡᠭᠡᠵᠤ ᠰᠠᠯᠭᠢ᠂ ᠴᠡᠪᠡᠷ ᠠᠭᠠᠷ ᠨᠡᠪᠳᠡᠷᠡᠭᠦᠯᠭᠦ ᠶᠢ ᠪᠠᠳᠤᠯᠠᠬᠤ ᠪᠦᠭᠡᠳ ᠮᠠᠯ ᠳᠡᠵᠢᠭᠡᠭᠦ ᠬᠠᠰᠢᠶ᠎ᠠ ᠬᠤᠷᠤᠭ᠎ᠠ ᠪᠠᠨ ᠱᠦᠭᠦᠷᠳᠡᠨ ᠴᠡᠪᠡᠷᠯᠡᠵᠤ᠂ ᠳᠤᠬᠳᠠᠬᠰᠠᠨ ᠬᠤᠭᠤᠴᠠᠭ᠎ᠠ ᠲᠠᠢ ᠴᠤᠬᠤᠢ ᠠᠰᠬᠠᠬᠤ ᠂ ᠡᠮ ᠰᠦᠷᠴᠢᠭᠦ ᠵᠡᠷᠭᠡ ᠪᠠᠷ ᠠᠷᠢᠭᠤᠳᠬᠠᠵᠤ ᠪᠠᠶᠢᠢᠪᠠᠯ ᠵᠤᠭᠢᠨ᠎ᠠ᠃ ᠨᠡᠩ ᠢᠯᠠᠩᠭᠤᠶ᠎ᠠ ᠭᠡᠭᠡᠯ ᠬᠠᠶᠠᠬᠰᠠᠨ ᠮᠠᠯ ᠤᠨ ᠴᠢᠰᠤ ᠭᠦᠷᠦᠭᠰᠡᠨ ᠭᠠᠵᠠᠷ ᠢ ᠰᠠᠶᠢᠢᠳᠤᠷ ᠠᠷᠢᠭᠤᠳᠬᠠᠬᠤ ᠭᠡᠷᠡᠭᠳᠠᠢ᠃ ᠵᠠᠷᠢᠮ ᠠᠶᠢᠢᠯ ᠨᠢ ᠬᠤᠨᠢ ᠮᠠᠯ ᠢᠶᠠᠨ ᠨᠢᠭᠡ ᠳᠡᠵᠢᠭᠡᠭᠰᠡᠨ ᠭᠠᠵᠠᠷ ᠢᠶᠠᠨ ᠳᠤᠵᠢ ᠳᠡᠵᠢᠭᠡᠭᠦ ᠪᠦᠭᠡᠳ ᠦᠯᠡᠳᠡᠭᠰᠡᠨ ᠬᠤᠭ ᠪᠤᠬ ᠢ ᠴᠤ ᠴᠡᠪᠡᠷᠯᠡᠭᠦ ᠦᠭᠡᠢ ᠪᠠᠶᠢᠢᠳᠠᠭ᠃ ᠢᠡᠭᠭᠢᠵᠤ ᠳᠡᠵᠢᠭᠡᠭᠦ ᠨᠢ ᠮᠠᠯ ᠤᠨᠤᠭᠠᠨ ᠤ ᠳᠠᠷᠭᠤ ᠭᠦᠴᠦ ᠠᠪᠬᠤ ᠶᠢ ᠨᠦᠯᠦᠭᠡᠯᠡᠭᠦ ᠪᠠᠷ ᠪᠠᠷᠠᠬᠤ ᠦᠭᠡᠢ ᠬᠠᠪᠤᠷ ᠪᠤᠯᠵᠤ ᠳᠡᠭᠷᠢ ᠳᠤᠯᠠᠭᠠᠷᠠᠪᠠᠯ ᠡᠨᠡ ᠨᠢ ᠡᠪᠡᠳᠴᠢᠨ ᠤ ᠪᠠᠺᠲ᠋ᠧᠷᠢ ᠡᠭᠦᠰᠭᠦ ᠤᠷᠴᠢᠨ ᠪᠤᠯᠳᠠᠭ᠃ ᠳᠡᠶᠢᠢᠮᠤ ᠎ ᠠᠴᠠ ᠮᠠᠯ ᠳᠡᠵᠢᠭᠡᠭᠦ ᠤᠷᠴᠢᠨ ᠢ ᠳᠤᠬᠳᠠᠮᠠᠯ ᠬᠤᠭᠤᠴᠠᠭ᠎ᠠ ᠲᠠᠢ ᠴᠡᠪᠡᠷᠯᠡᠵᠤ ᠪᠠᠶᠢᠢᠬᠤ ᠨᠢ ᠡᠪᠡᠳᠴᠢᠨ ᠭᠡᠮ ᠡᠭᠦᠰᠭᠦ ᠶᠢ ᠰᠡᠷᠭᠡᠶᠢᠢᠯᠡᠭᠦ ᠳᠤ ᠠᠰᠢᠬᠳᠠᠢ ᠪᠠᠶᠢᠢᠳᠠᠭ᠃ ᠲᠦᠯ ᠮᠠᠯ ᠤᠨ ᠴᠠᠭ ᠲᠤ ᠪᠠᠰᠠ ᠤᠭᠵᠢᠭᠤᠷ ᠬᠤᠷᠠᠭ᠎ᠠ ᠭᠠᠷᠳᠠᠭ ᠪᠤᠯᠬᠤᠷ ᠮᠠᠯᠴᠢᠳ ᠳᠤᠰᠬᠠᠶᠢᠢᠯᠠᠨ ᠤᠬᠵᠢ ᠪᠡᠯᠡᠳᠭᠡᠳᠡᠭ᠃ ᠭᠡᠭᠦ ᠳᠤ ᠤᠯᠠᠩᠭᠢ ᠮᠠᠯᠴᠢᠳ ᠨᠢ ᠤᠬᠵᠢᠨ ᠤ ᠠᠷᠢᠭᠤᠨ ᠴᠡᠪᠡᠷ ᠪᠠᠶᠢᠢᠬᠤ ᠶᠢ ᠤᠮᠳᠤᠭᠠᠶᠢᠢᠯᠠᠵᠤ᠂ ᠵᠠᠷᠢᠮ ᠳᠠᠭᠠᠨ ᠨᠢᠭᠡ ᠡᠳᠤᠷ ᠲᠤ ᠨᠢᠭᠡ᠂ ᠵᠠᠷᠢᠮ ᠳᠠᠭᠠᠨ ᠭᠡᠳᠤᠨ ᠡᠳᠤᠷ ᠲᠤ ᠨᠢᠭᠡ ᠤᠳᠠᠭ᠎ᠠ ᠤᠬᠵᠢ ᠪᠠᠨ ᠤᠭᠢᠶᠠᠵᠤ ᠴᠡᠪᠡᠷᠯᠡᠳᠡᠭ᠃ ᠡᠨᠡ ᠨᠢ ᠦᠨᠡᠨᠳᠡᠭᠡᠨ ᠪᠤᠷᠤᠭᠤ ᠬᠢᠳᠡᠯ ᠪᠦᠭᠡᠳ ᠲᠦᠯ ᠮᠠᠯ ᠳᠤ ᠡᠪᠡᠳᠴᠢᠨ ᠭᠡᠮ ᠬᠠᠯᠳᠠᠪᠤᠷᠢᠯᠠᠬᠤ ᠠᠶᠤᠯ ᠲᠠᠢ ᠶᠤᠮ᠃ ᠤᠯᠠᠨ ᠤ ᠮᠡᠳᠡᠭᠡᠵᠢ ᠪᠠᠷ ᠰᠢᠩᠭᠡᠭᠡᠯᠳᠡ ᠶᠢᠨ ᠰᠢᠰᠲ᠋ᠧᠮ ᠪᠤᠯᠤᠨ ᠠᠮᠢᠰᠬᠤᠯ ᠤᠨ ᠰᠢᠰᠲ᠋ᠧᠮ ᠪᠤᠯ ᠡᠪᠡᠳᠴᠢᠨ ᠭᠡᠮ ᠬᠠᠯᠳᠠᠪᠤᠷᠢᠯᠠᠬᠤ ᠭᠤᠤᠯ ᠵᠠᠮ ᠪᠤᠯᠳᠠᠭ᠃ ᠳᠡᠶᠢᠢᠮᠤ ᠠᠴᠠ ᠬᠤᠷᠠᠭ᠎ᠠ ᠤᠬᠵᠢᠬᠤ ᠤᠬᠵᠢ ᠪᠠᠨ ᠰᠠᠶᠢᠢᠳᠤᠷ ᠴᠡᠪᠡᠷᠯᠡᠭᠦ ᠦᠭᠡᠢ ᠪᠤᠯᠪᠠᠯ ᠭᠢᠯᠪᠠᠷᠬᠠᠨ ᠡᠪᠡᠳᠴᠢᠨ ᠤ ᠪᠠᠺᠲ᠋ᠧᠷᠢ ᠡᠭᠦᠰᠴᠤ᠂ ᠰᠢᠩᠭᠡᠭᠡᠯᠳᠡ ᠶᠢᠨ ᠰᠢᠰᠲ᠋ᠧᠮ ᠢᠶᠠᠷ ᠳᠠᠮᠵᠢᠨ ᠲᠦᠯ ᠮᠠᠯ ᠳᠤ ᠬᠠᠯᠳᠠᠪᠤᠷᠢᠯᠠᠬᠤ ᠠᠶᠤᠯ ᠲᠠᠢ ᠪᠤᠯᠬᠤᠷ ᠤᠬᠵᠢ ᠪᠠᠨ ᠭᠡᠷᠡᠭᠯᠡᠵᠤ ᠪᠠᠷᠠᠪᠠᠯ ᠳᠠᠷᠤᠶᠢᠢᠬᠠᠨ ᠤᠭᠢᠶᠠᠵᠤ ᠴᠡᠪᠡᠷᠯᠡᠨ᠂ ᠪᠤᠴᠠᠯᠤᠬᠰᠠᠨ ᠤᠰᠤ ᠪᠠᠷ ᠦᠷᠬᠦᠯᠵᠢ ᠠᠷᠢᠭᠤᠳᠬᠠᠵᠤ ᠪᠠᠶᠢᠢᠪᠠᠯ ᠰᠠᠶᠢᠢᠨ ᠶᠤᠮ᠃ ᠡᠭᠦᠨ ᠠᠴᠠ ᠭᠠᠳᠠᠨ᠎ᠠ᠂ ᠮᠠᠯ ᠤᠨᠤᠭᠠᠨ ᠳᠤ ᠭᠡᠷᠡᠭᠯᠡᠭᠦ ᠵᠡᠭᠦᠦ ᠵᠡᠷᠭᠡ ᠪᠠᠭᠠᠵᠢ ᠭᠡᠷᠡᠭᠰᠡᠯ ᠢ ᠴᠤ ᠠᠷᠢᠭᠤᠳᠬᠠᠬᠤ ᠪᠤᠶᠤ ᠪᠠᠶᠢᠢᠩᠭᠤ ᠰᠤᠯᠢᠵᠤ ᠪᠠᠶᠢᠢᠪᠠᠯ ᠰᠠᠶᠢᠢᠨ᠃ ᠡᠪᠡᠳᠴᠢᠨ ᠤ ᠪᠠᠺᠲ᠋ᠧᠷᠢ ᠨᠢ ᠪᠤᠵᠠᠷ ᠪᠤᠷᠳᠠᠭ ᠠᠴᠠ ᠢᠯᠡᠭᠦᠦ ᠡᠭᠦᠰᠳᠡᠭ ᠪᠤᠯᠬᠤᠷ ᠮᠠᠯᠴᠢᠳ ᠮᠢᠨᠢ ᠠᠷᠢᠭᠤᠨ ᠴᠡᠪᠡᠷᠴᠢ ᠪᠠᠶᠢᠢᠬᠤ ᠶᠢ ᠪᠠᠷᠢᠮᠳᠠᠯᠠᠨ᠂ ᠴᠡᠪᠡᠷᠯᠡᠵᠤ ᠠᠷᠢᠭᠤᠳᠬᠠᠬᠤ ᠠᠵᠢᠯ ᠢ ᠢᠯᠡᠭᠦᠭᠡᠨ ᠭᠢᠪᠡᠯ ᠲᠦᠯ ᠮᠠᠯ ᠤᠨ ᠮᠡᠨᠳᠤ ᠪᠤᠶᠢᠢᠵᠢᠬᠤ᠂ ᠮᠠᠯ ᠰᠦᠷᠦᠭ ᠤᠨ ᠡᠪᠡᠳᠴᠢᠨ ᠭᠡᠮ ᠳᠤ ᠨᠡᠷᠪᠡᠭᠳᠡᠭᠦ ᠠᠴᠠ ᠰᠡᠷᠭᠡᠶᠢᠢᠯᠡᠭᠦ ᠳᠤ ᠪᠦᠷ ᠠᠰᠢᠬᠳᠠᠢ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号