ᠬᠤᠯᠤᠭᠠᠨ᠎ᠠ ᠶᠢᠨ ᠬᠢᠵᠢᠭ ᠡᠪᠡᠳᠴᠢᠨ ᠠᠴᠠ ᠰᠡᠷᠭᠡᠶᠢᠯᠡᠬᠦ ᠵᠥᠪᠯᠡᠮᠵᠢ
ᠨᠡᠶᠢᠲᠡᠯᠡᠭᠰᠡᠨ ᠴᠠᠭ᠄
2021/11/25
ᠬᠤᠯᠤᠭᠠᠨ᠎ᠠ ᠶᠢᠨ ᠬᠢᠵᠢᠭ ᠲᠤᠰᠪᠠᠯ ᠥᠨᠳᠥᠷ ᠬᠡᠮ ᠢᠶᠠᠷ ᠬᠠᠯᠠᠭᠤᠷᠠᠨ᠎ᠠ ᠡᠨᠡ ᠡᠪᠡᠳᠴᠢᠨ ᠤᠭᠲᠤᠯ ᠦᠶ᠎ᠡ ᠦᠭᠡᠢ ᠪᠠᠷ ᠭᠡᠨᠡᠳᠲᠡ ᠡᠬᠢᠯᠡᠳᠡᠭ ᠃ ᠪᠡᠶ᠎ᠡ ᠳᠠᠭᠵᠢᠨ ᠴᠡᠴᠡᠷᠡᠵᠦ ᠪᠣᠭᠤᠨᠢ ᠬᠤᠭᠤᠴᠠᠭᠠᠨ ᠳᠤ ᠪᠡᠶ᠎ᠡ ᠶᠢᠨ ᠬᠠᠯᠠᠭᠤᠨ 39-40 ᠬᠡᠮ ᠳᠤ ᠬᠦᠷᠬᠦ ᠂ ᠲᠣᠯᠣᠭᠠᠢ ᠡᠪᠡᠳᠬᠦ ᠂ ᠳᠣᠲᠣᠷ᠎ᠠ ᠡᠪ ᠦᠭᠡᠶᠢᠷᠡᠬᠦ ᠂ ᠨᠢᠭᠤᠷ ᠂ ᠨᠢᠳᠦ ᠤᠯᠠᠶᠢᠬᠤ ᠂ ᠪᠦᠬᠦ ᠪᠡᠶ᠎ᠡ ᠂ ᠪᠤᠯᠴᠢᠩ ᠡᠪᠡᠳᠬᠦ ᠪᠣᠯᠣᠨ ᠬᠤᠣᠷᠳᠠᠯᠭ᠎ᠠ ᠶᠢᠨ ᠰᠢᠨᠵᠢ ᠨᠦᠭᠦᠳ ᠢᠯᠡᠷᠡᠨ᠎ᠡ ᠃ ᠤᠷᠢᠳᠴᠢᠯᠠᠨ ᠰᠡᠷᠭᠡᠶᠢᠯᠡᠬᠦ ᠄  — ᠬᠤᠯᠤᠭᠠᠨ᠎ᠠ ᠶᠢᠨ ᠬᠢᠵᠢᠭ ᠳᠡᠯᠭᠡᠷᠡᠭᠰᠡᠨ ᠭᠠᠵᠠᠷ ᠣᠴᠢᠪᠠᠯ ᠸᠠᠺᠼᠢᠨ ᠳᠤ ᠬᠠᠮᠤᠷᠤᠭᠳᠠᠭᠰᠠᠨ ᠪᠠᠶᠢᠬᠤ ᠃ — ᠲᠠᠷᠪᠠᠭ᠎ᠠ ᠂ ᠵᠤᠷᠠᠮ᠎ᠠ ᠠᠩᠨᠠᠬᠤ ᠦᠭᠡᠢ ᠪᠠᠶᠢᠬᠤ ᠃ ᠠᠷᠠᠰᠤ ᠮᠢᠬ᠎ᠠ ᠶᠢ ᠨᠢ ᠬᠤᠳᠠᠯᠳᠤᠨ ᠠᠪᠬᠤ ᠂ ᠮᠢᠬ᠎ᠠ ᠶᠢ ᠨᠢ ᠬᠤᠭᠤᠯᠠ ᠬᠦᠨᠡᠰᠦᠨ ᠳᠤ ᠪᠠᠨ ᠬᠡᠷᠡᠭᠯᠡᠬᠦ ᠦᠭᠡᠢ ᠪᠠᠶᠢᠬᠤ ᠃ — ᠲᠠᠷᠪᠠᠭ᠎ᠠ ᠂ ᠵᠤᠷᠠᠮ᠎ᠠ ᠵᠡᠷᠭᠡ ᠮᠡᠷᠡᠭᠴᠢᠳ ᠤᠨ ᠪᠦᠭᠦᠷᠭᠡ ᠂ ᠪᠥᠭᠡᠰᠦᠨ ᠳᠤ ᠬᠠᠵᠠᠭᠤᠯᠬᠤ ᠠᠴᠠ ᠰᠡᠷᠭᠡᠶᠢᠯᠡᠬᠦ ᠃ ᠪᠣᠭᠤᠮ᠎ᠠ ᠪᠠᠷ ᠦᠬᠦᠭᠰᠡᠨ ᠮᠠᠯ ᠤᠨ ᠰᠡᠭ ᠵᠡᠮ ᠳᠤ ᠬᠦᠷᠴᠦ ᠪᠣᠯᠬᠤ ᠦᠭᠡᠢ ᠮᠠᠯ ᠂ ᠠᠮᠢᠲᠠᠨ ᠠᠴᠠ ᠬᠥᠮᠥᠨ ᠳᠤ ᠬᠠᠯᠳᠠᠪᠤᠷᠢᠯᠠᠳᠠᠭ ᠂ ᠬᠤᠷᠴᠠ ᠬᠠᠯᠳᠠᠪᠤᠷᠢᠲᠤ ᠡᠪᠡᠳᠴᠢᠨ ᠃ ᠪᠣᠭᠤᠮ᠎ᠠ ᠪᠠᠷ ᠡᠪᠡᠳᠴᠢᠯᠡᠭᠰᠡᠨ ᠬᠥᠮᠦᠨ ᠂ ᠮᠠᠯ ᠂ ᠠᠮᠢᠲᠠᠳ ᠡᠪᠡᠳᠴᠢᠨ ᠤ  ᠡᠬᠢ ᠠᠭᠤᠷᠬᠠᠢ ᠪᠣᠯᠣᠨ᠎ᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号