| | ᠣᠣᠬᠠᠨ · ᠬᠠᠭᠳᠠ ᠵᠣᠬᠢᠶᠠᠪᠠ | 狼居胥山 ᠠᠭᠤᠯᠠ᠄ | ᠯᠠᠩ ᠵᠢᠥᠢ ᠰᠢᠥᠢ ᠠᠭᠤᠯᠠ ᠪᠠᠰᠠ ᠯᠠᠩ ᠱᠠᠨ ᠠᠭᠤᠯᠠ ᠭᠡᠳᠡᠭ᠂ ᠡᠨᠡᠬᠦ ᠠᠭᠤᠯᠠᠨ ᠤ ᠪᠠᠶᠢᠷᠢᠰᠢᠯ ᠤᠨ ᠲᠣᠬᠠᠢ | ᠡᠷᠳᠡ ᠡᠳᠦᠬᠡ ᠶᠢᠨ ᠣᠯᠠᠨ ᠡᠷᠳᠡᠮᠳᠡᠨ ᠤ ᠬᠡᠯᠡᠯᠭᠡ ᠮᠠᠰᠢ ᠠᠳᠠᠯᠢ ᠦᠭᠡᠢ ᠪᠠᠶᠢᠭᠰᠠᠭᠠᠷ ᠢᠷᠡᠵᠡᠢ᠃ ᠡᠷᠳᠡ ᠦᠶ᠎ᠡ | ᠪᠠᠷ ᠬᠢᠳᠠᠳ ᠡᠷᠳᠡᠮᠳᠡᠳ ᠤᠨ ᠣᠯᠠᠩᠬᠢ ᠨᠢ ︽ᠰᠣᠳᠣᠷ ᠲᠡᠮᠳᠡᠭᠯᠡᠯ︾ ᠳᠠᠬᠢ ᠪᠢᠶᠥᠥ ᠴᠢ ᠵᠠᠩᠵᠣᠨ ︵ᠾᠦᠸᠧ | ᠴᠢᠥᠢ ᠪᠢᠩ︶ ᠤ ᠨᠠᠮᠳᠠᠷ ᠤᠨ ᠠᠭᠤᠯᠭ᠎ᠠ ᠶᠢ ᠦᠨᠳᠦᠰᠦᠯᠡᠵᠦ᠂ ᠯᠠᠩ ᠵᠢᠥᠢ ᠰᠢᠥᠢ ᠠᠭᠤᠯᠠ ᠪᠣᠯ ᠮᠣᠩᠭᠤᠯ ᠣᠯᠣᠰ | ᠤᠨ ᠬᠡᠨᠳᠡᠢ ᠠᠭᠤᠯᠠ ᠮᠦᠨ ᠭᠡᠵᠦ ᠬᠡᠯᠡᠳᠡᠭ ᠬᠦᠮᠦᠰ ᠣᠯᠠᠩᠬᠢ ᠶᠢ ᠡᠵᠡᠯᠡᠳᠡᠭ ᠪᠠᠶᠢᠵᠠᠢ᠃ ᠭᠡᠪᠡᠴᠦ ᠡᠨᠡᠬᠦ ᠨᠠᠮᠳᠠᠷ | ᠲᠠᠬᠢ ᠲᠡᠮᠳᠡᠭᠯᠡᠯ ᠪᠣᠯ ᠮᠠᠰᠢ ᠲᠦᠭᠦᠮᠴᠢᠯᠡᠭᠰᠡᠨ ᠲᠡᠮᠳᠡᠭᠯᠡᠯ ᠪᠣᠯᠬᠤᠷ ᠣᠨᠣᠪᠴᠢ ᠦᠭᠡᠢ ᠶᠣᠮ᠂ ᠰᠢᠯᠳᠠᠭᠠᠨ ᠨᠢ ᠡᠨᠡᠬᠦ | ᠨᠠᠮᠳᠠᠷ ᠲᠤ ᠾᠦᠸᠧ ᠴᠢᠥᠢ ᠪᠢᠩ ᠤᠨ ᠲᠠᠶᠢᠨ ᠬᠢᠭᠰᠡᠨ ᠶᠠᠪᠣᠴᠠ ᠶᠢᠨ ᠭᠠᠵᠠᠷ ᠤᠨ ᠨᠡᠷ᠎ᠡ ᠶᠢ ᠲᠡᠰ ᠲᠡᠷᠠᠭᠠᠯᠠᠨ | ᠲᠡᠮᠳᠡᠭᠯᠡᠭᠰᠡᠨ ᠣᠴᠢᠷ ᠨᠢᠭᠡᠴᠦ ᠪᠠᠶᠢᠬᠤ ᠦᠭᠡᠢ᠂ ᠬᠠᠷᠢᠨ ᠡᠨᠡᠬᠦ ᠲᠠᠶᠢᠨ ᠲᠠᠭᠤᠰᠣᠭᠰᠠᠨ ᠤ ᠲᠠᠷᠠᠭ᠎ᠠ᠂ ᠬᠠᠨ ᠡᠣ ᠳ᠋ᠢ | ᠬᠠᠭᠠᠨ ᠤ ᠲᠡᠭᠦᠨ ᠢ ᠮᠠᠭᠳᠠᠨ ᠰᠠᠶᠢᠰᠢᠶᠠᠭᠰᠠᠨ ᠦᠭᠡᠨ ᠳᠤ ᠬᠠᠷᠢᠨ᠄ ︽ᠪᠢᠶᠥᠥ ᠴᠢ ᠵᠠᠩᠵᠣᠨ ᠬᠢᠵᠠᠭᠠᠷ ᠠᠴᠠ | ᠴᠢᠨᠠᠭᠰᠢ ᠬᠤᠶᠠᠷ ᠮᠢᠩᠭᠠᠨ ᠢᠯᠡᠭᠦᠥ ᠭᠠᠵᠠᠷ ᠭᠠᠷᠳᠠᠯ᠎ᠠ ᠲᠠᠶᠢᠯᠠᠯᠳᠣᠵᠣ ᠁ ᠯᠠᠩ ᠵᠢᠥᠢ ᠰᠢᠥᠢ ᠠᠭᠤᠯᠠ ᠶᠢ | ᠲᠠᠬᠢᠵᠣ᠂ ᠭᠦ᠋ ᠶᠠᠨ ᠢ ᠲᠠᠪᠢᠭᠯᠠᠨ᠂ ᠬᠠᠩᠬᠠᠢ ᠳᠤ ᠪᠠᠷᠠᠭᠠᠯᠠᠪᠠ︾ ᠭᠡᠳᠡᠭ ᠲᠣᠪᠴᠢᠯᠠᠭᠰᠠᠨ ᠦᠭᠡ ᠪᠠᠶᠢᠳᠠᠭ᠃ | ᠬᠦᠮᠦᠰ ᠡᠨᠡᠬᠦ ᠦᠭᠡ ᠶᠢᠨ ᠵᠠᠷᠢᠮ ᠠᠭᠤᠯᠭ᠎ᠠ ᠶᠢ ᠲᠠᠰᠣᠳᠠᠨ ᠠᠪᠴᠢᠷᠠᠭᠠᠳ ᠭᠤᠣᠯ ᠦᠨᠳᠦᠰᠦᠯᠡᠯ ᠪᠣᠯᠭᠠᠨ | ᠡᠰᠢᠯᠡᠭᠰᠡᠨ ᠠᠴᠠ ᠪᠣᠯᠣᠭᠰᠠᠨ ᠠᠳᠡᠭᠦᠷᠡᠯ ᠣᠯᠠᠨ ᠭᠠᠷᠴᠠᠢ᠃ ᠭᠡᠪᠡᠴᠦ ᠪᠠᠰᠠ ᠴᠦᠬᠡᠨ ᠵᠠᠷᠢᠮ ᠬᠦᠮᠦᠰ ᠪᠣᠯ ᠲᠠᠯᠠᠨ | ᠬᠠᠷ᠎ᠠ ᠠᠭᠤᠯᠠᠨ ᠤ ᠪᠠᠷᠠᠭᠤᠨ ᠰᠡᠵᠢᠭᠦᠷ ᠤᠨ ᠯᠠᠩ ᠱᠠᠨ ᠠᠭᠤᠯᠠᠨ ᠤ ᠬᠠᠭᠤᠴᠢᠨ ᠨᠡᠷ᠎ᠡ ᠪᠣᠯᠣᠨ᠎ᠠ ᠭᠡᠬᠦ ᠬᠦᠮᠦᠨ ᠴᠦ | ᠪᠠᠶᠢᠳᠠᠭ ᠶᠣᠮ᠃ ᠬᠠᠷᠢᠨ ᠡᠨᠡ ᠬᠡᠯᠡᠯᠭᠡ ᠪᠣᠯ ᠨᠡᠯᠢᠶᠡᠳ ᠣᠨᠣᠪᠴᠢᠳᠠᠢ ᠬᠡᠯᠡᠯᠭᠡ ᠪᠣᠯᠣᠨ᠎ᠠ᠃ ᠪᠠᠰᠠ ︽ᠯᠢᠨ ᠾᠧ | ᠰᠢᠶᠠᠨ ᠤ ᠣᠶᠢᠯᠠᠯᠭ᠎ᠠ︾ ᠳᠤ᠂ ᠰᠢᠶᠠᠨ ᠤ ᠬᠤᠳᠠ ᠶᠢᠨ ᠪᠠᠷᠠᠭᠤᠨ ᠬᠤᠶᠢᠨ᠎ᠠ ᠪᠠᠶᠢᠭ᠎ᠠ ᠯᠠᠩ ᠱᠠᠨ ᠠᠭᠤᠯᠠ ᠪᠣᠯ | ᠲᠠᠷᠣᠢ ᠡᠷᠳᠡᠨ ᠤ ᠲᠡᠣᠬᠡᠨ ᠳᠤ ᠭᠠᠷᠳᠠᠭ ᠯᠠᠩ ᠵᠢᠥᠢ ᠰᠢᠥᠢ ᠠᠭᠤᠯᠠ ᠪᠣᠯᠣᠨ᠎ᠠ ᠭᠡᠬᠦ ᠮᠡᠳᠦ ᠣᠯᠠᠨ ᠲᠡᠮᠳᠡᠭᠯᠡᠯ | ᠪᠠᠶᠢᠭ᠎ᠠ ᠶᠣᠮ᠃ ᠭᠡᠪᠡᠴᠦ ᠵᠣᠬᠢᠶᠠᠭᠴᠢ ᠶᠢᠨ ᠬᠠᠷᠭᠤᠯᠣᠨ ᠦᠵᠡᠭᠰᠡᠨ ᠢᠶᠠᠷ ᠠᠯᠢᠨ ᠴᠦ ᠲᠣᠣᠷ᠎ᠠ ᠦᠭᠦᠯᠡᠬᠦ ︽ᠴᠢᠩ | ᠤᠨ ᠲᠡᠣᠬᠡᠨ ᠨᠣᠣᠷᠠᠭ︾ ᠲᠤ ᠲᠡᠮᠳᠡᠭᠯᠡᠭᠰᠡᠨ᠂ ᠡᠩᠬᠡ ᠠᠮᠣᠭᠤᠯᠠᠩ ᠬᠠᠭᠠᠨ ᠤ ᠭᠤᠴᠢᠨ ᠵᠢᠷᠭᠤᠳᠣᠭᠠᠷ ᠣᠨ ᠳᠤ | ᠬᠠᠭᠠᠨ ᠪᠡᠶᠡᠪᠡᠷ ᠭᠤᠷᠪᠠᠳᠣᠭᠠᠷ ᠣᠳᠠᠭ᠎ᠠ ᠣᠶᠢᠷᠠᠳ ᠤᠨ ᠭᠠᠯᠳᠠᠨ ᠪᠣᠱᠣᠭᠳᠣ ᠬᠠᠭᠠᠨ ᠢ ᠲᠠᠶᠢᠯᠠᠷ᠎ᠠ ᠭᠠᠷᠣᠭᠰᠠᠨ | ᠬᠡᠷᠡᠭ ᠤᠨ ︽ᠮᠠᠭᠠᠳ ᠲᠡᠮᠳᠡᠭᠯᠡᠯ︾ ᠤᠨ ᠬᠢᠷᠢ ᠲᠣᠲᠣᠷᠬᠠᠢ ᠦᠭᠡᠢ ᠶᠣᠮ᠃ ᠰᠢᠯᠳᠠᠭᠠᠨ ᠨᠢ᠂ ᠲᠣᠰ ᠲᠡᠮᠳᠡᠭᠯᠡᠯ | ᠳᠤ ᠡᠩᠬᠡ ᠠᠮᠣᠭᠤᠯᠠᠩ ᠬᠠᠭᠠᠨ ᠠᠯᠢ ᠡᠳᠦᠷ ᠲᠠᠶᠢᠨ ᠳᠤ ᠮᠣᠷᠳᠠᠬᠤ ᠪᠠᠷ ᠪᠡᠭᠡᠵᠢᠩ ᠠᠴᠠ ᠭᠠᠷᠣᠭᠰᠠᠨ᠂ ᠠᠯᠢ | ᠡᠳᠦᠷ ᠶᠠᠮᠠᠷ ᠭᠠᠵᠠᠷ ᠬᠦᠷᠦᠭᠰᠡᠨ᠂ ᠶᠠᠮᠠᠷ ᠨᠡᠷ᠎ᠡ ᠲᠠᠢ ᠭᠠᠵᠠᠷ ᠪᠠᠭᠤᠳᠠᠯᠯᠠᠵᠣ ᠬᠤᠨᠣᠭᠯᠠᠭᠰᠠᠨ᠂ ᠶᠠᠮᠠᠷ ᠭᠠᠵᠠᠷ ᠶᠠᠮᠠᠷ | ᠬᠡᠷᠡᠭ ᠣᠴᠢᠷ ᠢ ᠰᠢᠢᠳᠭᠡᠭᠰᠡᠨ ᠭᠡᠬᠦ ᠮᠡᠳᠦ ᠡᠳᠦᠷ ᠲᠠᠷᠠᠭᠠᠯᠠᠨ ᠲᠡᠮᠳᠡᠭᠯᠡᠭᠰᠡᠨ ᠲᠣᠲᠣᠷᠬᠠᠢ ᠲᠡᠮᠳᠡᠭᠯᠡᠯ ᠪᠠᠶᠢᠭ᠎ᠠ ᠶᠣᠮ᠃ | ᠠᠶᠠᠯᠠᠭᠰᠠᠨ ᠵᠠᠮ ᠤᠨ ᠣᠷᠳᠣ ᠶᠢᠨ ᠵᠠᠢ ᠶᠢ ᠡᠩᠬᠡ ᠠᠮᠣᠭᠤᠯᠠᠩ ᠬᠠᠭᠠᠨ ᠤ ᠪᠡᠭᠡᠵᠢᠩ ᠤᠨ ᠲᠡᠭᠦᠷᠭᠡ ᠠᠴᠠ ᠴᠡᠷᠢᠭ | ᠲᠠᠭᠠᠭᠤᠯᠣᠨ ᠮᠣᠷᠳᠠᠨ ᠭᠠᠷᠣᠭᠰᠠᠨ ᠡᠳᠦᠷ ᠲᠡᠭᠡᠨ ᠴᠠᠩ ᠫᠢᠩ ᠬᠦᠷᠴᠦ ᠪᠠᠶᠢᠬᠤ ᠪᠠᠷ ᠦᠵᠡᠪᠡᠯ᠂ ᠴᠡᠷᠢᠭ ᠮᠣᠷᠳᠠᠨ | ᠭᠠᠷᠣᠭᠰᠠᠨ ᠠᠩᠬᠠᠨ ᠤ ᠡᠳᠦᠷ ᠲᠤ ᠲᠡᠭᠦᠨ ᠤ ᠶᠡᠭᠡ ᠴᠡᠷᠢᠭ ᠪᠠᠷᠤᠭ ᠭᠤᠴᠢᠭᠠᠳ ᠺᠢᠯᠣᠮᠧᠲᠷ ᠠᠶᠠᠯᠠᠵᠣ ᠪᠠᠶᠢᠭᠰᠠᠨ | ᠨᠢ ᠲᠣᠲᠣᠷᠬᠠᠢ ᠪᠠᠶᠢᠨ᠎ᠠ᠃ ᠶᠡᠷᠦ ᠶᠢᠨ ᠪᠠᠶᠢᠳᠠᠯ ᠳᠤ ᠪᠣᠯ ᠬᠦᠰᠭᠡ ᠲᠡᠷᠭᠡ ᠲᠠᠢ ᠶᠡᠭᠡ ᠴᠡᠷᠢᠭ ᠤᠨ ᠵᠠᠮ ᠠᠶᠠᠯᠠᠬᠤ | ᠬᠤᠷᠳᠣᠴᠠ ᠨᠢ ᠶᠡᠷᠦ ᠨᠢ ᠡᠳᠦᠷ ᠲᠤ ᠲᠠᠪᠢ ᠭᠠᠷᠣᠢ ᠭᠠᠵᠠᠷ ᠪᠠᠶᠢᠪᠠᠯ ᠵᠣᠬᠢᠰᠳᠠᠢ ᠶᠣᠮ᠃ ᠲᠡᠭᠡᠷᠡᠬᠢ ᠡᠳᠡᠭᠡᠷ | ᠠᠭᠤᠯᠭ᠎ᠠ ᠶᠢ ᠦᠨᠳᠦᠰᠦᠯᠡᠵᠦ ᠵᠣᠬᠢᠶᠠᠭᠴᠢ ᠠᠴᠠ ︽ᠴᠢᠩ ᠤᠨ ᠲᠡᠣᠬᠡ ᠶᠢᠨ ᠨᠣᠣᠷᠠᠭ︾ ᠲᠣᠣᠷᠠᠬᠢ ᠡᠨᠡᠬᠦ | ᠲᠡᠮᠳᠡᠭᠯᠡᠯ ᠢ ᠦᠨᠡᠨ ᠪᠣᠳᠠᠳᠣ ᠬᠡᠷᠡᠭ ᠲᠠᠢ ᠨᠡᠶᠢᠴᠡᠵᠦ ᠪᠠᠶᠢᠨ᠎ᠠ ᠭᠡᠵᠦ ᠢᠳᠡᠭᠡᠳᠡᠭ ᠪᠣᠯᠬᠤᠷ᠂ ᠣᠷᠢᠳᠠᠪᠠᠷ ᠡᠩᠬᠡ | ᠠᠮᠣᠭᠤᠯᠠᠩ ᠬᠠᠭᠠᠨ ᠤ ᠲᠣᠰ ᠣᠳᠠᠭᠠᠨ ᠤ ᠪᠡᠶᠡᠪᠡᠷ ᠲᠠᠶᠢᠯᠠᠷ᠎ᠠ ᠭᠠᠷᠣᠭᠰᠠᠨ ᠲᠡᠮᠳᠡᠭᠯᠡᠯ ᠤᠨ ᠬᠤᠯᠪᠣᠭᠳᠠᠯ ᠪᠦᠬᠦᠢ | ᠬᠡᠰᠡᠭ ᠢ ᠣᠷᠴᠢᠭᠤᠯᠣᠨ ᠭᠠᠷᠭᠠᠵᠣ᠂ ᠣᠯᠠᠨ ᠲᠠᠢ ᠬᠤᠪᠢᠶᠠᠯᠴᠠᠶ᠎ᠠ᠃ ᠲᠠᠷᠠᠭ᠎ᠠ ᠨᠢ ᠯᠠᠩ ᠵᠢᠥᠢ ᠰᠢᠥᠢ ᠭᠡᠳᠡᠭ | ᠦᠭᠡᠨ ᠤ ᠠᠪᠢᠶ᠎ᠠ ᠠᠶᠠᠯᠭᠤ ᠶᠢ ᠲᠣᠷᠰᠢᠨ ᠰᠡᠷᠭᠦᠭᠡᠶ᠎ᠡ᠃ | ︵ᠡᠩᠬᠡ ᠠᠮᠣᠭᠤᠯᠠᠩ ᠤᠨ ᠭᠤᠴᠢᠨ ᠵᠢᠷᠭᠤᠳᠣᠭᠠᠷ ᠣᠨ ᠤ︶ ᠬᠤᠶᠠᠷ ᠰᠠᠷ᠎ᠠ ᠶᠢᠨ ᠣᠯᠠᠭᠴᠢᠨ ᠭᠠᠭ᠋ᠠᠢ ᠡᠳᠦᠷ᠂ | ᠲᠡᠭᠡᠳᠦ ᠡᠵᠡᠨ ᠪᠡᠶᠡᠪᠡᠷ ᠭᠠᠯᠳᠠᠨ ᠪᠣᠱᠣᠭᠳᠣ ᠶᠢ ᠲᠠᠶᠢᠯᠠᠷ᠎ᠠ ᠭᠠᠷᠴᠣᠬᠤᠢ ︵ᠡᠨᠡ ᠪᠣᠯ ᠡᠩᠬᠡ ᠠᠮᠣᠭᠤᠯᠠᠩ ᠬᠠᠭᠠᠨ | ᠤ ᠭᠤᠷᠪᠠᠳᠣᠭᠠᠷ ᠣᠳᠠᠭ᠎ᠠ ᠭᠠᠯᠳᠠᠨ ᠪᠣᠱᠣᠭᠳᠣ ᠶᠢ ᠲᠠᠶᠢᠯᠠᠷ᠎ᠠ ᠭᠠᠷᠣᠭᠰᠠᠨ ᠲᠡᠣᠬᠡᠳᠦ ᠬᠡᠷᠡᠭ ᠶᠣᠮ︶᠃ ᠲᠣᠰ | ᠡᠳᠦᠷ ᠲᠡᠭᠡᠨ ᠴᠠᠩ ᠫᠢᠩ ᠳᠤ ᠬᠦᠷᠴᠦᠬᠦᠢ᠃ ᠠᠪᠢᠳᠠ ᠮᠡᠳᠡᠭᠦᠯᠦᠭᠰᠡᠨ ᠠᠨᠣ᠂ ᠬᠠᠮᠢᠯ ᠤᠨ ᠬᠢᠨ ᠦᠭᠡᠯᠡᠳ ᠤᠨ | ᠲᠣᠭᠴᠢ ᠬᠠᠱᠬᠠ ᠶᠢ ᠠᠮᠢᠳᠣ ᠪᠠᠷ ᠪᠠᠷᠢᠪᠴᠢᠯᠠᠪᠠᠢ ᠬᠡᠮᠡᠮᠦ᠂ ︵ᠲᠣᠭᠴᠢ ᠬᠠᠱᠬᠠ ᠪᠣᠯ︶ ᠮᠠᠨ ᠤ ᠡᠯᠴᠢᠨ ᠮᠠᠳᠢ ᠶᠢ | ᠬᠤᠣᠷᠯᠠᠭᠰᠠᠨ ᠭᠤᠣᠯ ᠬᠡᠷᠡᠭᠳᠡᠨ ᠮᠦᠨ ᠬᠡᠮᠡᠵᠦᠬᠦᠢ᠃ ᠬᠠᠭᠠᠨ ᠵᠠᠷᠯᠢᠭ ᠢᠶᠠᠷ ᠲᠡᠭᠦᠨ ᠢ ᠴᠠᠪᠴᠢᠨ ᠠᠯᠠᠭᠤᠯᠵᠣ᠂ | ᠭᠦᠪᠡᠭᠦᠳ ᠦᠬᠢᠳ ᠢ ᠨᠢ ᠮᠠᠳᠢ ᠶᠢᠨ ᠭᠡᠷ ᠪᠦᠯᠢ ᠳᠤ ᠪᠣᠭᠤᠯ ᠪᠣᠯᠭᠠᠨ ᠦᠭᠭᠦᠪᠡᠢ᠃ ᠰᠢᠷ᠎ᠠ ᠨᠣᠬᠠᠢ ︵戊戌︶ | ᠡᠳᠦᠷ᠂ ᠲᠡᠭᠡᠳᠦ ᠡᠵᠡᠨ ᠳ᠋ᠠ ᠲᠦᠩ ᠳᠤ ᠪᠠᠭᠤᠳᠠᠯᠯᠠᠪᠠᠢ ︵ᠪᠡᠭᠡᠵᠢᠩ ᠠᠴᠠ ᠮᠣᠷᠳᠠᠨ ᠭᠠᠷᠣᠭᠠᠳ ᠠᠷᠪᠠᠨ | ᠨᠢᠭᠡᠳᠦᠭᠡᠷ ᠡᠳᠦᠷ ᠳ᠋ᠠ ᠲᠦᠩ ᠬᠦᠷᠪᠡ᠃ ᠳ᠋ᠠ ᠲᠦᠩ ᠪᠡᠭᠡᠵᠢᠩ ᠤᠨ ᠠᠰ ᠵᠠᠢ ᠠᠷᠠᠢ ᠭᠤᠷᠪᠠᠨ ᠵᠠᠭᠤᠨ ᠺᠢᠯᠣᠮᠧᠲᠷ | ᠬᠦᠷᠬᠦ ᠦᠭᠡᠢ ᠵᠠᠮ ᠢ ᠠᠷᠪᠠᠭᠠᠳ ᠡᠳᠦᠷ ᠠᠶᠠᠯᠠᠵᠠᠢ︶᠃ ᠣᠯᠠᠭᠴᠢᠨ ᠬᠤᠨᠢᠨ ︵丁未︶ ᠡᠳᠦᠷ᠂ ᠯᠢ ᠵᠢᠶᠠ | ᠭᠸᠥ ᠳᠤ ᠬᠦᠷᠪᠡᠢ᠃ ᠰᠢᠷ᠎ᠠ ᠪᠡᠴᠢᠨ ︵戊申︶ ᠡᠳᠦᠷ᠂ ᠬᠠᠭᠠᠨ ᠵᠣᠣ ᠪᠢᠴᠢᠭ ᠲᠠᠷᠬᠠᠭᠠᠨ᠂ ᠬᠠᠭᠠᠨ ᠤ | ᠴᠡᠷᠢᠭ ᠤᠨ ᠦᠩᠭᠡᠷᠡᠭᠰᠡᠨ ᠵᠠᠮ ᠲᠠᠭᠠᠣ ᠲᠠᠬᠢ ᠺᠧ ᠯᠠᠨ᠂ ᠪᠣᠣ ᠳ᠋ᠧ᠂ ᠾᠧ ᠴᠢᠥᠢ ᠵᠡᠷᠭᠡ ᠶᠢᠨ ᠵᠸᠥ ᠰᠢᠶᠠᠨ ᠤ | ᠲᠣᠰ ᠣᠨ ᠤ ᠭᠠᠶᠢᠯᠢ ᠶᠢ ᠬᠡᠯᠳᠦᠷᠢᠭᠦᠯᠪᠡᠢ᠃ ᠲᠣᠰ ᠡᠳᠦᠷ ᠲᠡᠭᠡᠨ ᠨᠢᠶᠠᠨ ᠶᠠᠨ ᠽᠦᠨ ᠲᠣᠰᠬᠤᠨ ᠳᠤ | ᠬᠦᠷᠦᠭᠰᠡᠨ᠎ᠡ᠂ ᠠᠭᠤᠯᠠᠨ ᠠᠴᠠ ᠣᠨᠳᠣᠷᠠᠭᠰᠠᠨ ᠣᠷᠭᠢᠯ ᠪᠣᠯᠠᠭ ᠤᠨ ᠣᠰᠣᠨ ᠢᠶᠠᠷ ᠬᠦᠮᠦᠨ ᠮᠣᠷᠢᠳ ᠬᠠᠨᠣᠳᠠᠯ᠎ᠠ | ᠣᠮᠳᠠᠯᠠᠪᠠᠢ᠃ ᠴᠠᠭᠠᠨ ᠨᠣᠬᠠᠢ ᠡᠳᠦᠷ ︵庚戌︶ ᠨᠣᠶᠠᠳ ᠳᠣᠮᠢᠯᠠᠨ ᠬᠠᠳᠣᠨ ᠭᠤᠣᠯ ᠤᠨ ᠰᠠᠬᠢᠭᠤᠯᠰᠣ ᠶᠢ | ᠲᠠᠬᠢᠭᠤᠯᠪᠠᠢ᠃ | ᠭᠤᠷᠪᠠᠨ ᠰᠠᠷ᠎ᠠ ᠶᠢᠨ ᠣᠯᠠᠭᠠᠨ ᠯᠣᠣ ︵丙辰︶ ᠡᠳᠦᠷ᠂ ᠲᠡᠭᠡᠳᠦ ᠡᠵᠡᠨ ᠴᠢᠥᠢ ᠶᠧ ᠾᠧ ᠭᠤᠣᠯ ᠳᠤ | ᠬᠦᠷᠴᠦᠬᠦᠢ᠃ ᠦᠭᠡᠯᠡᠳ ᠬᠦᠮᠦᠨ ᠲᠣᠷᠵᠢ᠂ ᠳ᠋ᠠᠷᠠᠱ ︵達拉什︶ ᠵᠡᠷᠭᠡ ᠶᠢᠨ ᠬᠦᠮᠦᠨ ᠣᠷᠢᠳ ᠬᠤᠵᠢᠳ | ᠪᠠᠭᠤᠵᠣ ᠦᠭᠭᠦᠷᠡ ᠢᠷᠡᠪᠡᠢ᠃ ᠬᠠᠮᠢᠯ ᠤᠨ ᠣᠶᠢᠭᠤᠷ ᠸᠠᠩ ᠳᠤ ᠠᠯᠳᠠ ᠮᠦᠩᠭᠦ᠂ ᠲᠡᠪᠡᠯ ᠬᠤᠪᠴᠠᠰᠣ ᠱᠠᠩᠨᠠᠪᠠᠢ᠃ | ᠣᠯᠠᠭᠴᠢᠨ ᠮᠣᠭᠠᠢ ︵丁巳︶ ᠡᠳᠦᠷ᠂ ᠵᠣᠣ ᠯᠢᠶᠠᠩ ᠳ᠋ᠦᠩ ᠨᠠᠰᠣ ᠨᠦᠭᠴᠢᠪᠡᠢ᠃ ᠲᠡᠭᠡᠳᠦ ᠡᠵᠡᠨ | ᠰᠣᠨᠣᠰᠣᠭᠠᠳ᠂ ᠣᠳᠠᠳᠠᠯ᠎ᠠ ᠭᠠᠰᠢᠭᠤᠳᠠᠨ᠂ ᠰᠢᠳᠠᠷ ᠳᠦᠰᠢᠮᠡᠳ ᠲᠤ ᠦᠬᠦᠯᠡᠭᠰᠡᠨ ᠠᠨᠣ᠄ ︽ᠵᠣᠣ ᠯᠢᠶᠠᠩ ᠳ᠋ᠦᠩ | ᠠᠷᠣᠣᠬᠠᠨ ᠡᠷᠡᠰ ᠪᠦᠯᠦᠭᠡ︾ ᠬᠡᠮᠡᠵᠦᠬᠦᠢ᠃ ᠴᠠᠭᠠᠭᠴᠢᠨ ᠲᠠᠬᠢᠶ᠎ᠠ ︵辛酉︶ ᠡᠳᠦᠷ᠂ ᠢᠥᠢ ᠯᠢᠨ ᠳᠤ | ᠬᠦᠷᠪᠡᠢ ︵ᠳ᠋ᠠ ᠲᠦᠩ ᠠᠴᠠ ᠮᠣᠷᠳᠠᠨ ᠭᠠᠷᠣᠭᠠᠳ ᠬᠤᠷᠢᠨ ᠲᠦᠷᠪᠡᠳᠦᠭᠡᠷ ᠡᠳᠦᠷ ᠢᠥᠢ ᠯᠢᠨ ᠬᠦᠷᠪᠡ᠃ ᠳ᠋ᠠ | ᠲᠦᠩ ᠪᠣᠯᠣᠨ ᠢᠥᠢ ᠯᠢᠨ ᠤ ᠠᠰ ᠵᠠᠢ ᠭᠤᠷᠪᠠᠨ ᠵᠠᠭᠤ ᠲᠠᠯ᠎ᠠ ᠨᠠᠶᠠᠨ ᠺᠢᠯᠣᠮᠧᠲᠷ ᠪᠠᠶᠢᠨ᠎ᠠ︶᠃ ᠰᠢᠷ᠎ᠠ ᠯᠣᠣ | ᠡᠳᠦᠷ ︵戊辰︶ ᠠᠨ ᠪᠢᠶᠠᠨ ᠴᠧᠩ ᠳᠤ ᠬᠦᠷᠪᠡᠢ᠃ ᠨᠢᠩᠰᠢᠶᠠ ᠶᠢᠨ ᠽᠦᠩᠪᠢᠩ ᠸᠠᠩ ᠬᠤᠸᠠ ᠰᠢᠩ | ᠲᠡᠭᠡᠳᠦ ᠡᠵᠡᠨ ᠢ ᠬᠤᠸᠠ ᠮᠠ ᡂᠢ ᠳᠤ ᠠᠪᠠᠯᠠᠶᠠ ᠬᠡᠮᠡᠨ ᠣᠷᠢᠪᠠᠢ᠃ ᠲᠡᠭᠡᠳᠦ ᠡᠵᠡᠨ ᠦᠭᠦᠯᠡᠷᠦᠨ᠄ ︽ᠴᠡᠷᠢᠭ | ᠮᠣᠷᠢ ᠪᠠᠨ ᠰᠠᠶᠢᠳᠣᠷ ᠠᠮᠠᠷᠠᠭᠤᠯᠴᠢᠬᠠᠭᠠᠳ᠂ ᠭᠠᠯᠳᠠᠨ ᠢ ᠠᠪᠠᠯᠠᠬᠤ ᠶᠢ ᠬᠡᠷᠬᠢᠨ ᠬᠦᠷᠦᠮᠣᠢ︾ ᠭᠡᠮᠡᠪᠡᠢ᠃ | ᠴᠠᠭᠠᠭᠴᠢᠨ ᠬᠤᠨᠢᠨ ᠡᠳᠦᠷ ︵辛未︶ ᠬᠤᠸᠠ ᠮᠠ ᡂᠢ ᠳᠤ ᠬᠦᠷᠪᠡᠢ᠃ ᠣᠯᠠᠭᠠᠨ ᠬᠤᠯᠣᠭᠠᠨ᠎ᠠ ᠡᠳᠦᠷ ︵丙 | 子︶ ᠲᠡᠭᠡᠳᠦ ᠡᠵᠡᠨ ᠾᠧᠩ ᠴᠧᠩ ︵ᠵᠣᠬᠢᠶᠠᠭᠴᠢ ᠶᠢᠨ ᠬᠠᠷᠭᠤᠯᠣᠭᠰᠠᠨ ᠢᠶᠠᠷ ᠾᠧᠩ ᠴᠧᠩ ᠬᠡᠮᠡᠭᠴᠢ ᠭᠠᠵᠠᠷ | ᠣᠳᠣᠬᠢ ᠨᠢᠩᠰᠢᠶᠠ ᠶᠢᠨ ᠯᠢᠩ ᠡᠣ ᠬᠤᠳᠠ ᠶᠢᠨ ᠯᠢᠨ ᠾᠧ ᠵᠧᠨ ᠳᠤ ᠪᠣᠢ︶ ᠢᠶᠠᠷ ᠭᠤᠣᠯ ᠭᠠᠳᠣᠯᠪᠠᠢ᠃ ᠬᠠᠭᠠᠨ | ᠡᠵᠡᠨ ᠠᠬᠠᠮᠠᠳ ᠬᠦᠪᠡᠭᠦᠨ ᠶᠢᠨ ᠲᠢ ᠪᠠᠨ ᠲᠣᠮᠢᠯᠠᠨ ᠵᠣᠣ ᠯᠢᠶᠠᠩ ᠳ᠋ᠦᠩ ᠪᠣᠯᠣᠨ ᠦᠩᠭᠡᠷᠡᠭᠰᠡᠨ ᠲᠢ ᠳ᠋ᠦ᠋ | ᠳᠦᠰᠢᠮᠡᠯ ᠴᠧᠨ ᠹᠦ᠋ ᠶᠢ ᠲᠠᠪᠢᠭᠯᠠᠷᠠ ᠢᠯᠡᠭᠡᠪᠡᠢ᠃ ᠣᠯᠠᠭᠴᠢᠨ ᠦᠬᠡᠷ ᠡᠳᠦᠷ ︵丁丑︶ ᠲᠡᠭᠡᠳᠦ ᠡᠵᠡᠨ | ᠨᠢᠩᠰᠢᠶᠠ ᠳᠤ ᠪᠠᠭᠤᠪᠠᠢ᠃ ᠵᠠᠭᠤᠨ ᠮᠣᠳᠣ᠂ ᠣᠩᠬᠢ ᠶᠢᠨ ︵ᠭᠤᠣᠯ ᠤᠨ︶ ᠲᠠᠶᠢᠨ ᠳᠤ ᠦᠷᠡᠭᠳᠡᠭᠰᠡᠨ ᠴᠡᠷᠢᠭ | ᠲᠠᠶᠢᠴᠢᠳ ᠢᠶᠠᠨ ᠪᠠᠶᠢᠴᠠᠭᠠᠨ ᠲᠣᠬᠤᠨᠢᠭᠤᠯᠪᠠ᠃ ᠰᠢᠷᠠᠭᠴᠢᠨ ᠲᠠᠣᠯᠠᠢ ᠡᠳᠦᠷ ︵己卯︶᠂ ᠾᠧ ᠯᠠᠨ ᠱᠠᠨ | ᠠᠭᠤᠯᠠ ᠶᠢ ᠲᠠᠬᠢᠪᠠᠢ᠃ ᠴᠠᠭᠠᠨ ᠯᠣᠣ ᠡᠳᠦᠷ ︵庚辰︶ ᠲᠡᠭᠡᠳᠦ ᠡᠵᠡᠨ ᠴᠡᠷᠢᠭ ᠰᠢᠯᠭᠠᠵᠣ᠂ ᠵᠠᠷᠯᠢᠭ | ᠪᠠᠭᠤᠯᠭᠠᠨ ᠰᠢᠳᠠᠷ ᠬᠠᠮᠠᠭᠠᠯᠠᠭᠴᠢᠳ ᠢᠶᠠᠷ ᠢᠶᠠᠨ ᠡᠵᠡᠨ ᠤ ᠵᠣᠭᠤᠭ ᠢᠶᠠᠨ ᠴᠡᠷᠢᠭ ᠲᠠᠶᠢᠴᠢᠳ ᠲᠠᠭᠠᠨ ᠲᠦᠭᠡᠭᠡᠨ | ᠬᠦᠷᠳᠡᠭᠡᠪᠡᠢ᠃ | ᠭᠤᠷᠪᠠᠨ ᠰᠠᠷ᠎ᠠ ᠶᠢᠨ ᠰᠢᠨ᠎ᠡ ᠶᠢᠨ ᠨᠢᠭᠡᠨ᠂ ᠴᠠᠭᠠᠭᠴᠢᠨ ᠮᠣᠭᠠᠢ ᠡᠳᠦᠷ ︵辛巳︶᠂ ᠨᠠᠷᠠᠨ ᠭᠬᠢᠷᠳᠦᠵᠦᠬᠦᠢ᠃ | ᠴᠠᠭᠠᠨ ᠪᠠᠷᠰ ᠡᠳᠦᠷ ︵庚寅︶᠂ ᠺᠠᠩ ᠴᠢᠨ ᠸᠠᠩ ᠵᠢᠶᠧ ᠱᠣ᠋ ᠨᠠᠰᠣᠨ ᠨᠦᠭᠴᠢᠵᠦᠬᠦᠢ᠃ ᠨᠢᠩᠰᠢᠶᠠ ᠶᠢᠨ | ᠢᠷᠭᠡᠳ ᠲᠡᠭᠡᠳᠦ ᠡᠵᠡᠨ ᠤ ᠪᠣᠴᠠᠬᠤ ᠴᠢᠮᠡᠭᠡ ᠶᠢ ᠣᠯᠵᠣ᠂ ᠢᠯᠡᠭᠦᠥ ᠬᠡᠳᠦᠨ ᠡᠳᠦᠷ ᠦᠯᠡᠳᠡᠭᠡᠬᠦ ᠪᠠᠷ | ᠭᠤᠶᠣᠴᠢᠯᠠᠭᠰᠠᠨᠠ᠂ ᠲᠡᠭᠡᠳᠦ ᠡᠵᠡᠨ ᠦᠬᠦᠯᠡᠷᠦᠨ᠄ ︽ᠬᠢᠵᠠᠭᠠᠷ ᠤᠨ ᠭᠠᠵᠠᠷ ᠲᠠᠴᠢᠷ ᠨᠢᠮᠭᠡᠨ᠂ ᠨᠢᠭᠡᠨ ᠡᠳᠦᠷ | ᠢᠯᠡᠭᠦᠥ ᠰᠠᠭᠤᠪᠠᠰᠣ᠂ ᠨᠢᠭᠡᠨ ᠡᠳᠦᠷ ᠢᠷᠭᠡᠳ ᠤᠨ ᠲᠠᠷᠣᠭᠠᠰᠣ ᠪᠣᠯᠣᠮᠣᠢ᠃ ᠲᠠ ᠨᠡᠷ ᠤᠨ ᠦᠨᠡᠨ ᠰᠡᠳᠭᠢᠯ ᠢ | ᠮᠡᠳᠡᠯᠦᠭᠡ︾ ᠬᠡᠮᠡᠵᠦᠬᠦᠢ᠃ | ᠵᠣᠨ ᠤ ᠲᠦᠷᠪᠡᠨ ᠰᠠᠷ᠎ᠠ ᠶᠢᠨ ᠴᠠᠭᠠᠭᠴᠢᠨ ᠭᠠᠭ᠋ᠠᠢ ᠡᠳᠦᠷ ︵辛亥︶᠂ ᠲᠡᠭᠡᠳᠦ ᠡᠵᠡᠨ ᠯᠠᠩ ᠵᠢᠥᠢ ᠰᠢᠥᠢ | ᠠᠭᠤᠯᠠᠨ᠎ᠠ ᠬᠦᠷᠴᠦᠬᠦᠢ ︵ᠰᠢᠷᠠᠭᠴᠢᠨ ᠲᠠᠣᠯᠠᠢ ᠡᠳᠦᠷ ᠾᠧ ᠯᠠᠨ ᠱᠠᠨ ᠠᠭᠤᠯᠠ ᠶᠢ ᠲᠠᠬᠢᠭᠰᠠᠨ ᠪᠠ ᠲᠠᠷᠠᠭ᠎ᠠ ᠶᠢᠨ | ᠬᠡᠳᠦᠨ ᠡᠳᠦᠷ ᠲᠤ ᠪᠣᠰᠣᠳ ᠬᠡᠷᠡᠭ ᠣᠴᠢᠷ ᠢ ᠰᠢᠢᠳᠭᠡᠭᠰᠡᠨ ᠢᠶᠠᠷ ᠪᠠᠷᠤᠭ ᠲᠠᠪᠤ ᠭᠤᠷᠪᠠᠨ ᠬᠤᠨᠤᠭ ᠤᠨ ᠲᠠᠷᠠᠭ᠎ᠠ | ᠰᠠᠶ᠋ᠢ ᠮᠣᠷᠳᠠᠨ ᠭᠠᠷᠣᠭᠠᠳ᠂ ᠴᠠᠭᠠᠭᠴᠢᠨ ᠭᠠᠭ᠋ᠠᠢ ᠡᠳᠦᠷ ᠯᠠᠩ ᠵᠢᠦᠢ ᠰᠢᠥᠢ ᠠᠭᠤᠯᠠᠨ ᠳᠤ ᠬᠦᠷᠦᠭᠰᠡᠨ ᠢᠶᠠᠷ | ᠪᠣᠳᠣᠪᠠᠯ ᠡᠨᠡᠬᠦ ᠭᠤᠷᠪᠠᠨ ᠵᠠᠭᠤ ᠢᠯᠡᠭᠦᠥ ᠺᠢᠯᠣᠮᠧᠲᠷ ᠤᠨ ᠵᠠᠢ ᠶᠢ ᠠᠷᠪᠠᠨ ᠨᠠᠢᠮᠠ ᠠᠴᠠ ᠬᠤᠷᠢ ᠰᠢᠬᠠᠮ ᠡᠳᠦᠷ | ᠬᠡᠷᠡᠭᠯᠡᠭᠰᠡᠨ ᠪᠠᠶᠢᠨ᠎ᠠ᠃ ᠬᠡᠯᠡᠯᠭᠡᠨ ᠦᠭᠡᠢ ᠴᠡᠷᠢᠭ ᠪᠣᠴᠠᠵᠣ ᠪᠠᠶᠢᠭ᠎ᠠ ᠶᠣᠮ ᠴᠢᠨᠢ ᠲᠡᠶᠢᠮᠦ ᠶᠠᠭᠠᠷᠠᠥ ᠵᠠᠮᠨᠠᠬᠤ ᠦᠭᠡᠢ | ᠪᠢᠵᠡ︶᠃ ᠬᠦᠭᠡ ᠪᠠᠷᠰ ᠡᠳᠦᠷ ︵甲寅︶ ᠡᠵᠡᠨ ᠤ ᠵᠢᠬᠰᠠᠭᠠᠯ ᠨᠡᠶᠢᠰᠯᠡᠯ ᠢᠶᠠᠨ ᠵᠣᠷᠢᠵᠣᠬᠤᠢ ᠁ | ᠲᠠᠪᠣᠨ ᠰᠠᠷ᠎ᠠ ᠶᠢᠨ ᠬᠦᠬᠡᠭᠴᠢᠨ ᠬᠤᠨᠢᠨ ᠡᠳᠦᠷ ︵乙未︶ ᠲᠡᠭᠡᠳᠦ ᠡᠵᠡᠨ ᠨᠡᠶᠢᠰᠯᠡᠯ ᠬᠤᠳᠠᠨ᠎ᠠ ᠬᠦᠷᠪᠡᠢ᠃ | ᠲᠡᠭᠡᠷᠡᠬᠢ ᠠᠭᠤᠯᠭ᠎ᠠ ᠠᠴᠠ ᠦᠵᠡᠬᠦᠯ᠎ᠡ᠂ ᠯᠠᠩ ᠵᠢᠥᠢ ᠰᠢᠥᠢ ᠠᠭᠤᠯᠠ ᠪᠣᠯ ᠲᠠᠷᠣᠢ ᠯᠠᠩ ᠱᠠᠨ ᠠᠭᠤᠯᠠ ᠮᠦᠨ | ᠭᠡᠰᠡᠨ ᠦᠭᠡ ᠴᠦ ᠮᠠᠰᠢ ᠲᠣᠳᠣ ᠦᠨᠳᠦᠰᠦᠯᠡᠯ ᠲᠠᠢ ᠪᠣᠯᠵᠣ ᠪᠠᠶᠢᠨ᠎ᠠ᠃ ᠭᠡᠶ᠎ᠡ ᠠᠳᠡ ᠵᠣᠬᠢᠶᠠᠭᠴᠢ ᠠᠴᠠ | ᠣᠷᠢᠳᠠᠪᠠᠷ ᠲᠣᠰ ᠠᠭᠤᠯᠠᠨ ᠤ ᠪᠠᠶᠢᠷᠢᠰᠢᠯ ᠢ ᠨᠣᠳᠠᠯᠠᠵᠣ᠂ ᠲᠠᠷᠠᠭ᠎ᠠ ᠨᠢ ᠲᠡᠭᠦᠨ ᠤ ᠯᠠᠩ ᠵᠢᠥᠢ ᠰᠢᠥᠢ ᠠᠭᠤᠯᠠ ︵狼 | 居胥︶ ᠭᠡᠳᠡᠭ ᠨᠡᠷ᠎ᠡ ᠦᠭᠡ ᠶᠢᠨ ᠡᠷᠳᠡᠨ ᠤ ᠠᠪᠢᠶ᠎ᠠ ᠠᠶᠠᠯᠭᠤ ᠶᠢ ᠲᠣᠷᠰᠢᠨ ᠲᠠᠶᠢᠯᠪᠣᠷᠢᠯᠠᠶ᠎ᠠ᠃ | ᠡᠩᠬᠡ ᠠᠮᠣᠭᠤᠯᠠᠩ ᠬᠠᠭᠠᠨ ᠪᠡᠭᠡᠵᠢᠩ ᠠᠴᠠ ᠮᠣᠷᠳᠠᠨ ᠭᠠᠷᠴᠣ ᠢᠷᠡᠭᠡᠳ ᠳ᠋ᠠ ᠲᠦᠩ ᠬᠦᠷᠦᠭᠰᠡᠨ ᠵᠠᠮ ᠶᠠᠪᠣᠴᠠ᠂ | ᠳ᠋ᠠ ᠲᠦᠩ ᠠᠴᠠ ᠢᠥᠢ ᠯᠢᠨ ᠬᠦᠷᠦᠭᠰᠡᠨ ᠵᠠᠮ ᠶᠠᠪᠣᠴᠠ ᠪᠠ ᠵᠠᠮᠨᠠᠭᠰᠠᠨ ᠡᠳᠦᠷ ᠬᠤᠨᠤᠭ ᠪᠣᠯᠣᠨ᠂ ᠢᠥᠢ ᠯᠢᠨ | ᠠᠴᠠ ᠨᠢᠩᠰᠢᠶᠠ ᠶᠢᠨ ᠾᠧᠩ ᠴᠧᠩ ᠬᠦᠷᠦᠭᠰᠡᠨ ᠡᠳᠦᠷ ᠬᠤᠨᠤᠭ᠂ ᠵᠢᠴᠢ ᠨᠢᠩᠰᠢᠶᠠ ᠶᠢᠨ ᠾᠧ ᠯᠠᠨ ᠱᠠᠨ | ᠠᠭᠤᠯᠠᠨ ᠠᠴᠠ ᠣᠳᠣᠬᠢ ᠪᠠᠶᠠᠨᠨᠠᠭᠤᠷ ᠠᠶᠢᠮᠠᠭ ᠤᠨ ᠳ᠋ᠧᠩᠺᠸᠥ ᠰᠢᠶᠠᠨ ᠤ ᠪᠠᠷᠠᠭᠤᠨ ᠬᠤᠶᠢᠨ᠎ᠠ ᠪᠠᠶᠢᠭ᠎ᠠ ᠱᠠᠵᠢᠨ | ᠲᠣᠬᠤᠢ ᠰᠣᠮᠣ ᠶᠢᠨ ᠪᠠᠶᠠᠨ ᠠᠭᠤᠯᠠ ᠭᠠᠴᠠᠭᠠᠨ ᠤ ᠠᠷᠣ ᠲᠠᠬᠢ ᠯᠠᠩ ᠱᠠᠨ ᠠᠭᠤᠯᠠ ᠬᠦᠷᠳᠡᠯᠡᠬᠢ ᠵᠠᠮ ᠶᠠᠪᠣᠴᠠ | ᠪᠠ ᠬᠡᠷᠡᠭᠰᠡᠭᠰᠡᠨ ᠡᠳᠦᠷ ᠬᠤᠨᠤᠭ ᠢ ᠬᠠᠷᠢᠴᠠᠭᠤᠯᠣᠨ ᠦᠵᠡᠪᠡᠯ ᠪᠣᠳᠠᠳᠠᠢ ᠲᠠᠢ ᠶᠡᠬᠡᠯ᠎ᠡ ᠨᠡᠶᠢᠴᠡᠵᠦ ᠪᠠᠶᠢᠨ᠎ᠠ᠃ ᠨᠡᠩ | ᠢᠯᠠᠩᠭᠤᠶ᠎ᠠ ᠠᠳᠡ ᠠᠴᠠ ᠲᠠᠬᠢᠨ ᠨᠡᠶᠢᠰᠯᠡᠯ ᠪᠡᠭᠡᠵᠢᠩ ᠲᠡᠭᠡᠨ ᠪᠣᠴᠠᠭᠰᠠᠨ ᠡᠳᠦᠷ ᠬᠤᠨᠤᠭ ᠴᠦ ᠪᠦᠷ ᠡᠳᠡᠭᠡᠷ ᠢ | ᠭᠡᠷᠡᠴᠢᠯᠡᠵᠦ ᠪᠣᠯᠣᠨ᠎ᠠ᠃ ᠵᠣᠬᠢᠶᠠᠭᠴᠢ ᠠᠴᠠ ᠣᠳᠣᠬᠢ ᠳ᠋ᠧᠩᠺᠸᠥ ᠰᠢᠶᠠᠨ ᠤ ᠪᠠᠷᠠᠭᠤᠨ ᠬᠤᠶᠢᠨ᠎ᠠ ᠪᠠᠶᠢᠭ᠎ᠠ ᠱᠠᠵᠢᠨ | ᠲᠣᠬᠤᠢ ᠰᠣᠮᠣ ᠶᠢᠨ ᠪᠠᠶᠠᠨ ᠠᠭᠤᠯᠠ ᠭᠠᠴᠠᠭᠠᠨ ᠤ ᠠᠷᠣ ᠲᠠᠬᠢ ᠯᠠᠩ ᠱᠠᠨ ᠠᠭᠤᠯᠠᠨ ᠤ ᠪᠠᠷᠠᠭᠤᠨ ᠡᠮᠦᠨ᠎ᠡ | ᠦᠵᠦᠭᠦᠷ ᠲᠤ ᠪᠠᠶᠢᠭ᠎ᠠ ︽ᠬᠠᠷᠠᠩᠭᠤᠢ ᠬᠠᠪᠴᠢᠯ︾ ᠤᠨ ᠡᠮᠦᠨ᠎ᠡ ᠰᠦᠪᠡ ᠪᠣᠯ ᠲᠠᠷᠣᠢ ᠲᠡᠣᠬᠡᠨ ᠳᠤ | ᠲᠡᠮᠳᠡᠭᠯᠡᠭᠳᠡᠭᠰᠡᠨ ᠯᠠᠩ ᠵᠢᠥᠢ ᠰᠢᠥᠢ ᠠᠭᠤᠯᠠ ᠪᠣᠯᠣᠨ᠎ᠠ ᠭᠡᠵᠦ ᠲᠣᠷᠰᠢᠨ ᠨᠣᠳᠠᠯᠠᠵᠠᠢ᠃ ᠡᠨᠡ ᠭᠠᠵᠠᠷ ᠤᠨ ᠨᠡᠷ᠎ᠡ ᠨᠢ | ᠲᠠᠷᠣᠢ ︽ᠬᠠᠷᠠᠩᠭᠤᠢ ᠬᠠᠪᠴᠢᠯ︾ ᠤᠨ ᠡᠮᠦᠨ᠎ᠡ ᠰᠦᠪᠡ ᠭᠡᠳᠡᠭ ᠭᠡᠨ᠎ᠡ᠃ ᠬᠢᠳᠠᠳ ᠮᠠᠲ᠋ᠧᠷᠢᠶᠠᠯ ᠠᠴᠠ ᠬᠠᠶᠢᠭᠰᠠᠨ | ᠳᠤ ᠵᠦᠪᠬᠡᠨ 哈浪贵乃 ᠭᠡᠳᠡᠭ ᠲᠣᠳᠠᠭᠤ ᠲᠣᠷᠭᠤᠨ ᠨᠡᠷᠡᠰ ᠦᠭᠡ ᠣᠯᠳᠠᠵᠠᠢ᠃ | 狼居胥 ᠶᠢᠨ ᠡᠷᠳᠡᠨ ᠤ ᠠᠪᠢᠶ᠎ᠠ ᠠᠶᠠᠯᠭᠤ᠄ | 狼 ᠦᠰᠦᠭ ᠢ ᠸᠢᠺᠢ ᠲᠣᠯᠢ ᠳᠤ ᠲᠠᠶᠢᠯᠪᠣᠷᠢᠯᠠᠭᠰᠠᠨ ᠨᠢ᠄ 大字源 ᠲᠣᠯᠢ ᠶᠢᠨ 1124 ᠳ᠋ᠣᠭᠠᠷ | ᠨᠢᠭᠤᠷ ᠤᠨ ᠭᠤᠷᠪᠠᠳᠣᠭᠠᠷ ᠦᠰᠦᠭ᠂ 汉语大字典 ᠲᠣᠯᠢ ᠶᠢᠨ ᠬᠤᠶᠠᠳᠣᠭᠠᠷ ᠪᠣᠳᠢ ᠶᠢᠨ 1350 | ᠳ᠋ᠣᠭᠠᠷ ᠨᠢᠭᠤᠷ ᠤᠨ ᠲᠣᠯᠣᠳᠣᠭᠠᠷ ᠦᠰᠦᠭ᠂ 康熙字典 ᠲᠣᠯᠢ ᠶᠢᠨ 712 ᠳ᠋ᠣᠭᠠᠷ ᠨᠢᠭᠤᠷ ᠤᠨ | ᠬᠤᠶᠠᠳᠣᠭᠠᠷ ᠦᠰᠦᠭ᠂ 宋本广韵 ᠲᠣᠯᠢ ᠶᠢᠨ 179 ᠳ᠋ᠣᠭᠠᠷ ᠨᠢᠭᠤᠷ ᠤᠨ 33 ᠳ᠋ᠣᠭᠠᠷ ᠦᠰᠦᠭ᠂ 辞 | 海 ᠲᠣᠯᠢ ᠶᠢᠨ 876 ᠳ᠋ᠣᠭᠠᠷ ᠨᠢᠭᠤᠷ ᠤᠨ ᠨᠢᠭᠡᠳᠦᠭᠡᠷ ᠮᠦᠷ ᠤᠨ ᠲᠠᠪᠣᠳᠣᠭᠠᠷ ᠦᠰᠦᠭ ᠪᠣᠯᠣᠨ᠎ᠠ ᠭᠡᠵᠡᠢ᠃ | ᠲᠡᠭᠡᠭᠡᠳ 狼 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠨᠢ ︽/*rˁaŋ᠂ {*[r]ˁaŋ}/︾ | ᠭᠡᠵᠦ᠂ ᠲᠣᠮᠳᠠᠳᠣ ᠡᠷᠳᠡᠨ ᠤ ᠠᠪᠢᠶ᠎ᠠ ᠠᠶᠠᠯᠭᠤ ᠶᠢ ︽lang︾ ᠭᠡᠵᠡᠢ᠃ ᠭᠡᠳᠡᠯ᠎ᠡ ᠬᠠᠨ ᠳ᠋ᠢᠶᠠᠨ ᠰᠦᠯᠵᠢᠶᠡᠨ | ᠲᠣᠯᠢ ᠳᠤ 狼 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠰᠢᠭᠤᠳ ︽raːŋ︾ ᠭᠡᠪᠡ᠃ | ᠬᠡᠷᠪᠡ ᠲᠠᠬᠢᠨ ᠲᠡᠭᠡᠭᠰᠢ ᠬᠦᠭᠡᠭᠡᠨ ᠪᠣᠳᠣᠪᠠᠯ r ᠶᠢᠨ ᠡᠮᠦᠨ᠎ᠡ ᠪᠣᠶᠣ ᠬᠤᠶᠢᠨ᠎ᠠ ᠪᠠᠰᠠ ᠶᠠᠮᠠᠷ ᠨᠢᠭᠡ ᠭᠡᠶᠢᠭᠦᠯᠦᠭᠴᠢ | ᠪᠠᠶᠢᠭᠰᠠᠨ ᠴᠦ ᠪᠣᠯᠵᠣᠰᠢ ᠦᠭᠡᠢ ᠶᠣᠮ᠃ ᠣᠴᠢᠷ ᠨᠢ ᠬᠢᠳᠠᠳ ᠦᠭᠡ ᠬᠡᠯᠡ ᠪᠣᠯ ᠲᠦᠪᠡᠳ ᠦᠭᠡ ᠬᠡᠯᠡ ᠲᠠᠢ | ᠨᠢᠭᠡᠨ ᠠᠳᠠᠯᠢ ᠪᠠᠷ ᠣᠯᠠᠩᠬᠢ ᠦᠭᠡᠰ ᠨᠢ ᠬᠤᠣᠰ ᠭᠡᠶᠢᠭᠦᠯᠦᠭᠴᠢ ᠪᠣᠶᠣ ᠣᠯᠠᠨ ᠭᠡᠶᠢᠭᠦᠯᠦᠭᠴᠢ ᠪᠠᠷ ᠡᠬᠢᠯᠡᠳᠡᠭ | ᠣᠨᠴᠠᠯᠢᠭ ᠲᠠᠢ ᠪᠠᠶᠢᠵᠠᠢ᠃ ᠸᠢᠺᠢ ᠰᠦᠯᠵᠢᠶᠡᠨ ᠲᠣᠯᠢ ᠶᠢᠨ ᠲᠣᠰ ᠦᠰᠦᠭ ᠤᠨ ᠲᠡᠭᠡᠳᠦ ᠡᠷᠳᠡᠨ ᠤ ᠠᠪᠢᠶ᠎ᠠ | ᠠᠶᠠᠯᠭᠤ ᠶᠢ ᠠᠪᠢᠶᠠᠯᠠᠭᠰᠠᠨ ᠪᠠᠶᠢᠳᠠᠯ ᠠᠴᠠ ᠦᠵᠡᠬᠦᠯ᠎ᠡ *rˁaŋ ᠪᠣᠶᠣ *[r]ˁaŋ ᠭᠡᠵᠡᠢ᠃ ᠠᠩᠬᠠᠷᠬᠤ | ᠨᠢ r ᠶᠢᠨ ᠠᠷᠣ ᠳᠤ ᠪᠠᠰᠠ ᠨᠢᠭᠡᠨ ᠲᠦᠪᠦᠩᠬᠢ ᠶᠢᠨ ᠱᠦᠷᠭᠦᠭᠡᠬᠦ ᠠᠪᠢᠶ᠎ᠠ ︽ˁ︾ ᠲᠠᠭᠠᠯᠳᠣᠵᠣ ᠪᠠᠶᠢᠨ᠎ᠠ᠃ | ᠵᠣᠬᠢᠶᠠᠭᠴᠢ ᠶᠢᠨ ᠦᠵᠡᠬᠦ ᠪᠠᠷ *rˁaŋ ᠦᠰᠦᠭ ᠲᠤ H ᠲᠠᠢ ᠲᠣᠩ ᠣᠶᠢᠷᠠᠯᠴᠠᠭ᠎ᠠ ᠲᠦᠪᠦᠩᠬᠢ ᠶᠢᠨ | ᠱᠦᠷᠭᠦᠭᠡᠬᠦ ᠠᠪᠢᠶ᠎ᠠ ᠲᠠᠭᠠᠯᠳᠣᠵᠣ ᠪᠠᠶᠢᠭ᠎ᠠ ᠪᠣᠯᠬᠤᠷ᠂ ᠬᠠᠷᠠᠩᠭᠤᠢ ᠶᠢᠨ ᠬᠠᠮᠤᠭ ᠡᠮᠦᠨᠡᠬᠢ Ha ᠶᠢ ᠬᠠᠰᠣᠭᠠᠳ | rˁ ᠪᠠᠷ ᠡᠬᠢᠯᠡᠨ ᠬᠠᠷᠠᠩᠭᠤᠢ ᠶᠢᠨ ︽ᠬᠠᠷᠠᠩ᠊︾ ᠢ ︽ᠷᠾᠠᠩ︾ ᠭᠡᠵᠦ ᠠᠪᠢᠶᠠᠯᠠᠭᠰᠠᠨ ᠬᠡᠷᠡᠭ ᠪᠣᠯᠣᠨ᠎ᠠ᠃ | ᠢᠩᠬᠢᠬᠦ ᠨᠢ ᠶᠠᠮᠠᠷ ᠰᠠᠶᠢᠨ ᠲᠠᠢ ᠲᠠᠯ᠎ᠠ ᠪᠠᠶᠢᠭ᠎ᠠ ᠪᠣᠢ ᠭᠡᠪᠡᠯ᠂ ᠲᠡᠷᠡᠭᠦ ᠡᠷᠳᠡᠨ ᠤ ᠴᠠᠭ ᠦᠶ᠎ᠡ ᠳᠤ ᠬᠢᠳᠠᠳ ᠬᠡᠯᠡᠨ | ᠳᠤ ᠠᠶᠠᠯᠭᠤ ᠶᠢᠨ ᠰᠡᠭᠦᠯ ︵韵尾︶ ᠪᠠᠶᠢᠬᠤ ᠦᠭᠡᠢ ᠳ᠋ᠠᠩ ᠭᠠᠭᠴᠠ ︽ᠬᠠ︾ ᠶᠢ ᠢᠯᠡᠳᠭᠡᠬᠦ ᠦᠰᠦᠭ | ᠦᠭᠡᠢ ᠮᠦᠷᠳᠡᠭᠡᠨ ᠶᠠᠮᠠᠷᠪᠠ ᠦᠰᠦᠭ ᠤᠨ ᠬᠤᠶᠢᠨ᠎ᠠ ︽r︾ ︽s︾ ᠬᠤᠶᠠᠷ ᠭᠡᠶᠢᠭᠦᠯᠦᠭᠴᠢ ᠠᠪᠢᠶᠠᠨ ᠰᠡᠬᠦᠯ | ᠪᠣᠯᠣᠨ ᠣᠷᠣᠵᠣ ᠪᠣᠯᠳᠠᠭ ᠦᠭᠡᠢ ᠴᠢᠩᠭ᠎ᠠ ᠵᠢᠷᠣᠮ ᠲᠠᠢ ᠪᠣᠯᠬᠤᠷ᠂ ᠢᠩᠬᠢᠵᠦ ᠠᠪᠢᠶᠠᠴᠢᠯᠠᠨ ᠣᠷᠴᠢᠭᠤᠯᠪᠠᠯ ᠡᠳᠡᠭᠡᠷ | ᠲᠣᠳᠠᠭᠳᠠᠯ ᠢ ᠪᠦᠷ ᠨᠦᠬᠦᠪᠦᠷᠢᠯᠡᠵᠦ ᠴᠢᠳᠠᠬᠤ ᠪᠠᠷ ᠪᠠᠷᠠᠬᠤ ᠦᠭᠡᠢ᠂ ᠪᠠᠰᠠ ᠲᠣᠪᠴᠢᠯᠠᠨ ᠣᠷᠴᠢᠭᠤᠯᠬᠤ | ᠱᠠᠭᠠᠷᠳᠠᠯᠭ᠎ᠠ ᠲᠠᠭᠠᠨ ᠬᠦᠷᠴᠦ ᠴᠢᠳᠠᠨ᠎ᠠ᠃ ᠡᠶᠢᠮᠦ ᠠᠴᠠ ᠬᠢᠳᠠᠳ ᠬᠡᠯᠡᠨ ᠤ 狼 ︵*rˁaŋ᠂ ᠷᠾᠠᠩ︶ | ᠢᠶᠠᠷ ᠬᠠᠷᠠᠩᠭᠤᠢ ᠶᠢᠨ ︽ᠬᠠᠷᠠᠩ᠊︾ ᠢ ᠲᠣᠪᠴᠢᠯᠠᠨ ᠠᠪᠢᠶᠠᠴᠢᠯᠠᠨ ᠣᠷᠴᠢᠭᠤᠯᠣᠭᠰᠠᠨ ᠬᠡᠷᠡᠭ ᠪᠣᠯᠵᠠᠢ᠃ | 居 ᠦᠰᠦᠭ᠄ ᠲᠣᠰ ᠦᠰᠦᠭ ᠢ 居延海 ᠭᠡᠳᠡᠭ ᠦᠭᠡᠰ ᠤᠨ ᠵᠣᠷᠪᠣᠰ ᠲᠤ ᠨᠢᠭᠡᠨᠳᠡ ᠲᠠᠶᠢᠯᠪᠣᠷᠢᠯᠠᠵᠣ | ᠦᠩᠭᠡᠷᠡᠵᠡᠢ᠂ ᠲᠠᠷᠣᠢ ᠡᠷᠳᠡ ᠦᠶ᠎ᠡ ᠳᠤ Gyu ᠪᠣᠶᠣ Gyo ᠭᠡᠳᠡᠭ ᠣᠩᠰᠢᠯᠭ᠎ᠠ ᠲᠠᠢ ᠪᠠᠶᠢᠵᠠᠢ᠃ ᠠᠳᠡ | ᠬᠠᠷᠠᠩᠭᠤᠢ ᠶᠢᠨ ︽ᠭᠤᠢ 5︾ ᠶᠢ 居 ᠦᠰᠦᠭ ᠤᠨ ᠲᠣᠬᠠᠢ ᠶᠢᠨ ᠦᠶ᠎ᠡ ᠶᠢᠨ ᠠᠪᠢᠶ᠎ᠠ ᠠᠶᠠᠯᠭᠤ ᠪᠣᠯᠬᠤ | Gyo ᠪᠠᠷ ᠣᠶᠢᠷᠠᠳᠣᠭᠤᠯᠣᠨ ᠠᠪᠢᠶᠠᠴᠢᠯᠠᠨ ᠣᠷᠴᠢᠭᠤᠯᠵᠠᠢ᠃ | 胥 ᠦᠰᠦᠭ᠄ ᠣᠳᠣ ᠪᠣᠯ xū ︵ᠰᠢᠥᠢ︶ ᠭᠡᠵᠦ ᠠᠪᠢᠶᠠᠯᠠᠨ᠎ᠠ᠃ ᠲᠣᠮᠳᠠᠳᠣ ᠭᠠᠳᠠᠭᠠᠳᠣ ᠶᠢᠨ ᠬᠢᠳᠠᠳᠴᠢ | ᠡᠷᠳᠡᠮᠳᠡᠳ ᠤᠨ ᠰᠡᠷᠭᠦᠭᠡᠭᠰᠡᠨ ᠡᠷᠳᠡᠨ ᠤ ᠠᠪᠢᠶ᠎ᠠ ᠨᠢ si̯wo᠂ sĭo᠂ siɔ᠂ sɨʌ ᠵᠡᠷᠭᠡ ᠪᠠᠶᠢᠵᠣ | ᠂ ᠣᠶᠢᠷᠠᠯᠴᠠᠭ᠎ᠠ ᠪᠠᠷ ᠰᠢᠥ᠂ ᠰᠢᠶᠦ᠋᠂ ᠰᠢᠶᠣ᠋᠂ ᠰᠢᠶᠠ ᠵᠡᠷᠭᠡ ᠪᠠᠶᠢᠵᠠᠢ᠂ ᠭᠡᠪᠡᠴᠦ ᠡᠷᠬᠡᠪᠰᠢ ᠠᠩᠬᠠᠷᠬᠤ ᠴᠢᠬᠤᠯᠠ | ᠲᠠᠢ ᠣᠴᠢᠷ ᠪᠣᠯ ︽ᠺᠠᠩ ᠰᠢ ᠲᠣᠯᠢ︾ ᠪᠢᠴᠢᠭ ᠡᠷᠳᠡᠨ ᠤ ︽ᠵᠢᠢ ᠶᠦᠨ ᠲᠣᠯᠢ︾ ᠵᠡᠷᠭᠡ ᠶᠢᠨ ᠠᠭᠤᠯᠭ᠎ᠠ ᠶᠢ | ᠦᠨᠳᠦᠰᠦᠯᠡᠨ ᠲᠣᠰ ᠦᠰᠦᠭ ᠢ ᠪᠠᠰᠠ 蘇故切 ᠭᠡᠵᠦ ᠬᠡᠷᠴᠢᠨ ᠭᠠᠯᠢᠭᠴᠯᠠᠵᠣ᠂ 素 ︵同蘇︶ ︽ | ᠰᠣ᠋︾ ᠬᠡᠮᠡᠨ ᠣᠩᠰᠢᠮᠣᠢ ᠭᠡᠵᠦ ᠲᠠᠶᠢᠯᠪᠣᠷᠢᠯᠠᠵᠠᠢ᠃ ᠡᠭᠦᠨ ᠠᠴᠠ ᠦᠵᠡᠪᠡᠯ᠂ ᠡᠨᠡᠬᠦ 胥 ᠦᠰᠦᠭ ᠢ ᠪᠠᠰᠠ ᠰᠣ᠋ | ᠭᠡᠵᠦ ᠣᠩᠰᠢᠵᠣ ᠪᠣᠯᠣᠨ᠎ᠠ᠃ ᠣᠳᠣ ᠯᠠᠩ ᠵᠢᠥᠢ ᠰᠢᠥᠢ ᠭᠡᠳᠡᠭ ᠭᠤᠷᠪᠠᠨ ᠬᠢᠳᠠᠳ ᠦᠰᠦᠭ ᠤᠨ ᠡᠷᠳᠡᠨ ᠤ ᠠᠪᠢᠶ᠎ᠠ | ᠶᠢ ᠲᠣᠷᠰᠢᠨ ᠰᠡᠷᠭᠦᠭᠡᠪᠡᠯ ︽ᠷᠾᠠᠩ ᠭᠤᠶᠣ᠋ ᠰᠣ᠋︾ ᠪᠣᠯᠵᠣ᠂ ︽ᠬᠠᠷᠠᠩᠭᠤᠢ ᠰᠦᠪᠡ︾ ᠭᠡᠳᠡᠭ ᠨᠡᠷ᠎ᠡ ᠶᠢ | ᠲᠣᠪᠴᠢᠯᠠᠨ ᠣᠷᠴᠢᠭᠤᠯᠵᠠᠢ ᠭᠡᠵᠦ ᠦᠵᠡᠵᠦ ᠪᠣᠯᠣᠨ᠎ᠠ᠃ ᠰᠦᠪᠡ ᠭᠡᠳᠡᠭ ᠦᠭᠡ ᠶᠢᠨ ᠶᠠᠷᠢᠶᠠᠨ ᠤ ᠬᠡᠯᠪᠡᠷᠢ ᠨᠢ | ᠡᠷᠳᠡ ᠡᠳᠦᠬᠡ ᠭᠡᠰᠡᠨ ᠦᠭᠡᠢ ᠬᠡᠯᠡᠯᠭᠡᠨ ᠦᠭᠡᠢ ᠪᠦᠷ ︽ᠰᠦᠪ︾ ᠶᠣᠮ᠃ ᠬᠠᠷᠢ ᠬᠡᠯᠡᠨ ᠤ ᠡᠶᠢᠮᠦᠷᠬᠦ ︽ᠰᠦᠪ︾ | ᠤᠨ ᠪ ᠲᠡᠪᠢᠰᠭᠡᠷ ᠢ ᠡᠷᠳᠡᠨ ᠤ ᠬᠢᠳᠠᠳ ᠲᠡᠣᠬᠡᠴᠢᠳ ᠬᠢᠳᠠᠳ ᠦᠰᠦᠭ ᠤᠨ ᠠᠶᠠᠯᠭᠤ ᠶᠢᠨ ᠰᠡᠭᠦᠯ ᠢᠶᠠᠷ ᠦᠵᠡᠵᠦ | ᠲᠣᠪᠴᠢᠯᠠᠨ ᠣᠷᠬᠢᠭᠠᠳ 蘇 ︵ᠰᠣ᠋︶ ᠪᠠᠷ ᠢᠯᠡᠳᠭᠡᠭᠰᠡᠨ ᠬᠡᠷᠡᠭ ᠪᠣᠯᠣᠨ᠎ᠠ᠃ | ᠯᠠᠩ ᠱᠠᠨ ᠠᠭᠤᠯᠠᠨ ᠤ ᠨᠡᠷ᠎ᠡ ᠶᠢ ᠬᠠᠷᠠᠩᠭᠤᠢ ᠬᠠᠪᠴᠢᠯ ᠪᠠᠷ ᠨᠡᠷᠡᠯᠡᠵᠦ ᠪᠠᠶᠢᠭᠰᠠᠨ ᠬᠡᠷᠡᠭ ᠪᠣᠯ ᠲᠡᠣᠬᠡᠨ ᠳᠤ | ᠦᠨᠡᠨᠳᠡᠢ ᠬᠡᠷᠡᠭ ᠪᠠᠶᠢᠵᠠᠢ᠂ ᠵᠢᠱᠢᠶᠡᠯᠡᠪᠡᠯ᠄ ᠬᠠᠨ ᠣᠯᠣᠰ ᠤᠨ ᠦᠶ᠎ᠡ ᠶᠢᠨ ᠲᠡᠣᠬᠡᠨ ᠳᠤ ᠣᠯᠠᠨᠳᠠ ᠭᠠᠷᠳᠠᠭ ᠵᠢᠢ | ᠯᠦ᠋ ᠰᠠᠢ ︵鸡鹿塞︶ ᠴᠠᠶᠢᠵᠠ ᠮᠦᠨ ᠴᠦ ᠡᠷᠳᠡᠨ ᠤ ᠬᠠᠪᠴᠢᠯ ᠪᠣᠭᠤᠮᠳᠠ ᠶᠢᠨ ᠨᠢᠭᠡᠨ ᠶᠣᠮ᠃ ᠲᠡᠭᠦᠨ | ᠤ ᠪᠠᠶᠢᠷᠢ ᠶᠢ ᠣᠳᠣᠬᠢ ᠬᠦᠮᠦᠰ ᠤᠨ ᠰᠣᠳᠣᠯᠣᠨ ᠳᠣᠳᠣᠯᠣᠭᠰᠠᠨ ᠢᠶᠠᠷ ᠦᠪᠦᠷ ᠮᠣᠩᠭᠤᠯ ᠤᠨ ᠳ᠋ᠧᠩᠺᠸᠥ ᠰᠢᠶᠠᠨ ᠤ | ᠪᠠᠷᠠᠭᠤᠨ ᠬᠤᠶᠢᠨ᠎ᠠ ᠪᠠᠶᠢᠭ᠎ᠠ ᠱᠠᠵᠢᠨ ᠲᠣᠬᠤᠢ ᠰᠣᠮᠣ ᠶᠢᠨ ᠪᠠᠶᠠᠨ ᠠᠭᠤᠯᠠ ᠭᠠᠴᠠᠭᠠᠨ ᠤ ᠠᠷᠣ ᠲᠠᠬᠢ ᠯᠠᠩ ᠱᠠᠨ | ᠠᠭᠤᠯᠠ ᠶᠢᠨ ᠪᠠᠷᠠᠭᠤᠨ ᠡᠮᠦᠨ᠎ᠡ ᠦᠵᠦᠭᠦᠷ ᠲᠤ ᠪᠠᠶᠢᠭ᠎ᠠ ︽ᠬᠠᠷᠠᠩᠭᠤᠢ ᠬᠠᠪᠴᠢᠯ︾ ᠤᠨ ᠡᠮᠦᠨ᠎ᠡ ᠰᠦᠪᠡ ᠶᠢ ᠵᠢᠢ | ᠯᠣ᠋ ᠰᠠᠢ ᠭᠡᠳᠡᠭ ᠶᠣᠮ ᠭᠡᠨ᠎ᠡ᠃ ᠮᠢᠨᠦ ᠦᠵᠡᠬᠦ ᠪᠠᠷ ᠬᠢᠳᠠᠳ ᠬᠡᠯᠡ ᠪᠠᠷ 哈浪贵乃 ᠭᠡᠳᠡᠭ ᠦᠭᠡ ᠪᠣᠯ | ᠲᠠᠷᠣᠢ ᠯᠠᠩ ᠵᠢᠥᠢ ᠰᠢᠥᠢ ᠱᠠᠨ ᠭᠡᠳᠡᠭ ᠠᠭᠤᠯᠠᠨ ᠤ ᠨᠡᠷ᠎ᠡ ᠭᠡᠬᠦ ᠪᠣᠶᠣ ︽ᠬᠠᠷᠠᠩᠭᠤᠢ ᠬᠠᠪᠴᠢᠯ︾ ᠤᠨ ᠰᠦᠪᠡ | ᠭᠡᠳᠡᠭ ᠮᠣᠩᠭᠤᠯ ᠦᠭᠡᠨ ᠤ ᠲᠣᠪᠴᠢᠯᠠᠨ ᠬᠢᠳᠠᠳᠴᠢᠯᠠᠭᠰᠠᠨ ᠠᠪᠢᠶᠠᠯᠠᠯᠭ᠎ᠠ ᠪᠣᠯᠣᠨ᠎ᠠ᠃ ᠯᠠᠩ ᠱᠠᠨ ᠭᠡᠳᠡᠭ ᠬᠢᠳᠠᠳ | ᠨᠡᠷ᠎ᠡ ᠦᠭᠡ ᠴᠦ ᠡᠨᠡᠬᠦ ᠯᠠᠩ ᠵᠢᠥᠢ ᠰᠢᠥᠢ ᠭᠡᠳᠡᠭ ᠾᠦᠩᠨᠦ — ᠮᠣᠩᠭᠤᠯ ᠦᠭᠡ ᠶᠢ ᠣᠯᠠᠮ ᠨᠢᠭᠡ ᠠᠯᠬᠤᠮ | ᠲᠣᠪᠴᠢᠯᠠᠭᠠᠳ ᠯᠠᠩ ᠱᠠᠨ ᠪᠣᠯᠣᠭᠰᠠᠨ ᠬᠡᠷᠡᠭ ᠶᠣᠮ᠃ | ᠲᠡᠭᠡᠷᠡᠬᠢ ᠡᠳᠡᠭᠡᠷ ᠠᠭᠤᠯᠭ᠎ᠠ ᠶᠢ ᠬᠤᠷᠢᠶᠠᠩᠭᠤᠶᠢᠯᠠᠨ ᠦᠵᠡᠪᠡᠯ᠂ 狼居胥 ᠭᠡᠪᠡᠯ᠂ *rˁaŋ᠂ Gyo | ᠂ si̯wo ︵ᠷᠾᠠᠩ ᠭᠤᠶᠣ᠋ ᠰᠣ᠋︶ ᠭᠡᠵᠦ ︽ᠬᠠᠷᠠᠩᠭᠤᠢ ᠰᠦᠪᠡ︾ ᠭᠡᠳᠡᠭ ᠦᠭᠡᠨ ᠤ ᠠᠪᠢᠶ᠎ᠠ ᠶᠢ ᠡᠷᠳᠡᠨ ᠤ | ᠬᠢᠳᠠᠳ ᠦᠭᠡᠨ ᠤ ᠠᠪᠢᠶ᠎ᠠ ᠠᠶᠠᠯᠭᠤ ᠪᠠᠷ ᠲᠣᠪᠴᠢᠯᠠᠨ ᠣᠷᠴᠢᠭᠤᠯᠣᠭᠰᠠᠨ ᠬᠢᠳᠠᠳ ᠨᠡᠷ᠎ᠡ ᠦᠭᠡ ᠪᠣᠯᠣᠨ᠎ᠠ᠃ ᠠᠳᠡ | ᠨᠦᠬᠦᠨ ᠬᠡᠯᠡᠬᠦ ᠠᠴᠠ ᠮᠣᠩᠭᠤᠯᠴᠣᠳ ᠪᠣᠯ ᠠᠯᠢ ᠣᠵᠣᠭᠤᠷ ᠠᠴᠠ ᠰᠦ ᠲᠠᠷᠠᠭ ᠤᠨ ᠰᠦ ᠶᠢ ᠲᠣᠯᠣᠳᠣᠭᠠᠷ | ᠡᠭᠡᠰᠢᠭ ᠢᠶᠠᠷ ᠣᠩᠰᠢᠨ ᠨᠡᠷᠡᠶᠢᠳᠦᠭᠰᠡᠭᠡᠷ ᠢᠷᠡᠭᠰᠡᠨ ᠨᠢ ᠰᠡᠵᠢᠭᠯᠡᠰᠢ ᠦᠭᠡᠢ ᠦᠨᠡᠨ ᠬᠡᠷᠡᠭ ᠶᠣᠮ᠂ ᠲᠡᠭᠡᠪᠡᠯ ᠲᠡᠷᠡᠬᠦ | ᠡᠷᠳᠡᠨ ᠤ ᠦᠶ᠎ᠡ ᠳᠤ ᠰᠦ ᠶᠢᠨ ᠰᠦ᠊ ᠪᠣᠯᠣᠨ ᠰᠦᠪ ︵ᠰᠦᠪᠡ︶ ᠶᠢᠨ ᠡᠬᠢᠨ ᠤ ᠰᠦ᠊ ᠶᠢ ᠴᠦ ᠮᠦᠨ ᠠᠳᠠᠯᠢᠬᠠᠨ | ᠢᠶᠠᠷ ᠲᠣᠯᠣᠳᠣᠭᠠᠷ ᠡᠭᠡᠰᠢᠭ ᠢᠶᠠᠷ ᠣᠩᠰᠢᠵᠣ ᠪᠠᠶᠢᠵᠠᠢ᠃ ᠡᠭᠦᠨ ᠢ ᠨᠢᠭᠡᠨ ᠵᠢᠱᠢᠶ᠎ᠡ ᠪᠠᠷ ᠦᠵᠡᠬᠦᠯᠪᠡᠯ᠂ ᠭᠤᠷᠪᠠᠨ | ᠣᠯᠣᠰ ᠤᠨ ᠦᠶ᠎ᠡ ︵ᠭᠤᠷᠪᠠᠳᠣᠭᠠᠷ ᠵᠠᠭᠤᠨ ᠤ ᠡᠮᠦᠨ᠎ᠡ ᠬᠠᠭᠠᠰ ᠢᠶᠠᠷ︶ ᠳᠤ ᠰᠢᠶᠠᠨᠪᠸᠢᠴᠦᠳ ᠠᠴᠠ ᠼᠣᠣ ᠼᠣᠣ | ᠳᠤ ᠨᠢᠭᠡᠨ ᠵᠢᠵᠢᠭ ᠬᠠᠶᠢᠷᠴᠠᠭ ᠲᠤ ᠠᠬᠤᠭᠤᠯᠣᠭᠰᠠᠨ ᠲᠠᠷᠠᠭ ᠬᠦᠷᠭᠡᠵᠦ ᠢᠷᠡᠵᠡᠢ᠃ ᠼᠣᠣ ᠼᠣᠣ ᠲᠡᠭᠦᠨ ᠤ | ᠬᠠᠶᠢᠷᠴᠠᠭ ᠲᠡᠭᠡᠷ᠎ᠡ ᠨᠢᠭᠡᠨ ᠬᠠᠶᠢᠷᠴᠠᠭ ᠰᠦ ᠭᠡᠳᠡᠭ ᠣᠳᠬ᠎ᠠ ᠲᠠᠢ ︽一合蘇︾ ︵ᠲᠣᠬᠠᠢ ᠶᠢᠨ ᠦᠶ᠎ᠡ | ᠳᠤ ᠬᠠᠶᠢᠷᠴᠠᠭ ᠤᠨ 盒 ᠭᠡᠳᠡᠭ ᠦᠭᠡᠨ ᠤ ᠬᠢᠳᠠᠳ ᠦᠰᠦᠭ ᠢ 合 ᠪᠠᠷ ᠢᠯᠡᠳᠭᠡᠵᠦ ᠪᠠᠶᠢᠪᠠ︶ ᠭᠡᠰᠡᠨ | ᠭᠤᠷᠪᠠᠨ ᠬᠢᠳᠠᠳ ᠦᠰᠦᠭ ᠪᠢᠴᠢᠪᠡ᠃ ᠲᠡᠭᠡᠭᠡᠳ ᠢᠳᠡᠵᠦ ᠠᠮᠵᠢᠬᠤ ᠠᠴᠠ ᠡᠮᠦᠨ᠎ᠡ ᠪᠣᠰᠣᠳ ᠣᠴᠢᠷ ᠢᠶᠠᠷ | ᠭᠠᠷᠣᠭᠠᠳ ᠢᠷᠡᠬᠦ ᠵᠠᠪ ᠲᠤ ᠲᠡᠭᠦᠨ ᠤ ᠲᠣᠣᠷᠠᠬᠢ ᠲᠦᠰᠢᠮᠡᠳ ᠨᠢ ᠰᠦ ᠶᠢᠨ ᠬᠠᠶᠢᠷᠴᠠᠭ ᠢ ᠵᠠᠳᠠᠯᠣᠨ᠂ ᠬᠦᠮᠦᠨ | ᠪᠦᠷᠢ ᠨᠢᠭᠡᠨ ᠡᠮᠬᠦ ᠬᠤᠪᠢᠶᠠᠯᠴᠠᠨ ᠢᠳᠡᠪᠡ ᠭᠡᠨ᠎ᠡ᠃ ᠼᠣᠣ ᠼᠣᠣ ᠣᠷᠣᠵᠣ ᠢᠷᠡᠭᠡᠳ ᠠᠰᠠᠭᠤᠭᠰᠠᠨ ᠳᠤ ᠲᠣᠣᠷᠠᠬᠢ | ᠲᠦᠰᠢᠮᠡᠳ ᠨᠢ ᠴᠧᠩᠰᠢᠶᠠᠩ ᠲᠠ ᠬᠠᠶᠢᠷᠴᠠᠭ ᠲᠡᠭᠡᠷ᠎ᠡ ︽ᠨᠢᠭᠡᠨ ᠬᠦᠮᠦᠨ ᠨᠢᠭᠡ ᠡᠮᠬᠦ ᠰᠦ︾ ᠭᠡᠵᠦ ᠪᠴᠢᠭᠰᠡᠨ | ᠪᠣᠯᠬᠤᠷ ᠪᠢᠳᠡ ᠲᠠᠨ ᠤ ᠵᠠᠷᠯᠢᠭ ᠶᠣᠰᠣᠭᠠᠷ ᠨᠢᠭᠡ ᠬᠦᠮᠦᠨ ᠨᠢᠭᠡ ᠬᠠᠯᠪᠠᠭ᠎ᠠ ᠬᠤᠪᠢᠶᠠᠯᠴᠠᠨ ᠢᠳᠡᠪᠡ ᠭᠡᠵᠡᠢ᠃ 一合 | 蘇 ᠶᠢᠨ 合 ᠭᠡᠳᠡᠭ ᠬᠢᠳᠠᠳ ᠦᠰᠦᠭ ᠪᠣᠯ 人一口 ᠭᠤᠷᠪᠠᠨ ᠬᠢᠳᠠᠳ ᠦᠰᠦᠭ ᠢᠶᠠᠷ ᠨᠡᠶᠢᠯᠡᠨ | ᠪᠦᠷᠢᠯᠳᠦᠭᠰᠡᠨ ᠪᠣᠯᠬᠤᠷ᠂ ᠲᠡᠳᠡ 人一口蘇 ︵ᠬᠦᠮᠦᠨ ᠪᠦᠷ ᠨᠢᠭᠡᠨ ᠡᠮᠬᠦ ᠰᠦ︶ ᠭᠡᠵᠦ | ᠲᠠᠶᠢᠯᠪᠣᠷᠢᠯᠠᠵᠣ ᠪᠠᠶᠢᠭ᠎ᠠ ᠬᠡᠷᠡᠭ ᠶᠣᠮ᠂ ᠡᠨᠡ ᠪᠣᠯ ᠬᠡᠯᠡᠯᠭᠡᠨ ᠦᠭᠡᠢ ᠨᠢᠭᠡ ᠦᠯᠢᠭᠡᠷ ᠪᠣᠯᠣᠨ᠎ᠠ᠃ ᠭᠡᠪᠡᠴᠦ ᠠᠳᠡ | ᠮᠣᠩᠭᠤᠯᠴᠣᠳ ᠤᠨ ︽ᠰᠦ︾ ᠭᠡᠳᠡᠭ ᠦᠭᠡ ᠶᠢ ᠬᠢᠳᠠᠳᠴᠣᠳ ᠮᠦᠨ ︽ᠰᠦ︾ ᠭᠡᠵᠦ ᠨᠡᠷᠡᠶᠢᠳᠦᠵᠦ ᠪᠠᠶᠢᠪᠠ | ᠭᠡᠳᠡᠭ ᠢ ᠭᠡᠷᠡᠴᠢᠯᠡᠵᠦ ᠪᠠᠶᠢᠨ᠎ᠠ᠃ ᠨᠠᠭᠠᠳᠣ ᠵᠠᠬ᠎ᠠ ᠨᠢ ᠼᠣᠣ ᠼᠣᠣ ᠮᠡᠳᠦ ᠶᠢᠨ ᠡᠵᠡᠨ ᠬᠠᠭᠠᠨ ᠢᠶᠠᠨ ᠬᠦᠷᠳᠡᠯ᠎ᠡ | ᠦᠷᠬᠦᠯᠵᠢᠳᠡ ᠴᠡᠴᠡᠷᠡᠭᠦᠯᠦᠨ ᠲᠠᠭᠵᠢᠭᠤᠯᠵᠣ ᠪᠠᠶᠢᠭᠰᠠᠨ ᠠᠯᠳᠠᠷ ᠶᠡᠬᠡᠳᠡᠢ ᠡᠷᠬᠡᠳᠡᠨ ᠲᠦᠰᠢᠮᠡᠯ ᠪᠠᠶᠢᠳᠠᠯ᠎ᠠ ︽ᠰᠦ︾ | ᠭᠡᠵᠦ ᠨᠡᠷᠡᠶᠢᠳᠦᠨ ᠬᠡᠯᠡᠵᠦ ᠪᠠᠶᠢᠪᠠ ᠭᠡᠰᠡᠨ ᠦᠭᠡ ᠪᠣᠯᠬᠤ ᠶᠣᠮ᠃ ᠮᠢᠨᠦ ᠬᠡᠯᠡᠬᠦ ᠭᠡᠵᠦ ᠪᠠᠶᠢᠭ᠎ᠠ ᠨᠢ 蘇 ᠪᠣᠶᠣ 酥 | ᠶᠢᠨ ᠠᠯᠢᠨ ᠪᠣᠯᠪᠠᠴᠣ ᠡᠷᠳᠡ ᠲᠡᠭᠡᠳᠦ ᠦᠶ᠎ᠡ ᠳᠡᠭᠡᠨ ᠠᠳᠠᠯᠢ ᠠᠪᠢᠶ᠎ᠠ ᠠᠶᠠᠯᠭᠤ ᠲᠠᠢ ᠦᠰᠦᠭ ᠪᠠᠶᠢᠭᠰᠠᠨ ᠶᠣᠮ᠃ | ᠡᠶᠢᠮᠦ ᠠᠴᠠ ᠡᠨᠡ ᠬᠤᠶᠠᠷ ᠦᠰᠦᠭ ᠬᠠᠷᠢᠯᠴᠠᠨ ᠨᠦᠭᠦᠭᠡ ᠦᠰᠦᠭ ᠤᠨ ᠢᠶᠠᠨ ᠠᠪᠢᠶ᠎ᠠ ᠠᠶᠠᠯᠭᠤ ᠶᠢ ᠢᠯᠠᠳᠭᠡᠳᠡᠭ | ᠪᠠᠶᠢᠵᠠᠢ᠃ ᠮᠦᠨᠴᠦ ᠮᠣᠩᠭᠤᠯ ᠬᠡᠯᠡᠨ ᠤ ᠰᠦ ᠶᠢ ᠲᠠᠷᠣᠢ ᠡᠨᠡᠬᠦ ᠦᠰᠦᠭ ᠢᠶᠠᠷ ᠢᠯᠠᠳᠭᠡᠵᠦ ᠪᠠᠶᠢᠪᠠ᠃ ᠡᠶᠢᠮᠦ | ᠠᠴᠠ 胥 ᠶᠢᠨ ᠡᠷᠳᠡᠨ ᠤ ᠠᠪᠢᠶ᠎ᠠ ᠠᠶᠠᠯᠭᠤ ᠶᠢ ᠪᠠᠰᠠ 蘇 ᠪᠣᠶᠣ 酥 ᠪᠠᠷ ᠣᠩᠰᠢᠵᠣ ᠪᠣᠯᠳᠠᠭ ᠭᠡᠰᠡᠨ ᠢᠶᠠᠷ | ᠦᠵᠡᠪᠡᠯ᠂ ᠡᠨᠡᠬᠦ 胥 ᠨᠢ ᠬᠡᠯᠡᠯᠭᠡᠨ ᠦᠭᠡᠢ ︽ᠰᠦ︾ ᠭᠡᠵᠦ ᠮᠣᠩᠭᠤᠯ ᠬᠡᠯᠡᠨ ᠤ ᠲᠣᠯᠣᠳᠣᠭᠠᠷ ᠡᠭᠡᠰᠢᠭ ᠢᠶᠠᠷ | ᠣᠩᠰᠢᠭᠳᠠᠬᠤ ᠶᠣᠰᠣᠳᠠᠢ᠃ ᠠᠳᠡ ᠰᠦ ᠶᠢᠨ ᠰᠦ ᠪᠠ ᠰᠦᠪᠡ ᠶᠢᠨ ᠰᠦ᠊ ᠪᠦᠷ ᠠᠳᠠᠯᠢ ᠪᠠᠷ ᠲᠣᠯᠣᠳᠣᠭᠠᠷ | ᠡᠭᠡᠰᠢᠭ ᠪᠣᠯᠬᠤ ᠶᠢ ᠠᠩᠬᠠᠷᠬᠤ ᠬᠡᠷᠡᠭᠳᠡᠢ᠂ ᠣᠴᠢᠷ ᠨᠢ ᠡᠨᠡ ᠪᠣᠯ ᠵᠦᠪᠬᠡᠨ ᠨᠢᠭᠡ ᠶᠡᠷᠦ ᠶᠢᠨ ᠲᠣᠬᠢᠶᠠᠯᠳᠣᠯ ᠲᠡᠳᠦᠢ | ᠪᠢᠰᠢ ᠮᠠᠭᠠᠳ ᠶᠣᠮ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |