| ᠣᠣᠬᠠᠨ · ᠬᠠᠭᠳᠠ ᠵᠣᠬᠢᠶᠠᠪᠠ | ᠵᠣᠬᠢᠶᠠᠭᠴᠢ ᠠᠴᠠ ᠬᠢᠲᠠᠳ ᠬᠡᠯᠡ ᠪᠠᠷ ᠨᠢᠭᠡᠨ ︽ᠾᠦᠩᠨᠦ ᠬᠡᠯᠡ︾ ᠭᠡᠳᠡᠭ ᠣᠯᠠᠨ ᠨᠡᠶᠢᠳᠡ ᠶᠢᠨ ᠲᠠᠪᠴᠠᠩ | ᠪᠠᠶᠢᠭᠤᠯᠵᠣ᠂ ᠾᠦᠩᠨᠦᠴᠦᠳ ᠮᠣᠩᠭᠤᠯ ᠬᠡᠯᠡ ᠲᠠᠢ ᠭᠡᠳᠡᠭ ᠦᠪᠡᠷ ᠤᠨ ᠰᠣᠳᠣᠯᠭᠠᠨ ᠤ ᠪᠦᠳᠦᠭᠡᠯ ᠢᠶᠠᠨ ᠣᠯᠠᠨ | ᠨᠠᠶᠢᠳᠠ ᠲᠠᠢ ᠬᠤᠪᠢᠶᠠᠯᠴᠠᠬᠤ ᠶᠢ ᠵᠣᠷᠢᠯ᠎ᠠ᠃ ᠲᠣᠰ ᠣᠯᠠᠨ ᠨᠠᠶᠢᠳᠠ ᠶᠢᠨ ᠲᠠᠪᠴᠠᠩ ᠳᠤ ᠪᠦᠷ ᠦᠪᠡᠷ ᠤᠨ | ᠪᠦᠳᠦᠭᠡᠯ ᠢᠶᠠᠨ ᠨᠡᠶᠢᠳᠡᠯᠡᠬᠦ ᠶᠢᠨ ᠬᠠᠮᠳᠣ᠂ ᠪᠠᠰᠠ ᠲᠡᠯᠡᠬᠡᠢ ᠶᠢᠨ ᠣᠯᠠᠨ ᠭᠠᠵᠠᠷ ᠠᠴᠠ ᠢᠯᠡᠷᠡᠭᠰᠡᠨ ᠡᠷᠳᠡᠨ ᠤ | ᠣᠮᠠᠷᠠᠳᠣ ᠶᠢᠨ ᠨᠡᠭᠦᠳᠡᠯᠴᠢᠳ ᠭᠡᠳᠡᠭ ᠾᠦᠩᠨᠦ ᠬᠦᠮᠦᠰ ᠲᠠᠢ ᠬᠤᠯᠪᠣᠭ᠎ᠠ ᠲᠠᠢ ᠡᠷᠳᠡᠨ ᠤ ᠲᠡᠣᠬᠡ ᠶᠢᠨ ᠡᠳ᠋ ᠦᠯᠬᠡ | ᠪᠠ ᠬᠠᠭᠤᠴᠢ ᠮᠠᠯᠳᠠᠮᠠᠯ ᠨᠤᠭᠤᠳ ᠢ ᠲᠠᠭᠠᠯᠳᠣᠭᠤᠯᠣᠨ ᠣᠬᠠᠭᠤᠯᠬᠤ ᠰᠠᠨᠠᠭ᠎ᠠ ᠲᠠᠢ ᠪᠠᠶᠢᠭ᠎ᠠ᠃ ᠭᠡᠪᠡᠴᠦ ᠬᠤᠶᠢᠨᠠᠬᠢ | ᠠᠭᠤᠯᠭ᠎ᠠ ᠪᠠᠨ ᠪᠦᠷ ᠲᠣᠬᠠᠢ ᠶᠢᠨ ᠪᠣᠳᠠᠳᠣ ᠵᠢᠷᠤᠭ ᠤᠨ ᠭᠡᠯᠪᠡᠷᠢ ᠪᠠᠷ ᠨᠡᠶᠢᠳᠡᠯᠡᠵᠦ᠂ ᠦᠪᠡᠷ ᠤᠨ ᠬᠠᠷᠠᠵᠣ | ᠠᠵᠢᠭᠯᠠᠭᠰᠠᠨ ᠣᠶᠢᠯᠭᠠᠯᠳᠠ ᠪᠠᠨ ᠲᠦᠭᠦᠮ ᠢᠶᠠᠷ ᠶᠠᠷᠢᠬᠤ ᠪᠣᠯᠣᠨ᠎ᠠ᠃ ᠡᠨᠡ ᠣᠳᠠᠭ᠎ᠠ ᠶᠢᠨ ᠠᠭᠤᠯᠭ᠎ᠠ ᠳᠤ 金留 | 犁 ᠭᠡᠳᠡᠭ ᠨᠡᠷ᠎ᠡ ᠪᠠᠷ ᠬᠢᠳᠠᠳ ᠲᠡᠣᠬᠡᠨ᠎ᠡ ᠲᠡᠮᠳᠡᠭᠯᠡᠭᠳᠡᠨ ᠦᠯᠡᠳᠡᠭᠰᠡᠨ ᠾᠦᠩᠨᠦ ᠶᠢᠨ ᠡᠳᠦᠷ ᠲᠣᠲᠣᠮ ᠤᠨ | ᠨᠢᠭᠡᠨ ᠬᠡᠷᠡᠭᠰᠡᠯ ᠢ ᠲᠠᠨᠢᠯᠴᠠᠭᠤᠯᠬᠤ ᠶᠢᠨ ᠬᠠᠮᠳᠣ ᠬᠢᠳᠠᠳ ᠤᠨ ᠬᠠᠨ ᠣᠯᠣᠰ ᠤᠨ ᠦᠶ᠎ᠡ ᠶᠢᠨ ᠯᠣᠣ ᠪᠣᠯᠣᠨ | ᠾᠦᠩᠨᠦ ᠶᠢᠨ ᠯᠣᠣ ᠵᠢᠷᠤᠭ ᠲᠦᠷᠰᠦ ᠶᠢ ᠲᠠᠭᠠᠳᠣᠭᠤᠯᠣᠨ ᠲᠠᠨᠢᠯᠴᠠᠭᠤᠯᠣᠨ᠎ᠠ᠃ | ᠾᠦᠩᠨᠦ ᠦᠭᠡ 金留犁 ᠶᠢᠨ ᠦᠭᠡᠨ ᠤ ᠠᠶᠠᠯᠭᠤ ᠪᠠ ᠣᠳᠬ᠎ᠠ ᠶᠢ ᠲᠠᠶᠢᠯᠪᠣᠷᠢᠯᠠᠬᠤ ᠨᠢ | ᠾᠦᠩᠨᠦ ᠦᠭᠡ 金留犁 ᠶᠢᠨ ᠲᠡᠣᠬᠡᠨ ᠳᠤ ᠢᠯᠡᠷᠡᠭᠰᠡᠨ ᠭᠠᠵᠠᠷ ᠢ ᠣᠯᠳᠣᠢ ᠵᠣᠬᠢᠶᠠᠯ ︽径路刀 | ︾ ︵ᠵᠣᠬᠢᠶᠠᠭᠴᠢ ᠡᠭᠦᠨ ᠢ ᠬᠢᠩᠭᠠᠷᠠᠭ ᠬᠢᠳᠤᠭ᠎ᠠ ᠭᠡᠵᠦ ᠲᠠᠶᠢᠯᠪᠣᠷᠢᠯᠠᠭᠰᠠᠨ ᠶᠣᠮ︶ ᠠᠴᠠ ᠯᠠᠪᠯᠠᠭᠠᠷᠠᠢ᠃ ᠲᠣᠬᠠᠢ | ᠶᠢᠨ ᠦᠶ᠎ᠡ ᠳᠤ ᠬᠠᠭᠠᠨᠰ᠎ᠡ ᠴᠠᠨ ᠢᠥᠢ ᠠᠯᠳᠠᠨ ᠠᠶᠠᠭᠠᠨᠠ ᠠᠷᠢᠬᠢ ᠬᠤᠳᠬᠤᠬᠤ ᠦᠶ᠎ᠡ ᠳᠤ ᠬᠡᠷᠡᠭᠯᠡᠭᠰᠡᠨ ᠨᠢᠭᠡᠨ | ᠬᠡᠷᠡᠭᠰᠡᠯ ᠨᠢ ᠬᠢᠩᠭᠠᠷᠠᠭ ᠬᠢᠳᠤᠭ᠎ᠠ ᠶᠣᠮ᠂ ᠨᠦᠭᠦᠭᠡ ᠨᠢᠭᠡ ᠨᠢ ᠲᠠᠷᠣᠢ ᠠᠳᠡ ᠦᠬᠦᠯᠡᠬᠦ ᠪᠠᠷ ᠪᠠᠶᠢᠭ᠎ᠠ 金留犁 | ᠪᠣᠯᠣᠨ᠎ᠠ᠃ 金留犁 ᠶᠢᠨ ᠡᠷᠳᠡᠨ ᠤ ᠬᠢᠳᠠᠳ ᠬᠡᠯᠡᠨ ᠳᠠᠬᠢ ᠣᠶᠢᠷᠠᠯᠴᠠᠭ᠎ᠠ ᠠᠶᠠᠯᠭᠤ ᠨᠢ ᠺᠢᠮ ᠯᠢᠦ ᠷᠢ ︵ | kim liu ri︶ ᠪᠣᠯᠣᠨ᠎ᠠ᠃ ᠡᠭᠦᠨ ᠢ ᠣᠳᠣ ᠦᠶ᠎ᠡ ᠶᠢᠨ ᠮᠣᠩᠭᠤᠯ ᠬᠡᠯᠡᠨ ᠳᠤ ᠪᠣᠯ ᠬᠡᠮᠨᠡᠭᠦᠷᠢ ᠬᠡᠬᠦ ᠪᠣᠶᠣ | ᠬᠡᠮᠨᠡᠭᠦᠷ ︵hemnuur︶ ᠭᠡᠳᠡᠭ ᠦᠭᠡ ᠶᠣᠮ᠃ ᠬᠡᠮᠨᠡᠭᠦᠷ ᠢ ᠠᠮᠠᠨ ᠶᠠᠷᠢᠶᠠᠨ ᠳᠤ ᠶᠡᠷᠦ ᠨᠢ ᠬᠡᠮᠯᠡᠭᠦᠷ ︵ | hemluur︶ ᠭᠡᠵᠦ ᠴᠦ ᠬᠡᠯᠡᠳᠡᠭ᠃ ᠲᠡᠭᠦᠨ ᠤ ᠦᠭᠡᠨ ᠤ ᠢᠵᠠᠭᠤᠷ ᠨᠢ ᠬᠡᠮ ︵hem︶ ᠪᠣᠯᠣᠨ᠎ᠠ᠃ ᠡᠯ᠎ᠡ | ᠭᠠᠵᠠᠷ ᠤᠨ ᠮᠣᠩᠭᠤᠯᠴᠣᠳ ᠤᠨ ᠨᠣᠳᠤᠭ ᠤᠨ ᠬᠡᠯᠡᠨ ᠳᠤ ᠬᠡᠮ ᠢ ᠪᠠᠰᠠ ᠺᠡᠮ ︵kem︶ ᠭᠡᠮ ︵gem︶ | ᠭᠡᠵᠦ ᠶᠠᠷᠢᠳᠠᠭ ᠵᠠᠩᠰᠢᠯ ᠪᠠᠶᠢᠭ᠎ᠠ ᠶᠢ ᠦᠭᠡᠶᠢᠰᠭᠡᠬᠦ ᠦᠭᠡᠢ᠃ ᠡᠭᠦᠨ ᠠᠴᠠ ᠭᠠᠳᠠᠨ᠎ᠠ ᠮᠣᠩᠭᠤᠯ ᠬᠡᠯᠡᠨ ᠳᠤ ᠯ᠊ | ᠪᠣᠯᠣᠨ ᠨ᠊ ᠬᠤᠶᠠᠷ ᠭᠡᠶᠢᠭᠦᠯᠦᠭᠴᠢ ᠶᠢ ᠰᠡᠯᠭᠦᠴᠡᠨ ᠬᠡᠷᠡᠭᠯᠡᠬᠦ ᠦᠵᠡᠭᠳᠡᠯ ᠴᠦ ᠦᠷᠭᠡᠨ ᠢᠶᠠᠷ ᠲᠠᠷᠬᠠᠵᠣ ᠪᠠᠶᠢᠭ᠎ᠠ᠃ | ᠡᠷᠳᠡᠮᠳᠡᠳ ᠤᠨ ᠲᠠᠶᠢᠯᠪᠣᠷᠢᠯᠠᠬᠤ ᠪᠠᠷ ᠡᠨᠡ ᠬᠤᠶᠠᠷ ᠭᠡᠶᠢᠭᠦᠯᠦᠭᠴᠢ ᠶᠢᠨ ᠠᠪᠢᠶ᠎ᠠ ᠭᠠᠷᠭᠠᠬᠤ ᠣᠷᠣᠨ ᠪᠠᠶᠢᠷᠢ ᠨᠢ | ᠣᠶᠢᠷᠠᠯᠴᠠᠭ᠎ᠠ ᠮᠦᠷᠳᠡᠭᠡᠨ ᠠᠪᠢᠶ᠎ᠠ ᠭᠠᠷᠭᠠᠬᠤ ᠠᠷᠭ᠎ᠠ ᠬᠡᠯᠪᠡᠷᠢ ᠨᠢ ᠴᠦ ᠢᠵᠢᠯᠬᠡᠨ ᠪᠣᠯᠬᠤᠷ ᠶᠡᠷᠦ ᠨᠢ ᠰᠡᠯᠭᠦᠴᠡᠨ | ᠬᠡᠷᠡᠭᠯᠡᠳᠡᠭ ᠭᠡᠵᠡᠢ᠃ ᠦᠨᠡᠨᠳᠡᠭᠡᠨ ᠡᠶᠢᠮᠦ ᠦᠵᠡᠭᠳᠡᠯ ᠬᠢᠳᠠᠳ ᠬᠡᠯᠡᠨ ᠳᠤ ᠴᠦ ᠨᠡᠶᠢᠳᠡᠮ ᠪᠠᠶᠢᠭ᠎ᠠ᠃ ᠾᠦᠩᠨᠦ | ᠬᠦᠮᠦᠰ ᠺᠡᠮᠯᠡᠭᠦᠷ ᠭᠡᠵᠦ ᠶᠠᠷᠢᠭᠰᠠᠨ ᠦᠭᠡ ᠶᠢ ᠲᠡᠭᠦᠨ ᠤ ᠠᠪᠢᠶ᠎ᠠ ᠪᠠᠷ ᠬᠢᠳᠠᠳ ᠬᠦᠮᠦᠰ ᠠᠪᠢᠶᠠᠴᠢᠯᠠᠨ | ᠣᠷᠴᠢᠭᠤᠯᠵᠣ kim liu ri ︵金留犁︶ ᠪᠣᠯᠭᠠᠭᠰᠠᠨ ᠬᠡᠷᠡᠭ ᠶᠣᠮ᠃ ᠲᠣᠷᠣᠭᠰᠢ ᠪᠢᠳᠡ 金留犁 | ᠭᠤᠷᠪᠠᠨ ᠬᠢᠳᠠᠳ ᠦᠰᠦᠭ ᠤᠨ ᠡᠷᠳᠡᠨ ᠡᠳᠦᠬᠡ ᠶᠢᠨ ᠠᠪᠢᠶ᠎ᠠ ᠠᠶᠠᠯᠭᠤ ᠶᠢ ᠨᠠᠷᠢᠪᠴᠢᠯᠠᠨ ᠦᠵᠡᠶ᠎ᠡ᠃ | 金᠄ ᠣᠳᠣ ᠦᠶ᠎ᠡ ᠶᠢᠨ ᠠᠪᠢᠶ᠎ᠠ ᠨᠢ jīn᠃ ᠸᠢᠺᠢ ᠲᠣᠯᠢ ᠪᠢᠴᠢᠭ ᠲᠤ ᠲᠣᠰ ᠦᠰᠦᠭ ᠤᠨ ᠡᠷᠳᠡᠨ ᠡᠳᠦᠬᠡ | ᠶᠢᠨ ᠠᠪᠢᠶ᠎ᠠ ᠠᠶᠠᠯᠭᠤ ᠶᠢ ᠶᠠᠷᠢᠭᠰᠠᠨ ᠲᠠᠶᠢᠯᠪᠣᠷᠢᠯᠠᠭᠰᠠᠨ ᠠᠭᠤᠯᠭ᠎ᠠ ᠮᠠᠰᠢ ᠪᠣᠳᠣᠯᠢᠶᠠᠨ ᠶᠡᠬᠡᠳᠡᠢ ᠪᠣᠯᠬᠤᠷ ᠠᠳᠡ | ᠵᠦᠪᠬᠡᠨ ᠲᠣᠪᠴᠢᠯᠠᠨ ᠬᠦᠷᠭᠡᠶ᠎ᠡ᠃ | 金 ᠪᠣᠯ ᠲᠣᠮᠳᠠᠳᠣ ᠺᠣᠷᠢᠶᠠ ᠶᠠᠫᠣᠨ ᠭᠤᠷᠪᠠᠨ ᠣᠯᠣᠰ ᠤᠨ ᠬᠠᠮᠳᠣ ᠪᠠᠷ ᠬᠡᠷᠡᠭᠯᠡᠬᠦ ᠣᠳᠬᠠᠳᠣ ᠦᠰᠦᠭ ᠮᠦᠨ᠃ | ᠬᠢᠳᠠᠳ ᠤᠨ ︽说文解字︾ ᠲᠣᠯᠢ ᠪᠢᠴᠢᠭ ᠲᠤ ᠲᠡᠭᠦᠨ ᠤ ᠠᠪᠢᠶ᠎ᠠ ᠶᠢ 今聲 ᠭᠡᠵᠡᠢ᠃ ᠲᠠᠷᠣᠢ 今 | ᠢᠶᠠᠷ ᠠᠪᠢᠶᠠᠯᠠᠨ᠎ᠠ ᠭᠡᠰᠡᠨ ᠦᠭᠡ ᠶᠣᠮ᠃ ᠲᠡᠭᠡᠪᠡᠯ 今 ᠤ ᠡᠷᠳᠡᠨ ᠤ ᠠᠪᠢᠶ᠎ᠠ ᠨᠢ gim ᠪᠣᠯᠣᠨ᠎ᠠ᠃ 金 | ᠦᠰᠦᠭ ᠢ ᠶᠣᠸᠠᠢ ᠬᠡᠯᠡᠨ ᠳᠤ : gam1᠂ ᠭᠠᠨ ᠬᠡᠯᠡᠨ ᠳᠤ : jin1 ᠺᠧ ᠵᠢᠶᠠ ᠬᠡᠯᠡᠨ ᠳᠤ : kîm᠂ ᠶᠢᠨ | ᠬᠡᠯᠡᠨ ᠳᠤ : jing1᠂ ᠮᠢᠨᠪᠸᠢ ᠬᠡᠯᠡᠨ ᠳᠤ : géng᠂ ᠮᠢᠨᠳᠦ᠋ᠩ ᠬᠡᠯᠡᠨ ᠳᠤ : gĭng᠂ ᠮᠢᠨᠨᠠᠨ ᠬᠡᠯᠡᠨ | ᠳᠤ : kim ᠪᠣᠯᠣᠨ gim1᠂ ᠡᠣ ᠬᠡᠯᠡᠨ ᠳᠤ : jin (T1)᠂ ᠰᠢᠶᠠᠩ ᠬᠡᠯᠡᠨ ᠳᠤ : jin1 ᠭᠡᠳᠡᠭ ᠭᠡᠵᠦ | ᠨᠣᠳᠤᠭ ᠤᠨ ᠠᠪᠢᠶ᠎ᠠ ᠪᠦᠬᠦᠨ ᠢ ᠵᠢᠬᠰᠠᠭᠠᠵᠠᠢ᠃ | ᠲᠡᠭᠡᠳᠦ ᠡᠷᠳᠡᠨ ᠤ ᠠᠪᠢᠶ᠎ᠠ᠄ *kəm,{*k(r)[ə]m}/᠂ ᠲᠣᠮᠳᠠᠳᠣ ᠡᠷᠳᠡᠨ ᠤ ᠠᠪᠢᠶ᠎ᠠ᠄ kim ᠭᠡᠪᠡ᠃ | | ︽ᠬᠠᠨ ᠳ᠋ᠢᠶᠠᠨ ᠰᠦᠯᠵᠢᠶ᠎ᠡ︾ ᠳᠤ ᠲᠠᠶᠢᠯᠪᠣᠷᠢᠯᠠᠭᠰᠠᠨ ᠨᠢ᠄ ᠲᠡᠭᠡᠳᠦ ᠡᠷᠳᠡᠨ ᠤ ᠠᠪᠢᠶ᠎ᠠ ᠨᠢ krɯm᠂ | ᠲᠣᠮᠳᠠᠳᠣ ᠡᠷᠳᠡᠨ ᠤ ᠠᠪᠢᠶ᠎ᠠ ᠶᠢ ᠰᠡᠷᠭᠦᠭᠡᠭᠰᠡᠨ ᠲᠣᠲᠣᠭᠠᠳᠣ ᠭᠠᠳᠠᠭᠠᠳᠣ ᠶᠢᠨ ᠡᠷᠳᠡᠮᠳᠡᠳ ᠤᠨ ᠰᠡᠷᠭᠦᠭᠡᠯᠳᠡ ᠪᠣᠯ | kĭĕm,kjəm,kiem,kɯim,kjim ᠵᠡᠷᠭᠡ ᠪᠣᠢ ᠭᠡᠵᠡᠢ᠃ | ᠲᠠᠩ ᠣᠯᠣᠰ ᠤᠨ ᠦᠶ᠎ᠡ ᠶᠢᠨ ᠠᠪᠢᠶ᠎ᠠ ᠨᠢ *gyim᠂ ᠶᠠᠫᠣᠨ ᠬᠡᠯᠡᠨ ᠳᠤ きん᠂ ᠺᠣᠷᠢᠶᠠ ᠬᠡᠯᠡᠨ ᠳᠤ᠂ | KIM ᠪᠣᠶᠣ KUM ᠺᠣᠷᠢᠶᠠ ᠦᠰᠦᠭ ᠢᠶᠠᠷ 금김᠂ ᠸᠢᠶᠧᠲᠨᠠᠮ ᠬᠡᠯᠡᠨ ᠳᠤ kim ᠭᠡᠵᠡᠢ᠃ ᠪᠣᠰᠣᠳ ᠢ ᠨᠢ | ᠲᠣᠪᠴᠢᠯᠠᠪᠠ᠃ | 金 ᠦᠰᠦᠭ ᠤᠨ ᠡᠷᠳᠡᠨ ᠤ ᠠᠪᠢᠶᠠᠨ ᠤ ᠰᠡᠷᠭᠦᠭᠡᠯᠳᠡ᠄ ᠡᠷᠳᠡ ᠲᠡᠭᠡᠷ᠎ᠡ ᠦᠶ᠎ᠡ ᠳᠤ ᠲᠣᠰ ᠦᠰᠦᠭ ᠤᠨ | ᠠᠪᠢᠶᠠᠨ ᠤ ᠡᠬᠢᠯᠡᠪᠣᠷᠢ ᠨᠢ kr ᠪᠣᠶᠣ kj ᠪᠠᠶᠢᠭᠰᠠᠨ ᠠᠴᠠ ᠪᠠᠨ ᠠᠭᠠᠵᠢᠮ ᠢᠶᠠᠷ k ᠪᠣᠶᠣ G ᠵᠦᠭ ᠰᠢᠯᠵᠢᠨ | ᠢᠷᠡᠵᠡᠢ᠃ ᠠᠶᠠᠯᠭᠤ ᠨᠢ iə᠂ jə᠂ ɯi ᠵᠡᠷᠭᠡ ᠣᠯᠠᠨ ᠵᠦᠢᠯ ᠪᠠᠶᠢᠭᠰᠠᠨ ᠠᠴᠠ ᠪᠠᠨ ᠠᠭᠠᠵᠢᠮ ᠢᠶᠠᠷ i ᠳᠤ | ᠬᠡᠪᠰᠢᠵᠦ ᠢᠷᠡᠵᠡᠢ ᠠᠶᠠᠯᠭᠤᠨ ᠤ ᠰᠡᠬᠦᠯ ᠨᠢ ᠬᠠᠷᠢᠨ ᠮᠠᠰᠢ ᠲᠣᠲᠣᠷᠬᠠᠢ ᠪᠦᠷ m ᠪᠠᠶᠢᠭᠰᠠᠨ ᠠᠴᠠ ᠪᠠᠨ ᠣᠯᠠᠩᠬᠢ | ᠨᠢ n ᠪᠣᠶᠣ ng ᠪᠣᠯᠣᠨ ᠬᠤᠪᠢᠷᠠᠵᠣ᠂ ᠣᠳᠣ ᠦᠶ᠎ᠡ ᠶᠢᠨ ᠬᠢᠳᠠᠳ ᠨᠣᠳᠤᠭ ᠤᠨ ᠠᠶᠠᠯᠭᠤ ᠳᠤ jin ᠪᠠ jing | ᠪᠣᠯᠵᠠᠢ᠃ ᠭᠡᠪᠡᠴᠦ ᠡᠨᠡᠬᠦ ᠬᠤᠪᠢᠷᠠᠯ ᠤᠨ ᠶᠠᠪᠣᠴᠠ ᠵᠠᠷᠢᠮ ᠨᠢ ᠲᠠᠩ ᠣᠯᠣᠰ ᠤᠨ ᠦᠶ᠎ᠡ ᠳᠤ ᠨᠢᠭᠡᠨᠳᠡ | ᠪᠡᠶᠡᠯᠡᠭᠳᠡᠭᠰᠡᠨ ᠪᠣᠯᠣᠯᠳᠠᠢ᠃ ᠡᠶᠢᠮᠦ ᠠᠴᠠ ᠶᠠᠫᠣᠨ ᠬᠡᠯᠡᠨ ᠳᠤ ᠡᠨᠡᠬᠦ ᠦᠰᠦᠭ きん ᠭᠡᠵᠦ ᠣᠩᠰᠢᠳᠠᠭ ᠪᠣᠯᠵᠠᠢ᠃ | ᠭᠡᠪᠡᠴᠦ ᠸᠢᠶᠧᠲᠨᠠᠮ ᠬᠡᠯᠡ ᠪᠣᠯ ᠲᠡᠭᠦᠨ ᠤ ᠬᠠᠮᠤᠭ ᠡᠷᠳᠡᠨ ᠤ ᠠᠪᠢᠶ᠎ᠠ ᠶᠢ ᠨᠡᠯᠢᠶᠡᠳ ᠪᠦᠳᠦᠨ ᠢᠶᠠᠷ ᠬᠠᠳᠠᠭᠠᠯᠠᠵᠣ | găm,ghim ᠪᠣᠶᠣ kim ᠢᠶᠠᠷ ᠣᠩᠰᠢᠭᠰᠠᠭᠠᠷ ᠪᠠᠶᠢᠨ᠎ᠠ᠃ ᠲᠣᠰ ᠦᠰᠦᠭ ᠢ ᠾᠦᠩᠨᠦ ᠶᠢᠨ ᠴᠠᠭ ᠦᠶ᠎ᠡ | ᠳᠤ ᠪᠣᠳᠠᠳᠠᠢ ᠬᠡᠯᠡᠪᠡᠯ ᠬᠠᠭᠠᠨᠰ᠎ᠡ ᠴᠠᠨ ᠢᠥᠢ ᠶᠢᠨ ᠦᠶ᠎ᠡ ᠨᠢᠭᠡᠨᠳᠡ ᠺᠢᠮ ᠭᠡᠵᠦ ᠣᠩᠰᠢᠬᠤ ᠪᠣᠯᠣᠭᠰᠠᠨ ᠪᠠᠶᠢᠨ᠎ᠠ | ᠭᠡᠵᠦ ᠦᠵᠡᠬᠦ ᠨᠢ ᠪᠣᠷᠣᠭᠤ ᠦᠭᠡᠢ᠃ | 留᠄ ᠸᠢᠺᠢ ᠲᠣᠯᠢ ᠪᠢᠴᠢᠭ ᠲᠤ ᠲᠣᠰ ᠦᠰᠦᠭ ᠤᠨ ᠣᠳᠣ ᠦᠶ᠎ᠡ ᠶᠢᠨ ᠠᠪᠢᠶ᠎ᠠ ᠶᠢ liú᠂ liù᠂ liǔ | ᠭᠡᠵᠦ ᠭᠤᠷᠪᠠᠨ ᠡᠷᠭᠦᠯᠳᠡ ᠲᠠᠢ ᠦᠰᠦᠭ ᠭᠡᠵᠦ ᠲᠡᠮᠳᠡᠭᠯᠡᠵᠡᠢ᠃ ᠲᠡᠭᠦᠨ ᠤ ᠲᠣᠮᠳᠠᠳᠣ ᠡᠷᠳᠡᠨ ᠤ ᠠᠪᠢᠶ᠎ᠠ᠄ ljuw | ᠭᠡᠵᠦ᠂ ᠲᠡᠭᠡᠳᠦ ᠡᠷᠳᠡᠨ ᠤ ᠠᠪᠢᠶ᠎ᠠ ᠶᠢ /*C.ru/ ᠭᠡᠵᠡᠢ᠃ ᠭᠡᠳᠡᠯ᠎ᠡ ᠬᠠᠨ ᠳ᠋ᠢᠶᠠᠨ ᠰᠦᠯᠵᠢᠶ᠎ᠡ ᠲᠡᠭᠦᠨ ᠤ ᠲᠡᠭᠡᠳᠦ | ᠡᠷᠳᠡᠨ ᠤ ᠠᠪᠢᠶ᠎ᠠ ᠶᠢ m·ru ᠭᠡᠪᠡ᠃ ᠶᠠᠫᠣᠨ ᠬᠡᠯᠡᠨ ᠳᠤ りゅう(ryū),る(ru) ᠭᠡᠵᠦ᠂ ᠺᠣᠷᠢᠶᠠ | ᠬᠡᠯᠨ ᠳᠤ 류 (lyu)유 (yu) ᠭᠡᠵᠦ᠂ ᠸᠢᠶᠧᠲᠨᠠᠮ ᠬᠡᠯᠨ ᠳᠤ lưu ᠭᠡᠪᠡ᠃ ︽说文解字︾ | ᠲᠣᠯᠢ ᠪᠢᠴᠢᠭ ᠲᠤ 从田丣聲 ᠭᠡᠵᠦ ᠲᠠᠶᠢᠯᠪᠣᠷᠢᠯᠠᠵᠠᠢ᠃ ᠴᠢᠨ ᠠᠴᠠ ᠡᠮᠦᠨᠡᠬᠢ ᠠᠪᠢᠶ᠎ᠠ ᠠᠶᠠᠯᠭᠤ ᠶᠢᠨ | ᠰᠢᠰᠲ᠋ᠧᠮ᠄ ᠠᠪᠢᠶ᠎ᠠ ᠨᠢ L᠂ ᠠᠶᠠᠯᠭᠤ ᠨᠢ iu᠂ joɡ᠂ iəw ᠪᠠ jəgw ᠭᠡᠵᠡᠢ᠃ | 留 ᠶᠢᠨ ᠲᠣᠬᠠᠢ ᠶᠢᠨ ᠦᠶ᠎ᠡ ᠶᠢᠨ ᠠᠪᠢᠶ᠎ᠠ᠄ m·ru᠂ Liu᠂ Lyu᠂ ᠶᠠᠫᠣᠨ ᠬᠡᠯᠡᠨ ᠳᠤ りゅう ︵ | ryu︶ ᠭᠡᠳᠡᠭ ᠨᠢ ᠶᠠᠫᠣᠨ ᠬᠡᠯᠡᠨ ᠳᠤ L ᠭᠡᠶᠢᠭᠦᠯᠦᠭᠴᠢ ᠪᠠᠶᠢᠬᠤ ᠦᠭᠡᠢ ᠲᠠᠢ ᠬᠤᠯᠪᠣᠭᠳᠠᠯ ᠲᠠᠢ᠂ ᠡᠶᠢᠮᠦ ᠠᠴᠠ | りゅう ︵ryu︶ ᠨᠢ ᠲᠠᠷᠣᠢ Lyu ᠪᠣᠯᠣᠨ᠎ᠠ᠃ | 犁᠄ ᠸᠢᠺᠢ ᠰᠦᠯᠵᠢᠶᠡᠨ ᠳᠤ ᠲᠣᠰ ᠦᠰᠦᠭ ᠤᠨ ᠣᠳᠣ ᠦᠶ᠎ᠡ ᠶᠢᠨ ᠠᠪᠢᠶ᠎ᠠ ᠨᠢ lí ᠭᠡᠵᠦ᠂ ᠲᠣᠮᠳᠠᠳᠣ | ᠡᠷᠳᠡᠨ ᠤ ᠠᠪᠢᠶ᠎ᠠ ᠶᠢ lij ᠭᠡᠵᠦ᠂ ᠲᠡᠭᠡᠳᠦ ᠡᠷᠳᠡᠨ ᠤ ᠠᠪᠢᠶ᠎ᠠ ᠶᠢ /*rij {*[r][i]j}/ ᠭᠡᠵᠡᠢ᠃ ᠶᠠᠫᠣᠨ ᠬᠡᠯᠡᠨ ᠤ 音 | 讀 ᠪᠠᠷ り (ri) ᠪᠣᠶᠣ れい (rei) ᠭᠡᠵᠦ᠂ ᠺᠣᠷᠢᠶᠠ ᠬᠡᠯᠡᠨ ᠳᠤ 리 (li) ᠭᠡᠵᠡᠢ᠃ ᠬᠠᠨ ᠳ᠋ᠢᠶᠠᠨ | ᠰᠦᠯᠵᠢᠶᠡᠨ ᠳᠤ ︽說文解字︾ ᠲᠣᠯᠢ ᠪᠢᠴᠢᠭ ᠲᠤ 从牛黎聲。郎奚切 ᠭᠡᠵᠡᠢ᠃ | ᠬᠠᠷᠢᠨ ᠲᠡᠭᠡᠳᠦ ᠡᠷᠳᠡᠨ ᠤ ᠠᠪᠢᠶ᠎ᠠ ᠶᠢ riːl ᠪᠠ ril ᠭᠡᠵᠦ ᠬᠤᠶᠠᠷ ᠵᠦᠢᠯ ᠢᠶᠠᠷ ᠲᠡᠮᠳᠡᠭᠯᠡᠵᠡᠢ᠃ ᠴᠢᠨ ᠠᠴᠠ | ᠡᠮᠦᠨᠡᠬᠢ ᠠᠪᠢᠶ᠎ᠠ ᠠᠶᠠᠯᠭᠤ ᠶᠢᠨ ᠰᠢᠰᠲ᠋ᠧᠮ᠄ ᠠᠪᠢᠶ᠎ᠠ ᠶᠢ ᠨᠢ L᠂ ᠠᠶᠠᠯᠭᠤ ᠶᠢ ᠨᠢ i̯ər᠂ jed ᠵᠡᠷᠭᠡ | ᠭᠡᠵᠡᠢ᠃ | 犁 ᠶᠢᠨ ᠠᠪᠢᠶᠠᠨ ᠤ ᠰᠡᠷᠭᠦᠭᠡᠯᠳᠡ᠄ *rij,ril, LI,liər ᠵᠡᠷᠭᠡ ᠠᠴᠠ ᠣᠶᠢᠷᠠᠯᠴᠠᠭ᠎ᠠ ᠨᠢᠭᠡ ᠨᠢ | ᠪᠣᠯᠣᠨ᠎ᠠ᠃ | 金留犁 ᠭᠤᠷᠪᠠᠨ ᠦᠰᠦᠭ ᠤᠨ ᠡᠷᠳᠡᠨ ᠤ ᠠᠪᠢᠶᠠᠨ ᠤ ᠰᠡᠷᠭᠦᠭᠡᠯᠳᠡ᠄ kim lyu ︵luu︶ ril ︵li | ︶ ᠮᠦᠨ᠃ ᠲᠣᠬᠠᠢ ᠶᠢᠨ ᠦᠶ᠎ᠡ ᠳᠤ ᠬᠡᠮ ᠢᠶᠠᠨ ︽ᠬᠡᠮᠯᠡᠭᠦᠷᠢ︾ ᠭᠡᠵᠦ ᠶᠠᠷᠢᠵᠣ ᠪᠠᠶᠢᠭᠰᠠᠨ ᠪᠣᠯᠣᠯᠴᠠᠭ᠎ᠠ ᠲᠠᠢ | ᠪᠣᠯᠬᠤᠷ ᠬᠢᠳᠠᠳ ᠬᠦᠮᠦᠰ ᠲᠡᠭᠦᠨ ᠤ ᠠᠪᠢᠶ᠎ᠠ ᠶᠢ ᠣᠶᠢᠷᠠᠳᠣᠭᠤᠯᠣᠨ ᠪᠠᠭᠤᠯᠭᠠᠵᠣ 金留犁 ᠭᠡᠰᠡᠨ ᠪᠠᠶᠢᠨ᠎ᠠ᠃ | ᠬᠡᠮ ᠪᠣᠶᠣ ᠬᠡᠮᠨᠡᠭᠦᠷ ᠢ ᠮᠣᠩᠭᠤᠯ ᠬᠦᠮᠦᠨ ᠳᠤ ᠣᠯᠠᠨ ᠲᠠᠶᠢᠯᠪᠣᠷᠢ ᠬᠢᠬᠦ ᠴᠢᠬᠤᠯᠠ ᠠᠯᠠᠭ᠎ᠠ᠃ | ᠲᠠᠭᠠᠯᠳᠠ ᠵᠢᠷᠤᠭ᠄ ᠨᠢᠭᠡ ᠪᠣᠯᠣᠨ ᠬᠤᠶᠠᠷ ᠪᠦᠷ ᠾᠧᠪᠸᠢ ᠮᠣᠵᠢ ᠶᠢᠨ ᠰᠢᠥᠢ ᠱᠦᠢ ᠰᠢᠶᠠᠨ ᠠᠴᠠ ᠢᠯᠡᠷᠡᠭᠰᠡᠨ | ᠬᠠᠨ ᠣᠯᠣᠰ ᠤᠨ ᠪᠣᠯᠠᠰᠢ ᠲᠠᠬᠢ ︽ᠵᠢᠷᠤᠭ ᠰᠡᠶᠢᠯᠪᠣᠷᠢᠯᠠᠭᠰᠠᠨ ᠴᠢᠯᠠᠭᠤᠨ ᠬᠠᠪᠳᠠᠰᠣᠨ︾ ᠤ ᠯᠣᠣ ᠶᠢᠨ ᠵᠢᠷᠤᠭ | ᠪᠣᠯᠣᠨ᠎ᠠ᠃ ᠡᠨᠡ ᠯᠣᠣ ᠶᠢᠨ ᠵᠢᠷᠤᠭ ᠪᠣᠯ ᠮᠦᠨᠴᠦ ᠵᠣᠬᠢᠶᠠᠭᠴᠢ ᠶᠢᠨ ᠣᠯᠵᠣ ᠦᠵᠡᠭᠰᠡᠨ ᠬᠢᠳᠠᠳ ᠯᠣᠣ ᠶᠢᠨ ᠵᠢᠷᠤᠭ | ᠲᠣᠲᠣᠷᠠᠬᠢ ᠬᠠᠮᠤᠭ ᠡᠷᠳᠡᠨ ᠤ ᠵᠢᠷᠤᠭ ᠶᠣᠮ᠃ ᠡᠨᠡᠬᠦ ᠯᠣᠣ ᠶᠢᠨ ᠵᠢᠷᠤᠭ ᠢ ᠵᠣᠬᠢᠶᠠᠭᠴᠢ ᠠᠴᠠ ᠨᠢᠭᠡᠨᠳᠡ | ᠲᠠᠨᠢᠯᠴᠠᠭᠤᠯᠵᠣ ᠦᠩᠭᠡᠷᠡᠭᠰᠡᠨ ᠪᠣᠯᠬᠤᠷ ᠲᠠᠬᠢᠵᠣ ᠶᠠᠷᠢᠬᠤ ᠦᠭᠡᠢ ᠣᠷᠬᠢᠶ᠎ᠠ᠃ | ᠲᠠᠭᠠᠯᠳᠠ ᠵᠢᠷᠤᠭ ᠭᠤᠷᠪᠠ ᠪᠣᠯ ᠮᠣᠩᠭᠤᠯ ᠣᠯᠣᠰ ᠠᠴᠠ ᠣᠯᠳᠠᠭᠰᠠᠨ᠂ ᠬᠤᠶᠠᠷ ᠮᠢᠩᠭ᠎ᠠ ᠬᠤᠶᠠᠷ ᠭᠤᠷᠪᠠᠨ | ᠵᠠᠭᠤᠨ ᠣᠨ ᠤ ᠡᠮᠦᠨᠡᠬᠢ ᠾᠦᠩᠨᠦ ᠢᠵᠠᠭᠤᠷᠳᠠᠨ ᠤ ᠪᠣᠯᠠᠰᠢ ᠠᠴᠠ ᠢᠯᠡᠷᠡᠭᠰᠡᠨ ᠠᠯᠳᠠ ᠰᠢᠷᠠᠭᠰᠠᠨ ᠴᠣᠯᠣ | ᠮᠦᠩᠭᠦᠨ ᠴᠢᠣᠬᠤᠮᠠᠯ ᠯᠣᠣ ᠶᠢᠨ ᠵᠢᠷᠤᠭ ᠪᠣᠯᠣᠨ᠎ᠠ᠃ ᠲᠣᠰ ᠯᠣᠣ ᠶᠢ ᠵᠣᠬᠢᠶᠠᠭᠴᠢ ︽ᠾᠦᠩᠨᠦ ᠯᠣᠣ︾ ᠭᠡᠵᠦ | ᠨᠡᠷᠡᠶᠢᠳᠦᠪᠡ᠂ ᠲᠣᠰ ᠯᠣᠣ ᠶᠢᠨ ᠶᠡᠭᠡ ᠪᠠᠭ᠎ᠠ ᠨᠢ ᠪᠠᠷᠤᠭ 5*10 ᠠᠷᠪᠠ ᠭᠠᠷᠣᠢ cm ᠲᠡᠳᠦᠢ ᠠᠵᠠᠢ᠃ ᠭᠠᠷ | ᠲᠠᠭᠠᠨ ᠠᠳᠬᠤᠨ ᠨᠠᠭᠠᠳᠣᠬᠤ ᠡᠳ᠋ ᠪᠣᠯᠣᠯᠳᠠᠢ᠃ | ᠵᠢᠷᠤᠭ ᠨᠢᠭᠡ | | | | ᠵᠢᠷᠤᠭ ᠬᠤᠶᠠᠷ | | | | ᠵᠢᠷᠤᠭ ᠭᠤᠷᠪᠠ | | | | ︽ᠾᠦᠩᠨᠦ ᠬᠡᠯᠡ︾ ᠣᠯᠠᠨ ᠨᠠᠶᠢᠳᠡ ᠶᠢᠨ ᠲᠠᠪᠴᠠᠩ ᠳᠤ ᠣᠷᠣᠬᠤ ᠰᠠᠨᠠᠭ᠎ᠠ ᠲᠠᠢ ᠬᠦᠮᠦᠰ ᠲᠣᠰ ᠮᠡᠷᠭᠡᠨ | ᠴᠣᠬᠤᠷ ᠢ ᠰᠢᠷᠪᠢᠭᠡᠷᠡᠢ᠃ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |