ᠨᠣᠳᠤᠭ ᠠᠮᠢ ᠬᠤᠯᠪᠣᠭᠠᠳᠠᠢ ᠪᠦᠰᠡᠬᠦᠢ ᠬᠦᠮᠣᠨ ᠤ ᠣᠬᠠᠭᠠᠨ
ᠨᠡᠶᠢᠲᠡᠯᠡᠭᠰᠡᠨ ᠴᠠᠭ᠄
2021/6/21
 ᠬᠤᠪᠢ ᠬᠦᠮᠣᠨ ᠤ ᠨᠡᠷ᠎ᠠ ᠬᠦᠨᠳᠣ᠂ ᠨᠡᠩ ᠴᠦ ᠭᠡᠷ ᠪᠦᠯᠢ ᠶᠢᠨ ᠬᠦᠭᠵᠢᠨ ᠮᠠᠨᠳᠣᠯᠳᠠ ᠨᠢ ᠨᠣᠳᠤᠭ ᠣᠷᠣᠨ ᠤ ᠬᠦᠭᠵᠢᠨ ᠮᠠᠨᠳᠣᠯᠳᠠ ᠵᠢᠴᠢ ᠨᠡᠷ᠎ᠠ ᠳᠦᠷᠣ ᠲᠠᠢ ᠨᠢᠭᠳᠠ ᠬᠤᠯᠪᠣᠭᠠᠳᠠᠢ᠃ ᠨᠣᠳᠤᠭ ᠠᠮᠢ ᠬᠤᠯᠪᠣᠭ᠎ᠠ ᠨᠢᠭᠡᠳᠡᠢ ᠪᠠᠶᠢᠳᠠᠭ ᠢᠶᠠᠷ ᠢᠶᠠᠨ ᠣᠶᠣᠨᠬᠤᠸᠠᠷ ᠣᠶᠣᠨ ᠣᠬᠠᠭᠠᠨ ᠰᠢᠨᠳᠠᠰᠣ ᠴᠢᠳᠠᠯ ᠢᠶᠠᠷ ᠢᠶᠠᠨ ᠨᠣᠳᠤᠭ ᠣᠰᠣ ᠪᠠᠨ ᠬᠦᠭᠵᠢᠬᠦᠯᠬᠦ ᠭᠡᠭᠡᠨ ᠵᠠᠮ ᠳᠤ ᠰᠢᠮᠳᠠᠭᠰᠠᠨ ᠨᠢᠭᠡᠨ ᠡᠮᠡᠭᠳᠡᠢ ᠶᠤᠮ᠃ ᠳᠡᠷᠡᠪᠡᠷ ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠠ ᠰᠤᠮᠤᠨ ᠤ ᠵᠠᠭᠳᠤ ᠭᠠᠴᠠᠭᠠᠨ ᠤ ᠨᠡᠮ ᠤᠨ ᠡᠬᠦᠷ ᠤᠨ ᠳᠡᠳ᠋ ᠱᠦᠵᠢ ᠪᠢᠯᠡ᠃
ᠣᠶᠣᠨᠬᠤᠸᠠᠷ ᠭᠡᠭᠴᠢ ᠭᠤᠸᠠᠯᠢᠭ ᠰᠠᠶᠢᠬᠠᠨ ᠪᠡᠶ᠎ᠡ ᠲᠠᠢ᠂ ᠦᠭᠡ ᠳᠠᠭᠤ ᠣᠯᠠᠨᠳᠠᠢ᠂ ᠠᠰᠪᠣᠷᠢ ᠰᠢᠯᠣᠭᠤᠨ ᠭᠤᠶᠣ ᠪᠦᠰᠡᠬᠦᠢ ᠪᠠᠶᠢᠯ᠎ᠠ᠃ ᠳᠡᠷᠠ ᠮᠠᠨᠢ ᠠᠵᠢᠯ ᠣᠶᠢᠯᠡᠰ ᠤᠨ ᠢᠶᠠᠨ ᠳᠦᠯᠦᠭᠡ ᠡᠷ᠎ᠠ ᠬᠦᠮᠣᠨ ᠰᠢᠭ ᠶᠠᠪᠤᠵᠦ᠂ ᠠᠳᠠᠯ ᠠᠮᠢᠳᠣᠷᠠᠯ ᠤᠨ ᠢᠶᠠᠨ ᠳᠦᠯᠦᠭᠡ ᠠᠷᠭ᠎ᠠ ᠦᠭᠡᠢ ᠳᠤ ᠠᠷᠭ᠎ᠠ ᠭᠠᠷᠭᠠᠨ ᠦᠪᠡᠷ ᠢᠶᠠᠨ ᠮᠣᠲ᠋ᠤᠷ ᠣᠨᠣᠵᠣ᠂ ᠮᠠᠰᠢᠨ ᠳᠡᠷᠭᠡ ᠪᠠᠷᠢᠵᠦ ᠰᠣᠷᠣᠭᠠᠳ ᠡᠯᠡᠰᠣᠨ ᠳᠤ ᠮᠠᠰᠢᠨ ᠪᠠᠷᠢᠳᠠᠭ ᠬᠠᠮᠤᠭ ᠤᠨ ᠰᠦᠷᠡᠭᠡᠢ ᠡᠮᠡᠭᠳᠡᠢ ᠵᠢᠯᠣᠭᠤᠴᠢ ᠪᠤᠯᠤᠭᠰᠠᠨ ᠪᠠᠶᠢᠯ᠎ᠠ᠃ 2017 ᠣᠨ ᠳᠤ ᠣᠶᠣᠨᠬᠤᠸᠠᠷ ᠭᠠᠴᠠᠭᠠᠨ ᠤ ᠪᠠᠨ ᠨᠠᠮ ᠤᠨ ᠡᠬᠦᠷ ᠤᠨ ᠱᠦᠵᠢ ᠪᠠᠷ ᠰᠣᠩᠭᠤᠳᠠᠨ ᠠᠵᠢᠯ ᠢᠶᠠᠨ ᠳᠠᠭᠠᠭᠠᠵᠣ ᠬᠢᠵᠣ ᠡᠬᠢᠯᠡᠭᠰᠡᠨ ᠠᠴᠠ ᠨᠠᠭᠠᠰᠢ ᠡᠯᠡᠰᠣᠨ ᠳᠤ ᠠᠩᠬ᠎ᠠ ᠮᠣᠲ᠋ᠤᠷ ᠳᠡᠷᠭᠡ ᠣᠨᠣᠵᠣ ᠰᠣᠷᠴᠣ᠂ ᠠᠶᠢᠯ ᠤᠨ ᠭᠠᠳᠠᠨᠠᠬᠢ ᠦᠨᠳᠣᠷ ᠴᠤᠬᠢᠶ᠎ᠠ ᠪᠠᠷ ᠭᠡᠶᠢᠰᠭᠡᠬᠦᠯᠣᠨ ᠬᠦᠮᠣᠰ ᠢ ᠰᠦᠷᠳᠡᠭᠡᠵᠣ ᠪᠠᠶᠢᠭᠰᠠᠨ ᠴᠦ ᠣᠳᠠᠭ᠎ᠠ ᠲᠠᠢ᠃ ᠦᠨᠡᠭᠡᠷ ᠡᠯᠡᠰᠣᠨ ᠳᠤ ᠳᠡᠷᠭᠡ ᠮᠠᠰᠢᠨ ᠪᠠᠶᠢᠬᠤ ᠦᠭᠡᠢ ᠪᠣᠯ ᠬᠦᠯ ᠦᠭᠡᠢ ᠲᠠᠢ ᠯᠠ ᠠᠳᠠᠯᠢ᠂ ᠣᠶᠣᠨᠬᠤᠸᠠᠷ ᠠᠵᠢᠯ ᠤᠨ ᠱᠠᠭᠠᠷᠳᠠᠯᠭ᠎ᠠ ᠠᠴᠠ ᠪᠠᠨ ᠪᠣᠯᠵᠣ ᠮᠠᠰᠢᠨ ᠵᠢᠯᠤᠭᠤᠳᠴᠦ ᠰᠣᠷᠴᠣ᠂ ᠪᠡᠯᠡᠨ ᠳᠣᠣᠷ᠎ᠠ ᠨᠢ ᠦᠪᠡᠷ ᠢᠶᠠᠨ ᠠᠷᠪᠠᠭᠠᠳ ᠳᠦᠮᠡᠨ ᠳᠦᠬᠦᠷᠢᠭ ᠵᠠᠷᠣᠴᠠᠭᠤᠯᠣᠨ ᠮᠠᠰᠢᠨ ᠬᠤᠳᠠᠯᠳᠣᠨ ᠠᠪᠴᠣ ᠠᠵᠢᠯ ᠳᠠᠭᠠᠨ ᠭᠠᠷᠤᠭᠰᠠᠨ ᠠᠵᠢ᠃ ᠶᠡᠷᠣᠨᠢ ᠡᠯᠡᠰᠣᠨ ᠠᠴᠠ ᠰᠦᠷᠳᠡᠵᠣ ᠦᠵᠡᠭᠡ ᠦᠭᠡᠢ ᠳᠡᠷᠡ ᠵᠠᠭᠳᠣ ᠶᠢᠨ ᠡᠯᠡᠰᠣᠨ ᠴᠣᠬᠢᠶᠠᠳ ᠢᠶᠠᠷ ᠳᠠᠪᠤ ᠵᠢᠷᠭᠤᠭᠠᠨ ᠵᠢᠯ ᠤᠨ ᠳᠣᠷᠰᠢᠳᠠ ᠮᠠᠰᠢᠨ ᠪᠠᠷᠢᠵᠣ᠂ ᠠᠵᠢᠯ ᠢᠶᠠᠷ ᠦᠨᠵᠢᠬᠦᠳᠡ ᠬᠤᠨᠣᠭᠤᠳᠠ ᠪᠠᠷ ᠠᠶᠢᠯ ᠡᠷᠦᠭᠡ ᠳᠠᠷᠠᠭᠠᠯᠠᠨ ᠶᠠᠪᠣᠭᠰᠠᠭᠠᠷ ᠪᠠᠶᠢᠵᠣ ᠣᠳᠣ ᠨᠢᠭᠡᠨᠳᠡ 20 ᠭᠠᠷᠦᠢ ᠳᠦᠮᠡᠨ ᠺᠢᠯᠣᠮᠧᠳ᠋ᠷ ᠠᠶᠠᠯᠠᠭᠰᠠᠨ ᠪᠠᠶᠢᠳᠠᠭ᠃ ︽ᠭᠠᠴᠠᠭᠠᠨ ᠤ ᠠᠵᠢᠯ ᠭᠡᠳᠡᠭ ᠴᠢᠨᠢ ᠡᠳᠣᠷ ᠪᠤᠯᠭᠠᠨ ᠶᠠᠭᠠᠷᠠᠣ᠂ ᠭᠠᠴᠠᠭᠠᠨ ᠤ ᠠᠶᠢᠯ ᠪᠣᠯᠭᠠᠨ ᠢᠶᠠᠷ ᠶᠠᠪᠣᠵᠣ ᠪᠠᠶᠢᠳᠠᠯ ᠢ ᠣᠶᠢᠯᠠᠭᠠᠵᠣ ᠬᠦᠴᠢᠷᠳᠡᠯ ᠢ ᠰᠢᠢᠳᠪᠣᠷᠢᠯᠡᠵᠣ ᠦᠭᠬᠦ ᠱᠠᠭᠠᠷᠳᠠᠯᠭ᠎ᠠ ᠪᠠᠷ ᠵᠠᠭᠳᠣ ᠶᠢᠨ ᠡᠯᠡᠰᠣ ᠶᠢ ᠬᠤᠶᠠᠷ ᠭᠤᠷᠪᠡ ᠬᠤᠨᠣᠭᠠᠳ ᠡᠰᠡᠪᠡᠯ ᠡᠳᠣᠷ ᠳᠠᠷᠠᠭᠠᠯᠠᠨ ᠶᠠᠪᠣᠳᠠᠭ᠃ ᠳᠡᠷᠭᠡ ᠪᠠᠶᠢᠭᠰᠠᠨ ᠴᠠᠭ ᠲᠤ ᠵᠣᠷᠢᠭ ᠢᠶᠠᠨ ᠪᠠᠷᠢᠭᠠᠳ ᠠᠶᠢᠯ ᠤᠳ ᠢᠶᠠᠷ ᠭᠠᠭᠴᠠᠭᠠᠷ ᠴᠦ ᠭᠡᠰᠡᠨ ᠶᠠᠪᠣᠴᠢᠬᠠᠨ᠎ᠠ᠃ ᠮᠢᠨᠣ ᠨᠦᠬᠦᠷ ᠴᠦ ᠭᠡᠰᠡᠨ ᠮᠠᠰᠢᠨ ᠪᠠᠷᠢᠵᠣ ᠴᠢᠳᠠᠬᠤ ᠦᠭᠡᠢ ᠰᠢᠣ︾ ᠭᠡᠵᠣ ᠣᠶᠣᠨᠬᠤᠸᠠᠷ ᠢᠨᠢᠶᠡᠮᠰᠦᠭᠯᠡᠨ ᠶᠠᠷᠢᠨ᠎ᠠ᠃
ᠣᠶᠣᠨᠬᠤᠸᠠᠷ ᠪᠤᠯ ᠦᠪᠡᠷ ᠤᠨ ᠶᠠᠳᠠᠭᠤ ᠵᠦᠳᠡᠬᠦᠣ ᠠᠮᠢᠳᠣᠷᠠᠯ ᠤᠨ ᠢᠶᠠᠨ ᠳᠦᠯᠦᠭᠡ ᠴᠦᠬᠦᠷᠡᠯ ᠦᠭᠡᠢ ᠴᠢᠷᠮᠠᠶᠢᠵᠣ ᠶᠠᠪᠣᠭᠰᠠᠨ ᠪᠦᠰᠡᠬᠦᠢ ᠶᠤᠮ᠃ ᠳᠡᠷᠡᠪᠡᠷ ᠠᠯᠠᠱᠠ ᠵᠡᠬᠦᠨ ᠬᠤᠰᠢᠭᠤᠨ ᠤ ᠳᠡᠭᠷᠢ ᠡᠯᠡᠰᠣᠨ ᠤ ᠣᠣᠭᠠᠯ᠂ 1994 ᠣᠨ ᠳᠤ ᠴᠤᠭᠳᠤᠬᠦ᠋ᠷᠢᠶ᠎ᠠ ᠰᠤᠮᠤᠨ ᠤ ᠵᠠᠭᠳᠤ ᠭᠠᠴᠠᠭᠠᠨ ᠤ ᠪᠡᠷᠢ ᠪᠣᠯᠣᠭᠰᠠᠨ ᠠᠴᠠ ᠨᠠᠭᠠᠰᠢ ᠡ᠊ᠡᠳᠡ ᠠᠮᠢᠳᠣᠷᠠᠭᠠᠳ ᠬᠤᠷᠢᠭᠠᠳ ᠵᠢᠯ ᠤᠨ ᠨᠢᠭᠤᠷ ᠦᠵᠡᠵᠡᠢ᠃ ︽ᠮᠠᠨᠠᠶᠢᠬᠢᠨ ᠭᠡᠵᠣ ᠭᠠᠴᠠᠭᠠᠨ ᠤ ᠬᠠᠮᠤᠭ ᠤᠨ ᠬᠦᠴᠢᠷᠳᠡᠯᠳᠡᠢ ᠡᠷᠦᠭᠡ ᠪᠠᠶᠢᠭᠰᠠᠨ᠂ ᠳᠡᠷᠡ ᠦᠶ᠎ᠡ ᠳᠤ ᠬᠤᠷᠢᠨ ᠨᠢᠭᠡᠨ ᠪᠠᠭ᠎ᠠ ᠮᠠᠯ ᠲᠠᠢ᠂ ᠳᠦᠷᠪᠡᠨ ᠦᠭᠡᠷ ᠲᠠᠢ᠂ ᠵᠢᠷᠭᠤᠭᠠᠨ ᠳᠡᠮᠡᠭᠡ ᠲᠠᠢ ᠠᠶᠢᠯ ᠯᠠ ᠪᠠᠶᠢᠵᠡᠢ︾ ᠭᠡᠵᠣ ᠠᠩᠬ᠎ᠠ ᠠᠶᠢᠯ ᠭᠡᠷ ᠪᠣᠯᠵᠣ ᠳᠣᠰᠠᠭᠠᠷ ᠭᠠᠷᠣᠭᠰᠠᠨ ᠪᠠᠶᠢᠳᠠᠯ ᠢᠶᠠᠨ ᠶᠡᠷᠢᠨ᠎ᠠ᠃ ᠠᠶᠢᠯ ᠭᠡᠷ ᠪᠣᠯᠣᠯᠴᠠᠭᠰᠠᠨ ᠳᠡᠷᠡ ᠦᠶ᠎ᠡ ᠠᠴᠠ ᠪᠠᠨ ᠣᠶᠣᠨᠬᠤᠸᠠᠷ ᠭᠡᠷ ᠪᠦᠯᠢ ᠪᠠᠨ ᠳᠣᠯᠭᠠᠭᠤᠷᠢᠯᠠᠨ᠂ ᠰᠦᠮ᠎ᠡ ᠳᠤ ᠬᠦᠷᠴᠣ ᠪᠣᠳᠠᠭ᠎ᠠ ᠬᠢᠬᠦ᠂ ᠳᠠᠷᠢᠶ᠎ᠠ ᠳᠡᠷᠢᠨ ᠨᠣᠭᠤᠭ᠎ᠠ ᠳᠠᠪᠣᠰᠣᠯᠠᠵᠣ ᠬᠤᠳᠠᠯᠳᠣᠬᠤ᠂ ᠭᠤᠶᠣᠣ ᠮᠠᠯᠳᠠᠬᠤ᠂ 400 ᠭᠠᠷᠦᠢ ᠢᠮᠠᠭ᠎ᠠ ᠠᠪᠴᠢᠷᠠᠭᠠᠳ ᠮᠠᠯᠯᠠᠬᠤ ᠵᠡᠷᠭᠡ ᠬᠢᠵᠣ ᠴᠢᠳᠠᠬᠤ ᠠᠵᠢᠯ ᠠᠴᠠ ᠪᠠᠨ ᠡᠬᠢᠯᠡᠬᠦᠯᠣᠨ ᠶᠠᠳᠠᠭᠤ ᠠᠮᠢᠳᠣᠷᠠᠯ ᠢᠶᠠᠨ ᠦᠭᠡᠷᠡᠴᠢᠯᠡᠬᠦ ᠭᠡᠮᠡᠨ ᠠᠵᠢᠯᠯᠠᠵᠣ ᠴᠢᠷᠮᠠᠭᠰᠠᠭᠠᠷ ᠪᠠᠶᠢᠭᠠᠳ 2006 ᠣᠨ ᠪᠣᠯᠬᠤ ᠳᠤ ᠨᠡᠯᠢᠶᠡᠳ ᠳᠡᠨᠢᠬᠦᠨ ᠠᠮᠢᠳᠣᠷᠠᠯ ᠲᠠᠢ ᠠᠶᠢᠯ ᠪᠣᠯᠣᠭᠰᠠᠨ ᠪᠠᠶᠢᠯ᠎ᠠ᠃
︽ᠨᠡᠷ᠎ᠠ ᠬᠤᠭᠤᠷᠠᠬᠤ ᠪᠠᠷ ᠶᠠᠰᠣ ᠬᠤᠭᠤᠷᠠ︾ ᠭᠡᠳᠡᠭ ᠢᠶᠠᠷ᠂ ᠳᠣᠯᠭᠠᠷᠠᠵᠣ ᠢᠷᠡᠭᠰᠡᠨ ᠬᠦᠴᠢᠷᠳᠡᠯ ᠤᠨ ᠢᠶᠠᠨ ᠡᠮᠣᠨ᠎ᠡ ᠣᠶᠣᠨᠬᠤᠸᠠᠷ ᠶᠡᠷᠣᠨᠢ ᠪᠦᠬᠦ᠋ᠢᠵᠣ ᠦᠵᠡᠭᠡ ᠦᠭᠡᠢ ᠶᠠᠪᠣᠵᠡᠢ᠃ ᠳᠡᠷᠡ ᠭᠠᠴᠠᠭᠠᠨ ᠤ ᠨᠠᠮ ᠤᠨ ᠡᠬᠦᠷ ᠤᠨ ᠱᠦᠵᠢ ᠶᠢᠨ ᠠᠵᠢᠯ ᠢ ᠡᠬᠦᠷᠭᠡᠯᠡᠭᠰᠡᠨ ᠤ ᠳᠠᠷᠠᠭ᠎ᠠ ᠪᠠᠷ ᠭᠠᠴᠠᠭ᠎ᠠ ᠨᠢ ᠠᠯᠪᠠᠯᠠᠬᠤ ᠭᠡᠷ ᠤᠷᠤᠨ ᠴᠦ ᠦᠬᠡᠢ᠂ ᠭᠤᠷᠪᠠᠳᠤᠭᠠᠷ ᠲᠦᠷᠦᠯ ᠤᠨ ᠭᠠᠴᠠᠭ᠎ᠠ ᠳᠤ ᠬᠠᠷᠢᠶᠠᠯᠠᠭᠳᠠᠵᠦ ᠪᠠᠶᠢᠬᠤ ᠶᠢ ᠬᠠᠷᠠᠭᠠᠳ ᠦᠪᠡᠷ ᠤᠨ ᠪᠦᠬᠦ ᠬᠦᠴᠣ ᠵᠣᠷᠢᠭ᠂ ᠣᠬᠠᠭᠠᠨ ᠰᠡᠳᠣᠪᠣᠷᠢ ᠪᠠᠨ ᠭᠠᠷᠭᠠᠨ᠂ ᠠᠷᠠᠳ ᠳᠦᠮᠡᠨ ᠤ ᠡᠮᠣᠨ᠎ᠡ ᠠᠴᠠ ᠠᠵᠢᠯ ᠤᠨ ᠬᠦᠨᠳᠣ ᠡᠬᠦᠷᠭᠡ ᠶᠢ ᠳᠠᠭᠠᠭᠠᠵᠣ ᠠᠪᠴᠣ ᠬᠢᠵᠣ᠂ ᠭᠠᠴᠠᠭᠠᠨ ᠤ ᠰᠢᠨ᠎ᠡ ᠰᠠᠭᠤᠷᠢᠰᠢᠯ ᠢ ᠪᠠᠶᠢᠭᠤᠯᠣᠨ᠂ ᠡᠨᠡᠬᠦ ᠠᠵᠢᠯ ᠢ ᠡᠬᠢᠯᠡᠵᠣ ᠳᠦᠯᠦᠪᠯᠡᠨ᠂ ᠲᠠᠭᠡᠷ᠎ᠠ ᠱᠠᠳᠣᠨ ᠳᠤ ᠮᠡᠳᠡᠬᠦᠯᠣᠨ ᠳᠦᠷᠦᠯ ᠵᠦᠢᠯ ᠢ ᠣᠯᠤᠨ ᠵᠦᠪᠰᠢᠶᠡᠷᠡᠬᠦᠯᠵᠣ᠂ ᠡᠯ᠎ᠡ ᠵᠦᠢᠯ ᠤᠨ ᠭᠠᠷ ᠬᠦᠢᠴᠡᠳᠭᠡᠯ ᠢ ᠪᠠᠶᠢᠨ ᠳᠠᠬᠢᠨ ᠬᠢᠵᠣ ᠪᠠᠶᠢᠭᠠᠳ ᠡᠴᠣᠰ ᠲᠤᠨᠢ ᠳᠣᠯᠭᠠᠳᠠᠯ᠎ᠠ ᠬᠢᠵᠣ ᠪᠠᠷᠠᠭᠠᠵᠡᠢ᠃ ᠳᠡᠷᠡ ᠮᠠᠨᠢ ᠦᠪᠡᠷ ᠤᠨ ᠢᠶᠠᠨ ᠴᠢᠷᠮᠠᠶᠢᠯᠭ᠎ᠠ ᠳᠤ ᠳᠦᠰᠢᠭᠯᠡᠨ ᠭᠠᠴᠠᠭᠠᠨ ᠤ ᠨᠠᠮ ᠤᠨ ᠠᠵᠢᠯ ᠢ ᠰᠢᠭᠤᠷᠬᠠᠶᠢᠯᠠᠨ ᠬᠢᠵᠣ᠂ ᠪᠦᠬᠦ ᠰᠣᠮᠣᠨ ᠤ ᠳᠣᠯᠣᠭᠠᠨ ᠭᠠᠴᠠᠭᠠᠨ ᠤ ᠨᠠᠮ ᠤᠨ ᠠᠵᠢᠯ ᠤᠨ ᠳᠠᠷᠠᠭᠠᠯᠠᠯ ᠳᠤ ᠭᠠᠴᠠᠭ᠎ᠠ ᠪᠠᠨ ᠭᠤᠷᠪᠠᠳᠣᠭᠠᠷ ᠳᠡᠰ ᠲᠤ ᠣᠷᠣᠭᠤᠯᠣᠨ ᠨᠡᠷ᠎ᠠ ᠬᠦᠨᠳᠣ ᠪᠠᠨ ᠳᠡᠭᠡᠭᠰᠢ ᠳᠠᠳᠠᠵᠣ ᠠᠪᠴᠣ ᠶᠠᠪᠣᠭᠰᠠᠨ ᠪᠠᠶᠢᠵᠡᠢ᠃ ᠡᠬᠦᠪᠡᠷ ᠵᠣᠭᠰᠣᠬᠤ ᠦᠭᠡᠢ᠂ ᠣᠶᠣᠨᠬᠤᠸᠠᠷ ᠭᠠᠴᠠᠭᠠᠨ ᠤ ᠪᠠᠨ ᠮᠠᠯᠴᠢᠨ ᠳᠦᠮᠡᠨ ᠳᠡᠭᠡᠨ ᠵᠢᠯᠣᠭᠤᠴᠢ ᠶᠢᠨ ᠠᠵᠢᠯ ᠬᠢᠵᠣ ᠬᠦᠯᠦᠰᠦᠯᠡᠭᠳᠡᠨ᠂ ᠮᠠᠯᠴᠢᠳ ᠤᠨ ᠵᠣᠭᠠᠴᠠᠯ ᠤᠨ ᠣᠶᠢᠯᠡᠰ ᠢ ᠶᠡᠭᠡᠪᠡᠷ ᠳᠡᠮᠵᠢᠵᠣ᠂ ᠮᠠᠯᠴᠢᠳ ᠤᠨ ᠠᠮᠢᠳᠣᠷᠠᠯ ᠢ ᠦᠭᠡᠳᠡ ᠳᠠᠳᠠᠵᠣ ᠶᠠᠪᠣᠭᠰᠠᠨ ᠪᠠᠶᠢᠳᠠᠭ᠃
ᠣᠶᠣᠨᠬᠤᠸᠠᠷ ᠠᠵᠢᠯ ᠳᠤ ᠭᠠᠪᠰᠢᠭᠠᠢ᠂ ᠠᠮᠢᠳᠣᠷᠠᠯ ᠳᠠᠭᠠᠨ ᠬᠠᠶᠢᠷᠠᠳᠠᠢ ᠪᠦᠰᠡᠬᠦᠢ᠃ ᠣᠳᠣ ᠳᠡᠳᠡᠨᠡᠶᠢᠬᠢᠨ ᠳᠠᠪᠢ ᠬᠦᠷᠬᠦ ᠦᠭᠡᠷ ᠲᠠᠢ᠂ ᠵᠠᠭᠤᠭᠠᠳ ᠪᠣᠭ ᠮᠠᠯ ᠲᠠᠢ᠂ ᠠᠷᠪᠠᠭᠠᠳ ᠳᠡᠮᠡᠭᠡ ᠲᠠᠢ ᠰᠠᠶᠢᠬᠠᠨ ᠠᠵᠣ ᠳᠦᠷᠦᠵᠣ ᠪᠣᠢ᠃ ᠳᠡᠷᠡ ᠮᠠᠨᠢ ᠭᠠᠴᠠᠭᠠᠨ ᠤ ᠣᠳᠣᠷᠢᠳᠣᠯᠭ᠎ᠠ ᠪᠣᠯᠣᠭᠰᠠᠨ ᠤ ᠬᠤᠪᠢ ᠳᠤ ᠮᠠᠯᠴᠢᠨ ᠳᠦᠮᠡᠨ ᠳᠡᠭᠡᠨ ᠳᠠᠭᠤᠷᠢᠶᠠᠯ ᠦᠵᠡᠬᠦᠯᠬᠦ ᠶᠢᠨ ᠳᠦᠯᠦᠭᠡ ᠦᠪᠡᠷ ᠤᠨ ᠮᠠᠯ ᠳᠡᠮᠡᠭᠡᠨ ᠤ ᠪᠠᠨ ᠳᠤᠭ᠎ᠠ ᠶᠢ ᠬᠢᠵᠠᠭᠠᠷᠯᠠᠵᠣ᠂ ᠨᠣᠳᠤᠭ ᠤᠨ ᠦᠭᠡᠷ ᠢ ᠳᠣᠰᠬᠠᠢ ᠮᠠᠯᠯᠠᠵᠣ᠂ ᠨᠣᠳᠤᠭ ᠣᠷᠣᠨ ᠤ ᠪᠠᠨ ᠨᠡᠷ᠎ᠡ ᠳᠡᠮᠳᠡᠭ ᠢ ᠡᠷᠬᠦᠬᠦ ᠪᠠᠷ ᠴᠢᠷᠮᠠᠶᠢᠵᠣ ᠶᠠᠪᠣᠭ᠎ᠠ ᠶᠤᠮ᠃ ᠣᠶᠣᠨᠬᠤᠸᠠᠷ ᠮᠠᠨᠢ ᠮᠦᠨ ᠴᠦ ᠠᠮᠢᠳᠣᠷᠠᠯ ᠳᠠᠭᠠᠨ ᠴᠦ ᠨᠡᠷ᠎ᠠ ᠲᠠᠢ ᠳᠦᠷᠣ ᠲᠠᠢ ᠶᠠᠪᠣᠭᠰᠠᠨ ᠪᠦᠰᠡᠬᠦᠢ᠃ ᠳᠡᠬᠦᠨ ᠳᠤ ᠣᠯᠠᠨ ᠳᠣᠷ᠎ᠠ ᠰᠣᠨᠢᠷᠬᠠᠯ ᠲᠠᠢ᠂ ᠠᠯᠠᠱᠠ ᠠᠷᠠᠳ ᠤᠨ ᠶᠣᠰᠣ ᠵᠠᠩᠰᠢᠯ ᠢ ᠰᠠᠶᠢᠨ ᠮᠡᠳᠡᠳᠡᠭ ᠢᠶᠠᠷ ᠪᠠᠶᠢᠩᠭᠤ ᠬᠤᠷᠢᠮ ᠨᠠᠶᠢᠷ ᠢᠶᠠᠷ ᠪᠡᠷᠭᠡᠨ ᠢᠶᠠᠷ ᠣᠷᠢᠭᠳᠠᠨ ᠶᠠᠪᠣᠳᠠᠭ᠃ ᠨᠡᠩ ᠴᠦ ᠠᠯᠠᠱᠠ ᠠᠷᠠᠳ ᠤᠨ ᠳᠠᠭᠤᠣ ᠪᠠᠨ ᠰᠠᠶᠢᠬᠠᠨ ᠳᠠᠭᠤᠯᠠᠳᠠᠭ ᠢᠶᠠᠷ ᠢᠶᠠᠨ ᠲᠠᠭᠤᠤ ᠶᠢᠨ ᠣᠷᠣᠯᠳᠣᠭᠠᠨ ᠵᠢᠴᠢ ᠦᠳᠡᠰᠢᠯᠡᠭᠡ ᠳᠣᠭᠯᠠᠯᠳᠠ ᠪᠠᠷ ᠦᠷᠬᠦᠯᠵᠢ ᠭᠠᠳᠠᠭᠰᠢ ᠲᠤᠳᠤᠬᠰᠢ ᠶᠠᠪᠤᠵᠦ᠂ ᠣᠯᠠᠨ ᠣᠳᠠᠭ᠎ᠠ ᠱᠠᠩᠨᠠᠯ ᠬᠦᠬᠢᠭᠦᠯᠦᠯ ᠲᠤᠰᠴᠤ ᠢᠷᠠᠭᠤ ᠠᠯᠳᠠᠷ ᠬᠦᠷᠳᠠᠵᠠᠢ᠃
ᠡᠯᠡᠰᠣᠨ ᠳᠣᠮᠳᠠ ᠰᠠᠭᠯᠠᠷᠠᠨ ᠣᠷᠭᠤᠭ᠎ᠠ ᠳᠣᠣᠷᠠᠢ ᠶᠢᠨ ᠮᠣᠳᠣ ᠮᠡᠳᠣ ᠣᠷᠴᠢᠨ ᠳᠣᠭᠤᠷᠢᠨ ᠤ ᠬᠠᠳᠠᠭᠤ ᠪᠡᠷᠭᠡᠰᠢᠶᠡᠯ ᠢ ᠢᠯᠠᠨ ᠳᠠᠪᠠᠵᠣ ᠳᠣᠭᠤᠯᠣᠭᠰᠠᠭᠠᠷ ᠢᠷᠡᠭᠰᠡᠨ ᠣᠶᠣᠨᠬᠤᠸᠠᠷ ᠤᠨ ᠠᠮᠢᠳᠣᠷᠠᠯ ᠤᠨ ᠰᠠᠶᠢᠨ ᠰᠠᠶᠢᠬᠠᠨ ᠪᠦᠬᠦᠳᠡ ᠨᠢ ᠳᠡᠬᠦᠨ ᠤ ᠣᠷ᠎ᠠ ᠴᠢᠳᠠᠪᠣᠷᠢ᠂ ᠰᠦᠰᠣ ᠵᠣᠷᠢᠭ᠂ ᠣᠬᠠᠭᠠᠯᠢᠭ ᠶᠠᠪᠣᠭᠰᠠᠨ ᠤ ᠬᠢᠨᠢ ᠠᠴᠢ ᠬᠠᠷᠢᠭᠤ ᠭᠡᠬᠦ ᠳᠤ ᠠᠬᠠᠳᠠᠬᠤ ᠦᠭᠡᠢ ᠶᠣᠮᠰᠠᠨ᠃ ᠳᠡᠷᠡ ᠮᠠᠨᠢ ᠠᠳᠠᠯ ᠠᠮᠢᠳᠣᠷᠠᠯ ᠳᠠᠭᠠᠨ ᠮᠦᠨᠬᠦ ᠴᠢᠷᠮᠠᠭᠰᠠᠶᠢᠭᠠᠷ᠂ ᠢᠷᠡᠭᠡᠳᠦᠢ ᠶᠢᠨ ᠰᠠᠶᠢᠨ ᠰᠠᠶᠢᠬᠠᠨ ᠳᠤ ᠨᠣᠳᠤᠭ ᠠᠮᠢ ᠪᠠᠨ ᠬᠤᠯᠪᠣᠭᠰᠠᠭᠠᠷ ᠁ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号