ᠦᠡᠭ ᠦᠷᠬᠡᠨ ᠠᠯᠠᠱᠠ ᠤᠯᠳᠠᠬᠤᠶ᠎ᠠ ᠪᠡᠷᠬᠡ ᠨᠤᠳᠤᠭ ᠃ ᠡᠨᠡᠬᠦ 2 ᠲᠦᠮᠡᠨ ᠬᠠᠪᠳᠠᠭᠠᠢ ᠳᠦᠷᠪᠡᠯᠵᠢᠨ ᠺᠢᠯᠤᠮᠧᠲᠷ | ᠨᠤᠳᠤᠭ ᠳᠡᠪᠢᠰᠬᠡᠷ ᠳᠡᠬᠡᠷ᠎ᠠ ᠮᠤᠩᠭᠤᠯ ᠬᠢᠳᠡᠳ ᠬᠤᠳᠤᠩ ᠮᠠᠨᠵᠦ ᠵᠡᠷᠬᠡ 28 ᠦᠨᠳᠦᠰᠦᠳᠡᠨ ᠠᠵᠦ ᠳᠦᠷᠦᠵᠦ᠂ | ᠬᠠᠷᠢᠯᠴᠠᠨ ᠰᠤᠷᠤᠯᠴᠠᠨ᠂ ᠬᠠᠷᠢᠯᠴᠠᠨ ᠬᠠᠮᠵᠢᠯᠴᠠᠵᠦ᠂ ᠬᠠᠮᠳᠤᠪᠠᠷ ᠲᠠᠪᠰᠢᠨ ᠦᠵᠡᠰᠬᠦᠯᠡᠩᠳᠦ ᠰᠠᠶᠢᠬᠠᠨ ᠠᠯᠠᠱᠠ | ᠨᠤᠳᠤᠭ ᠢᠶᠠᠨ ᠪᠦᠳᠦᠬᠡᠨ ᠪᠠᠶᠢᠭᠤᠯᠵᠤ᠂ ᠠᠵᠠ ᠵᠢᠷᠭᠠᠯᠳᠤ ᠠᠮᠢᠳᠤᠷᠠᠯ ᠢᠶᠠᠨ ᠴᠤᠭᠴᠠᠯᠠᠨ ᠪᠠᠶᠢᠭᠤᠯᠵᠤ ᠪᠠᠶᠢᠳᠠᠭ | ᠪᠢᠯᠡ᠃ | | | | ᠸᠠᠩ ᠢ ᠨᠢᠶᠠᠨ ᠭᠠᠨᠰᠦ ᠶᠢᠨ ᠮᠢᠨ ᠴᠢᠨ ᠨᠤᠳᠤᠭᠳᠠᠢ ᠬᠦᠮᠦᠨ᠃ ᠠᠯᠠᠱᠠ ᠳᠤ ᠵᠢᠷᠠᠭᠠᠳ ᠵᠢᠯ ᠠᠮᠢᠳᠤᠷᠠᠬᠤ ᠳᠠᠭᠠᠨ | ᠮᠤᠩᠭᠤᠯ ᠦᠨᠳᠦᠰᠦᠳᠡᠨ ᠠᠴᠠ ᠮᠠᠯᠵᠢᠬᠤ ᠤᠷᠤᠨ ᠳᠤ ᠤᠷᠤᠰᠢᠨ ᠠᠮᠢᠳᠤᠷᠠᠬᠤ ᠶᠢᠨ ᠠᠷᠭ᠎ᠠ ᠤᠬᠠᠭᠠᠨ᠂ ᠶᠤᠰᠦ | ᠵᠠᠩᠰᠢᠯ ᠢ ᠤᠯᠵᠤ ᠰᠤᠷᠤᠭᠰᠠᠨ ᠪᠦᠬᠡᠳ ᠴᠠᠶᠢᠯᠭᠠᠨ ᠰᠡᠳᠬᠢᠯᠳᠦ ᠮᠤᠩᠭᠤᠯ ᠳᠦᠮᠡᠨ ᠤ ᠬᠠᠯᠠᠭᠤᠨ ᠳᠡᠮᠵᠢᠯᠭᠡ ᠶᠢ | ᠤᠯᠠᠨᠳᠠ ᠬᠦᠷᠳᠡᠵᠦ ᠶᠠᠪᠤᠭᠰᠠᠨ ᠬᠦᠮᠦᠨ ᠶᠤᠮ᠃ ᠳᠡᠷᠡ ᠡᠨᠡ ᠨᠤᠳᠤᠭ ᠤᠨ ᠬᠦᠮᠤᠨ ᠠᠷᠠᠳ ᠲᠤ ᠳᠠᠯᠠᠷᠬᠠᠵᠦ᠂ | ᠦᠪᠡᠷ ᠤᠨ ᠰᠤᠷᠤᠭᠰᠠᠨ ᠮᠡᠳᠡᠭᠰᠡᠨ ᠢᠶᠠᠨ ᠬᠠᠷᠠᠮ ᠦᠬᠡᠢ ᠪᠠᠷ ᠮᠠᠯᠴᠢᠨ ᠳᠦᠮᠡᠨ ᠳᠤ ᠵᠢᠭᠠᠵᠦ ᠦᠭᠴᠦ᠂ ᠦᠪᠡᠷ | ᠤᠨ ᠴᠢᠳᠠᠯ ᠢᠶᠠᠷ ᠢᠶᠠᠨ ᠬᠠᠷᠢᠭᠤ ᠳᠤᠰᠠ ᠳᠡᠮ ᠬᠦᠷᠬᠡᠬᠦ ᠪᠠᠷ ᠴᠢᠷᠮᠠᠶᠢᠵᠦ ᠶᠠᠪᠤᠭᠰᠠᠨ ᠤ ᠨᠢᠬᠡᠨ ᠶᠤᠮ᠃ ᠳᠡᠬᠦᠨ ᠤ | ᠦᠯᠢᠬᠡᠷ ᠨᠢ ᠠᠯᠠᠱᠠ ᠶᠢᠨ 26 ᠳᠦᠮᠡᠨ ᠬᠦᠮᠦᠨ ᠠᠷᠠᠳ ᠤᠨ ᠪᠦᠯᠬᠦᠮᠳᠡᠨ ᠳᠡᠮᠡᠴᠡᠭᠰᠡᠨ ᠰᠡᠳᠬᠢᠯ ᠬᠦᠳᠡᠯᠬᠡᠮ᠎ᠠ | ᠦᠯᠢᠬᠡᠷ ᠤᠨ ᠳᠤᠮᠳᠠ ᠨᠡᠶᠢᠳᠡᠯᠢᠭ ᠬᠠᠷᠠᠭᠳᠠᠬᠤ ᠵᠢᠱᠢᠶ᠎ᠠ ᠪᠠᠶᠢᠭ᠎ᠠ ᠪᠢᠯᠡ᠃ | | | ᠸᠠᠩ ᠢ ᠨᠢᠶᠠᠨ ᠡᠨᠡ ᠵᠢᠯ 72 ᠨᠠᠰᠣ ᠲᠠᠢ᠂ ᠠᠯᠠᠱᠠ ᠵᠡᠬᠦᠨ ᠬᠤᠰᠢᠭᠤᠨ ᠤ ᠴᠣᠭᠳᠣᠬᠦ᠋ᠷᠢᠶ᠎ᠡ ᠰᠣᠮᠣᠨ ᠤ ᠵᠠᠭᠳᠣ | ᠭᠠᠴᠠᠭᠠᠨ ᠤ ᠮᠠᠯᠴᠢᠨ᠂ 1959 ᠣᠨ ᠳᠤ ᠭᠠᠨᠰᠣ ᠶᠢᠨ ᠮᠢᠨ ᠴᠢᠨ ᠰᠢᠶᠠᠨ ᠠᠴᠠ ᠨᠠᠭᠠᠰᠢ ᠠᠯᠠᠱᠠ ᠳᠤ | ᠢᠷᠡᠵᠡᠢ᠃ ᠳᠡᠷᠡᠪᠡᠷ ᠠᠩᠬ᠎ᠠ ᠠᠯᠠᠱᠠ ᠳᠤ ᠢᠷᠡᠭᠡᠳ ᠴᠣᠯ ᠮᠠᠯᠵᠢᠬᠤ ᠣᠷᠣᠨ ᠤ ᠦᠢᠯᠡᠳᠪᠦᠷᠢᠯᠡᠯ ᠠᠮᠢᠳᠣᠷᠠᠯ ᠢ | ᠣᠶᠢᠯᠠᠭᠠᠬᠤ ᠦᠭᠡᠢ᠂ ᠮᠡᠳᠡᠬᠦ ᠦᠭᠡᠢ ᠪᠠᠶᠢᠭᠰᠠᠨ ᠢᠶᠠᠨ ᠮᠣᠩᠭᠤᠯ ᠬᠦᠮᠣᠨ ᠠᠴᠠ ᠬᠤᠨᠢ ᠶᠠᠭᠠᠬᠢᠵᠦ ᠬᠠᠷᠢᠭᠤᠯᠬᠤ᠂ | ᠳᠡᠮᠡᠭᠡ ᠶᠠᠭᠠᠬᠢᠵᠣ ᠮᠠᠯᠯᠠᠬᠤ᠂ ᠬᠤᠨᠢ ᠬᠠᠶᠢᠴᠢᠯᠠᠬᠤ᠂ ᠢᠮᠠᠭ᠎ᠠ ᠰᠠᠮᠨᠠᠬᠤ᠂ ᠳᠡᠮᠡᠭᠡ ᠵᠣᠭᠳᠣᠷᠯᠠᠬᠤ ᠠᠴᠠ ᠡᠬᠢᠯᠡᠨ | ᠬᠦᠮᠡᠯᠢ ᠶᠠᠭᠠᠬᠢᠵᠣ ᠳᠠᠪᠣᠰᠣᠯᠠᠬᠤ᠂ ᠴᠠᠭᠠᠨ ᠢᠳᠡᠭᠡ ᠶᠠᠭᠠᠬᠢᠵᠦ ᠬᠢᠬᠦ᠂ ᠮᠠᠯ ᠵᠠᠷᠤᠵᠤ ᠳᠤᠳᠤᠷ ᠬᠡᠳᠡᠰᠦ ᠠᠷᠢᠯᠭᠠᠬᠤ | ᠬᠦᠷᠳᠡᠯ᠎ᠠ ᠠᠮᠢᠳᠣᠷᠠᠯ ᠦᠢᠯᠡᠳᠪᠦᠷᠢᠯᠡᠯ ᠤᠨ ᠤᠯᠠᠨ ᠳᠠᠯ᠎ᠠ ᠶᠢ ᠰᠣᠷᠴᠣ ᠡᠵᠡᠮᠰᠢᠨ᠂ ᠮᠠᠯᠵᠢᠬᠤ ᠣᠷᠣᠨ ᠤ | ᠠᠮᠢᠳᠣᠷᠠᠯ ᠤᠨ ᠵᠠᠩ ᠳᠠᠳᠬᠠᠯ᠂ ᠦᠢᠯᠡᠳᠪᠦᠷᠢᠯᠡᠯ ᠤᠨ ᠠᠷᠭ᠎ᠠ ᠠᠪᠴᠠᠯ᠂ ᠮᠣᠩᠭᠤᠯ ᠬᠦᠮᠣᠨ ᠤ ᠣᠬᠠᠭᠠᠨ | ᠰᠡᠳᠦᠪᠦᠷᠢ ᠶᠢ ᠨᠠᠷᠢᠨ ᠨᠢᠮᠪᠠᠢ ᠰᠣᠷᠴᠣ᠂ ᠠᠮᠢᠳᠣᠷᠠᠯ ᠢᠶᠠᠨ ᠦᠭᠡᠳᠡ ᠳᠠᠳᠠᠵᠣ ᠢᠷᠡᠵᠡᠢ᠃ ᠳᠡᠶᠢᠨᠬᠦ ᠳᠡᠷᠠ ᠮᠠᠨᠢ | ᠬᠦᠷᠰᠢ ᠵᠡᠷᠭᠡᠯᠡᠳᠡᠭᠡ ᠰᠠᠭᠤᠭ᠎ᠠ ᠮᠠᠯᠴᠢᠳ ᠲᠠᠭᠠᠨ ᠦᠪᠡᠷ ᠤᠨ ᠢᠶᠠᠨ ᠮᠡᠳᠡᠳᠡᠭ ᠴᠢᠳᠠᠳᠠᠭ ᠢᠶᠠᠨ ᠬᠠᠷᠠᠮ ᠦᠭᠡᠢ | ᠵᠢᠭᠠᠵᠣ᠂ ᠬᠠᠪᠰᠣᠷᠴᠣ᠂ ᠪᠦᠯᠬᠦᠮᠳᠠᠯ ᠲᠠᠢ ᠰᠠᠶᠢᠬᠠᠨ ᠶᠠᠪᠣᠯᠴᠠᠵᠣ᠂ ᠠᠵᠢᠯ ᠬᠦᠳᠡᠯᠮᠣᠷᠢ᠂ ᠠᠮᠢᠳᠣᠷᠠᠯ ᠳᠠᠭᠠᠨ | ᠠᠷᠭ᠎ᠠ ᠣᠬᠠᠭᠠᠨ ᠢᠶᠠᠨ ᠰᠣᠯᠢᠯᠴᠠᠨ᠂ ᠠᠵᠢᠯ ᠢᠶᠠᠨ ᠬᠠᠮᠳᠣᠪᠡᠷ ᠬᠠᠪᠰᠣᠷᠣᠯᠴᠠᠨ ᠬᠢᠵᠣ ᠪᠠᠶᠢᠭᠰᠠᠨ᠃ ᠸᠠᠩ ᠢ | ᠨᠢᠶᠠᠨ ᠮᠠᠯᠴᠢᠳ ᠲᠤ ᠪᠠᠶᠢᠰᠢᠩ ᠪᠠᠷᠢᠬᠤ ᠰᠢᠪᠡᠷ ᠤᠨ ᠠᠵᠢᠯ ᠠᠴᠠ ᠡᠬᠢᠯᠡᠬᠦᠯᠣᠨ᠂ ᠳᠠᠷᠢᠶᠠᠯᠠᠩ ᠤᠨ ᠠᠵᠢᠯ᠂ | ᠪᠣᠭᠤᠷᠰᠤᠭ ᠬᠢᠬᠦ᠂ ᠬᠢᠳᠠᠳ ᠬᠤᠭᠤᠯᠠ ᠤᠮᠳᠠ ᠬᠢᠬᠦ ᠵᠡᠷᠬᠡ ᠪᠠᠨ ᠵᠢᠭᠠᠬᠤ ᠪᠤᠶᠤ ᠬᠢᠵᠦ ᠦᠭᠬᠦᠨ ᠬᠠᠪᠰᠤᠷᠴᠦ | ᠪᠠᠶᠢᠪᠠ᠃ ᠳᠡᠷᠡᠪᠡᠷ16 ᠨᠠᠰᠣᠨ ᠠᠴᠠ ᠪᠠᠨ ᠡᠬᠢᠯᠡᠨ ᠠᠶᠠᠨ ᠳᠤ ᠶᠠᠪᠣᠨ᠂ ᠴᠠᠭᠠᠨᠪᠣᠯᠠᠭ ᠠᠴᠠ ᠭᠠᠷᠴᠣ ᠳᠠᠪᠣᠰᠣᠨ | ᠭᠤᠷᠤᠬ᠎ᠠ ᠳᠤ ᠣᠷᠣᠵᠣ ᠳᠠᠪᠣᠰᠣ ᠪᠠᠨ ᠠᠴᠢᠭᠠᠳ ᠣᠨᠳᠣᠷᠣᠯᠳᠣ ᠳᠠᠶᠢᠰᠢ ᠶᠠᠪᠣᠳᠠᠭ᠃ 20 ᠴᠦᠷᠭᠡ ᠳᠡᠮᠡᠭᠡ | ᠪᠠᠷ12 ᠡᠳᠣᠷ ᠲᠤ ᠨᠢᠭᠡ ᠡᠷᠬᠢᠵᠣ ᠢᠷᠡᠳᠡᠭ ᠪᠠᠶᠢᠵᠡᠢ᠃ ︽1967 ᠣᠨ ᠳᠤ ᠨᠣᠳᠤᠭ ᠤᠨ ᠪᠠᠶᠢᠷᠢ ᠪᠡᠯᠴᠢᠭᠡᠷ | ᠰᠠᠶᠢᠨ᠂ ᠴᠠᠭᠠᠨᠪᠣᠯᠠᠭ ᠤᠨ ᠳᠠᠪᠣᠰᠣᠨ ᠭᠤᠷᠤᠬ᠎ᠠ ᠳᠤ ᠭᠤᠪᠢ ᠶᠢᠨ ᠠᠶᠠᠨ ᠤ ᠳᠡᠮᠡᠭᠡ ᠴᠣᠭᠯᠠᠷᠠᠵᠣ᠂ ᠪᠠᠷᠤᠭ | 15000 ᠳᠡᠮᠡᠭᠡ ᠪᠠᠶᠢᠯ᠎ᠠ ᠭᠡᠵᠣ ᠬᠦᠮᠣᠰ ᠭᠡᠯᠡᠯᠴᠡᠵᠣ ᠪᠠᠶᠢᠭᠰᠠᠨ︾ ᠭᠡᠵᠣ ᠸᠠᠩ ᠢ ᠨᠢᠶᠠᠨ ᠣᠴᠢᠷᠯᠠᠨ᠎ᠠ᠃ ᠸᠠᠩ | ᠢ ᠨᠢᠶᠠᠨ ᠠᠯᠠᠱᠠ ᠳᠤ ᠢᠷᠡᠬᠡᠳ ᠰᠤᠷᠭᠠᠭᠤᠯᠢ ᠳᠤ ᠰᠠᠭᠤᠨ ᠪᠢᠴᠢᠭ ᠦᠵᠡᠭᠰᠡᠨ ᠤ ᠰᠠᠶᠢᠨ ᠢᠶᠠᠷ 1969 ᠣᠨ | ᠠᠴᠠ 1983 ᠣᠨ ᠪᠣᠯᠳᠠᠯ᠎ᠠ ᠠᠷᠠᠳ ᠠᠴᠠ ᠡᠷᠬᠢᠯᠡᠭᠰᠡᠨ ᠰᠣᠷᠭᠠᠭᠤᠯᠢ ᠳᠤ ᠪᠠᠭᠰᠢᠯᠠᠵᠣ ᠪᠠᠶᠢᠵᠡᠢ᠃ ᠰᠡᠬᠦᠯᠡᠷ ᠨᠢ | ᠮᠠᠯ ᠰᠦᠷᠦᠭ ᠳᠠᠭᠠᠭᠠᠴᠢᠯᠠᠨ ᠮᠠᠯ ᠠᠵᠦ ᠠᠬᠤᠢ ᠡᠷᠬᠢᠯᠡᠭᠰᠡᠨ ᠪᠠᠶᠢᠨ᠎ᠠ᠃ ᠳᠡᠷᠡᠪᠡᠷ ᠪᠠᠶᠠᠵᠢᠵᠤ 500 ᠭᠠᠷᠦᠢ ᠪᠣᠭ | ᠮᠠᠯ᠂ ᠵᠢᠷᠠᠭᠠᠳ ᠳᠡᠮᠡᠭᠡ ᠲᠠᠢ᠂ ᠠᠷᠪᠠᠭᠠᠳ ᠦᠭᠡᠷ ᠲᠠᠢ ᠵᠡᠬᠢᠰᠭᠡᠭᠰᠡᠨ ᠰᠠᠶᠢᠬᠠᠨ ᠠᠮᠢᠳᠤᠷᠠᠯ ᠲᠠᠢ ᠠᠶᠢᠯ ᠪᠤᠯᠵᠤ | ᠠᠮᠢᠳᠤᠷᠠᠵᠠᠢ᠃ ᠳᠡᠭᠡᠭᠡᠳ ᠦᠪᠡᠷ ᠢᠶᠠᠨ ᠪᠠᠶᠠᠵᠢᠭᠰᠠᠨ ᠴᠦ ᠤᠶᠢᠷ᠎ᠠ ᠵᠡᠷᠬᠡᠯᠡᠳᠡᠭᠡ ᠠᠶᠢᠯ ᠢᠶᠠᠨ ᠮᠠᠷᠳᠠᠭᠰᠠᠨ ᠦᠬᠡᠢ | ᠂ ᠬᠦᠴᠢᠷᠳᠡᠯ ᠲᠠᠢ ᠦᠶ᠎ᠠ ᠳᠤᠨᠢ ᠬᠠᠪᠰᠤᠷᠴᠦ ᠳᠡᠮᠵᠢᠵᠦ ᠶᠠᠪᠤᠵᠡᠢ᠃ ᠤᠷᠢᠳ ᠬᠤᠵᠢᠳ ᠭᠠᠴᠠᠭᠠᠨ ᠤ ᠪᠠᠨ | ᠠᠷᠪᠠᠭᠠᠳ ᠠᠶᠢᠯ ᠳᠤ 10 ᠭᠠᠷᠦᠢ ᠳᠦᠮᠡᠨ ᠳᠦᠬᠦᠷᠢᠭ ᠵᠢᠭᠡᠯᠡᠵᠣ ᠦᠭᠴᠣ ᠪᠠᠶᠢᠵᠡᠢ᠃ ︽ᠳᠡᠮ ᠳᠡᠮ ᠳᠡᠭᠡᠨ︾ | ᠭᠡᠭᠴᠢ ᠪᠠᠷ ᠸᠠᠩ ᠢ ᠨᠢᠶᠠᠨ ᠠᠶᠢᠯ ᠵᠡᠷᠭᠡᠯᠡᠳᠡᠭᠡ᠂ ᠭᠠᠴᠠᠭ᠎ᠠ ᠨᠡᠶᠢᠳᠡ ᠶᠢᠨ ᠳᠣᠮᠳᠠ ᠬᠠᠪᠰᠣᠷᠣᠯᠭ᠎ᠠ ᠴᠢᠷᠮᠠᠶᠢᠯᠭ᠎ᠠ | ᠲᠠᠢ ᠪᠠᠶᠢᠳᠠᠭ ᠢᠶᠠᠷ ᠢᠶᠠᠨ ᠪᠣᠰᠣᠳ ᠤᠨ ᠢᠳᠡᠬᠡᠯ ᠨᠠᠶᠢᠳᠠᠪᠣᠷᠢ ᠶᠢ ᠣᠯᠵᠣ ᠶᠠᠪᠣᠭᠰᠠᠨ ᠪᠠᠶᠢᠯ᠎ᠠ᠃ ᠡᠬᠦᠪᠡᠷ ᠪᠠᠷᠠᠬᠤ | ᠦᠭᠡᠢ᠂ ᠦᠨᠳᠣᠰᠣᠳᠡᠨ ᠤ ᠭᠡᠯᠡ ᠶᠠᠷᠢᠶᠠᠨ ᠤ ᠳᠠᠯ᠎ᠠ ᠪᠠᠷ ᠮᠣᠩᠭᠤᠯ ᠭᠡᠯᠡ ᠬᠢᠳᠡᠳ ᠭᠡᠯᠡ ᠶᠢ ᠨᠢᠭᠡ ᠨᠢᠭᠡ ᠳᠡᠭᠡᠨ | ᠵᠢᠭᠠᠵᠣ᠂ ᠬᠠᠷᠢᠯᠴᠠᠨ ᠰᠣᠷᠴᠣ᠂ ᠣᠳᠣ ᠪᠣᠯᠬᠤ ᠳᠤ ᠸᠠᠩ ᠢ ᠨᠢᠶᠠᠨ ᠮᠣᠩᠭᠤᠯ ᠦᠭᠡ ᠶᠢ ᠣᠷᠣᠰᠣᠮ᠎ᠠ ᠶᠠᠷᠢᠳᠠᠭ | ᠪᠦᠭᠡᠳ ᠮᠣᠩᠭᠤᠯ ᠣᠷᠳᠣ ᠶᠢᠨ ᠳᠠᠭᠤᠣ ᠶᠢ ᠣᠶᠠᠩᠭᠠᠯᠠᠭᠤᠯᠣᠨ ᠳᠠᠭᠤᠯᠠᠴᠢᠬᠠᠭᠠᠳ ᠱᠣᠮᠳᠠᠶᠢᠬᠠᠨ ᠭᠡᠭᠴᠢ ᠰᠠᠭᠤᠨ᠎ᠠ | ᠃ | | | | ᠸᠠᠩ ᠢ ᠨᠢᠶᠠᠨ ᠣᠳᠣ ᠳᠦᠷᠦ ᠶᠢᠨ ᠪᠤᠳᠤᠯᠭ᠎ᠠ ᠶᠢ ᠳᠠᠭᠠᠵᠦ ᠮᠠᠯ ᠢᠶᠠᠨ ᠴᠦᠭᠡᠳᠭᠡᠭᠡᠳ ᠬᠦᠭᠰᠢᠨ ᠲᠠᠢ ᠪᠠᠨ | ᠬᠤᠶᠠᠭᠤᠯᠠ ᠣᠯᠠᠭᠠᠨ ᠭᠤᠶᠣᠣ ᠮᠠᠯᠳᠠᠨ᠂ ᠨᠣᠳᠤᠭ ᠣᠰᠣᠨ ᠤ ᠪᠣᠶᠠᠨ᠂ ᠨᠠᠮ ᠵᠠᠰᠠᠭ ᠤᠨ ᠳᠦᠷᠣ ᠶᠢᠨ ᠪᠣᠳᠣᠯᠭ᠎ᠠ | ᠶᠢᠨ ᠰᠠᠶᠢᠨ ᠢᠶᠠᠷ ᠦᠳᠡᠯᠦᠭᠡ ᠨᠠᠰᠣ ᠪᠠᠨ ᠵᠢᠷᠭᠠᠯᠳᠠᠢ ᠦᠩᠭᠡᠷᠡᠬᠦᠯᠵᠦ ᠪᠠᠶᠢᠨ᠎ᠠ᠃ ᠤᠩᠰᠢᠭᠴᠢ ᠳᠠᠨᠠᠷ ᠮᠠᠨᠢ ᠸᠢᠳᠢᠤ᠋ | ᠰᠢᠩᠭᠡᠭᠡᠯᠳᠡ ᠠᠴᠠ ᠳᠡᠬᠦᠨ ᠤ ᠰᠡᠳᠬᠢᠯ ᠤᠨ ᠦᠬᠡ ᠶᠢ ᠰᠤᠨᠤᠰᠤᠭᠠᠷᠠᠢ᠃ | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |