ᠬᠦᠳᠡᠭᠡ ᠨᠣᠳᠤᠭ ᠤᠨ ᠭᠡᠣᠭᠡᠳ
ᠨᠡᠶᠢᠲᠡᠯᠡᠭᠰᠡᠨ ᠴᠠᠭ᠄
2021/6/21
ᠠᠭᠠᠷ ᠨᠢ ᠠᠷᠢᠭᠤᠬᠠᠨ᠂ ᠠᠭᠤᠯᠠᠰ ᠡᠬᠦᠯᠡᠰ ᠨᠢ ᠳᠣᠳᠣᠬᠠᠨ ᠬᠦᠳᠡᠭᠡ ᠨᠣᠳᠤᠭ ᠤᠨ ᠴᠡᠩᠭᠡᠭ ᠠᠮᠢᠰᠬᠤᠯ ᠳᠤ  ᠪᠦᠪᠡᠶᠢᠯᠡᠭᠳᠡᠨ ᠦᠰᠦᠭᠰᠡᠨ ᠭᠡᠣᠭᠡᠳ ᠭᠡᠵᠣ ᠶᠠᠭᠤᠳᠠᠢ ᠵᠢᠷᠭᠠᠯᠳᠠᠢ ᠠᠵᠢ︕ ᠡᠶᠢᠨᠬᠦ ᠬᠦᠳᠡᠭᠡ ᠨᠣᠳᠤᠭ ᠲᠠᠭᠠᠨ ᠪᠠᠶᠠᠷ ᠪᠠᠶᠠᠰᠣᠯ ᠲᠠᠢ᠂ ᠡᠷᠡᠬᠦᠯ ᠡᠩᠭᠡ ᠪᠠᠷ ᠳᠣᠷᠨᠢᠨ ᠦᠰᠴᠣ ᠶᠠᠪᠣᠭ᠎ᠠ ᠪᠢᠴᠢᠬᠠᠨ ᠬᠤᠶᠠᠷ ᠵᠢᠭᠠᠯ ᠤᠨ ᠪᠠᠶᠠᠷᠳᠣ ᠴᠠᠭ ᠮᠦᠴᠠ ᠶᠢ ᠰᠡᠬᠦᠳᠡᠷᠯᠡᠨ ᠦᠯᠡᠳᠡᠭᠡᠭᠰᠡᠨ ᠶᠤᠮ ᠡ᠃ ᠬᠦᠳᠡᠭᠡ ᠨᠣᠳᠤᠭ ᠤᠨ ᠭᠡᠣᠭᠡᠳ ᠭᠡᠵᠣ᠂ ᠪᠣᠷᠣᠯᠠᠵᠣ ᠬᠠᠷᠠᠯᠠᠭᠰᠠᠨ ᠴᠢᠷᠠᠢ ᠠᠴᠠ ᠨᠢ ᠡᠩᠭᠡ ᠵᠢᠷᠭᠠᠯ ᠤᠨ ᠳᠣᠶᠠᠭ᠎ᠠ ᠳᠣᠰᠣᠨ᠎ᠠ᠂ ᠡᠷᠬᠢᠵᠣ ᠣᠯᠳᠠᠬᠤ ᠦᠭᠡᠢ ᠪᠠᠶᠢᠭᠠᠯᠢ ᠰᠢᠮ᠎ᠡ ᠪᠠᠷ ᠳᠡᠳᠡ ᠢᠪᠡᠭᠡᠭᠳᠡᠨ ᠪᠣᠶᠢᠵᠢᠨ᠎ᠡ᠃
ᠦᠩᠳᠡᠢ᠂ 2 ᠨᠠᠰᠣ 10 ᠰᠠᠷ᠎ᠠ ᠲᠠᠢ ᠵᠢᠭᠠᠯ ᠬᠦᠣ᠃ ᠭᠡᠷ ᠲᠡᠭᠡᠨ ᠳᠣᠭᠯᠠᠵᠣ ᠰᠠᠭᠤᠬᠤ ᠳᠤ ᠭᠡᠨ ᠠᠴᠠ ᠴᠦ ᠢᠯᠡᠬᠦᠣ ᠳᠣᠭᠯᠠᠭᠠᠮ ᠲᠠᠢ᠂ ᠭᠡᠷ ᠠᠴᠠ ᠪᠠᠨ ᠭᠠᠷᠣᠮᠠᠭᠴᠠ ᠠᠳᠬᠤᠬᠤ ᠰᠢᠷᠦᠢ ᠠᠴᠠ ᠡᠬᠢᠯᠡᠬᠦᠯᠣᠨ ᠴᠢᠯᠠᠭᠤ ᠪᠠᠷ ᠨᠠᠭᠠᠳᠴᠣ᠂ ᠴᠡᠴᠡᠭ ᠡᠪᠡᠰᠣ ᠢ ᠳᠠᠭᠠᠯᠠᠨ᠂ ᠪᠦᠮᠪᠦᠭᠡᠷ ᠴᠠᠭᠠᠨ ᠬᠤᠷᠠᠭ᠎ᠠ ᠪᠠᠷ ᠢᠶᠠᠨ ︽ᠨᠠᠶᠢᠵᠠ︾᠎ ᠪᠠᠨ ᠪᠣᠯᠭᠠᠭᠰᠠᠨ ᠪᠢᠴᠢᠬᠠᠨ ᠬᠦᠣ ᠮᠢᠨᠢ ᠡᠳᠣᠷᠵᠢᠨ ᠨᠠᠷᠠ ᠰᠠᠯᠬᠢᠨ ᠳᠤ ᠦᠯᠢᠶᠡᠭᠳᠡᠨ ᠪᠠᠶᠠᠷ ᠬᠦᠷ ᠲᠠᠢ᠂ ᠡᠷᠡᠬᠦᠯ ᠰᠠᠶᠢᠬᠠᠨ ᠢᠶᠠᠷ ᠳᠣᠷᠨᠢᠨ ᠦᠰᠦᠨ᠎ᠡ᠃
ᠴᠢᠦᠢ ᠽᠧ ᠴᠧᠩ᠂ 3 ᠨᠠᠰᠣ 3 ᠰᠠᠷ᠎ᠠ ᠲᠠᠢ᠂ ᠭᠤᠷᠪᠠᠨ ᠨᠠᠰᠣ ᠬᠦᠷᠳᠡᠯ᠎ᠡ ᠨᠢᠭᠡ ᠯᠠ ᠣᠳᠠᠭ᠎ᠠ ᠬᠢᠮᠣᠷᠠᠭ᠎ᠠ ᠳᠤ ᠨᠡᠷᠪᠡᠭᠳᠡᠭᠰᠡᠨ ᠵᠢᠭᠠᠯ ᠬᠦᠣ᠃ ᠬᠦᠮᠡᠯᠢ ᠶᠢᠨ ᠳᠠᠭ ᠭᠡᠰᠣᠨ ᠠᠮᠢᠳᠠᠨ ᠬᠤᠷᠣᠬᠠᠢ ᠪᠠᠷᠢᠬᠤ ᠭᠡᠵᠣ ᠨᠢᠭᠡ ᠬᠦᠶᠦᠨ᠎ᠡ᠂ ᠪᠢᠴᠢᠬᠠᠨ ᠮᠠᠰᠢᠨ ᠢᠶᠠᠷ ᠢᠶᠠᠨ ᠡᠯᠡᠰᠣ ᠲᠠᠢ ᠭᠠᠵᠠᠷ ᠢᠶᠠᠷ ᠵᠢᠯᠣᠭᠤᠳᠴᠣ ᠭᠡᠰᠡᠭ ᠶᠠᠪᠣᠨ᠎ᠠ ᠁ ᠮᠦᠨᠬᠦ‍ ᠨᠢᠭᠡ ᠡᠳᠣᠷ ᠬᠦᠳᠡᠭᠡ ᠭᠠᠳᠠᠨ᠎ᠠ ᠡᠨᠡ ᠳᠡᠷᠡ ᠭᠡᠭᠰᠡᠭᠡᠷ ᠪᠠᠶᠢᠭᠠᠳ ᠠᠮᠢᠳᠠᠨ ᠰᠢᠪᠠᠵᠢ᠂ ᠰᠢᠪᠠᠷ ᠣᠰᠣ᠂ ᠳᠠᠬᠢᠶ᠎ᠠ ᠨᠣᠬᠠᠢ ᠵᠡᠷᠭᠡ ᠪᠠᠷ ᠨᠠᠭᠠᠳᠣᠭᠠᠢ ᠪᠠᠨ ᠬᠢᠵᠣ᠂ ᠬᠦᠳᠡᠭᠡ ᠶᠢᠨ ᠬᠦᠨ ᠴᠡᠩᠭᠡᠷ ᠠᠮᠢᠰᠬᠤᠯ ᠳᠣᠣᠷ᠎ᠠ ᠪᠠᠭ᠎ᠠ ᠨᠠᠰᠣ ᠪᠠᠨ ᠦᠨᠡᠭᠡᠷ ᠡᠷᠡᠬᠦᠯ ᠰᠠᠶᠢᠬᠠᠨ᠂ ᠵᠣᠯ ᠵᠢᠷᠭᠠᠯ ᠳᠦᠬᠦᠷᠡᠩ ᠦᠩᠭᠡᠷᠡᠬᠦᠯᠦᠨ᠎ᠡ ᠪᠢᠯᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ        
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号