ᠪᠦᠭᠡᠷ᠎ᠡ ᠶᠢ ᠲᠠᠮᠢᠷᠵᠢᠭᠤᠯᠬᠤ4 ᠵᠤᠶᠢᠯ ᠤᠨ ᠢᠳᠡᠭᠡᠨ
ᠨᠡᠶᠢᠲᠡᠯᠡᠭᠰᠡᠨ ᠴᠠᠭ᠄
2022/11/4
            ᠶᠡᠷᠦ ᠶᠢᠨ ᠦᠬᠡᠨ ᠳᠤ᠂ ᠡᠷᠡᠭᠳᠡᠢ ᠬᠦᠮᠦᠨ ᠡᠯᠢᠬᠡ ᠬᠡᠮᠳᠦᠬᠦ ᠠᠴᠠ ᠠᠶᠤᠵᠤ᠂ ᠡᠮᠡᠭᠳᠡᠢ ᠬᠦᠮᠦᠨ ᠪᠦᠭᠡᠷ᠎ᠡ ᠬᠡᠮᠳᠦᠬᠦ ᠎ ᠠᠴᠠ ᠠᠶᠤᠨ᠎ᠠ᠃ ᠡᠮᠡᠭᠳᠡᠢ ᠬᠦᠮᠦᠨ ᠳᠤ ᠠᠪᠴᠤ ᠬᠡᠯᠡᠪᠡᠯ ᠪᠦᠭᠡᠷ᠎ᠡ ᠨᠢ ᠲᠦᠢᠯ ᠤᠨ ᠴᠢᠬᠤᠯᠠ ᠪᠠᠶᠢᠵᠤ᠂ ᠡᠮᠡᠭᠳᠡᠢ ᠬᠦᠮᠦᠨ ᠰᠠᠷ᠎ᠠ ᠪᠦᠷᠢ ᠶᠢᠨ ᠰᠠᠷ᠎ᠠ ᠶᠢᠨ ᠭᠬᠢᠷ ᠢ ᠦᠩᠬᠡᠷᠡᠬᠦᠯᠦᠨ᠎ᠡ᠂ ᠠᠷᠪᠠᠨ ᠰᠠᠷ᠎ᠠ ᠶᠢᠨ ᠵᠢᠷᠮᠦᠰᠦᠨ ᠬᠤᠭᠤᠴᠠᠭ᠎ᠠ ᠠᠴᠠ ᠬᠦᠩᠬᠡᠵᠢᠬᠦ       ᠬᠦᠷᠳᠡᠯ᠎ᠡ ᠴᠦᠮ ᠪᠦᠬᠡᠷ᠎ᠡ ᠶᠢᠨ ᠲᠠᠮᠢᠷ ᠢ ᠮᠠᠭᠤᠳᠠᠭᠤᠯᠤᠨ᠎ᠠ᠃ ᠬᠡᠷᠪᠡ ᠰᠠᠶᠢᠳᠤᠷ ᠬᠠᠮᠠᠭᠠᠯᠠᠵᠤ ᠠᠷᠠᠴᠢᠯᠠᠬᠤ ᠦᠬᠡᠢ ᠪᠤᠯ ᠪᠡᠶ᠎ᠡ ᠶᠢᠨ ᠡᠷᠡᠬᠦᠯ ᠮᠠᠨᠳᠤ ᠶᠢ ᠨᠦᠯᠦᠬᠡᠯᠡᠵᠤ᠂ ᠬᠠᠮᠤᠭ ᠲᠦᠷᠦᠬᠦᠨ ᠳᠤ ᠲᠦᠷᠭᠡᠨ ᠦᠳᠡᠯᠬᠦ ᠦᠵᠡᠭᠳᠡᠯ ᠢᠯᠡᠷᠡᠨ᠎ᠡ᠂ ᠪᠦᠬᠡᠷ᠎ᠡ ᠶᠢ ᠲᠠᠮᠢᠷᠵᠢᠭᠤᠯᠵᠤ ᠦᠳᠡᠯᠬᠦ ᠠᠴᠠ ᠰᠡᠷᠬᠡᠶᠢᠯᠡᠶ᠎ᠡ ᠬᠡᠪᠡᠯ ᠡᠳᠦᠷ ᠲᠤᠳᠤᠮ ᠤᠨ ᠢᠳᠡᠵᠤ ᠤᠤᠭᠤᠬᠤ ᠲᠤᠮᠳᠠ ᠤᠯᠠᠨ ᠢᠳᠡᠰᠢ ︽ᠰᠤᠩᠭᠤᠵᠤ︾᠂ ᠪᠦᠬᠡᠷ᠎ᠡ ᠶᠢ ᠲᠠᠮᠢᠷᠵᠢᠭᠤᠯᠬᠤ ᠢᠳᠡᠬᠡᠨ ᠢ ᠢᠯᠡᠬᠦᠬᠡᠨ ᠢᠳᠡᠭᠡᠷᠡᠢ᠃             ᠢᠯᠡᠬᠦᠬᠡᠨ ᠲᠦᠮᠦᠰᠦ ᠢᠳᠡᠵᠤ ᠪᠠᠢ       ᠪᠦᠬᠡᠷ᠎ᠡ ᠶᠢ ᠲᠠᠮᠢᠷᠵᠢᠭᠤᠯᠬᠤ ᠦᠢᠯᠡᠳᠦᠯ ᠬᠠᠮᠤᠭ ᠶᠡᠭᠡ ᠪᠠᠶᠢᠳᠠᠭ ᠢᠳᠡᠭᠡᠨ ᠬᠡᠪᠡᠯ ᠲᠦᠮᠦᠰᠦ ᠪᠤᠯᠤᠨ᠎ᠠ᠃ ᠲᠦᠮᠦᠰᠦ ᠢᠳᠡᠬᠦ ᠳᠡᠭᠡᠨ ᠴᠢᠨᠠᠵᠤ᠂ ᠬᠠᠭᠤᠷᠴᠤ ᠪᠦᠷ ᠪᠤᠯᠤᠨ᠎ᠠ᠃ ᠪᠦᠷᠢᠮᠦᠰᠦᠨ ᠦᠪᠡᠷ ᠤᠨ ᠲᠤᠷᠠᠰᠢᠯ ᠢᠶᠠᠷ ᠢᠶᠠᠨ ᠢᠳᠡᠵᠤ ᠪᠤᠯᠤᠨ᠎ᠠ᠃ ᠡᠳᠦᠷ ᠪᠦᠷᠢ 50 — 200 ᠭᠷᠡᠮ ᠢᠳᠡᠪᠡᠯ ᠪᠤᠯᠴᠢᠬᠠᠨ᠎ᠠ᠃ ᠪᠦᠬᠡᠷ᠎ᠡ ᠶᠢ ᠲᠠᠮᠢᠷᠵᠢᠭᠤᠯᠬᠤ ᠠᠴᠠ ᠭᠠᠳᠠᠨ᠎ᠠ ᠲᠦᠮᠦᠰᠦ ᠢᠯᠡᠭᠦᠦ ᠢᠳᠡᠪᠡᠯ ᠠᠭᠤᠰᠬᠢ ᠪᠠ ᠲᠡᠯᠢᠬᠦᠦ ᠳᠤ ᠴᠤ ᠰᠠᠶᠢᠨ ᠪᠠᠶᠢᠳᠠᠭ᠃             ᠶᠡᠷᠦᠳᠡᠭᠡᠨ ᠴᠢᠨ᠋ᠸ᠎ᠠ ᠶᠢᠨ ᠬᠠᠷᠮᠠᠭ ᠤᠨ ᠦᠷ᠎ᠠ ᠢᠳᠡᠵᠤ ᠪᠠᠢ       ᠴᠢᠨ᠋ᠸ᠎ᠠ ᠶᠢᠨ ᠬᠠᠷᠮᠠᠭ ᠤᠨ ᠦᠷ᠎ᠠ ᠶᠢᠨ ᠪᠦᠬᠡᠷ᠎ᠡ ᠶᠢ ᠲᠠᠮᠢᠷᠵᠢᠭᠤᠯᠬᠤ ᠦᠢᠯᠡᠳᠦᠯ ᠴᠤ ᠲᠤᠩ ᠶᠡᠭᠡ ᠪᠠᠶᠢᠳᠠᠭ᠂ ᠬᠡᠬᠦ ᠎ ᠳᠡᠭᠡᠨ ᠴᠢᠨ᠋ᠸ᠎ᠠ ᠶᠢᠨ ᠬᠠᠷᠮᠠᠭ ᠤᠨ ᠦᠷ᠎ᠠ ᠢᠳᠡᠬᠦ ᠳᠡᠭᠡᠨ ᠬᠡᠮᠵᠢᠶ᠎ᠡ ᠶᠢ ᠬᠢᠵᠠᠭᠠᠷᠯᠠᠬᠤ ᠬᠡᠷᠡᠭᠳᠡᠢ᠂ ᠡᠳᠦᠷ ᠲᠤ ᠨᠢᠬᠡ ᠠᠳᠬᠤ ᠢᠳᠡᠨ᠎ᠠ᠂ ᠦᠵᠦᠮ ᠤᠨ ᠬᠠᠳᠠᠭᠠᠮᠠᠯ ᠢᠳᠡᠵᠤ ᠪᠠᠶᠢᠬᠤ ᠰᠢᠭ᠋ ᠬᠠᠭᠤᠷᠠᠢ ᠪᠠᠷ ᠵᠠᠵᠢᠯᠵᠤ ᠢᠳᠡᠪᠡᠯ ᠪᠤᠯᠴᠢᠬᠠᠨ᠎ᠠ᠃             ᠰᠢᠮᠡᠳᠦ ᠰᠢᠮᠡᠯᠢ ᠶᠢᠨ ᠴᠠᠢ ᠤᠤᠭᠤᠪᠠᠯ ᠪᠦᠬᠡᠷ᠎ᠡ ᠶᠢ ᠲᠠᠮᠢᠷᠵᠢᠭᠤᠯᠤᠨ᠎ᠠ       ᠬᠡᠬᠡᠷ᠎ᠡ ᠶᠢᠨ ᠲᠠᠷᠠᠨᠠᠢ 25 ᠭᠷᠡᠮ᠂ ᠪᠠᠷᠰ ᠤᠨ ᠰᠢᠷᠭᠡᠭᠯᠢᠭ 25 ᠭᠷᠡᠮ᠂ ᠴᠢᠨ᠋ᠸ᠎ᠠ ᠶᠢᠨ ᠬᠠᠷᠯᠠᠭ ᠤᠨ ᠦᠷ᠎ᠠ 25 ᠭᠷᠡᠮ᠂ ᠰᠢᠮᠡᠳᠦ ᠰᠢᠮᠡᠯᠢ 25 ᠭᠷᠡᠮ᠂ ᠲᠡᠭᠡᠷᠡᠬᠢ ᠡᠮ ᠤᠨ ᠮᠠᠲ᠋ᠧᠷᠢᠶᠠᠯ ᠢ ᠴᠠᠢ ᠪᠤᠯᠭᠠᠨ ᠪᠦᠷᠢᠵᠤ ᠤᠤᠭᠤᠵᠤ ᠪᠤᠯᠤᠨ᠎ᠠ᠂ ᠱᠦᠯᠦ ᠪᠤᠯᠭᠠᠨ ᠴᠢᠨᠠᠵᠤ ᠤᠤᠭᠤᠵᠤ ᠪᠤᠯᠤᠨ᠎ᠠ᠂ ᠪᠦᠬᠡᠷ᠎ᠡ ᠶᠢ ᠲᠠᠮᠢᠷᠵᠢᠭᠤᠯᠬᠤ ᠳᠤ ᠲᠤᠩ ᠰᠠᠶᠢᠨ ᠪᠠᠶᠢᠳᠠᠭ᠃            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号