ᠪᠦᠰᠡᠭᠦᠢ ᠭᠦᠮᠣᠨ ᠰᠠᠷ᠎ᠠ ᠳᠤ ᠰᠠᠭᠤᠬᠤ ᠳᠠᠭᠠᠨ ᠠᠩᠬᠠᠷᠬᠤ ᠵᠤᠶᠢᠯ
ᠨᠡᠶᠢᠲᠡᠯᠡᠭᠰᠡᠨ ᠴᠠᠭ᠄
2022/11/4
            ᠰᠠᠷ᠎ᠠ ᠳᠤ ᠰᠠᠭᠤᠬᠤ ᠨᠢ ᠪᠦᠰᠡᠭᠦᠢ ᠬᠦᠮᠦᠨ ᠪᠡᠶ᠎ᠡ ᠮᠠᠬᠠᠪᠤᠳ ᠢᠶᠠᠨ ᠰᠠᠶᠢᠵᠢᠷᠠᠭᠤᠯᠬᠤ ᠬᠠᠮᠤᠭ ᠰᠠᠶᠢᠨ ᠠᠵᠠ ᠵᠠᠪᠰᠢᠶᠠᠨ ᠪᠤᠯᠤᠨ᠎ᠠ᠃ ᠬᠡᠷᠪᠡ ᠪᠦᠰᠡᠭᠦᠢ ᠬᠦᠮᠦᠨ ᠰᠠᠷ᠎ᠠ ᠳᠤ ᠰᠠᠭᠤᠬᠤ ᠪᠠᠨ ᠠᠩᠬᠠᠷᠬᠤ ᠦᠭᠡᠢ ᠪᠤᠯ ᠬᠤᠶᠢᠰᠢᠳᠠ ᠶᠢᠨ ᠪᠡᠶ᠎ᠡ ᠶᠢᠨ ᠡᠷᠡᠭᠦᠯ ᠴᠢᠬᠢᠷᠠᠭ ᠲᠤ ᠭᠡᠮ ᠠᠷᠬᠠᠭ ᠦᠯᠡᠳᠡᠭᠡᠳᠡᠭ᠃       ᠨᠢᠭᠡ᠂ ᠠᠮᠢᠳᠤᠷᠠᠯ ᠤᠨ ᠳᠠᠯ᠎ᠠ ᠳᠤ ᠠᠩᠬᠠᠷᠬᠤ ᠵᠦᠢᠯ᠄       1᠂ ᠰᠠᠷ᠎ᠠ ᠳᠤ ᠰᠠᠭᠤᠬᠤ ᠳᠠᠭᠠᠨ ᠡᠷᠬᠡᠪᠰᠢ ᠨᠢᠭᠡ ᠰᠠᠷ᠎ᠠ ᠪᠤᠶᠤ ᠨᠢᠭᠡ ᠬᠠᠭᠠᠰ ᠰᠠᠷ᠎ᠠ       ᠰᠤᠪᠢᠯᠠᠬᠤ ᠬᠡᠷᠡᠭᠳᠡᠢ᠃ ᠬᠦᠩᠭᠡᠵᠢᠭᠰᠡᠨ ᠤ ᠳᠠᠷᠠᠭ᠎ᠠ ᠬᠤᠶᠠᠷ ᠭᠠᠷᠠᠭ ᠤᠨ ᠳᠤᠳᠤᠷ᠎ᠠ᠂ ᠬᠤᠭᠤᠯᠠ ᠢᠳᠡᠬᠦ ᠪᠠ ᠪᠡᠶ᠎ᠡ ᠵᠠᠰᠠᠬᠤ ᠠᠴᠠ ᠭᠠᠳᠠᠨ᠎ᠠ᠂ ᠪᠤᠰᠤᠳ ᠴᠠᠭ ᠲᠤ ᠬᠡᠪᠳᠡᠵᠤ ᠠᠮᠠᠷᠠᠬᠤ ᠬᠡᠷᠡᠭᠳᠡᠢ᠃ ᠬᠡᠷᠪᠡ ᠤᠷᠳᠤ ᠬᠤᠭᠤᠴᠠᠭ᠎ᠠ ᠪᠠᠷ ᠰᠠᠭᠤᠬᠤ ᠪᠤᠶᠤ ᠠᠯᠬᠤᠪᠠᠯ᠂ ᠰᠠᠪᠠ ᠤᠨᠵᠠᠶᠢᠬᠤ ᠦᠵᠡᠭᠳᠡᠯ ᠭᠠᠷᠤᠨ᠎ᠠ᠃ 2᠂ ᠬᠤᠶᠠᠷ ᠠᠴᠠ ᠭᠤᠷᠪᠠᠨ ᠵᠤᠷᠪᠤᠰ ᠦᠷᠭᠡᠨ ᠎ ᠨᠢ 30 — 40 ᠰᠡᠨᠲ᠋ᠢᠮᠧᠲᠷ᠂ ᠤᠷᠳᠤ ᠨᠢ       ᠭᠡᠳᠡᠰᠤ ᠶᠢ 12 ᠤᠷᠢᠶᠠᠵᠤ ᠲᠡᠶᠢᠯᠬᠦ ᠴᠠᠭᠠᠨ ᠰᠢᠷᠭᠡᠭ ᠪᠦᠰᠡ ᠪᠡᠯᠡᠳᠭᠡᠵᠤ᠂ ᠬᠦᠩᠭᠡᠵᠢᠭᠰᠡᠨ ᠤ ᠳᠠᠷᠠᠭ᠎ᠠ ᠭᠡᠳᠡᠰᠤ ᠶᠢᠨ ᠬᠡᠰᠡᠭ ᠢᠶᠠᠨ ᠴᠢᠩᠭ᠎ᠠ ᠤᠷᠢᠶᠠᠵᠤ᠂ ᠳᠤᠳᠤᠭᠠᠳᠤ ᠡᠷᠬᠡᠳᠡᠨ ᠳᠤᠷᠤᠭᠰᠢ ᠤᠨᠵᠢᠬᠤ ᠶᠢ ᠰᠡᠷᠭᠡᠶᠢᠯᠡᠨ᠎ᠡ᠃ ᠳᠤᠳᠤᠷ ᠡᠷᠬᠡᠳᠡᠨ ᠳᠤᠷᠤᠭᠰᠢ ᠤᠨᠵᠢᠬᠤ ᠨᠢ ᠡᠮᠡᠭᠳᠡᠢ ᠶᠢᠨ ᠰᠠᠯᠠᠭᠠᠨ ᠤ ᠡᠪᠡᠳᠴᠢᠨ ᠡᠭᠦᠰᠭᠡᠬᠦ ᠵᠢᠴᠢ ᠭᠡᠳᠡᠰᠤ ᠲᠦᠭᠳᠦ᠋ᠢᠵᠤ ᠂ ᠪᠡᠶ᠎ᠡ ᠶᠢᠨ ᠬᠡᠯᠪᠡᠷᠢ       ᠡᠪᠳᠡᠭᠳᠡᠨ᠎ᠡ᠃ ᠬᠡᠪᠡᠯᠢ ᠶᠢᠨ ᠪᠦᠴᠡ ᠪᠦᠰᠡᠯᠡᠬᠦ ᠨᠢ ᠬᠦᠩᠭᠡᠵᠢᠬᠦ ᠠᠴᠠ ᠡᠮᠦᠨᠡᠬᠢ ᠪᠠᠭ᠎ᠠ ᠭᠡᠳᠡᠰᠤ ᠢᠯᠡᠳᠳᠡ ᠲᠦᠭᠳᠦ᠋ᠢᠬᠦ ᠪᠠᠶᠢᠳᠠᠯ ᠢ ᠰᠠᠶᠢᠵᠢᠷᠠᠭᠤᠯᠤᠨ᠎ᠠ᠃ ᠬᠡᠪᠡᠯᠢ ᠶᠢᠨ ᠪᠦᠴᠡ ᠶᠢ ᠶᠡᠷᠦ ᠶᠢᠨ ᠭᠡᠳᠡᠰᠤ ᠪᠠᠨ ᠪᠤᠭᠤᠭᠰᠠᠨ ᠦᠮᠦᠳᠦ ᠪᠠ ᠪᠦᠰᠡᠯᠡᠭᠦᠷ ᠢᠶᠠᠷ ᠤᠷᠤᠯᠠᠭᠤᠯᠵᠤ ᠪᠤᠯᠬᠤ ᠦᠭᠡᠢ᠂ ᠤᠴᠢᠷ ᠨᠢ ᠶᠠᠮᠠᠷᠴᠤ ᠦᠢᠯᠡᠳᠤᠯ ᠦᠵᠡᠭᠦᠯᠵᠤ ᠴᠢᠳᠠᠬᠤ ᠦᠭᠡᠢ ᠮᠦᠷᠳᠡᠭᠡᠨ ᠭᠠᠵᠢᠭᠤ ᠦᠢᠯᠡᠳᠤᠯ ᠭᠠᠷᠭᠠᠵᠤ ᠮᠡᠳᠡᠨ᠎ᠡ᠃       3᠂ ᠡᠮᠦᠨ᠎ᠡ ᠬᠤᠶᠠᠷ ᠭᠠᠷᠠᠭ ᠪᠡᠶ᠎ᠡ ᠪᠠᠨ ᠤᠬᠢᠶᠠᠬᠤ ᠳᠠᠭᠠᠨ ᠵᠦᠪᠬᠡᠨ ᠪᠦᠯᠢᠶᠡᠨ ᠲᠠᠷᠠᠰᠤ ᠲᠠᠢ ᠤᠰᠤ ᠪᠠᠷ ᠵᠦᠯᠭᠦᠵᠤ ᠤᠬᠢᠶᠠᠪᠠᠯ ᠵᠤᠬᠢᠰᠳᠠᠢ᠃ ᠤᠬᠢᠶᠠᠬᠤ ᠠᠷᠭ᠎ᠠ ᠨᠢ ᠪᠤᠴᠠᠯᠭᠠᠭᠰᠠᠨ ᠤᠰᠤ ᠪᠠ ᠲᠠᠷᠠᠰᠤ ᠶᠢ ᠳᠤᠰ ᠪᠦᠷᠢ ᠬᠠᠭᠠᠰ ᠬᠠᠭᠠᠰ ᠬᠢᠵᠤ᠂ ᠪᠠᠭ᠎ᠠ ᠬᠡᠮᠵᠢᠶᠡᠨ ᠤ ᠲᠠᠪᠤᠰᠤ ᠬᠢᠵᠤ᠂ ᠠᠯᠴᠢᠭᠤᠷ ᠢᠶᠠᠨ ᠨᠤᠷᠭᠠᠵᠤ᠂ ᠳᠠᠬᠢᠨ ᠰᠢᠪᠬᠠᠭᠰᠠᠨ ᠤ ᠲᠠᠷᠠᠭ᠎ᠠ       ᠪᠡᠶ᠎ᠡ ᠪᠠᠨ ᠵᠦᠯᠭᠦᠨ᠎ᠡ᠃ ᠭᠤᠷᠪᠠᠳᠤᠭᠠᠷ ᠭᠠᠷᠠᠭ ᠠᠴᠠ ᠡᠬᠢᠯᠡᠨ ᠪᠡᠶ᠎ᠡ ᠤᠬᠢᠶᠠᠵᠤ ᠪᠤᠯᠤᠨ᠎ᠠ᠂       ᠰᠠᠷ᠎ᠠ ᠳᠦᠬᠦᠷᠦᠭᠰᠡᠨ ᠤ ᠰᠡᠭᠦᠯᠡᠷ ᠲᠡᠪᠳᠦᠭᠡᠨ ᠤᠬᠢᠶᠠᠵᠤ ᠪᠤᠯᠤᠨ᠎ᠠ ︵ᠡᠷᠡᠭᠦᠯ ᠬᠦᠩᠭᠡᠵᠢᠭᠰᠡᠳ︶᠃       4᠂ ᠨᠢᠭᠤᠷ ᠢᠶᠠᠨ ᠤᠬᠢᠶᠠᠬᠤ ᠪᠠ ᠰᠢᠳᠤ ᠪᠠᠨ ᠤᠬᠢᠶᠠᠬᠤ ᠳᠠᠭᠠᠨ ᠡᠷᠬᠡᠪᠰᠢ       ᠪᠤᠴᠠᠯᠭᠠᠭᠰᠠᠨ ᠤᠰᠤ ᠶᠢ ᠬᠦᠷᠭᠡᠵᠤ ᠪᠦᠯᠢᠶᠡᠨ ᠪᠤᠯᠭᠠᠭᠰᠠᠨ ᠤ ᠳᠠᠷᠠᠭ᠎ᠠ ᠬᠡᠷᠡᠭᠯᠡᠵᠤ ᠪᠤᠯᠤᠨ᠎ᠠ᠃ ᠰᠢᠮ᠎ᠡ ᠲᠡᠵᠢᠭᠡᠯ ᠢ ᠬᠠᠳᠠᠭᠠᠯᠠᠬᠤ ᠡᠳ᠋ ᠬᠢᠵᠤ ᠪᠤᠯᠤᠨ᠎ᠠ᠃       5᠂ ᠲᠤᠯᠤᠭᠠᠢ ᠪᠠᠨ ᠤᠬᠢᠶᠠᠬᠤ ᠶᠢ ᠴᠡᠭᠡᠷᠯᠡᠬᠦ ᠬᠡᠷᠡᠭᠳᠡᠢ᠃ ᠤᠴᠢᠷ ᠨᠢ ᠲᠤᠯᠤᠭᠠᠢ ᠶᠢᠨ ᠠᠷᠠᠰᠤ ᠰᠠᠯᠬᠢ ᠠᠪᠴᠤ       ᠪᠤᠯᠬᠤ ᠦᠭᠡᠢ᠃       6᠂ ᠬᠡᠤᠬᠡᠳ ᠲᠡᠪᠡᠷᠢᠵᠤ ᠪᠤᠯᠬᠤ ᠦᠭᠡᠢ᠃ ᠡᠰᠡ ᠲᠡᠶᠢᠮᠤ ᠪᠠᠶᠢᠪᠠᠯ ᠳᠤᠳᠤᠷ ᠡᠷᠬᠡᠳᠡᠨ ᠤᠨᠵᠠᠶᠢᠵᠤ ᠮᠡᠳᠡᠨ᠎ᠡ᠃       7᠂ ᠨᠢᠯᠬ᠎ᠠ ᠬᠡᠤᠬᠡᠳ ᠳᠡᠭᠡᠨ ᠪᠡᠶ᠎ᠡ ᠶᠢ ᠨᠢ ᠤᠬᠢᠶᠠᠵᠤ ᠦᠭᠴᠤ ᠪᠤᠯᠬᠤ ᠦᠭᠡᠢ᠃ ᠡᠰᠡ ᠲᠡᠶᠢᠮᠦ ᠪᠠᠶᠢᠪᠠᠯ ᠬᠦᠯ ᠨᠢᠷᠤᠭᠤ ᠡᠪᠡᠳᠬᠦ ᠵᠢᠴᠢ ᠭᠠᠷ ᠭᠦᠯ ᠮᠢᠨᠴᠦᠭᠦᠷᠡᠬᠦ ᠭᠡᠮ ᠲᠠᠢ ᠪᠤᠯᠵᠤ ᠮᠡᠳᠡᠨ᠎ᠡ᠃       8᠂ ᠨᠡᠮ ᠰᠡᠯᠡᠭᠦᠨ᠂ ᠲᠠᠭᠠᠯᠠᠮᠵᠢᠳᠠᠢ ᠤᠷᠴᠢᠨ ᠳᠤ ᠪᠠᠶᠢᠬᠤ ᠬᠡᠷᠡᠭᠳᠡᠢ᠃ ᠨᠠᠷᠠᠨ ᠭᠡᠷᠡᠯ ᠬᠡᠳᠤ ᠬᠤᠷᠴᠠ ᠦᠶᠡᠰ ᠴᠤᠩᠬᠤᠨ ᠪᠦᠷᠬᠦᠪᠴᠢ ᠪᠠᠨ ᠲᠠᠳᠠᠵᠤ᠂ ᠨᠢᠳᠤ ᠪᠠᠨ ᠬᠠᠮᠠᠭᠠᠯᠠᠬᠤ ᠬᠡᠷᠡᠭᠳᠡᠢ᠃ ᠰᠠᠯᠬᠢ ᠠᠪᠤᠭᠤᠯᠬᠤ ᠠᠴᠠ ᠤᠨᠴᠠ ᠬᠡᠴᠢᠶᠡᠬᠦ ᠬᠡᠷᠡᠭᠳᠡᠢ᠂ ᠤᠴᠢᠷ ᠨᠢ ᠬᠦᠩᠭᠡᠵᠢᠭᠰᠡᠨ ᠤ ᠲᠠᠷᠠᠭ᠎ᠠ ᠬᠦᠮᠦᠨ ᠤ ᠪᠡᠶ᠎ᠡ ᠶᠢᠨ ᠦᠰᠦᠨ ᠭᠤᠤᠷᠰᠤ ᠪᠦᠷ       ᠨᠡᠭᠡᠭᠡᠭᠳᠡᠵᠦ᠂ ᠰᠠᠯᠬᠢ ᠠᠪᠤᠭᠤᠯᠤᠭᠰᠠᠭᠠᠷ ᠲᠤᠯᠤᠭᠠᠢ ᠡᠪᠡᠳᠬᠦ ᠵᠢᠴᠢ ᠦᠶ᠎ᠡ ᠭᠡᠰᠢᠭᠦᠤ ᠡᠪᠡᠳᠬᠦ ᠵᠡᠷᠭᠡ ᠢᠯᠡᠷᠡᠯ ᠭᠠᠷᠳᠠᠭ᠃ ᠲᠡᠪᠢᠭᠦᠷ ᠬᠡᠷᠡᠭᠯᠡᠬᠦ ᠶᠢ ᠴᠤ ᠴᠡᠭᠡᠷᠯᠡᠨ᠎ᠡ᠃ 9᠂ ᠰᠠᠷ᠎ᠠ ᠳᠤ ᠰᠠᠭᠤᠬᠤ ᠬᠤᠭᠤᠴᠠᠭᠠᠨ ᠳᠠᠭᠠᠨ ᠱᠠᠳᠤ ᠠᠪᠠᠷᠢᠵᠤ ᠪᠤᠯᠬᠤ ᠦᠭᠡᠢ᠂ ᠬᠦᠩᠭᠡᠵᠢᠭᠰᠡᠨ ᠤ ᠳᠠᠷᠠᠭᠠᠬᠢ ᠬᠠᠭᠠᠰ ᠵᠢᠯ ᠤᠨ ᠳᠤᠳᠤᠷ᠎ᠠ ᠬᠦᠨᠳᠤ ᠶᠠᠭᠤᠮ᠎ᠠ ᠡᠷᠭᠦᠵᠤ ᠪᠤᠯᠬᠤ ᠦᠭᠡᠢ᠂ ᠳᠤᠳᠤᠭᠠᠳᠤ ᠡᠷᠬᠡᠳᠡᠨ ᠤᠨᠵᠠᠶᠢᠬᠤ ᠠᠴᠠ ᠬᠢᠴᠢᠶᠡᠬᠦ ᠬᠡᠷᠡᠭᠳᠡᠢ᠃       10᠂ ᠨᠢᠯᠪᠤᠰᠤ ᠤᠨᠠᠭᠠᠵᠤ ᠪᠤᠯᠬᠤ ᠦᠭᠡᠢ᠂ ᠡᠰᠡ ᠲᠡᠶᠢᠮᠤ ᠪᠤᠯ ᠡᠷᠳᠡ ᠦᠳᠡᠯᠬᠦ ᠪᠤᠶᠤ ᠴᠡᠩᠭᠡᠷ ᠬᠠᠷᠠᠩ ᠪᠤᠶᠤ ᠴᠠᠭᠠᠨ ᠬᠠᠷᠠᠩ ᠪᠤᠯᠬᠤ ᠮᠠᠭᠠᠳ᠃ ᠨᠤᠮ ᠪᠢᠴᠢᠭ᠂ ᠲᠧᠯᠸᠢᠰ ᠪᠠᠭ᠎ᠠ ᠦᠵᠡᠵᠤ᠂ ᠡᠷᠬᠡᠪᠰᠢ ᠨᠢᠳᠤ ᠪᠠᠨ ᠰᠠᠶᠢᠨ ᠠᠮᠤᠷᠠᠭᠤᠯᠬᠤ ᠬᠡᠷᠡᠭᠳᠡᠢ᠃       ᠬᠤᠶᠠᠷ᠂ ᠢᠳᠡᠭᠡᠨ ᠤ ᠲᠠᠯ᠎ᠠ ᠳᠤ ᠠᠩᠬᠠᠷᠬᠤ ᠵᠦᠢᠯ᠄       1᠂ ᠪᠠᠭ᠎ᠠ ᠢᠳᠡᠵᠤ ᠤᠯᠠᠨ ᠬᠤᠭᠤᠯᠠᠯᠠᠨ᠎ᠠ᠃       2᠂ ᠬᠦᠩᠭᠡᠵᠢᠭᠰᠡᠨ ᠤ ᠳᠠᠷᠠᠭ᠎ᠠ ᠬᠠᠭᠠᠰ ᠵᠢᠯ ᠤᠨ ᠳᠤᠳᠤᠷ᠎ᠠ ᠤᠰᠤ᠂ ᠤᠮᠳᠠᠭᠠᠨ ᠵᠢᠴᠢ ᠱᠦᠯᠦ ᠶᠢᠨ ᠵᠦᠢᠯ ᠤᠤᠭᠤᠵᠤ ᠪᠤᠯᠬᠤ ᠦᠭᠡᠢ᠂ ᠦᠨᠢᠶᠡᠨ ᠰᠦ ᠶᠢ ᠪᠠᠰᠠ ᠤᠤᠭᠤᠵᠤ ᠪᠤᠯᠬᠤ ᠦᠭᠡᠢ᠃ ᠤᠴᠢᠷ ᠨᠢ ᠡᠳᠡᠭᠡᠷ ᠢ ᠤᠤᠭᠤᠪᠠᠯ ᠲᠠᠷᠭᠤᠯᠬᠤ      ᠎ ᠪᠠᠷ ᠪᠠᠷᠠᠬᠤ ᠦᠭᠡᠢ ᠠᠮᠠᠷᠠᠬᠨ ᠬᠡᠷᠦᠬᠦ ᠡᠪᠡᠳᠴᠢᠨ ᠪᠤᠶᠤ ᠮᠡᠳᠡᠷᠡᠯ ᠡᠪᠡᠳᠬᠦ ᠪᠤᠯᠤᠨ᠎ᠠ᠃       ᠪᠤᠴᠠᠯᠭᠠᠭᠰᠠᠨ ᠳᠠᠷᠠᠰᠤ ᠪᠠᠷ ᠤᠰᠤ ᠶᠢ ᠤᠷᠤᠯᠠᠭᠤᠯᠵᠤ ᠪᠤᠯᠤᠨ᠎ᠠ᠃ ᠬᠢᠬᠦ ᠠᠷᠭ᠎ᠠ ᠨᠢ ᠬᠡᠳᠤᠨ ᠯᠤᠩᠬᠤ ᠳᠠᠷᠠᠰᠤ ᠎ ᠪᠠᠨ ᠲᠤᠭᠤᠭᠠᠨ ᠳᠠᠭᠠᠨ ᠬᠢᠵᠦ᠂ ᠲᠤᠭᠤᠭᠠᠨ ᠠᠮᠠᠰᠠᠷ ᠢ ᠨᠢ ᠳᠠᠷᠤᠬᠤ ᠦᠭᠡᠢ ᠪᠠᠷ 15 ᠮᠢᠨᠦ᠋ᠲ ᠢᠯᠡᠭᠦᠤ ᠳᠤᠯᠬᠢᠨ ᠭᠠᠯ ᠳᠤ ᠪᠤᠴᠠᠯᠭᠠᠨ᠎ᠠ᠃ ᠪᠤᠴᠠᠯᠭᠠᠭᠰᠠᠨ ᠳᠠᠷᠠᠰᠤ ᠪᠠᠨ ᠨᠠᠩᠬᠤ ᠳᠠᠭᠠᠨ ᠬᠢᠵᠦ ᠠᠪᠴᠤ ᠬᠡᠷᠡᠭᠯᠡᠬᠦ ᠪᠠᠷ ᠪᠡᠯᠡᠬᠡᠨ ᠪᠠᠶᠢᠯᠭᠠᠨ᠎ᠠ᠃       3᠂ ᠲᠠᠪᠤᠰᠤ᠂ ᠬᠦᠢᠳᠡᠨ ᠢᠳᠡᠭᠡᠨ ᠢᠳᠡᠵᠤ ᠪᠤᠯᠬᠤ ᠦᠭᠡᠢ ᠪᠦᠭᠡᠳ ᠬᠦᠴᠢᠯᠯᠢᠭ ᠢᠳᠡᠭᠡᠨ ᠢ ᠴᠤ ᠢᠳᠡᠵᠤ ᠪᠤᠯᠬᠤ ᠦᠭᠡᠢ᠃       4᠂ ᠬᠠᠭᠠᠰ ᠰᠠᠷ᠎ᠠ ᠶᠢᠨ ᠳᠤᠳᠤᠷ᠎ᠠ ᠬᠦᠬᠡ ᠨᠤᠭᠤᠭ᠎ᠠ ᠪᠠ ᠵᠢᠮᠢᠰ ᠢᠳᠡᠬᠦ ᠶᠢ       ᠴᠡᠭᠡᠷᠯᠡᠨ᠎ᠡ᠃ ᠬᠤᠤᠯᠤᠪᠠᠩ ᠢᠳᠡᠵᠤ ᠪᠤᠯᠤᠨ᠎ᠠ᠃ ᠰᠠᠷ᠎ᠠ ᠳᠤ ᠰᠠᠭᠤᠬᠤ ᠬᠤᠭᠤᠴᠠᠭᠠᠨ ᠳᠠᠭᠠᠨ ᠤᠰᠤᠯᠢᠭ ᠪᠦᠷᠢᠯᠳᠦᠭᠦᠨ ᠪᠠᠭ᠎ᠠ ᠵᠢᠮᠢᠰ ᠢᠳᠡᠵᠤ ᠪᠤᠯᠤᠨ᠎ᠠ᠃       5᠂ ᠬᠠᠭᠠᠰ ᠰᠠᠷ᠎ᠠ ᠶᠢᠨ ᠳᠤᠳᠤᠷ᠎ᠠ ᠵᠢᠭᠠᠰᠤᠨ ᠤ ᠵᠦᠢᠯ᠂ ᠮᠢᠬᠠᠨ ᠤ ᠵᠦᠢᠯ ᠢᠳᠡᠬᠦ ᠶᠢ ᠴᠡᠭᠡᠷᠯᠡᠵᠤ᠂ ᠠᠮᠢᠳᠠᠨ ᠤ ᠡᠯᠢᠭᠡ ᠢᠯᠡᠭᠦᠤ ᠢᠳᠡᠵᠤ ᠪᠤᠯᠤᠨ᠎ᠠ᠃ ᠤᠴᠢᠷ ᠨᠢ ᠶᠠᠳᠠᠷᠠᠵᠤ ᠵᠦᠳᠡᠷᠡᠭᠰᠡᠨ ᠪᠡᠶ᠎ᠡ ᠮᠠᠬᠠᠪᠤᠳ ᠵᠢᠭᠠᠰᠤ ᠪᠠ ᠮᠢᠬᠠᠨ ᠤ       ᠰᠢᠮ᠎ᠡ ᠲᠡᠵᠢᠭᠡᠯ ᠢ ᠲᠦᠢᠯᠪᠤᠷᠢᠳᠠᠢ ᠰᠢᠩᠭᠡᠭᠡᠵᠤ ᠲᠡᠶᠢᠯᠬᠦ ᠦᠭᠡᠢ᠂ ᠢᠯᠡᠭᠦᠴᠡ ᠰᠢᠮ᠎ᠡ ᠲᠡᠵᠢᠭᠡᠯ ᠨᠢ ᠪᠡᠶ᠎ᠡ ᠶᠢᠨ ᠲᠠᠷᠤᠭᠠᠰᠤ ᠶᠢ ᠨᠡᠮᠡᠭᠳᠡᠭᠦᠯᠦᠨ᠂ ᠪᠡᠶ᠎ᠡ ᠮᠠᠬᠠᠪᠤᠳ ᠢ ᠴᠠᠬᠢᠷᠠᠭᠵᠢᠭᠤᠯᠬᠤ ᠦᠢᠯᠡᠳᠦᠯ ᠭᠠᠷᠭᠠᠵᠤ ᠳᠡᠶᠢᠯᠬᠦ ᠦᠭᠡᠢ᠃ ᠭᠤᠷᠪᠠᠳᠤᠭᠠᠷ ᠭᠠᠷᠠᠭ ᠠᠴᠠ ᠡᠬᠢᠯᠡᠨ ᠢᠳᠡᠪᠡᠯ ᠵᠤᠬᠢᠨ᠎ᠠ᠃       6᠂ ᠮᠠᠭᠠᠵᠢᠨ ᠳᠤᠰᠤ᠂ ᠭᠠᠨᠵᠢᠶᠠᠩ ᠪᠠ ᠳᠠᠷᠠᠰᠤ ᠪᠠᠷ ᠢᠳᠡᠰᠢ ᠬᠢᠵᠤ ᠪᠤᠯᠤᠨ᠎ᠠ᠃      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号