ᠬᠤᠳᠤᠭᠤᠳᠤ ᠮᠠᠭᠤ ᠭᠦᠮᠤᠨ ᠶᠠᠮᠠᠷ ᠢᠳᠡᠭᠡᠨ ᠢ ᠴᠡᠭᠡᠷᠯᠡᠭᠦ ᠪᠤᠢ︖
ᠨᠡᠶᠢᠲᠡᠯᠡᠭᠰᠡᠨ ᠴᠠᠭ᠄
2022/11/4
      ᠬᠤᠳᠤᠭᠤᠳᠤ ᠮᠠᠭᠤ ᠬᠦᠮᠦᠨ ᠢᠳᠡᠬᠡᠨ ᠤᠮᠳᠠᠭᠠᠨ ᠢ ᠤᠨᠴᠠ ᠠᠩᠬᠠᠷᠬᠤ ᠬᠡᠷᠡᠭᠳᠡᠢ᠃ ᠲᠤᠤᠷᠠᠬᠢ ᠮᠡᠳᠦ 9 ᠵᠦᠢᠯ ᠤᠨ ᠢᠳᠡᠬᠡᠨ ᠨᠢ ᠬᠤᠳᠤᠭᠤᠳᠤ ᠬᠡᠳᠡᠰᠦ ᠮᠠᠭᠤ ᠬᠦᠮᠦᠨ ᠳᠤ ᠲᠤᠬᠢᠷᠠᠬᠤ ᠦᠬᠡᠢ ᠪᠤᠯᠬᠤᠷ ᠪᠠᠭ᠎ᠠ ᠢᠳᠡᠬᠦ ᠪᠤᠶᠤ ᠢᠳᠡᠬᠦ ᠦᠬᠡᠢ ᠪᠤᠯ ᠨᠡᠩ ᠰᠠᠶᠢᠨ᠃       ᠨᠢᠬᠡ᠂ ᠵᠢᠷᠤᠬᠪᠠ       ᠵᠢᠷᠤᠬᠪᠠ ᠨᠢ ᠤᠯᠠᠭᠠᠨ ᠬᠤᠭᠤᠯᠠᠢ ᠶᠢᠨ ᠪᠤᠯᠴᠢᠩ ᠢ ᠰᠤᠯᠠᠷᠠᠭᠤᠯᠵᠤ᠂       ᠰᠢᠷ᠎ᠠ ᠬᠤᠰᠤᠭᠤᠯᠬᠤ ᠪᠤᠯᠤᠮᠵᠢ ᠶᠢ ᠲᠡᠭᠡᠭᠰᠢᠯᠡᠬᠦᠯᠳᠡᠭ᠃ ᠵᠢᠷᠤᠬᠪᠠ ᠠᠭᠤᠯᠤᠬᠰᠠᠨ ᠪᠤᠢ ᠪᠦᠬᠦᠢ ᠶᠠᠭᠤᠮ᠎ᠠ ᠶᠢ ᠪᠤᠯᠭᠤᠮᠵᠢᠯᠠᠬᠤ ᠴᠢᠬᠤᠯᠠᠳᠠᠢ᠃ ᠵᠢᠱᠢᠶᠠᠯᠠᠪᠠᠯ ᠵᠢᠷᠤᠬᠪᠠ ᠶᠢᠨ ᠴᠠᠢ᠂ ᠵᠢᠷᠤᠬᠪᠠ ᠶᠢᠨ ᠰᠢᠬᠢᠷ ᠪᠤᠯᠤᠨ ᠵᠢᠷᠤᠬᠪᠠ ᠲᠠᠢ ᠵᠠᠵᠢᠯᠠᠭᠤᠷ ᠰᠢᠬᠢᠷ ᠵᠡᠷᠭᠡ ᠪᠤᠯᠤᠨ᠎ᠠ᠃       ᠬᠤᠶᠠᠷ᠂ ᠬᠡᠶᠢᠳᠦ ᠤᠮᠳᠠᠭᠠᠨ ᠪᠤᠯᠤᠨ ᠵᠢᠮᠢᠰ ᠤᠨ ᠰᠢᠬᠦᠰᠦ       ᠡᠨᠡ ᠬᠤᠶᠠᠷ ᠵᠦᠢᠯ ᠤᠨ ᠤᠮᠳᠠᠭᠠᠨ ᠳᠤ ᠵᠢᠮᠢᠰ ᠤᠨ ᠰᠢᠬᠢᠷ ᠠᠷᠪᠢᠨ ᠠᠭᠤᠯᠵᠤ᠂ ᠪᠠᠷᠤᠬ 30% ᠤᠷᠴᠢᠮ ᠤᠨ ᠨᠠᠰᠤᠨ ᠳᠤ ᠬᠦᠷᠦᠭᠰᠡᠳ ᠨᠢ ᠵᠢᠮᠢᠰ ᠤᠨ ᠰᠢᠬᠦᠰᠦ ᠶᠢ ᠰᠠᠶᠢᠳᠤᠷ ᠰᠢᠩᠭᠡᠭᠡᠵᠤ ᠴᠢᠳᠠᠬᠤ ᠦᠬᠡᠢ ᠪᠤᠯᠬᠤᠷ ᠬᠤᠳᠤᠭᠤᠳᠤ ᠬᠡᠳᠡᠰᠦ ᠬᠢᠯᠪᠠᠷᠬᠠᠨ ᠢᠶᠠᠷ ᠡᠪ ᠦᠬᠡᠶᠢᠷᠡᠳᠡᠭ ᠪᠠᠶᠢᠨ᠎ᠠ᠃       ᠭᠤᠷᠪᠠ᠂ ᠺᠤᠹᠧ       ᠺᠤᠹᠧ ᠨᠢ ᠬᠤᠳᠤᠭᠤᠳᠤᠨ ᠳᠤ ᠰᠡᠳᠡᠯᠳᠡ ᠦᠭᠴᠤ᠂ ᠲᠡᠩᠳᠡᠬᠦᠦ ᠠᠷᠪᠢᠨ ᠬᠤᠳᠤᠭᠤᠳᠤᠨ ᠬᠦᠴᠢᠯ ᠢᠯᠭᠠᠷᠠᠭᠤᠯᠤᠨ᠂ ᠰᠢᠩᠭᠡᠭᠡᠯᠳᠡ ᠮᠠᠭᠤᠳᠠᠬᠤ ᠪᠤᠶᠤ ᠰᠢᠷ᠎ᠠ ᠬᠤᠰᠤᠬᠤ ᠪᠤᠯᠭᠠᠳᠠᠭ ᠪᠠᠶᠢᠨ᠎ᠠ᠃ ᠤᠨᠴᠠᠭᠠᠢᠢᠯᠠᠨ       ᠬᠤᠳᠤᠭᠤᠳᠤᠨ ᠰᠢᠷᠬᠠᠯᠠᠭ᠎ᠠ ᠪᠤᠶᠤ ᠰᠢᠷ᠎ᠠ ᠬᠤᠰᠤᠬᠤ ᠬᠡᠮ ᠲᠠᠢ ᠬᠦᠮᠦᠨ ᠺᠤᠹᠧ ᠶᠢ ᠲᠤᠳᠠᠭᠤ ᠤᠤᠭᠤᠪᠠᠯ ᠵᠤᠬᠢᠨ᠎ᠠ᠃ ᠺᠤᠹᠧᠶ᠋ᠢᠨ ᠠᠭᠤᠯᠤᠬᠰᠠᠨ ᠤᠮᠳᠠᠭᠠᠨ ᠢ ᠴᠤ ᠲᠤᠳᠠᠭᠤ ᠤᠤᠭᠤᠪᠠᠯ ᠵᠤᠬᠢᠨ᠎ᠠ᠃       ᠲᠦᠷᠪᠡ᠂ ᠰᠢ ᠯᠠᠨ ᠬᠤᠸᠠᠷ       ᠰᠢ ᠯᠠᠨ ᠬᠤᠸ᠋ᠨᠷ ᠲᠤ ᠠᠭᠤᠰᠤᠮᠠᠯ ᠴᠢᠨᠠᠷ ᠲᠠᠢ ᠢᠳᠡᠬᠡᠨ ᠤ ᠰᠢᠷᠭᠡᠭᠯᠢᠭ ᠤᠨᠴᠠ ᠠᠷᠪᠢᠨ ᠪᠠᠶᠢᠳᠠᠭ ᠪᠦᠬᠡᠳ ᠡᠳᠡᠬᠡᠷ ᠰᠢᠷᠭᠡᠭᠯᠢᠭ ᠨᠢ ᠵᠦᠪᠬᠡᠨ ᠪᠦᠲᠦᠬᠦᠨ ᠬᠡᠳᠡᠰᠦᠨ ᠳᠤ ᠤᠷᠤᠪᠠᠯ ᠰᠠᠶᠢ ᠵᠠᠳᠠᠷᠠᠵᠤ᠂ ᠡᠬᠦᠨ ᠠᠴᠠ ᠦᠯᠡᠮᠵᠢ ᠤᠯᠠᠨ ᠬᠡᠢ ᠪᠤᠯᠵᠤ ᠡᠬᠦᠰᠳᠡᠭ ᠪᠠᠶᠢᠨ᠎ᠠ᠃ ᠡᠬᠦᠨ ᠤ ᠬᠠᠮᠳᠤ ᠰᠢ ᠯᠠᠨ ᠬᠤᠸᠠᠷ ᠲᠤ ᠪᠠᠰᠠ ᠪᠤᠷᠴᠠᠭ ᠤᠨ ᠲᠦᠷᠦᠯ ᠤᠨ ᠮᠠᠶ᠋ᠢᠭ ᠤᠨ ᠬᠡᠢ ᠡᠬᠦᠰᠬᠡᠬᠦ ᠰᠢᠬᠢᠷ ᠠᠭᠤᠯᠳᠠᠭ ᠪᠢᠯᠡ᠃       ᠲᠠᠪᠤ᠂ ᠲᠦᠪᠡᠳ ᠬᠠᠰᠢ       ᠲᠦᠪᠡᠳ ᠬᠠᠰᠢ ᠶᠢᠨ ᠬᠦᠴᠢᠯᠢᠭ ᠴᠢᠨᠠᠷ ᠮᠠᠰᠢ ᠦᠨᠳᠤᠷ ᠪᠠᠶᠢᠵᠤ᠂ ᠬᠤᠳᠤᠭᠤᠳᠤᠨ ᠳᠤ ᠰᠡᠳᠡᠯᠳᠡ       ᠦᠭᠴᠤ ᠨᠡᠩ ᠤᠯᠠᠨ ᠬᠤᠳᠤᠭᠤᠳᠤᠨ ᠬᠦᠴᠢᠯ ᠡᠬᠦᠰᠬᠡᠳᠡᠭ ᠪᠠᠶᠢᠨ᠎ᠠ᠃ ᠡᠶᠢᠮᠦ ᠠᠴᠠ ᠲᠦᠪᠡᠳ ᠬᠠᠰᠢ ᠶᠢ ᠬᠡᠳᠦᠷᠬᠡᠢ ᠠᠷᠪᠢᠨ ᠢᠳᠡᠪᠡᠯ ᠰᠢᠷ᠎ᠠ ᠬᠤᠰᠤᠬᠤ ᠵᠡᠷᠭᠡ ᠪᠠᠶᠢᠳᠠᠯ ᠢᠯᠡᠷᠡᠨ᠎ᠠ᠃ ᠲᠦᠪᠡᠳ ᠬᠠᠰᠢ ᠪᠠᠷ ᠬᠢᠭᠰᠡᠨ ᠲᠦᠪᠡᠳ ᠬᠠᠰᠢ ᠶᠢᠨ ᠵᠢᠶᠠᠩ ᠨᠢ ᠴᠤ ᠠᠳᠠᠯᠢᠬᠠᠨ ᠶᠤᠮ᠃       ᠵᠢᠷᠭᠤᠭ᠎ᠠ᠂ ᠰᠦ ᠶᠢᠨ ᠪᠦᠲᠦᠬᠡᠭᠳᠡᠬᠦᠨ       ᠰᠦ ᠶᠢᠨ ᠰᠢᠬᠢᠷ ᠲᠤ ᠲᠠᠭᠠᠭᠠᠴᠠ ᠦᠬᠡᠢ ᠬᠦᠮᠦᠨ ᠰᠦ ᠶᠢᠨ       ᠪᠦᠲᠦᠬᠡᠭᠳᠡᠬᠦᠨ ᠢᠳᠡᠪᠡᠯ ᠬᠤᠳᠤᠭᠤᠳᠤ ᠡᠪ ᠦᠬᠡᠶᠢᠷᠡᠳᠡᠭ᠃ ᠡᠬᠦᠨ ᠳᠤ ᠡᠬᠡᠬᠳᠡᠭᠰᠡᠨ ᠰᠦ᠂ ᠬᠠᠳᠠᠭᠤ ᠪᠢᠰᠢᠯᠠᠬ᠂ ᠡᠰᠡᠭᠦᠯ᠎ᠡ ᠰᠦ ᠶᠢᠨ ᠰᠢᠬᠢᠷ ᠢᠶᠠᠷ ᠲᠤᠤᠷ᠎ᠠ ᠪᠠᠶᠢᠳᠠᠭ ᠦᠨᠢᠶᠠᠨ ᠰᠦ ᠶᠢ ᠰᠤᠩᠭᠤᠵᠤ ᠪᠤᠯᠤᠨ᠎ᠠ᠃       ᠲᠤᠯᠤᠭ᠎ᠠ᠂ ᠲᠤᠰᠤᠯᠢᠬ ᠢᠳᠡᠬᠡᠨ       ᠦᠬᠡᠬᠦ ᠶᠢᠨ ᠠᠭᠤᠯᠬᠤᠨ ᠲᠡᠩᠳᠡᠬᠦᠦ ᠦᠨᠳᠤᠷ ᠢᠳᠡᠬᠡᠨ᠂ ᠵᠢᠱᠢᠶᠠᠯᠠᠪᠠᠯ ᠲᠤᠰᠤᠨ ᠳᠤ ᠪᠤᠴᠠᠯᠭᠠᠬᠰᠠᠨ ᠢᠳᠡᠬᠡᠨ ᠢᠳᠡᠪᠡᠯ ᠰᠢᠷ᠎ᠠ ᠬᠤᠰᠤᠬᠤ ᠪᠠ ᠬᠡᠳᠡᠰᠦ ᠠᠮᠠᠷᠬᠠᠨ ᠢᠶᠠᠷ ᠬᠦᠷᠪᠡᠯᠵᠡᠬᠦ ᠶᠡᠷᠦᠩᠭᠡᠶᠢᠯᠡᠭᠰᠡᠨ       ᠬᠡᠮ ᠳᠤ ᠤᠨᠤᠬᠳᠠᠬᠤ ᠪᠤᠯᠤᠮᠵᠢ ᠶᠢ ᠨᠡᠮᠡᠭᠳᠡᠬᠦᠯᠳᠡᠭ᠃ ᠤᠴᠢᠷ ᠨᠢ ᠦᠨᠳᠤᠷ ᠦᠬᠡᠬᠦ ᠲᠠᠢ ᠢᠳᠡᠬᠡᠨ ᠢ ᠰᠢᠩᠭᠡᠭᠡᠬᠦ ᠳᠤ ᠲᠦᠪᠡᠭᠳᠡᠢ ᠪᠤᠯᠬᠤᠷ ᠬᠦᠮᠦᠨ ᠤ ᠪᠠᠶ᠎ᠠ ᠨᠢ ᠠᠶᠠᠨᠳᠠᠭᠠᠨ ᠬᠡᠳᠦ ᠠᠷᠪᠢᠨ ᠬᠤᠳᠤᠭᠤᠳᠤᠨ ᠬᠦᠴᠢᠯ ᠢᠯᠭᠠᠷᠠᠭᠤᠯᠳᠠᠭ ᠪᠢᠯᠡ᠃ ᠡᠬᠦᠨ ᠲᠠᠢ ᠠᠳᠠᠯᠢ ᠪᠠᠷ ᠬᠡᠳᠦᠷᠬᠡᠢ       ᠠᠷᠪᠢᠨ ᠢᠳᠡᠪᠡᠯ ᠪᠠᠰᠠ ᠬᠤᠳᠤᠭᠤᠳᠤᠨ ᠳᠤ ᠰᠡᠳᠡᠯᠳᠡ ᠦᠭᠴᠤ ᠨᠡᠩ ᠠᠷᠪᠢᠨ ᠬᠤᠳᠤᠭᠤᠳᠤᠨ ᠬᠦᠴᠢᠯ ᠢ ᠢᠯᠭᠠᠷᠠᠭᠤᠯᠬᠤ ᠪᠤᠯᠭᠠᠳᠠᠭ᠃       ᠨᠠᠢᠮᠠ᠂ ᠬᠦᠢᠳᠡᠨ ᠤᠮᠳᠠᠭᠠᠨ       ᠬᠦᠢᠳᠡᠨ ᠤᠮᠳᠠᠭᠠᠨ ᠢ ᠬᠡᠳᠦᠷᠬᠡᠢ ᠠᠷᠪᠢᠨ ᠤᠤᠭᠤᠪᠠᠯ ᠬᠤᠳᠤᠭᠤᠳᠤᠨ ᠤ ᠲᠤᠯᠠᠭᠠᠨ ᠤ ᠬᠡᠮᠵᠢᠶ᠎ᠠ ᠶᠢ       ᠲᠡᠩᠳᠡᠬᠦᠦ ᠲᠤᠤᠷ᠎ᠠ ᠪᠤᠯᠭᠠᠵᠤ᠂ ᠬᠤᠳᠤᠭᠤᠳᠤᠨ ᠤ ᠬᠦᠴᠢᠯ ᠢ ᠢᠯᠭᠠᠷᠠᠭᠤᠯᠬᠤ ᠪᠠ ᠰᠢᠩᠭᠡᠭᠡᠯᠳᠡ      ᠎ ᠶᠢᠨ ᠢᠰᠦᠯ ᠢ ᠨᠦᠯᠦᠬᠡᠯᠡᠳᠡᠭ᠃ ᠡᠶᠢᠮᠦ ᠠᠴᠠ ᠬᠤᠭᠤᠯᠠ ᠢᠳᠡᠬᠦ ᠦᠶᠡᠰ ᠬᠠᠮᠤᠬ ᠰᠠᠶᠢᠨ ᠳᠠᠭᠠᠨ ᠬᠠᠯᠠᠭᠠᠨ ᠤᠮᠳᠠᠭᠠᠨ ᠤᠤᠭᠤᠬᠤ ᠵᠢᠱᠢᠶᠠᠯᠠᠪᠠᠯ ᠴᠠᠢ ᠪᠤᠶᠤ ᠨᠢᠮᠪᠡᠭᠡ ᠶᠢᠨ ᠬᠠᠯᠠᠭᠤᠨ ᠰᠢᠬᠦᠰᠦ ᠤᠤᠭᠤᠨ᠎ᠠ᠃ ᠬᠠᠷᠢᠨ ᠬᠦᠢᠳᠡᠨ ᠤᠮᠳᠠᠭᠠᠨ ᠢ ᠠᠯᠢ ᠴᠢᠳᠠᠬᠤ ᠎ ᠪᠠᠷ ᠬᠤᠶᠠᠷ ᠡᠷᠡᠨ ᠤ ᠬᠤᠭᠤᠯᠠᠨ ᠤ ᠲᠤᠮᠳᠠ ᠤᠤᠭᠤᠨ᠎ᠠ᠃       ᠶᠢᠰᠦ᠂ ᠴᠤᠺᠤᠯᠡᠳ᠋       ᠴᠤᠺᠤᠯᠠᠳ᠋ ᠳᠤ ᠦᠯᠡᠮᠵᠢ ᠬᠡᠮᠵᠢᠶᠠᠨ ᠤ ᠺᠤᠺᠤ ᠶᠢᠨ ᠬᠤᠵᠢᠷ ᠠᠭᠤᠯᠵᠤ᠂ ᠤᠯᠠᠭᠠᠨ ᠬᠤᠭᠤᠯᠠᠢ ᠶᠢᠨ ᠪᠤᠯᠴᠢᠩ ᠢ ᠲᠡᠯᠡᠬᠦ ᠪᠤᠯᠬᠤᠷ ᠠᠮᠠᠷᠬᠠᠨ ᠢᠶᠠᠷ ᠰᠢᠷ᠎ᠠ ᠬᠤᠰᠤᠵᠤ ᠪᠦᠬᠡᠯᠵᠢᠰᠦ ᠬᠦᠷᠬᠦ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号