ᠰᠢᠨ᠎ᠠ ᠰᠤᠷᠭᠤᠭ ᠢᠶᠠᠷ ᠢᠳᠡᠵᠤ ᠪᠤᠯᠳᠠᠭ ᠦᠬᠡᠢ ᠢᠳᠡᠬᠡᠨ
ᠨᠡᠶᠢᠲᠡᠯᠡᠭᠰᠡᠨ ᠴᠠᠭ᠄
2022/11/4
              ︽ᠰᠢᠨ᠎ᠡ ᠰᠤᠷᠭᠤᠭ ᠢᠶᠠᠷ ᠨᠢ ᠢᠳᠡᠬᠡᠷᠡᠢ︕︾ ᠬᠡᠵᠤ ᠬᠦᠮᠦᠰ ᠪᠠᠶᠢᠩᠭᠤ ᠶᠠᠷᠢᠳᠠᠭ᠃ ᠡᠩ ᠤᠨ ᠪᠠᠶᠢᠳᠠᠯ ᠳᠤ ᠡᠨᠡᠬᠦ ᠦᠬᠡᠨ ᠳᠤ ᠪᠤᠷᠤᠭᠤ ᠦᠬᠡᠢ᠃ ᠤᠯᠠᠩᠬᠢ ᠢᠳᠡᠬᠡᠨ ᠤᠮᠳᠠᠭᠠᠨ ᠤᠯᠠᠮ ᠰᠢᠨ᠎ᠠ ᠰᠤᠷᠭᠤᠭ ᠪᠠᠶᠢᠪᠠᠯ ᠰᠢᠮ᠎ᠠ ᠲᠠᠵᠢᠬᠡᠯ ᠎ ᠨᠢ ᠤᠯᠠᠮ ᠦᠨᠳᠤᠷ ᠪᠠᠶᠢᠵᠤ᠂ ᠦᠨᠤᠷ ᠠᠮᠳᠠ ᠨᠢ ᠴᠦ ᠤᠯᠠᠮ ᠰᠠᠶᠢᠨ ᠪᠠᠶᠢᠳᠠᠭ᠃ ᠬᠡᠪᠡᠴᠦ ᠵᠠᠷᠢᠮ ᠢᠳᠡᠬᠡᠨ ᠤᠮᠳᠠᠭᠠᠨ ᠢ ᠰᠢᠨ᠎ᠠ ᠰᠤᠷᠭᠤᠭ ᠢᠶᠠᠷ ᠨᠢ ᠢᠳᠡᠵᠤ ᠤᠤᠭᠤᠪᠠᠯ ᠢᠳᠡᠬᠡᠨ ᠤᠮᠳᠠᠭᠠᠨ ᠳᠤ ᠬᠤᠤᠷᠠᠳᠠᠭᠳᠠᠬᠤ ᠠᠶᠤᠯ ᠲᠠᠢ ᠪᠠᠶᠢᠵᠤ᠂ ᠲᠤᠤᠷᠠᠬᠢ ᠢᠳᠡᠬᠡᠨ ᠤᠮᠳᠠᠭᠠᠨ ᠢ ᠰᠢᠨ᠎ᠠ ᠰᠤᠷᠭᠤᠭ ᠢᠶᠠᠷ ᠢᠳᠡᠵᠤ ᠤᠤᠭᠤᠬᠤ ᠦᠬᠡᠢ ᠪᠤᠯ ᠬᠠᠮᠤᠭ ᠰᠠᠶᠢᠨ᠃        ᠨᠢᠬᠡ᠂ ᠦᠨᠢᠶᠡᠨ ᠰᠦ       ᠵᠠᠷᠢᠮ ᠬᠦᠮᠦᠰ ᠲᠦᠩᠬᠡᠵᠢ ᠰᠠᠭᠠᠭᠰᠠᠨ ᠰᠦ ᠶᠢ ᠤᠤᠭᠤᠬᠤ ᠲᠤᠷᠠᠳᠠᠢ᠃ ᠲᠡᠳᠡᠨᠤᠰ ᠤᠨ ᠦᠵᠡᠬᠦ ᠪᠠᠷ ᠲᠦᠩᠬᠡᠵᠢ ᠰᠠᠭᠠᠭᠰᠠᠨ ᠰᠦ ᠰᠢᠨ᠎ᠡ ᠰᠤᠷᠭᠤᠭ᠂ ᠰᠢᠮ᠎ᠠ ᠲᠠᠵᠢᠬᠡᠯ ᠢᠶᠠᠷ ᠦᠨᠳᠤᠷ ᠪᠠᠶᠢᠳᠠᠭ ᠶᠤᠮ᠃ ᠦᠨᠡᠨᠳᠡᠬᠡᠨ ᠲᠦᠩᠬᠡᠵᠢ ᠰᠠᠭᠠᠭᠰᠠᠨ ᠰᠦ ᠨᠢ ᠪᠤᠬᠢᠷᠳᠤᠯ ᠠᠭᠤᠯᠤᠭᠳᠠᠬᠤ ᠪᠤᠯᠤᠯᠴᠠᠭ᠎ᠠ ᠪᠠᠷ ᠶᠡᠭᠡ ᠪᠠᠶᠢᠵᠤ᠂ ᠪᠤᠬᠢᠷᠳᠤᠯ ᠤᠨ ᠡᠬᠢ ᠨᠢ ᠰᠠᠭᠠᠯᠢᠴᠢᠨ ᠤ       ᠡᠷᠡᠬᠦᠯ ᠮᠡᠨᠳᠤ ᠶᠢᠨ ᠪᠠᠶᠢᠳᠠᠯ᠂ ᠰᠠᠭᠠᠯᠢᠴᠢᠨ ᠭᠠᠷ ᠢᠶᠠᠨ ᠤᠬᠢᠶᠠᠵᠤ ᠠᠷᠢᠭᠤᠳᠬᠠᠭᠰᠠᠨ ᠡᠰᠡᠬᠦ᠂ ᠰᠠᠭᠠᠯᠢ ᠠᠪᠬᠤ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠪᠠᠶᠢᠳᠠᠯ᠂ ᠰᠦ ᠰᠠᠪᠠᠯᠠᠭᠰᠠᠨ ᠰᠠᠭᠤᠯᠠᠭ᠎ᠠ ᠰᠡᠪᠠ ᠶᠢᠨ ᠠᠷᠢᠭᠤᠳᠬᠠᠯ ᠤᠨ ᠪᠠᠶᠢᠳᠠᠯ᠂ ᠰᠠᠭᠠᠯᠢ ᠶᠢᠨ ᠦᠨᠢᠶ᠎ᠠ ᠶᠢᠨ ᠡᠷᠡᠬᠦᠯ ᠤᠨ ᠪᠠᠶᠢᠳᠠᠯ ᠵᠡᠷᠬᠡ ᠲᠠᠢ ᠬᠤᠯᠪᠤᠭᠳᠠᠨ᠎ᠠ᠃             ᠬᠤᠶᠠᠷ᠂ ᠰᠢᠷ᠎ᠠ ᠴᠡᠴᠡᠭ       ᠰᠢᠨ᠎ᠡ ᠰᠤᠷᠭᠤᠭ ᠰᠢᠷ᠎ᠠ ᠴᠡᠴᠡᠭ ᠲᠤ ᠨᠠᠮᠤᠷ ᠤᠨ ᠰᠡᠷᠢᠬᠦᠨ ᠴᠡᠴᠡᠭ ᠤᠨ ᠲᠠᠪᠤᠰᠤ ᠠᠭᠤᠯᠤᠭᠳᠠᠵᠤ᠂ ᠰᠢᠨ᠎ᠡ ᠰᠤᠷᠭᠤᠭ ᠰᠢᠷ᠎ᠠ ᠴᠡᠴᠡᠭ ᠢ ᠢᠳᠡᠪᠠᠯ ᠠᠮᠠᠷᠬᠠᠨ ᠬᠤᠤᠷᠠᠳᠠᠭᠳᠠᠵᠤ᠂ ᠲᠤᠷ᠎ᠠ ᠪᠤᠯᠬᠢᠨ ᠪᠦᠬᠡᠯᠵᠢᠬᠦ᠂ ᠲᠤᠯᠤᠭᠠᠢ ᠬᠡᠳᠡᠰᠤ ᠡᠪᠡᠳᠬᠦ ᠦᠵᠡᠭᠳᠡᠯ ᠡᠬᠦᠰᠳᠡᠭ᠃ ᠬᠡᠳᠤ ᠠᠷᠪᠢᠨ ᠢᠳᠡᠪᠠᠯ ᠪᠠᠰᠠ ᠴᠢᠰᠤ ᠪᠠᠷ ᠰᠢᠬᠡᠵᠤ ᠪᠠᠭᠠᠵᠤ᠂ ᠴᠢᠨᠠᠭᠰᠢᠯᠠᠪᠠᠯ ᠠᠮᠢ ᠨᠠᠰᠤᠨ ᠤ ᠠᠶᠤᠯ ᠳᠤ ᠤᠴᠠᠷᠠᠳᠠᠭ ᠶᠤᠮ᠃ ᠵᠢᠩᠨᠡᠵᠤ ᠪᠤᠯᠭᠤᠭᠠᠨ ᠡᠳ᠋ᠰᠢᠬᠦᠯᠵᠤ ᠬᠠᠳᠠᠭᠠᠭᠰᠠᠨ ᠰᠢᠷ᠎ᠠ ᠴᠡᠴᠡᠭ ᠪᠤᠯ ᠨᠠᠮᠤᠷ ᠤᠨ ᠰᠡᠷᠢᠬᠦᠨ ᠴᠡᠴᠡᠭ ᠤᠨ ᠲᠠᠪᠤᠰᠤ ᠨᠢ ᠠᠭᠤᠰᠤᠨ ᠰᠠᠷᠨᠢᠴᠢᠬᠠᠭᠰᠠᠨ ᠪᠤᠯᠬᠤᠷ ᠬᠦᠮᠦᠨ ᠤ ᠪᠠᠶ᠎ᠠ ᠳᠤ ᠬᠤᠤᠷᠠᠳᠤᠯ ᠡᠬᠦᠰᠳᠡᠭ ᠦᠬᠡᠢ᠃             ᠭᠤᠷᠪᠠ᠂ ᠲᠠᠯᠠᠢ ᠶᠢᠨ ᠮᠦᠬᠡᠷᠰᠤ       ᠰᠢᠨ᠎ᠠ ᠰᠤᠷᠭᠤᠭ ᠲᠠᠯᠠᠢ ᠶᠢᠨ ᠮᠦᠬᠡᠷᠰᠤ ᠳᠤ ᠬᠤᠤᠷᠠᠳᠤ ᠡᠳ᠋ ᠠᠭᠤᠯᠤᠭᠳᠠᠬᠤ ᠪᠤᠯᠬᠤᠷ ᠢᠳᠡᠵᠤ ᠪᠤᠯᠬᠤ ᠦᠬᠡᠢ᠃ ᠬᠢᠯᠠᠭᠠᠷ ᠪᠠᠶᠢᠪᠠᠩ ᠨᠡᠮᠡᠭᠰᠡᠨ ᠢᠳᠡᠬᠡᠨ ᠤ ᠲᠠᠪᠤᠰᠤ ᠪᠤᠶᠤ ᠢᠤᠳ᠋ᠳᠤ ᠲᠠᠪᠤᠰᠤ ᠪᠠᠷ ᠰᠢᠨ᠎ᠠ ᠰᠤᠷᠭᠤᠭ ᠲᠠᠯᠠᠢ ᠶᠢᠨ ᠮᠦᠬᠡᠷᠰᠤ ᠎ ᠪᠠᠨ ᠬᠡᠳᠤᠨᠳᠡ ᠤᠬᠢᠶᠡᠵᠤ᠂ ᠤᠰᠤ ᠦᠬᠡᠶᠢᠳᠡᠬᠦᠯᠪᠡᠯ ᠬᠤᠤᠷᠠᠳᠤ ᠡᠳ᠋ ᠨᠢ ᠰᠠᠢᠢ ᠠᠷᠢᠯᠳᠠᠭ             ᠲᠦᠷᠪᠡ᠂ ᠲᠡᠯᠳᠡᠤ       ᠰᠢᠨ᠎ᠠ ᠰᠤᠷᠭᠤᠭ ᠲᠡᠯᠳᠡᠤ ᠳᠤ ᠨᠢᠬᠡ ᠵᠦᠢᠯ ᠤᠨ ᠬᠡᠷᠡᠯ ᠳᠤ ᠰᠤᠷᠭᠤᠭ ᠪᠤᠳᠠᠰ ᠠᠭᠤᠯᠤᠭᠳᠠᠵᠤ᠂ ᠢᠳᠡᠭᠰᠡᠨ ᠤ ᠲᠠᠷᠠᠭ᠎ᠠ ᠨᠠᠷᠠ ᠦᠵᠡᠪᠡᠯ ᠠᠷᠠᠰᠤ ᠵᠠᠭᠠᠳᠤᠨᠠᠨ ᠤᠰᠤᠨ ᠬᠠᠪᠤᠳᠠᠷ ᠭᠠᠷᠴᠦ᠂ ᠬᠦᠨᠳᠤ ᠨᠤᠴᠢᠳᠠᠢ ᠪᠤᠯ ᠠᠷᠠᠰᠤᠨ ᠤ ᠡᠰ ᠢ ᠦᠬᠦᠬᠦᠯᠵᠤ ᠮᠡᠳᠡᠨ᠎ᠠ᠃ ᠬᠡᠷᠪᠡ ᠤᠰᠤᠨ ᠬᠠᠪᠤᠳᠠᠷ ᠬᠤᠭᠤᠯᠠᠢ ᠶᠢᠨ ᠰᠠᠯᠢᠰᠤᠳᠤ ᠪᠦᠷᠬᠦᠪᠴᠢᠨ ᠳᠤ ᠭᠠᠷᠪᠠᠯ ᠠᠮᠢᠰᠬᠤᠯ ᠬᠦᠴᠢᠷᠳᠡᠳᠡᠭ᠃ ᠬᠠᠭᠤᠷᠠᠢ ᠲᠡᠯᠳᠡᠤ ᠶᠢ ᠪᠤᠯ ᠨᠠᠷᠠᠨ ᠳᠤ ᠲᠡᠯᠬᠡᠵᠤ ᠬᠠᠳᠠᠭᠠᠭᠰᠠᠨ ᠪᠦᠳᠦᠬᠡᠭᠳᠡᠬᠦᠨ ᠪᠠᠶᠢᠵᠤ᠂ ᠲᠠᠯᠬᠡᠵᠤ ᠬᠠᠳᠠᠭᠠᠬᠤ ᠶᠠᠪᠤᠴᠠ ᠳᠤ ᠡᠨᠡᠬᠦ ᠬᠡᠷᠡᠯ ᠳᠤ ᠰᠤᠷᠭᠤᠮᠠᠳᠠᠭᠠᠢ ᠪᠤᠳᠠᠰ ᠤᠨ ᠶᠡᠬᠡᠩᠬᠢ ᠨᠢ ᠢᠯᠭᠠᠷᠠᠨ ᠭᠠᠷᠴᠦ᠂ ᠢᠳᠡᠬᠦ ᠠᠴᠠ ᠎ ᠪᠠᠨ ᠡᠮᠤᠨ᠎ᠠ ᠬᠠᠭᠤᠷᠠᠢ ᠲᠡᠯᠳᠡᠤ ᠶᠢ ᠤᠰᠤᠨ ᠳᠤ ᠲᠠᠪᠳᠤᠬᠡᠳᠡᠭ ᠪᠤᠯᠬᠤᠷ ᠠᠭᠤᠯᠤᠭᠳᠠᠵᠤ ᠪᠠᠶᠢᠭ᠎ᠠ ᠬᠤᠤᠷᠠᠳᠠᠢ ᠦᠯᠡᠳᠡᠪᠤᠷᠢ ᠪᠤᠳᠠᠰ ᠨᠢ ᠤᠰᠤᠨ ᠳᠤ ᠠᠭᠤᠰᠴᠢᠬᠠᠳᠠᠭ ᠪᠤᠯᠬᠤᠷ ᠰᠠᠨᠠᠭ᠎ᠠ ᠠᠮᠤᠷ ᠢᠳᠡᠵᠤ ᠪᠤᠯᠳᠠᠭ ᠶᠤᠮ᠃             ᠲᠠᠪᠤ᠂ ᠲᠦᠩᠰᠡ ᠲᠠᠢ ᠤᠰᠤ       ᠲᠦᠩᠰᠡ ᠲᠠᠢ ᠤᠰᠤ ᠶᠢ ᠰᠠᠪᠠᠯᠠᠬᠤ ᠠᠴᠠ ᠡᠮᠤᠨ᠎ᠠ ᠶᠡᠷᠦᠨᠢ ᠤᠽᠤᠨ ᠢᠶᠠᠷ ᠠᠷᠢᠭᠤᠳᠬᠠᠨ ᠰᠢᠢᠳᠪᠤᠷᠢᠯᠡᠳᠡᠭ ᠪᠤᠯᠬᠤᠷ ᠲᠦᠩᠰᠡ ᠲᠠᠢ ᠤᠰᠤ ᠶᠢᠨ ᠤᠽᠤᠨ ᠤ ᠠᠭᠤᠯᠤᠭᠳᠠᠴᠠ ᠨᠡᠯᠢᠶᠡᠳ ᠦᠨᠳᠤᠷ ᠪᠠᠶᠢᠵᠤ᠂ ᠪᠠᠶ᠎ᠠ ᠶᠢᠨ ᠡᠷᠡᠬᠦᠯ ᠮᠡᠨᠳᠤ ᠎ ᠳᠤ ᠠᠰᠢᠭ ᠦᠬᠡᠢ᠃ ᠲᠦᠩᠰᠡ ᠲᠠᠢ ᠤᠰᠤ ᠶᠢ 2 ᠡᠳᠤᠷ ᠲᠠᠯᠪᠢᠵᠤ᠂ ᠤᠽᠤᠨ ᠨᠢ ᠠᠶᠠᠨᠳᠠᠭᠠᠨ ᠠᠷᠢᠯᠤᠭᠰᠠᠨ ᠤ ᠲᠠᠷᠠᠭ᠎ᠠ ᠤᠤᠭᠤᠪᠠᠯ ᠬᠠᠮᠤᠭ ᠰᠠᠶᠢᠨ᠃                   ᠵᠢᠷᠭᠤᠭ᠎ᠠ᠂ ᠲᠠᠪᠤᠰᠤᠯᠠᠭᠰᠠᠨ ᠨᠤᠭᠤᠭ᠎ᠠ ᠪᠠ ᠬᠦᠴᠢᠳᠠᠢ ᠨᠤᠭᠤᠭ᠎ᠠ       ᠰᠢᠨ᠎ᠠ ᠰᠤᠷᠭᠤᠭ ᠲᠠᠪᠤᠰᠤᠯᠠᠭᠰᠠᠨ ᠨᠤᠭᠤᠭ᠎ᠠ ᠪᠠ ᠬᠦᠴᠢᠳᠠᠢ ᠨᠤᠭᠤᠭ᠎ᠠ ᠳᠤ ᠵᠤᠬᠢᠬᠤ ᠬᠡᠮᠵᠢᠶᠡᠨ ᠤ ᠠᠽᠤᠲ       ᠬᠦᠴᠢᠯ ᠤᠨ ᠲᠠᠪᠤᠰᠤ ᠠᠭᠤᠯᠤᠭᠳᠠᠵᠤ᠂ ᠲᠠᠪᠤᠰᠤᠯᠠᠵᠤ ᠲᠠᠯᠪᠢᠭᠰᠠᠨ ᠤ ᠲᠠᠷᠠᠭᠠᠬᠢ ᠬᠡᠳᠤᠨ ᠴᠠᠭ ᠤᠨ ᠲᠤᠳᠤᠷ᠎ᠠ ᠲᠤᠳᠠᠭᠤ ᠠᠽᠤᠲ ᠬᠦᠴᠢᠯ ᠤᠨ ᠲᠠᠪᠤᠰᠤᠨ ᠤ ᠬᠡᠮᠵᠢᠶ᠎ᠠ ᠨᠢ ᠮᠡᠳᠡᠭᠳᠡᠮ᠎ᠠ ᠨᠡᠮᠡᠭᠳᠡᠨ ᠬᠤᠶᠠᠷ ᠭᠠᠷᠠᠭ ᠤᠨ ᠲᠠᠷᠠᠭ᠎ᠠ ᠤᠷᠬᠢᠯ ᠎ ᠳᠠᠭᠠᠨ ᠬᠦᠷᠦᠬᠡᠳ ᠲᠠᠬᠢᠨ ᠠᠭᠠᠵᠢᠮ ᠢᠶᠠᠷ ᠪᠠᠭᠤᠷᠠᠳᠠᠭ ᠶᠤᠮ᠃ ᠲᠤᠳᠠᠭᠤ ᠠᠽᠤᠲ ᠬᠦᠴᠢᠯ ᠤᠨ ᠲᠠᠪᠤᠰᠤ ᠨᠢ ᠬᠦᠴᠢᠯᠳᠦ᠋ᠷᠦᠭᠴᠢ ᠲᠤᠳᠠᠭᠳᠠᠬᠤ ᠬᠡᠮ ᠡᠬᠦᠰᠬᠡᠵᠤ᠂ ᠪᠠᠰᠠ ᠢᠳᠡᠬᠡᠨ ᠤ ᠲᠤᠳᠤᠷᠠᠬᠢ ᠠᠮᠢᠨ ᠤ ᠪᠦᠷᠢᠯᠳᠦᠬᠦᠨ ᠲᠠᠢ ᠨᠢᠬᠡᠳᠤᠪᠠᠯ ᠦᠮᠡᠨ ᠡᠬᠦᠰᠬᠡᠳᠡᠭ ᠲᠤᠳᠠᠭᠤ ᠠᠽᠤᠲ ᠶᠢᠨ ᠠᠮᠢᠨ ᠪᠤᠯᠳᠠᠭ᠃ ᠡᠶᠢᠮᠤ ᠠᠴᠠ ᠰᠢᠨ᠎ᠠ ᠰᠤᠷᠭᠤᠭ ᠲᠠᠪᠤᠰᠤᠯᠠᠭᠰᠠᠨ ᠨᠤᠭᠤᠭ᠎ᠠ ᠪᠤᠯᠤᠨ       ᠬᠦᠴᠢᠳᠠᠢ ᠨᠤᠭᠤᠭ᠎ᠠ ᠶᠢ ᠢᠳᠡᠬᠦ ᠦᠬᠡᠢ ᠪᠠᠶᠢᠵᠤ᠂ ᠲᠠᠪᠤᠰᠤᠯᠠᠵᠤ ᠬᠦᠴᠢᠯᠯᠡᠬᠡᠳ 4 ᠭᠠᠷᠠᠭ ᠪᠤᠯᠤᠭᠰᠠᠨ ᠤ ᠲᠠᠷᠠᠭ᠎ᠠ ᠢᠳᠡᠪᠠᠯ ᠬᠠᠮᠤᠭ ᠰᠠᠶᠢᠨ᠃                            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号