ᠤᠨᠳᠠᠯᠭ᠎ᠠ ᠶᠢᠨ ᠵᠢᠷᠭᠤᠭᠠᠨ ᠵᠦᠢᠯ ᠤᠨ ᠡᠷᠡᠬᠦᠯ ᠪᠤᠰᠦ ᠳᠠᠳᠬᠠᠯ
ᠨᠡᠶᠢᠲᠡᠯᠡᠭᠰᠡᠨ ᠴᠠᠭ᠄
2022/11/4
      1.ᠳᠤᠯᠤᠭᠠᠢ ᠪᠠᠨ ᠤᠷᠢᠶᠠᠵᠦ ᠤᠨᠳᠠᠬᠤ        ᠳᠤᠯᠤᠭᠠᠢ ᠪᠠᠨ ᠬᠦᠨᠵᠢᠯᠡ ᠪᠠᠷ ᠣᠷᠢᠶᠠᠵᠤ ᠤᠨᠲᠠᠪᠠᠯ ᠠᠮᠢᠰᠬᠤᠯ ᠵᠦᠪᠬᠡᠨ ᠬᠢᠵᠠᠭᠠᠷᠲᠠᠢ ᠤᠷᠦᠨ ᠵᠠᠢ ᠳᠤ ᠬᠢᠵᠠᠭᠠᠷᠯᠠᠭᠳᠠᠵᠤ ᠠᠭᠠᠷ ᠰᠠᠶᠢᠨ ᠨᠡᠪᠲᠡᠷᠡᠬᠦ ᠦᠭᠡᠢ ᠪᠣᠯᠵᠤ ᠬᠦᠴᠢᠯᠳᠦ᠋ᠷᠦᠭᠴᠢ ᠳᠤᠲᠠᠭᠳᠠᠭᠠᠳ ᠲᠣᠬᠢᠲᠠᠢ ᠰᠠᠶᠢᠬᠠᠨ ᠤᠨᠳᠠᠵᠦ ᠠᠮᠠᠷᠠᠵᠤ ᠴᠢᠳᠠᠬᠤ ᠦᠭᠡᠢ ᠪᠠᠷ ᠪᠠᠷᠠᠬᠤ ᠦᠭᠡᠢ ᠬᠠᠷ᠎ᠠ ᠳᠠᠷᠤᠳᠠᠭ ᠪᠣᠯᠬᠤᠷ ᠳᠠᠷᠠᠭ᠎ᠠ ᠡᠳᠦᠷ ᠨᠢ ᠪᠤᠰᠬᠤ ᠳᠤ ᠳᠤᠯᠤᠭᠠᠢ ᠡᠷᠬᠢᠵᠦ᠂ ᠲᠠᠮᠢᠷᠳᠠᠵᠤ᠂ ᠰᠦᠷ ᠰᠦᠯᠳᠡ ᠦᠬᠡᠢ ᠪᠤᠯᠳᠠᠭ᠃       2. ᠮᠦᠷᠦ ᠪᠠᠨ ᠭᠠᠷᠭᠠᠵᠦ ᠤᠨᠳᠠᠬᠤ       ᠬᠦᠢᠲᠡᠷᠡᠭᠰᠡᠨ ᠦᠶ᠎ᠡ ᠳᠤ ᠢᠯᠠᠩᠭᠤᠶ᠎ᠠ ᠡᠪᠦᠯ ᠢᠶᠠᠷ ᠮᠦᠷᠦ ᠪᠠᠨ ᠢᠯᠠ ᠭᠠᠷᠭᠠᠵᠦ ᠤᠨᠳᠠᠪᠠᠯ ᠬᠦᠢᠳᠡᠨ ᠰᠠᠯᠬᠢᠨ ᠳᠤ ᠴᠣᠬᠢᠭᠳᠠᠵᠤ ᠠᠮᠠᠷᠬᠠᠨ ᠦᠶ᠎ᠡ ᠬᠡᠰᠢᠬᠦᠦ ᠶᠢᠨ ᠡᠪᠡᠳᠴᠢᠨ ᠳᠤ ᠨᠡᠷᠪᠡᠭᠳᠡᠵᠦ᠂ ᠦᠶ᠎ᠡ ᠬᠡᠰᠢᠬᠦᠦ ᠱᠠᠷᠬᠢᠷᠠᠵᠦ ᠡᠪᠡᠳᠬᠦ ᠪᠤᠯᠤᠨ᠎ᠠ᠃ ᠢᠯᠠᠩᠭᠤᠶ᠎ᠠ ᠦᠶ᠎ᠡ ᠭᠡᠰᠢᠭᠦᠦ ᠶᠢᠨ ᠱᠠᠷᠬᠢᠯᠤᠭ᠎ᠠ ᠡᠪᠡᠳᠴᠢᠨ ᠲᠠᠢ ᠨᠠᠰᠤᠲᠠᠶᠢᠴᠤᠳ ᠤᠨᠴᠠᠭᠠᠶᠢᠯᠠᠨ ᠠᠩᠬᠠᠷᠬᠤ ᠴᠢᠬᠤᠯᠠᠳᠠᠢ᠃       3. ᠶᠠᠭᠤᠮ᠎ᠠ ᠵᠡᠬᠦᠵᠦ ᠤᠨᠳᠠᠬᠤ       ᠶᠠᠭᠤᠮ᠎ᠠ ᠵᠡᠭᠦᠵᠦ ᠤᠨᠲᠠᠪᠠᠯ ᠴᠢᠰᠤᠨ ᠤ ᠭᠦᠶᠦᠯᠲᠡ ᠬᠡᠰᠡᠭ ᠲᠠᠯ᠎ᠠ ᠪᠠᠷ ᠬᠠᠷᠰᠢᠯᠠᠭᠳᠠᠭ ᠪᠥᠭᠡᠳ ᠢᠯᠠᠩᠭᠤᠶ᠎ᠠ ᠰᠦᠨᠢ ᠪᠠᠷ ᠬᠡᠷᠡᠯ ᠭᠠᠷᠳᠠᠭ ᠴᠠᠭ ᠤᠨ ᠮᠠᠲ᠋ᠧᠷᠢᠶᠠᠯ ᠨᠢ ᠬᠦᠮᠦᠨ ᠤ ᠪᠡᠶ᠎ᠡ ᠳᠤ ᠵᠤᠬᠢᠬᠤ ᠬᠡᠮᠵᠢᠶᠡᠨ ᠤ ᠰᠠᠴᠤᠷᠠᠯ ᠤᠨ ᠨᠥᠯᠥᠭᠡ ᠦᠵᠡᠭᠦᠯᠳᠡᠭ᠃ ᠣ ᠡᠩᠭᠡᠰᠬᠡ ᠪᠠᠨ ᠰᠠᠶᠢᠨ ᠤᠬᠢᠶᠠᠵᠤ ᠴᠡᠪᠡᠷᠯᠡᠬᠦ ᠦᠭᠡᠢ ᠤᠨᠳᠠᠪᠠᠯ ᠦᠯᠡᠳᠡᠭᠳᠡᠯ ᠨᠢ ᠨᠢᠭᠤᠷ ᠤᠨ ᠰᠢᠷ᠎ᠠ       ᠦᠰᠦᠨ ᠤ ᠰᠦᠪᠡ ᠶᠢ ᠪᠦᠭᠯᠡᠷᠡᠬᠦᠯᠵᠦ᠂ ᠰᠡᠪᠬᠡ ᠭᠠᠷᠬᠤ ᠪᠤᠯᠤᠨ᠎ᠠ︔ ᠬᠦᠬᠦᠪᠴᠢ ᠪᠠᠨ ᠵᠡᠬᠦᠵᠦ ᠤᠨᠳᠠᠪᠠᠯ ᠴᠡᠬᠡᠵᠢᠨ ᠪᠡᠶ᠎ᠡ ᠬᠠᠪᠴᠢᠭᠳᠠᠵᠤ ᠬᠦᠬᠦᠨ ᠪᠤᠯᠴᠢᠷᠬᠠᠢ ᠶᠢᠨ ᠦᠮᠠᠨ ᠵᠡᠷᠬᠡ ᠡᠪᠡᠳᠴᠢᠨ ᠳᠤ ᠠᠮᠠᠷᠬᠠᠨ ᠨᠡᠷᠪᠡᠭᠳᠡᠬᠦ ᠪᠤᠯᠤᠨ᠎ᠠ᠃        4. ᠰᠦᠨᠢ ᠪᠠᠷ ᠰᠢᠬᠡᠰᠦ ᠪᠠᠨ ᠬᠤᠷᠢᠬᠤ        ᠰᠢᠬᠡᠰᠦᠨ ᠳᠤᠳᠤᠷ᠎ᠠ ᠠᠬᠤᠭᠤᠯᠤᠭᠳᠠᠵᠤ ᠪᠠᠶᠢᠭ᠎ᠠ ᠰᠢᠬᠡᠰᠦᠯᠢᠭ ᠡᠳ᠋᠂ ᠰᠢᠬᠡᠰᠦᠨ ᠬᠦᠴᠢᠯ ᠪᠣᠯᠣᠨ ᠪᠤᠰᠤᠳ ᠣᠯᠠᠨ ᠵᠦᠢᠯ ᠤᠨ ᠬᠤᠤᠷᠳᠠᠢ ᠰᠢᠭᠦᠷᠡᠯᠲᠡ ᠡᠳ᠋ ᠢ ᠳᠠᠷᠤᠶᠢᠬᠠᠨ ᠢᠯᠭᠠᠷᠠᠭᠤᠯᠬᠤ ᠦᠭᠡᠢ ᠬᠡᠳᠦᠷᠬᠡᠢ ᠤᠳᠠᠭᠠᠨ ᠬᠠᠳᠠᠭᠠᠪᠠᠯ ᠪᠡᠶ᠎ᠡ ᠮᠠᠬᠠᠪᠤᠳ ᠲᠤ ᠮᠠᠰᠢ ᠶᠡᠭᠡ ᠬᠤᠣᠷ ᠬᠥᠨᠥᠭᠡᠯ ᠲᠠᠢ ᠪᠦᠬᠡᠳ ᠳᠠᠪᠤᠰᠠᠩ ᠤᠨ ᠦᠷᠪᠢᠰᠦᠯ ᠪᠣᠯᠣᠨ ᠰᠢᠬᠡᠰᠦᠨ ᠰᠦᠪᠡ ᠶᠢᠨ ᠦᠷᠪᠢᠰᠦᠯ ᠳᠤ ᠨᠡᠷᠪᠡᠭᠳᠡᠬᠦ ᠠᠶᠤᠯ ᠲᠠᠢ ᠶᠤᠮ᠃ ᠰᠢᠬᠡᠰᠦ ᠪᠠᠨ ᠤᠳᠠᠭᠠᠨ ᠬᠤᠷᠢᠪᠠᠯ ᠪᠠᠰᠠ ᠪᠦᠬᠡᠷ᠎ᠡ ᠶᠢ ᠨᠥᠯᠥᠭᠡᠯᠡᠵᠦ᠂ ᠪᠡᠬᠡᠷᠡᠬᠦ᠂ ᠬᠠᠯᠠᠭᠤᠷᠠᠬᠤ᠂ ᠰᠢᠬᠡᠰᠦ ᠠᠯᠳᠠᠬᠤ᠂ ᠰᠢᠬᠡᠬᠦ ᠳᠤ ᠬᠦᠴᠢᠷᠳᠡᠬᠦ᠂ ᠨᠢᠷᠤᠭᠤ ᠡᠪᠡᠳᠬᠦ᠂ ᠶᠠᠳᠠᠷᠠᠵᠦ ᠲᠠᠮᠢᠷᠳᠠᠬᠤ ᠡᠪᠡᠳᠴᠢᠨ ᠠᠷᠬᠠᠭ ᠲᠠᠢ ᠪᠣᠯᠭᠠᠨ᠎ᠠ᠃        5.ᠳᠠᠮᠢᠷᠵᠢᠭᠤᠯᠬᠤ ᠡᠮ ᠢ ᠳᠤᠷ᠎ᠠ ᠪᠠᠷ ᠢᠶᠠᠨ ᠤᠤᠭᠤᠬᠤ        ᠳᠠᠮᠢᠷᠵᠢᠭᠤᠯᠬᠤ ᠡᠮ ᠨᠢ ᠪᠡᠶ᠎ᠡ ᠮᠠᠬᠠᠪᠤᠳ ᠲᠤ ᠰᠢᠮ᠎ᠡ ᠳᠡᠵᠢᠬᠡᠯ ᠬᠠᠩᠭᠠᠳᠠᠭ ᠪᠤᠯᠪᠠᠴᠦ᠂ ᠳᠤᠷ᠎ᠠ ᠪᠠᠷ ᠢᠶᠠᠨ ᠤᠤᠭᠤᠵᠤ ᠪᠣᠯᠬᠤ ᠦᠭᠡᠢ᠂ ᠢᠯᠠᠩᠭᠤᠶ᠎ᠠ ᠤᠨᠳᠠᠬᠤ ᠠᠴᠠ ᠡᠮᠦᠨ᠎ᠡ ᠤᠤᠭᠤᠵᠦ ᠪᠤᠯᠬᠤ ᠦᠬᠡᠢ᠃ ᠤᠨᠳᠠᠬᠤ ᠦᠶ᠎ᠡ ᠳᠤ ᠬᠦᠮᠦᠨ ᠤ ᠵᠢᠷᠦᠬᠡᠨ ᠤ ᠴᠣᠬᠢᠯᠭ᠎ᠠ ᠤᠳᠠᠭᠠᠰᠢᠷᠠᠭ ᠪᠣᠯᠬᠤᠷ ᠴᠢᠰᠦᠨ ᠤ ᠭᠦᠶᠦᠯᠲᠡ ᠶᠢ ᠶᠡᠭᠡ ᠪᠠᠷ ᠲᠦᠷᠭᠡᠳᠬᠡᠳᠡᠭ ᠳᠠᠮᠢᠷᠵᠢᠭᠤᠯᠬᠤ ᠡᠮ ᠨᠢ ᠳᠠᠷᠢᠬᠢᠨ ᠤ ᠴᠢᠰᠦᠨ ᠰᠤᠳᠠᠯ ᠢ ᠪᠥᠭᠯᠡᠷᠡᠭᠦᠯᠬᠦ ᠠᠶᠤᠯ ᠲᠠᠢ ᠶᠤᠮ᠃        6.ᠤᠨᠳᠠᠬᠤ ᠳᠤ ᠠᠮᠠ ᠪᠠᠨ ᠠᠩᠭᠠᠶᠢᠬᠤ        ᠠᠮᠠ ᠪᠠᠨ ᠠᠩᠭᠠᠶᠢᠵᠤ ᠤᠨᠲᠠᠪᠠᠯ ᠬᠦᠢᠳᠡᠨ ᠠᠭᠠᠷ ᠪᠤᠯᠤᠨ ᠬᠤᠭ ᠳᠤᠭᠤᠰᠦ ᠨᠢ ᠠᠮᠢᠰᠬᠤᠯ ᠢᠶᠠᠷ ᠳᠠᠮᠵᠢᠵᠤ ᠠᠭᠤᠰᠬᠢ ᠪᠤᠯᠤᠨ ᠬᠤᠳᠤᠭᠤᠳᠦ ᠳᠤ ᠠᠮᠠᠷᠬᠠᠨ ᠬᠤᠣᠷ ᠬᠥᠨᠥᠭᠡᠯ ᠤᠴᠠᠷᠠᠭᠤᠯᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号