ᠦᠮᠠᠨ ᠢ ᠡᠰᠡᠷᠭᠦᠴᠡᠬᠦ ᠲᠡᠵᠢᠭᠡᠯ ᠡᠳ᠋᠄ ᠬᠤᠤ ᠯᠤᠤᠪᠠᠩ ᠤᠨ ᠡᠳ᠋
ᠨᠡᠶᠢᠲᠡᠯᠡᠭᠰᠡᠨ ᠴᠠᠭ᠄
2022/4/14
      ᠤᠷᠢᠳᠴᠢᠯᠠᠨ ᠰᠡᠷᠭᠡᠶᠢᠯᠡᠬᠦ ᠡᠪᠡᠳᠴᠢᠨ᠄ ᠬᠦᠬᠦᠨ ᠪᠤᠯᠴᠢᠷᠬᠠᠢ ᠶᠢᠨ ᠦᠮᠠᠨ       ᠢᠷᠡᠯᠲᠡ᠄ ᠨᠤᠭᠤᠭᠠᠨ ᠨᠠᠪᠴᠢ ᠲᠠᠢ ᠨᠤᠭᠤᠭ᠎ᠠ᠂ ᠵᠦᠷᠵᠢᠨ ᠰᠢᠷ᠎ᠠ ᠦᠡᠭᠭᠡ ᠲᠠᠢ ᠨᠤᠭᠤᠭ᠎ᠠ ᠵᠢᠮᠢᠰ             ᠬᠤᠤ ᠯᠤᠤᠪᠠᠩ ᠤᠨ ᠡᠳ᠋ ᠳᠤ ᠭᠤᠤᠯᠳᠠᠭᠤ α ᠬᠤᠤ ᠯᠤᠤᠪᠠᠩ ᠤᠨ ᠡᠳ᠋᠂ β ᠬᠤᠤᠯᠤᠪᠠᠩ ᠤᠨ ᠡᠳ᠋᠂ γ ᠬᠤᠤ ᠯᠤᠤᠪᠠᠩ ᠤᠨ ᠡᠳ᠋ ᠪᠠᠭᠳᠠᠨ᠎ᠠ᠂ ᠲᠡᠳᠡᠭᠡᠷ ᠨᠢ ᠪᠦᠬᠦᠨ ᠢᠶᠠᠷ ᠢᠶᠠᠨ ᠸᠢᠲ᠋ᠠᠮᠢᠨ A ᠰᠤᠷᠪᠤᠯᠵᠢ ︵ᠬᠦᠮᠦᠨ ᠤ ᠪᠡᠶ᠎ᠡ ᠳᠤ ᠬᠤᠪᠢᠷᠠᠭᠠᠳ ᠸᠢᠲ᠋ᠠᠮᠢᠨ A ᠪᠤᠯᠤᠨ᠎ᠠ︶ ᠪᠤᠯᠤᠨ᠎ᠠ᠃ ᠰᠤᠳᠤᠯᠭᠠᠨ ᠢ ᠦᠨᠳᠦᠰᠦᠯᠡᠪᠡᠯ᠂ ᠴᠢᠰᠤᠨ ᠲᠤᠲᠤᠷᠠᠬᠢ ᠬᠤᠤ ᠯᠤᠤᠪᠠᠩ ᠤᠨ ᠡᠳ᠋ ᠤᠨ ᠦᠳᠭᠡᠴᠡ ᠤᠯᠠᠮ ᠦᠨᠳᠦᠷ ᠪᠤᠯ᠂ ᠬᠦᠬᠦᠨ ᠪᠤᠯᠴᠢᠷᠬᠠᠢ ᠶᠢᠨ ᠦᠮᠠᠨ ᠳᠤ ᠨᠡᠷᠪᠡᠭᠳᠡᠬᠦ ᠶᠢᠨ ᠲᠦᠭᠰᠢᠭᠦᠷᠢ ᠨᠢ ᠤᠯᠠᠮ ᠪᠠᠭ᠎ᠠ᠃ ᠡᠸᠦ᠋ᠷᠦᠫᠡ ᠲᠢᠪ ᠤᠨ ᠡᠯ᠎ᠡ ᠭᠠᠵᠠᠷ ᠤᠨ ᠨᠢᠭᠡᠨ ᠪᠠᠶᠢᠴᠠᠭᠠᠯᠲᠠ ᠳᠤ ᠢᠯᠡᠷᠡᠭᠦᠯᠦᠭᠰᠡᠨ ᠨᠢ᠂ ᠦᠷᠭᠦᠯᠵᠢ ᠬᠤᠤ ᠯᠤᠤᠪᠠᠩ ᠤᠨ ᠡᠳ᠋ ᠠᠭᠤᠯᠤᠭᠳᠠᠬᠤ ᠢᠳᠡᠭᠡᠨ ᠢᠳᠡᠳᠡᠭ ᠡᠮᠡᠭᠲᠠᠶᠢᠴᠤᠳ᠂ ᠡᠮ᠎ᠡ ᠬᠤᠷᠮᠤᠨ ᠤ ᠬᠦᠯᠢᠶᠡᠭᠴᠢ ᠲᠠᠢ ᠬᠠᠮᠢᠶ᠎ᠠ ᠲᠠᠢ ᠬᠦᠬᠦᠨ ᠪᠤᠯᠴᠢᠷᠠᠬᠠᠢ ᠶᠢᠨ ᠦᠮᠠᠨ ᠡᠪᠡᠳᠴᠢᠨ ᠢ ᠤᠯᠬᠤ ᠨᠤᠷᠮ᠎ᠠ ᠨᠢ 40%~60%᠎ ᠪᠠᠷ ᠪᠠᠭᠠᠰᠤᠨ᠎ᠠ᠂ ᠡᠨᠡ ᠲᠦᠷᠦᠯ ᠤᠨ ᠬᠦᠬᠦᠨ ᠪᠤᠯᠴᠢᠷᠬᠠᠢ ᠶᠢᠨ ᠦᠮᠠᠨ ᠨᠢ ᠪᠦᠬᠦ᠋ᠢᠯᠡ ᠬᠦᠬᠦᠨ ᠪᠤᠯᠴᠢᠷᠬᠠᠢ ᠶᠢᠨ ᠦᠮᠠᠨ ᠡᠪᠡᠳᠴᠢᠨ ᠤ ᠪᠠᠷᠤᠭ 1/3᠎ ᠢ ᠡᠵᠡᠯᠡᠨ᠎ᠡ᠃       ᠰᠠᠨᠠᠭᠤᠯᠭ᠎ᠠ᠄ ᠬᠤᠤ ᠯᠤᠤᠪᠠᠩ ᠤᠨ ᠡᠳ᠋ ᠤᠨ ᠭᠤᠤᠯ ᠢᠷᠡᠯᠲᠠ ᠨᠢ ᠬᠤᠤ ᠯᠤᠤᠪᠠᠩ᠂ ᠨᠠᠨᠭᠤᠸᠠ᠂ ᠠᠪᠠᠷᠠᠢ᠂ ᠡᠷᠳᠡᠨᠢ ᠰᠢᠰᠢ᠂ ᠵᠦᠷᠵᠢ ᠵᠡᠷᠭᠡ ᠵᠦᠷᠵᠢᠨ ᠰᠢᠷ᠎ᠠ ᠦᠡᠭᠭᠡ ᠲᠠᠢ ᠨᠤᠭᠤᠭ᠎ᠠ ᠵᠢᠮᠢᠰ ᠪᠠ ᠦᠷᠭᠡᠰᠦᠲᠦ ᠨᠤᠭᠤᠭ᠎ᠠ ᠵᠡᠷᠭᠡ ᠬᠦᠨ ᠨᠤᠭᠤᠭᠠᠨ ᠨᠠᠪᠴᠢ ᠲᠠᠢ ᠨᠤᠭᠤᠭ᠎ᠠ᠃ ᠪᠠᠶᠠᠷᠯᠠᠭᠤᠰᠢᠲᠠᠢ ᠨᠢ᠂ ᠸᠢᠲ᠋ᠠᠮᠢᠨ C ᠵᠡᠷᠭᠡ ᠲᠡᠵᠢᠭᠡᠯ ᠡᠳ᠋ ᠲᠠᠢ ᠬᠠᠷᠢᠴᠠᠭᠤᠯᠪᠠᠯ ᠬᠤᠤ ᠯᠤᠤᠪᠠᠩ ᠤᠨ ᠡᠳ᠋ ᠨᠢ ᠬᠠᠯᠠᠭᠤᠨ ᠢ ᠲᠡᠰᠪᠦᠷᠢᠯᠡᠬᠦ ᠴᠢᠳᠠᠪᠤᠷᠢ ᠪᠠᠷ ᠨᠡᠯᠢᠶᠡᠳ ᠰᠠᠶᠢᠨ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号