ᠲᠡᠤᠬᠡ ᠮᠠᠨᠠᠭᠰᠠᠨ ᠮᠠᠨᠳᠤᠯ ᠠᠭᠤᠯᠠ ᠶᠢᠨ ᠬᠠᠳᠠ
ᠨᠡᠶᠢᠲᠡᠯᠡᠭᠰᠡᠨ ᠴᠠᠭ᠄
2022/5/31
            ᠴ᠊ · ᠰᠤᠳᠤᠨ       ᠲᠠᠪᠰᠢᠯᠳᠦ                         4 ᠰᠠᠷ᠎ᠠ ᠶᠢᠨ 4᠎ ᠤ ᠡᠳᠦᠷ ᠤᠨ ᠦᠳᠡ ᠶᠢᠨ ᠬᠤᠶᠢᠨ᠎ᠠ ᠪᠢᠳᠠ ᠮᠠᠨᠳᠤᠯ ᠰᠤᠮᠤᠨ ᠤ ᠰᠠᠭᠤᠷᠢᠰᠢᠭ᠎ᠠ ᠭᠠᠵᠠᠷ ᠎ ᠠᠴᠠ ᠪᠠᠷᠠᠭᠤᠨᠰᠢ ᠤᠶᠢᠷᠠᠬᠠᠨ ᠪᠠᠶᠢᠭ᠎ᠠ ᠦᠬᠡᠷ ᠤᠰᠤ ᠭᠡᠮᠡᠬᠦ ᠭᠠᠵᠠᠷ ᠠᠴᠠ ᠡᠮᠤᠨᠡᠰᠢ ᠵᠠᠮ ᠰᠠᠯᠵᠦ ᠮᠠᠨᠳᠤᠯ ᠠᠭᠤᠯᠠ ᠎ ᠶᠢ ᠴᠢᠭᠯᠡᠪᠡ᠃ ᠠᠳᠡ ︽ᠤᠷᠠᠨ ᠵᠢᠷᠤᠭ ᠤᠨ ᠡᠷᠳᠡᠨ ᠤ ᠠᠮᠢᠳᠤ ᠴᠢᠯᠠᠭᠤᠵᠢᠮᠠᠯ︾ ᠭᠡᠮᠡᠨ ᠲᠡᠯᠡᠬᠡᠢ ᠳ᠋ᠠᠬᠢᠨ᠎ᠠ ᠠᠯᠳᠠᠷᠰᠢᠭᠰᠠᠨ ᠡᠷᠳᠡᠨ ᠤ ᠬᠠᠳᠠᠨ ᠵᠢᠷᠤᠭ ᠪᠠᠶᠢᠭ᠎ᠠ ᠶᠤᠮ᠃ ᠬᠠᠪᠤᠷ ᠤᠨ ᠲᠡᠭᠷᠢ ᠤᠯᠠᠨ ᠤᠪ ᠲᠠᠢ ᠭᠡᠭᠴᠢ ᠪᠠᠷ ᠨᠠᠮᠤᠭᠤᠬᠠᠨ ᠪᠠᠶᠢᠭᠰᠠᠨ ᠲᠡᠭᠷᠢ ᠭᠡᠨᠡᠳᠳᠡ ᠤᠯᠠᠭᠠᠨ ᠰᠢᠭᠤᠷᠭ᠎ᠠ ᠪᠠᠨ ᠲᠠᠯᠪᠢᠵᠦ᠂ ᠮᠠᠨᠳᠤᠯ ᠠᠭᠤᠯᠠ ᠰᠠᠯᠬᠢᠨ ᠮᠠᠨᠠᠨ ᠤ ᠲᠤᠮᠳᠠ ᠰᠦᠷᠯᠢᠭᠬᠡᠨ ᠬᠠᠷᠠᠭᠳᠠᠨ᠎ᠠ ᠠᠵᠢ᠃ ᠮᠠᠨ ᠤ ᠬᠠᠶᠢᠨ ᠰᠤᠷᠪᠤᠯᠵᠢᠯᠠᠬᠤ ᠠᠶᠠᠨ ᠤ ᠪᠦᠯᠬᠦᠮ ᠤᠨ ᠤᠯᠤᠰ ᠤᠳ ᠮᠠᠨᠳᠤᠯ ᠠᠭᠤᠯᠠᠨ ᠳᠤ ᠬᠡᠳᠦᠨᠳᠡ ᠢᠷᠡᠵᠦ ᠦᠩᠭᠡᠷᠡᠵᠡᠢ᠃ ᠡᠨᠡ ᠤᠳᠠᠭ᠎ᠠ ᠰᠠᠶᠢᠬᠠᠨ ᠰᠡᠬᠦᠳᠡᠷᠯᠡᠭᠡ ᠠᠪᠬᠤ ᠰᠠᠨᠠᠭ᠎ᠠ ᠲᠠᠢ ᠪᠠᠶᠢᠭᠰᠠᠨ ᠪᠤᠯᠪᠠᠴᠤ ᠰᠠᠯᠬᠢᠨ ᠠᠴᠠ ᠪᠤᠯᠵᠦ ᠰᠡᠳᠬᠢᠯ ᠲᠤᠮᠳᠠᠭᠤᠷ ᠪᠤᠯᠤᠭᠰᠠᠨ ᠨᠢ ᠢᠯᠡᠭᠡᠨ ᠪᠠᠶᠢᠪᠠ᠃ ᠭᠡᠪᠡᠴᠦ ᠶᠠᠭᠠᠬᠢᠮᠠᠢ᠂ ᠴᠠᠭ ᠤᠨ ᠲᠤᠬᠢᠷᠠᠭᠤᠯᠭ᠎ᠠ᠂ ᠴᠠᠭ ᠠᠭᠤᠷ ᠪᠢᠳᠠᠨ ᠢ ᠦᠷᠦᠰᠢᠶᠡᠬᠦ ᠦᠭᠡᠢ ᠬᠤᠶᠢᠨ᠎ᠡ ᠠᠷᠭ᠎ᠠ ᠦᠭᠡᠢ᠂ ᠵᠠᠪᠠᠯ ᠤᠴᠢᠬᠤ ᠯᠠ ᠬᠡᠷᠡᠭ ᠪᠤᠯᠤᠯ᠎ᠠ᠃       ᠪᠢᠳᠠ ᠮᠠᠨᠳᠤᠯ ᠠᠭᠤᠯᠠ ᠶᠢᠨ ᠪᠠᠷᠠᠭᠤᠨ ᠪᠡᠯ ᠳᠤ ᠪᠠᠶᠢᠭ᠎ᠠ ᠬᠠᠳᠠᠨ ᠵᠢᠷᠤᠭ ᠢ ᠬᠠᠷᠠᠵᠦ ᠬᠠᠮᠠᠭᠠᠯᠠᠬᠤ ᠦᠷᠳᠡᠭᠡᠨ ᠳᠤ ᠬᠦᠷᠴᠦ ᠨᠡᠷ᠎ᠡ ᠤᠰᠤ ᠪᠠᠨ ᠲᠡᠮᠳᠡᠭᠯᠡᠬᠦᠯᠦᠯ᠎ᠡ᠃ ᠬᠠᠮᠢᠶᠠᠷᠤᠯᠳᠠ ᠶᠢᠨ ᠦᠷᠳᠡᠭᠡ ᠶᠢ ᠤᠤᠯ ᠠᠴᠠ ᠎ ᠪᠠᠨ ᠠᠳᠡ ᠰᠠᠭᠤᠷᠢᠰᠢᠭ᠎ᠠ ᠡᠨᠡ ᠬᠦ ᠮᠠᠯᠴᠢᠨ ᠠᠶᠢᠯ ᠲᠠᠭᠠᠭᠠᠴᠢᠯᠠᠨ ᠰᠠᠬᠢᠭᠰᠠᠭᠠᠷ ᠢᠷᠡᠵᠡᠢ᠃ ᠮᠠᠯ ᠠᠬᠤᠢ ᠪᠠᠨ ᠲᠤᠳᠤᠮᠳᠠᠨ ᠶᠠᠭᠠᠷᠠᠵᠦ ᠪᠠᠶᠢᠭᠰᠠᠨ ᠠᠶᠢᠯ ᠤᠨ ᠵᠠᠯᠠᠭᠤ ᠪᠢᠳᠠᠨ ᠢ ᠲᠠᠭᠠᠭᠤᠯᠤᠨ ᠮᠠᠨᠳᠤᠯ ᠠᠭᠤᠯᠠᠨ ᠳᠤ ᠭᠠᠷᠬᠤ ᠮᠤᠳᠤ ᠪᠠᠷ ᠲᠡᠪᠢᠰᠦᠭᠰᠡᠨ ᠱᠠᠳᠤᠨ ᠵᠠᠮ ᠳᠤ ᠭᠠᠷᠭᠠᠵᠦ ᠦᠭᠬᠦᠭᠰᠡᠨ ᠢᠶᠠᠨ᠄ ︽ᠲᠠᠨᠠᠷ ᠶᠠᠭᠠᠬᠢᠵᠦ ᠬᠤᠷᠳᠤᠨ ᠶᠠᠪᠤᠭᠰᠠᠨ ᠴᠤ ᠠᠭᠤᠯᠠᠨ ᠤᠷᠤᠢ ᠪᠠᠷ ᠡᠷᠬᠢᠭᠡᠳ ᠢᠷᠡᠬᠦ ᠳᠤ ᠨᠠᠭᠠᠳᠤ ᠵᠠᠬ᠎ᠠ ᠳᠠᠭᠠᠨ ᠬᠤᠶᠠᠷ ᠴᠠᠭ ᠭᠠᠷᠤᠢ ᠪᠤᠯᠤᠨ᠎ᠠ ᠰᠢᠤ᠃ ᠲᠡᠭᠡᠷ᠎ᠡ ᠠᠴᠠ ᠨᠢ ᠦᠨᠦᠳᠦᠷ ᠰᠠᠯᠬᠢ ᠶᠡᠭᠡ ᠪᠠᠶᠢᠨ᠎ᠠ᠂ ᠤᠰᠤ ᠤᠮᠳᠠ ᠪᠠᠨ ᠬᠦᠢᠴᠡᠳ ᠠᠪᠤᠭᠰᠠᠨ ᠪᠢᠵᠠ︖︾ ᠬᠡᠵᠦ ᠪᠠᠶᠢᠯ᠎ᠠ᠃ ᠪᠢᠳᠠ ᠠᠴᠢᠶ᠎ᠠ ᠬᠦᠰᠬᠡ ᠬᠦᠨᠳᠦᠳᠡᠬᠦ ᠠᠴᠠ ᠡᠮᠢᠶᠠᠨ ᠵᠦᠪᠬᠡᠨ ᠰᠡᠬᠦᠳᠡᠷᠯᠡᠭᠡ ᠶᠢᠨ ᠮᠠᠰᠢᠨ ᠎ ᠢᠶᠠᠨ ᠡᠬᠦᠷᠦᠭᠡᠳ ᠶᠠᠪᠤᠪᠠ᠃ ᠠᠭᠤᠯᠠᠨ ᠪᠡᠯ ᠢᠶᠠᠷ ᠬᠠᠶᠠ ᠨᠢᠭᠡ ᠬᠤᠶᠠᠷ ᠬᠠᠳᠠᠨ ᠵᠢᠷᠤᠭ ᠬᠠᠷᠠᠭᠳᠠᠵᠦ ᠪᠠᠶᠢᠭᠰᠠᠨ ᠪᠤᠯᠪᠠᠴᠤ ᠭᠤᠤᠯ ᠬᠠᠳᠠᠨ ᠵᠢᠷᠤᠭ ᠨᠢ ᠠᠭᠤᠯᠠᠨ ᠤᠷᠤᠢ ᠳᠤ ᠪᠠᠶᠢᠬᠤ ᠪᠤᠯᠬᠤᠷ ᠪᠢᠳᠠ ᠡᠳᠡᠭᠡᠷ ᠢ ᠡᠰᠡ ᠲᠤᠭᠤᠮᠰᠠᠷᠯᠠᠨ ᠠᠭᠤᠯᠠ ᠦᠭᠡᠳᠡ ᠬᠤᠷᠳᠤᠯᠠᠨ ᠠᠯᠬᠤᠯ᠎ᠠ᠃       ᠮᠠᠨᠳᠤᠯ ᠠᠭᠤᠯᠠ ᠨᠢ ᠠᠯᠠᠱᠠ ᠪᠠᠷᠠᠭᠤᠨ ᠬᠤᠰᠢᠭᠤᠨ ᠤ ᠮᠠᠨᠳᠤᠯ ᠰᠤᠮᠤᠨ ᠳᠤ ᠬᠠᠷᠢᠶᠠᠯᠠᠭᠳᠠᠨ᠎ᠠ᠃ ᠶᠠᠪᠠᠷᠠᠢ ᠠᠭᠤᠯᠠ ᠶᠢ ᠪᠤᠳᠤᠪᠠᠯ ᠬᠡᠪᠴᠢᠶ᠎ᠡ ᠪᠠᠷ ᠪᠠᠭ᠎ᠠ᠂ ᠨᠠᠮᠬᠠᠨ ᠠᠭᠤᠯᠠ ᠪᠠᠶᠢᠭᠰᠠᠨ ᠴᠤ ᠡᠭ᠍ᠴᠡ ᠠᠰᠬ᠎ᠠ ᠱᠠᠳᠤ ᠪᠠᠷ ᠠᠪᠠᠷᠢᠬᠤ ᠳᠤ ᠬᠦᠴᠦ ᠤᠷᠤᠵᠦ ᠪᠠᠶᠢᠪᠠ᠃ ᠠᠭᠤᠯᠠ ᠶᠢᠨ ᠶᠡᠷᠤᠩᠬᠡᠢ ᠲᠠᠯᠠᠪᠠᠢ ᠨᠢ 30 ᠭᠠᠷᠤᠢ ᠬᠠᠪᠳᠠᠭᠠᠢ ᠲᠦᠷᠪᠡᠯᠵᠢᠨ ᠺᠢᠯᠦᠮᠧᠲᠷ ᠪᠠᠶᠢᠳᠠᠭ ᠭᠡᠨ᠎ᠡ᠃ ᠪᠡᠯ ᠲᠠᠭᠠᠭᠰᠠᠨ ᠠᠳᠠᠷᠠᠭ᠎ᠠ ᠲᠤᠯᠤᠭᠠᠳ ᠢᠶᠠᠷ ᠨᠢ ᠪᠤᠷᠤ ᠦᠩᠭᠡ ᠲᠠᠢ ᠲᠤᠮᠤ ᠲᠤᠮᠤ ᠦᠬᠡᠷ ᠬᠠᠳᠠ᠂ ᠬᠠᠶᠢᠰᠦᠨ ᠴᠢᠯᠠᠭᠤ᠂ ᠨᠦᠬᠡ ᠲᠠᠢ ᠬᠠᠳᠠ ᠪᠤᠶᠤ ᠬᠠᠳᠠᠨ ᠠᠭᠤᠯᠠ ᠲᠠᠷᠬᠠᠵᠦ᠂ ᠠᠯᠢ ᠦᠨᠳᠦᠷᠵᠢᠬᠦ ᠲᠤᠰᠤᠮ ᠬᠠᠷ᠎ᠠ ᠦᠩᠭᠡ ᠶᠢᠨ ᠬᠢᠯᠦᠭᠡᠷ ᠬᠠᠳᠠ ᠴᠢᠯᠠᠭᠤ ᠠᠷᠪᠢᠳᠤᠨ᠎ᠠ ᠠᠵᠢ᠃ ᠠᠭᠤᠯᠠᠨ ᠤᠷᠤᠢ ᠪᠠᠷ ᠬᠠᠶᠠ ᠦᠭᠡᠢ ᠬᠤᠨᠢ ᠮᠠᠯ ᠨᠢᠯᠬ᠎ᠠ ᠨᠤᠭᠤᠭ᠎ᠠ ᠬᠦᠭᠡᠭᠡᠨ ᠲᠠᠪᠬᠢᠵᠦ᠂ ᠠᠭᠤᠯᠠᠨ ᠤ ᠪᠡᠯ ᠢᠶᠠᠷ ᠲᠡᠮᠡᠭᠡᠨ ᠰᠦᠷᠦᠭ ᠪᠡᠯᠴᠢᠵᠦ᠂ ᠠᠳᠡ ᠲᠡᠨᠳᠡ ᠦᠷᠬᠦᠢ ᠠᠶᠢᠯ ᠤᠨ ᠪᠠᠷ᠎ᠠ ᠬᠠᠷᠠᠭᠳᠠᠨ᠎ᠠ᠃ ᠡᠨᠡ ᠬᠠᠪᠤᠷ ᠬᠡᠳᠦᠶᠢᠪᠡᠷ ᠭᠠᠩ ᠲᠠᠢ ᠪᠤᠯᠪᠠᠴᠤ ᠠᠳᠡ ᠶᠡᠷᠤ ᠠᠴᠠ ᠡᠪᠡᠰᠦ ᠤᠷᠭᠤᠮᠠᠯ ᠰᠠᠬᠤᠯᠢᠭ ᠤᠷᠭᠤᠳᠠᠭ ᠨᠢ ᠢᠯᠡᠬᠡᠨ ᠮᠡᠳᠡᠭᠳᠡᠨ᠎ᠡ᠃ ᠲᠡᠶᠢᠮᠦ ᠴᠤ ᠪᠠᠶᠢᠯᠬᠦᠢ᠂ ᠤᠮᠠᠷᠠᠳᠦ ᠶᠢᠨ ᠡᠷᠳᠡᠨ ᠤ ᠨᠡᠬᠦᠳᠡᠯ ᠦᠨᠳᠦᠰᠦᠳᠡᠨ ᠦᠶ᠎ᠡ ᠤᠯᠠᠷᠢᠨ ᠠᠳᠡ ᠨᠡᠬᠦᠳᠡᠯᠯᠡᠨ ᠢᠷᠡᠵᠦ ᠠᠩ ᠠᠪᠠ ᠬᠢᠵᠦ ᠮᠠᠯᠵᠢᠨ ᠠᠮᠢᠳᠤᠷᠠᠵᠦ ᠪᠠᠶᠢᠭᠰᠠᠨ ᠨᠢ ᠠᠳᠡᠬᠢ ᠶᠢᠨ ᠬᠠᠳᠠᠨ ᠵᠢᠷᠤᠭ ᠭᠡᠷᠡᠴᠢᠯᠡᠵᠦ ᠪᠠᠶᠢᠭ᠎ᠠ᠃ ᠤᠳᠤ ᠴᠤ ᠭᠡᠰᠡᠨ ᠠᠳᠡᠬᠢ ᠶᠢᠨ ᠮᠠᠯᠴᠢᠳ ᠠᠭᠤᠯᠠ ᠪᠠᠨ ᠲᠦᠰᠢᠨ ᠬᠠᠳᠠ ᠪᠠᠨ ᠮᠠᠨᠠᠨ ᠠᠵᠦ ᠲᠦᠷᠦᠨ ᠠᠮᠢᠳᠤᠷᠠᠭᠰᠠᠭᠠᠷ ᠠᠵᠢ᠃       ᠭᠤᠤᠯ ᠦᠨ᠎ᠡ ᠦᠷᠳᠡᠭ ᠪᠦᠬᠦᠢ ᠬᠠᠳᠠᠨ ᠵᠢᠷᠤᠭ ᠨᠢ ᠠᠭᠤᠯᠠᠨ ᠤᠷᠤᠶᠢᠰ ᠢᠶᠠᠷ ᠲᠦᠪᠯᠡᠷᠡᠵᠦ᠂ ᠬᠠᠷ᠎ᠠ ᠦᠩᠭᠡ ᠶᠢᠨ ᠬᠠᠳᠠᠨ ᠤ ᠬᠠᠯᠢᠰᠤᠨ ᠲᠡᠭᠡᠷ᠎ᠡ ᠰᠡᠶᠢᠯᠬᠦ ᠳᠤ ᠴᠠᠭᠠᠨ᠎ᠠ ᠠᠴᠠ ᠨᠢ ᠰᠢᠷᠠᠪᠳᠤᠷ ᠦᠩᠭᠡ ᠢᠯᠡᠷᠡᠭᠡᠳ ᠶᠠᠭ ᠯᠠ ᠦᠩᠭᠡ ᠪᠤᠳᠤᠭ ᠲᠠᠭᠠᠷᠠᠭᠤᠯᠤᠭᠰᠠᠨ ᠮᠡᠳᠦ ᠭᠤᠶᠤ ᠬᠠᠷᠠᠭᠳᠠᠵᠦ ᠪᠠᠶᠢᠪᠠ᠃ ᠠᠳᠡᠬᠢ 18 ᠺᠢᠯᠦᠮᠧᠲᠷ ᠬᠠᠪᠳᠠᠭᠠᠢ ᠲᠦᠷᠪᠡᠯᠵᠢᠨ ᠭᠠᠵᠠᠷ ᠲᠤ 80 ᠭᠠᠷᠤᠢ ᠵᠦᠢᠯ ᠤᠨ 6000 ᠭᠠᠷᠤᠢ ᠬᠠᠳᠠᠨ ᠵᠢᠷᠤᠭ ᠪᠠᠶᠢᠳᠠᠭ᠃ ᠲᠦᠷᠦᠯ ᠵᠦᠢᠯ ᠨᠢ ᠮᠠᠰᠢ ᠠᠷᠪᠢᠨ᠂ ᠭᠤᠤᠯᠳᠠᠭᠤ ᠲᠡᠮᠡᠭᠡ᠂ ᠮᠤᠷᠢ᠂ ᠦᠬᠡᠷ᠂ ᠬᠤᠨᠢ᠂ ᠢᠮᠠᠭ᠎ᠠ᠂ ᠠᠪᠠ ᠶᠢᠨ ᠨᠤᠬᠠᠢ ᠵᠡᠷᠭᠡ ᠭᠡᠷ ᠤᠨ ᠲᠡᠵᠢᠭᠡᠪᠤᠷᠢ ᠶᠢᠨ ᠵᠢᠷᠤᠭ ᠰᠡᠶᠢᠯᠤᠮᠡᠯ ᠪᠠ ᠬᠦᠬᠡ ᠢᠮᠠᠭ᠎ᠠ᠂ ᠠᠷᠭᠠᠯᠢ᠂ ᠵᠡᠭᠡᠷ᠎ᠡ᠂ ᠪᠤᠭᠤ᠂ ᠬᠤᠯᠠᠨ᠂ ᠲᠠᠬᠢ᠂ ᠴᠢᠨ᠋ᠸ ᠎ᠠ᠂ ᠦᠨᠡᠭᠡ᠂ ᠪᠠᠷᠰ᠂ ᠢᠷᠪᠢᠰ᠂ ᠶᠠᠰᠤᠳᠤ ᠮᠡᠯᠡᠬᠡᠢ᠂ ᠰᠢᠪᠠᠭᠤ ᠵᠡᠷᠭᠡ ᠬᠡᠭᠡᠷ᠎ᠡ ᠶᠢᠨ ᠠᠮᠢᠳᠠᠨ ᠤ ᠵᠢᠷᠤᠭ ᠰᠡᠶᠢᠯᠦᠮᠡᠯ᠂ ᠮᠠᠯ ᠬᠠᠷᠢᠭᠤᠯᠬᠤ᠂ ᠠᠪᠠᠯᠠᠬᠤ᠂ ᠪᠦᠵᠢᠭᠯᠡᠬᠦ᠂ ᠨᠤᠮᠤ ᠰᠤᠮᠤ ᠬᠠᠷᠪᠤᠬᠤ ᠵᠢᠴᠢ ᠨᠠᠷᠠ ᠰᠠᠷᠠ ᠤᠳᠤ᠂ ᠪᠠᠷᠢᠯᠭ᠎ᠠ᠂ ᠡᠪᠡᠰᠦ ᠤᠷᠭᠤᠮᠠᠯ ᠤᠨ ᠵᠢᠷᠤᠭ ᠰᠡᠶᠢᠯᠦᠮᠡᠯ ᠪᠠᠶᠢᠬᠤ ᠠᠴᠠ ᠭᠠᠳᠠᠨ᠎ᠠ ᠪᠠᠰᠠ ᠠᠶᠢᠮᠠᠭ ᠤᠭᠰᠠᠭ᠎ᠠ ᠪᠠᠷ ᠢᠶᠠᠨ ᠲᠠᠶᠢᠯᠠᠯᠳᠤᠵᠦ ᠪᠠᠶᠢᠬᠤ ᠴᠤ ᠶᠤᠮ ᠰᠢᠭ᠋᠂ ᠦᠶ᠎ᠡ ᠵᠠᠯᠭᠠᠮᠵᠢᠯᠠᠯ ᠢᠶᠠᠨ ᠢᠯᠡᠳᠭᠡᠭᠰᠡᠨ ᠴᠤ ᠪᠤᠯᠪᠠᠤ᠂ ᠪᠤᠷᠬᠠᠨ ᠰᠠᠬᠢᠭᠤᠯᠰᠤᠨ ᠰᠢᠳᠦᠵᠦ ᠪᠠᠶᠢᠭ᠎ᠠ ᠴᠤ ᠶᠤᠮ ᠤᠤ ᠭᠡᠮᠡᠷ ᠤᠯᠠᠨ ᠠᠭᠤᠯᠭ᠎ᠠ ᠪᠦᠬᠦᠢ ᠵᠢᠷᠤᠭ ᠲᠦᠷᠰᠦ ᠬᠠᠷᠠᠭᠳᠠᠵᠦ᠂ ᠦᠨᠡᠭᠡᠷ ︽ᠬᠠᠳᠠᠨ ᠵᠢᠷᠤᠭ ᠤᠨ ᠡᠷᠳᠡᠨᠢ ᠶᠢᠨ ᠰᠠᠩ︾᠂ ︽ᠤᠷᠠᠨ ᠵᠢᠷᠤᠭ ᠤᠨ ᠡᠷᠳᠡᠨ ᠤ ᠠᠮᠢᠳᠤ ᠴᠢᠯᠠᠭᠤᠵᠢᠮᠠᠯ︾ ᠭᠡᠮᠡᠬᠦ ᠦᠨᠡᠯᠡᠯᠳᠡ ᠳᠡᠭᠡᠨ ᠲᠤᠬᠢᠷᠠᠭᠰᠠᠨ ᠠᠵᠢ᠃ ᠲᠡᠤᠬᠡ ᠲᠡᠮᠳᠡᠭᠯᠡᠯ ᠢ ᠡᠷᠬᠢᠬᠦᠯᠪᠡᠯ ᠬᠠᠳᠠᠨ ᠵᠢᠷᠤᠭ ᠤᠨ ᠡᠯᠡᠭᠳᠡᠯ ᠤᠨ ᠬᠡᠮᠵᠢᠶ᠎ᠡ᠂ ᠦᠩᠭᠡ ᠲᠦᠷᠰᠦ᠂ ᠠᠭᠤᠯᠭ᠎ᠠ ᠰᠡᠳᠤᠪ᠂ ᠵᠢᠷᠤᠭᠯᠠᠯ ᠤᠨ ᠤᠷ᠎ᠠ ᠮᠡᠷᠭᠡᠵᠢᠯ᠂ ᠵᠢᠷᠤᠭ ᠤᠨ ᠨᠢᠭᠤᠷ ᠲᠡᠭᠡᠷᠡᠬᠢ ᠲᠡᠮᠳᠡᠭ ᠵᠡᠷᠭᠡ ᠲᠠᠯ᠎ᠠ ᠠᠴᠠ ᠮᠠᠭᠠᠳᠯᠠᠭᠰᠠᠨ ᠢᠶᠠᠷ ᠵᠢᠷᠤᠵᠦ ᠰᠡᠶᠢᠯᠦᠭᠰᠡᠨ ᠴᠠᠭ ᠦᠶ᠎ᠡ ᠨᠢ ᠪᠦᠷ ᠠᠳᠠᠯᠢ ᠦᠭᠡᠢ᠂ ᠲᠠᠷᠤᠢ ᠪᠠᠯᠠᠷ ᠡᠷᠳᠡᠨ ᠤ ᠰᠢᠨ᠎ᠡ ᠴᠢᠯᠠᠭᠤᠨ ᠵᠡᠪᠰᠡᠭ ᠤᠨ ᠦᠶ᠎ᠡ᠂ ᠬᠦᠷᠡᠯ ᠵᠡᠪᠰᠡᠭ ᠤᠨ ᠦᠶ᠎ᠡ᠂ ᠾᠦᠩᠨᠤ᠂ ᠤᠮᠠᠷᠠᠳᠦ ᠲᠦᠷᠦ᠂ ᠲᠠᠩ᠂ ᠰᠦᠩ᠂ ᠶᠤᠸᠠᠨ᠂ ᠮᠢᠩ᠂ ᠴᠢᠩ ᠤᠨ ᠦᠶ᠎ᠡ ᠬᠦᠷᠳᠡᠯᠡᠬᠢ 6000 ᠵᠢᠯ ᠤᠨ ᠬᠤᠭᠤᠷᠤᠨᠳᠦᠬᠢ ᠠᠳᠠᠯᠢ ᠪᠤᠰᠤ ᠴᠠᠭ ᠦᠶ᠎ᠡ ᠶᠢᠨ ᠲᠦᠷᠦ ᠬᠦᠷᠦᠨ ᠤ ᠬᠢ ᠪᠠᠶᠢᠵᠦ᠂ ᠭᠤᠤᠯᠳᠠᠭᠤ ᠾᠦᠩᠨᠤ᠂ ᠴᠢᠶᠠᠩ᠂ ᠰᠢᠶᠡᠨᠪᠢ᠂ ᠳ᠋ᠠᠩᠰᠢᠶᠠᠩ᠂ ᠮᠤᠩᠭᠤᠯ ᠵᠡᠷᠭᠡ ᠤᠮᠠᠷᠠᠳᠦ ᠶᠢᠨ ᠦᠨᠳᠦᠰᠦᠳᠡᠨ ᠤ ᠠᠮᠢᠳᠤᠷᠠᠯ ᠢ ᠬᠠᠷᠠᠭᠤᠯᠤᠭᠰᠠᠨ ᠵᠢᠷᠤᠭ ᠪᠠᠶᠢᠭ᠎ᠠ ᠭᠡᠨ᠎ᠡ᠃ ᠲᠦᠷᠦᠯ ᠵᠦᠢᠯ ᠨᠢ ᠤᠯᠠᠨ᠂ ᠲᠠᠷᠬᠠᠯᠳᠠ ᠨᠢ ᠨᠢᠭᠳᠠ᠂ ᠬᠡᠪᠴᠢᠶ᠎ᠡ ᠨᠢ ᠦᠷᠭᠡᠨ᠂ ᠰᠡᠶᠢᠯᠵᠦ ᠵᠢᠷᠤᠭᠰᠠᠨ ᠨᠢ ᠨᠠᠷᠢᠯᠢᠭ᠂ ᠭᠡ ᠤᠭᠠᠯᠵᠠ ᠨᠢ ᠭᠤᠶᠢᠳᠠ ᠰᠠᠶᠢᠬᠠᠨ ᠵᠡᠷᠭᠡ ᠤᠨᠴᠠᠯᠢᠭ ᠢᠶᠠᠷ ᠢᠶᠠᠨ ᠠᠽᠢᠶ᠎ᠠ ᠲᠢᠪ ᠲᠤ ᠨᠢᠭᠡᠳᠦᠭᠡᠷ᠂ ᠲᠡᠯᠡᠬᠡᠢ ᠳᠤ ᠬᠤᠶᠠᠳᠤᠭᠠᠷ ᠲᠤ ᠤᠷᠤᠨ᠎ᠠ ᠭᠡᠵᠦ ᠡᠷᠳᠡᠮᠳᠡᠨ ᠰᠤᠳᠤᠯᠭᠠᠳᠠᠨ ᠨᠤᠳᠠᠯᠠᠭᠰᠠᠨ ᠶᠤᠮ ᠪᠠᠶᠢᠨ᠎ᠠ᠃ ᠮᠦᠨᠴᠦ ᠮᠠᠨ ᠤ ᠤᠯᠤᠰ ᠤᠨ ᠤᠮᠠᠷᠠᠳᠦ ᠶᠢᠨ ᠨᠡᠬᠦᠳᠡᠯ ᠦᠨᠳᠦᠰᠦᠳᠡᠨ ᠤ ᠨᠡᠶᠢᠬᠡᠮ ᠤᠨ ᠬᠦᠭᠵᠢᠯᠳᠡ᠂ ᠰᠤᠶᠤᠯ ᠲᠡᠤᠬᠡ᠂ ᠱᠠᠰᠢᠨ ᠰᠤᠷᠳᠠᠬᠤᠨ᠂ ᠵᠠᠩ ᠦᠢᠯᠡ ᠶᠢ ᠰᠤᠳᠤᠯᠬᠤ ᠳᠤ ᠮᠠᠰᠢ ᠦᠨᠳᠦᠷ ᠡᠷᠳᠡᠮ ᠰᠢᠨᠵᠢᠯᠡᠭᠡᠨ ᠤ ᠦᠨ᠎ᠡ ᠦᠷᠳᠡᠭ ᠪᠦᠬᠦᠢ ᠬᠤᠪᠤᠷ ᠨᠠᠨᠳᠢᠨ ᠪᠦᠳᠦᠭᠡᠯ ᠪᠤᠯᠤᠨ᠎ᠠ᠃       ᠤᠳᠤ ᠮᠠᠨᠳᠤᠯ ᠠᠭᠤᠯᠠ ᠶᠢᠨ ᠬᠠᠳᠠᠨ ᠵᠢᠷᠤᠭ ᠤᠨ ᠤᠷᠤᠨ ᠢ ᠰᠤᠶᠤᠯ ᠵᠤᠭᠠᠴᠠᠯ ᠤᠨ ᠦᠵᠡᠮᠵᠢ ᠶᠢᠨ ᠤᠷᠤᠨ ᠪᠤᠯᠭᠠᠨ ᠨᠡᠭᠡᠭᠡᠯᠳᠡ ᠬᠢᠭᠰᠡᠨ ᠠᠴᠠ ᠲᠤᠭᠤᠷᠢᠨ ᠵᠤᠭᠠᠴᠠᠬᠤ ᠬᠦᠮᠦᠨ ᠠᠮᠢᠳᠠᠨ ᠤᠯᠠᠰᠢᠷᠠᠵᠦ᠂ ᠨᠢᠭᠡ ᠬᠡᠰᠡᠭ ᠬᠠᠳᠠᠨ ᠵᠢᠷᠤᠭ ᠦᠷᠡᠭᠳᠡᠵᠦ ᠡᠪᠳᠡᠭᠳᠡᠵᠡᠢ᠃ ᠡᠶᠢᠮᠦᠷᠬᠦ ᠪᠠᠶᠢᠳᠠᠯ ᠢ ᠰᠡᠷᠭᠡᠶᠢᠯᠡᠬᠦ ᠶᠢᠨ ᠲᠤᠯᠠᠳᠠ ᠬᠡᠰᠡᠭ ᠦᠨ᠎ᠡ ᠦᠷᠳᠡᠭ ᠪᠦᠬᠦᠢ ᠭᠤᠤᠯᠳᠠᠯᠭ᠎ᠠ ᠲᠠᠢ ᠬᠠᠳᠠᠨ ᠵᠢᠷᠤᠭ ᠢ ᠲᠡᠮᠤᠷ ᠬᠡᠷᠡᠰᠬᠡ ᠪᠠᠷ ᠪᠢᠳᠡᠬᠦᠮᠵᠢᠯᠡᠵᠦ ᠬᠠᠮᠠᠭᠠᠯᠠᠭᠰᠠᠨ ᠤ ᠬᠠᠮᠳᠦ ᠬᠢᠨᠠᠨ ᠲᠤᠷᠠᠨᠳᠠᠭᠤᠷ ᠤᠭᠰᠠᠷᠠᠵᠦ ᠲᠠᠯᠪᠢᠵᠡᠢ᠃ ᠵᠠᠷᠢᠮ ᠬᠠᠳᠠᠨ ᠵᠢᠷᠤᠭ ᠤᠨ ᠲᠡᠭᠡᠷ᠎ᠡ ᠡᠷᠢᠴᠡᠵᠦ ᠬᠤᠸᠠᠷᠳᠠᠭᠰᠠᠨ᠂ ᠬᠠᠵᠠᠭᠤ ᠬᠠᠪᠢ ᠪᠠᠷ ᠨᠢ ᠲᠠᠭᠤᠷᠢᠶᠠᠨ ᠵᠢᠷᠤᠭᠰᠠᠨ᠂ ᠨᠡᠷ᠎ᠡ ᠤᠰᠤ ᠪᠠᠨ ᠪᠢᠴᠢᠵᠦ ᠦᠯᠡᠳᠡᠭᠡᠭᠰᠡᠨ ᠪᠤᠶᠤ ᠰᠢᠨ᠎ᠡ ᠪᠠᠷ ᠬᠠᠳᠠᠨ ᠳᠤ ᠵᠢᠷᠤᠭ ᠵᠢᠷᠤᠭᠰᠠᠨ ᠵᠡᠷᠭᠡ ᠡᠪᠳᠡᠯᠭᠡ ᠶᠢᠨ ᠴᠢᠨᠠᠷᠳᠠᠢ ᠦᠵᠡᠭᠳᠡᠯ ᠨᠡᠯᠢᠶᠡᠳ ᠬᠠᠷᠠᠭᠳᠠᠵᠦ ᠪᠠᠶᠢᠯ᠎ᠠ᠃ ᠬᠡᠵᠢᠶ᠎ᠡ ᠬᠤᠶᠢᠨ᠎ᠡ ᠮᠢᠩᠭᠠᠨ ᠵᠢᠯ ᠤᠨ ᠠᠷᠤ ᠳᠤ ᠡᠳᠡᠭᠡᠷ ᠨᠢ ᠪᠠᠰᠠ ᠨᠢᠭᠡᠨ ᠬᠠᠳᠠᠨ ᠵᠢᠷᠤᠭ ᠎ ᠤᠨ ᠪᠦᠳᠦᠭᠡᠯ ᠪᠤᠯᠵᠦ ᠲᠡᠤᠬᠡᠨ ᠳᠤ ᠦᠯᠡᠳᠡᠬᠦ ᠴᠤ ᠮᠠᠭᠠᠳ ᠭᠡᠮᠡᠨ ᠦᠪᠡᠷ ᠤᠨ ᠪᠦᠳᠦᠭᠡᠯ ᠢᠶᠠᠨ ᠨᠡᠷ᠎ᠡ ᠤᠰᠤ ᠲᠠᠢ ᠦᠯᠡᠳᠡᠭᠡᠭᠰᠡᠨ ᠴᠤ ᠪᠤᠯᠪᠠᠤ᠂ ᠬᠠᠷᠢᠨ ᠡᠷᠳᠡᠨ ᠤ ᠬᠦᠮᠦᠰ ᠤᠨ ᠪᠢᠳᠠᠨ ᠳᠤ ᠦᠯᠡᠳᠡᠭᠡᠭᠰᠡᠨ ᠦᠨᠡᠳᠦ ᠦᠪ ᠬᠦᠷᠦᠩᠭᠡ ᠶᠢ ᠢᠩᠬᠢᠵᠦ ᠦᠷᠡᠭᠡᠬᠦ ᠨᠢ ᠬᠠᠷᠢᠭᠤᠴᠠᠯᠭ᠎ᠠ ᠦᠭᠡᠢ ᠬᠦᠮᠦᠰ ᠤᠨ ᠬᠢᠳᠡᠯ ᠭᠡᠮᠡᠨ ᠰᠠᠨᠠᠭᠳᠠᠯ᠎ᠠ᠃       ᠪᠢᠳᠠ ᠠᠭᠤᠯᠠᠨ ᠤᠷᠤᠢ ᠰᠢᠯᠢ ᠲᠠᠭᠠᠵᠦ ᠲᠡᠪᠢᠰᠦᠭᠰᠡᠨ ᠮᠤᠳᠤᠨ ᠱᠠᠳᠤ ᠪᠠᠷ ᠬᠠᠳᠠᠨ ᠵᠢᠷᠤᠭ ᠬᠠᠶᠢᠨ ᠰᠤᠨᠢᠷᠬᠠᠵᠦ ᠶᠠᠪᠤᠬᠤ ᠲᠤᠮᠳᠠ ᠨᠡᠯᠢᠶᠡᠳ ᠬᠡᠳᠦᠨ ᠬᠡᠰᠡᠭ ᠲᠡᠮᠡᠭᠡ ᠰᠡᠶᠢᠯᠦᠭᠰᠡᠨ ᠬᠠᠳᠠᠨ ᠵᠢᠷᠤᠭ ᠲᠠᠢ ᠲᠤᠬᠢᠶᠠᠯᠳᠤᠵᠦ ᠠᠩᠬᠠᠷᠤᠯ ᠢ ᠶᠡᠬᠡᠳᠡ ᠲᠠᠳᠠᠵᠦ ᠪᠢᠯᠡ᠃ ᠲᠡᠬᠦᠨ ᠤ ᠨᠢᠭᠡ ᠬᠡᠰᠡᠭ ᠲᠠᠬᠢ ᠲᠡᠮᠡᠭᠡᠨ ᠤ ᠵᠢᠷᠤᠭ ᠲᠦᠷᠰᠦ ᠨᠢ ᠲᠤᠪ ᠲᠤᠳᠤᠷᠬᠠᠢ᠂ ᠲᠤᠯᠤᠭᠠᠢ ᠬᠦᠵᠦᠬᠦᠤ᠂ ᠬᠦᠯ ᠰᠡᠬᠦᠯ ᠪᠦᠷ ᠵᠢᠷᠤᠭᠠᠰᠤᠳᠠᠢ᠂ ᠬᠠᠷᠢᠨ ᠨᠢᠷᠤᠭᠤᠨ ᠲᠡᠭᠡᠷ᠎ᠡ ᠨᠢ ᠲᠤᠭᠤᠷᠢᠭ ᠬᠡᠯᠪᠡᠷᠢ ᠶᠢᠨ ᠵᠢᠷᠤᠭ ᠲᠦᠷᠰᠦ ᠪᠠᠶᠢᠬᠤ ᠠᠴᠠ ᠨᠢ ᠦᠵᠡᠪᠡᠯ ᠬᠦᠮᠦᠨ ᠤᠨᠤᠭᠠᠳ ᠶᠠᠪᠤᠵᠦ ᠪᠠᠶᠢᠭ᠎ᠠ ᠴᠤ ᠶᠤᠮ ᠤᠤ︖ ᠡᠰᠡᠬᠦᠯ᠎ᠡ ᠲᠡᠮᠡᠭᠡᠨ ᠪᠦᠬᠦᠨ ᠲᠡᠭᠡᠬᠦᠷ ᠨᠠᠷᠠ ᠮᠠᠨᠳᠤᠵᠦ ᠪᠠᠶᠢᠭ᠎ᠠ ᠴᠤ ᠶᠤᠮ ᠤᠤ ᠭᠡᠮᠡᠷ ᠲᠠᠭᠠᠮᠠᠭ ᠦᠭᠬᠦᠨ᠎ᠡ ᠪᠢᠯᠡ᠃ ᠠᠯᠠᠱᠠ ᠪᠤᠯ ᠲᠡᠮᠡᠭᠡᠳᠦ ᠨᠤᠳᠤᠭ ᠭᠡᠮᠡᠨ ᠠᠯᠳᠠᠷᠰᠢᠭᠰᠠᠭᠠᠷ ᠢᠷᠡᠭᠰᠡᠨ ᠶᠤᠮ᠃ ᠡᠨᠡ ᠨᠤᠳᠤᠭ ᠎ ᠲᠤ ᠠᠯᠢ ᠡᠷᠳᠡᠨ ᠠᠴᠠ ᠲᠡᠮᠡᠭᠡ ᠪᠠᠶᠢᠭᠰᠠᠨ ᠭᠡᠳᠡᠭ ᠢ ᠡᠳᠡᠭᠡᠷ ᠬᠠᠳᠠᠨ ᠵᠢᠷᠤᠭ ᠭᠡᠷᠡᠴᠢᠯᠡᠵᠦ ᠪᠠᠶᠢᠭ᠎ᠠ ᠨᠢ ᠲᠠᠮᠵᠢᠭ ᠦᠭᠡᠢ᠃ ᠶᠡᠷᠤᠨᠢ ᠮᠠᠨᠳᠤᠯ ᠠᠭᠤᠯᠠ ᠶᠢᠨ ᠡᠷᠬᠢᠨ ᠲᠤᠭᠤᠷᠢᠨ ᠳᠤ ᠲᠡᠮᠡᠭᠡ ᠬᠠᠷᠢᠭᠤᠯᠤᠭᠰᠠᠨ ᠠᠶᠢᠯ ᠤᠯᠠᠨ ᠪᠠᠶᠢᠭ᠎ᠠ ᠶᠤᠮ᠃ ᠠᠳᠡ ᠠᠴᠠ ᠡᠮᠤᠨᠡᠰᠢ ᠲᠡᠮᠡᠢ ᠬᠤᠯᠠ ᠦᠭᠡᠢ ᠬᠡᠷᠢᠶᠡᠨ ᠨᠢᠳᠦ ᠭᠡᠮᠡᠬᠦ ᠭᠠᠵᠠᠷ ᠲᠤ ᠲᠡᠮᠡᠭᠡᠴᠢᠨ ᠪᠦᠷᠢᠨᠮᠦ᠋ᠩᠬᠡ ᠎ ᠶᠢᠨ ᠬᠢᠨ ᠰᠠᠭᠤᠷᠢᠰᠢᠵᠦ ᠪᠠᠶᠢᠳᠠᠭ᠃ ᠪᠢᠳᠠ ᠡᠳᠡᠨ ᠤ ᠳᠤ ᠬᠦᠷᠴᠦ ᠰᠤᠷᠪᠤᠯᠵᠢᠯᠠᠭ᠎ᠠ ᠠᠪᠴᠦ ᠬᠤᠨᠤᠭ ᠪᠠᠷᠢᠬᠤ ᠪᠠᠷ ᠪᠤᠯᠵᠤᠭᠰᠠᠨ ᠶᠤᠮ᠃ ᠰᠠᠯᠬᠢ ᠪᠠᠭ᠎ᠠ ᠨᠠᠮᠵᠢᠭᠰᠠᠨ ᠪᠤᠯᠪᠠᠴᠤ ᠴᠠᠭ ᠡᠷᠳᠡ ᠦᠭᠡᠢ ᠪᠤᠯᠵᠡᠢ᠂ ᠪᠢᠳᠠ ᠦᠪᠡᠷ ᠦᠪᠡᠷ ᠎ ᠤᠨ ᠢᠶᠠᠨ ᠵᠤᠷᠢᠯᠭ᠎ᠠ ᠳᠠᠭᠠᠨ ᠬᠦᠷᠴᠦ ᠠᠭᠤᠯᠠᠨ ᠠᠴᠠ ᠪᠠᠭᠤᠵᠠᠭᠠᠯ᠎ᠠ᠃       ᠨᠡᠭᠡᠷᠡᠨ ᠪᠢᠳᠠ ᠠᠭᠤᠯᠠᠨ ᠳᠤ ᠭᠠᠷᠬᠤ ᠠᠴᠠ ᠡᠬᠢᠯᠡᠭᠡᠳ ᠠᠭᠤᠯᠠᠨ ᠠᠴᠠ ᠪᠠᠭᠤᠵᠦ ᠢᠷᠡᠳᠡᠯ᠎ᠡ ᠭᠤᠷᠪᠠᠨ ᠴᠠᠭ ᠬᠢᠷᠢᠳᠡᠢ ᠶᠠᠪᠤᠵᠠᠢ᠃ ᠬᠠᠪᠤᠷ ᠤᠨ ᠪᠦᠳᠡᠬᠢ ᠨᠠᠷᠠ ᠪᠤᠷᠠᠨᠳᠠᠭ ᠢᠶᠠᠨ ᠴᠢᠷᠦᠭᠰᠡᠭᠡᠷ ᠠᠭᠤᠯᠠᠨ ᠤᠷᠤᠢ ᠳᠤ ᠤᠶᠠᠭᠳᠠᠭᠰᠠᠨ ᠶᠤᠮ ᠰᠢᠭ᠋ ᠬᠠᠷᠠᠭᠳᠠᠨ᠎ᠠ᠃
     
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号