| ᠡᠷᠲᠡᠨᠢᠠ᠋ᠭᠤᠯᠠ | ᠠᠯᠠᠱᠠ ᠵᠡᠭᠦᠨ ᠬᠤᠰᠢᠭᠤᠨ ᠤ ᠦᠯᠵᠡᠢ ᠰᠤᠮᠤᠨ ᠤ ᠦᠨᠳᠦᠷᠮᠤᠳᠤ ᠭᠠᠴᠠᠭᠠᠨ ᠤ ᠮᠠᠯᠴᠢᠨ ᠴᠡᠷᠡᠩᠬᠤᠷᠯᠣ | ᠨᠠᠰᠣᠳᠠᠡ ᠲᠠᠯ᠎ᠠ ᠶᠢᠨ ᠳᠠᠪᠠᠭ᠎ᠠ ᠶᠢ ᠳᠠᠪᠠᠭᠰᠠᠨ ᠪᠣᠯᠪᠠᠴᠣ ᠲᠡᠮᠡᠭᠡ ᠮᠠᠯ ᠢᠶᠠᠨ ᠲᠣᠲᠣᠮᠳᠠᠬᠤ ᠶᠢᠨ ᠵᠠᠪᠰᠠᠷ ᠲᠤ | ᠵᠤᠭᠳᠣᠷ ᠤᠳᠠᠰᠤ ᠡᠭᠡᠷᠡᠵᠦ᠂ ᠢᠰᠡᠬᠡᠢ ᠰᠢᠷᠢᠵᠦ᠂ ᠵᠢᠯ ᠤᠨ ᠳᠦᠷᠪᠡᠨ ᠤᠯᠠᠷᠢᠯ ᠳᠤ ᠠᠮᠠᠷᠠᠯᠳᠠ ᠦᠭᠡᠢ ᠶᠠᠭᠠᠷᠠᠵᠦ | ᠪᠠᠶᠢᠳᠠᠭ ᠠᠵᠢᠯᠰᠠᠭ ᠬᠦᠮᠦᠠ ᠶᠣᠮ᠃ | ᠴᠡᠷᠡᠩᠬᠤᠷᠯᠣ 1949 ᠣᠨ ᠤ ᠴᠠᠭᠠᠨ ᠰᠠᠷ᠎ᠠ ᠠᠯᠠᠱᠠ ᠵᠡᠭᠦᠨ ᠬᠤᠰᠢᠭᠤᠨ ᠤ ᠢᠡᠭᠭᠡᠨ ᠰᠤᠮᠤᠨ ᠤ | ᠴᠠᠭᠠᠨᠵᠠᠳᠠᠭᠠᠢ ᠭᠠᠴᠠᠭᠠᠨ ᠤ ᠪᠠᠭᠠᠨ᠎ᠠ ᠬᠡᠳᠡᠭ ᠣᠰᠣᠨ ᠳᠤ ᠮᠠᠯᠴᠢᠨ ᠠᠪᠤ ᠴᠣᠣᠵᠣᠣ ᠡᠵᠢ ᠨᠠᠮᠵᠢᠯ ᠤᠨ ᠣᠳᠬᠤᠨ | ᠬᠡᠦᠬᠡᠨ ᠨᠢ ᠪᠣᠯᠵᠦ ᠵᠠᠶᠠᠭᠠᠭᠰᠠᠨ ᠪᠠᠶᠢᠵᠡᠢ᠃ ᠶᠢᠰᠤᠨ ᠨᠠᠰᠣᠲᠠᠢ ᠳᠠᠭᠠᠨ ᠣᠣᠯ ᠤᠨ ᠪᠠᠶᠠᠨᠬᠤᠩᠭᠤᠷ ᠰᠣᠮᠣᠨ ᠤ | ᠰᠢᠨ᠎ᠡ ᠣᠰᠣᠨ ᠤ ᠪᠠᠭ᠎ᠠ ᠰᠣᠷᠭᠠᠭᠤᠯᠢ ᠳᠤ ᠬᠤᠶᠠᠷ ᠵᠢᠯ ᠰᠣᠷᠣᠯᠴᠠᠭᠠᠳ᠂ 1960 ᠣᠨ ᠳᠤ ᠦᠯᠵᠡᠢ ᠪᠦᠷᠢᠨ | ᠪᠠᠭ᠎ᠠ ᠰᠣᠷᠭᠠᠭᠤᠯᠢ ᠳᠤ ᠰᠢᠯᠵᠢᠨ ᠰᠣᠷᠣᠯᠴᠠᠵᠦ᠂ 1964 ᠣᠨ ᠳᠤ ᠳᠡᠭᠦᠰᠴᠡᠢ᠃ ᠳᠣᠬᠠᠢ ᠶᠢᠨ ᠣᠨ ᠵᠢᠯ ᠳᠤ | ᠲᠡᠳᠡᠨᠡᠶᠢᠬᠢᠨ ᠪᠠᠶᠠᠨᠨᠠᠭᠤᠷ ᠠᠶᠢᠮᠠᠭ ᠤᠨ ᠣᠷᠠᠳ ᠤᠨ ᠬᠤᠶᠢᠳᠣ ᠬᠤᠰᠢᠭᠤ ᠪᠠᠷ ᠨᠡᠭᠦᠳᠡᠯᠯᠡᠨ ᠣᠳᠣᠷᠯᠠᠵᠦ ᠪᠠᠶᠢᠭᠰᠠᠨ | ᠪᠣᠯᠬᠤᠷ ᠲᠡᠮᠡᠭᠡ ᠪᠠᠷ ᠲᠦᠷᠪᠡᠨ ᠬᠤᠨᠤᠭ ᠶᠠᠪᠣᠵᠦ ᠪᠠᠶᠢᠮᠠᠨ ᠦᠯᠵᠡᠢ ᠳᠤ ᠢᠷᠡᠵᠦ ᠰᠣᠷᠣᠯᠴᠠᠳᠠᠭ ᠪᠠᠶᠢᠭᠰᠠᠨ ᠭᠡᠨ᠎ᠡ᠃ | 1968 ᠣᠨ ᠳᠤ ᠨᠣᠳᠤᠭ ᠤᠨ ᠲᠣᠮᠣᠭᠠᠳᠠᠨ ᠰᠡᠩᠭᠡᠭᠡᠨᠽᠡᠨ ᠤ ᠣᠳᠬᠤᠨ ᠬᠦᠦ ᠪᠣᠶᠠᠨᠳᠡᠯᠭᠡᠷ ᠲᠠᠢ ᠠᠶᠢᠯ ᠭᠡᠷ | ᠪᠣᠰᠬᠠᠵᠡᠢ᠃ 1979 ᠣᠨ ᠳᠤ ᠲᠦᠷᠦ ᠶᠢᠨ ᠪᠣᠳᠣᠯᠭ᠎ᠠ ᠶᠢᠨ ᠲᠣᠬᠢᠷᠠᠭᠤᠯᠣᠯᠳᠠ ᠪᠠᠷ ᠬᠠᠮᠳᠤ ᠶᠢᠨ ᠨᠢᠭᠡ ᠰᠦᠷᠦᠭ | ᠲᠡᠮᠡᠭᠡ ᠲᠠᠢ ᠬᠢᠯᠢ ᠶᠢᠨ ᠬᠤᠶᠠᠳᠣᠭᠠᠷ ᠣᠳᠠᠰᠣᠨ ᠳᠤ ᠬᠠᠮᠢᠶᠠᠷᠣᠭᠳᠠᠬᠤ ︽ᠠᠳᠠᠭ ᠤᠨ ᠭᠠᠰᠢᠭᠤᠨ︾ ᠬᠡᠬᠦ | ᠣᠰᠣᠨ ᠳᠤ ᠲᠦᠷᠪᠡᠨ ᠬᠠᠨ᠎ᠠ ᠲᠠᠢ ᠵᠢᠵᠢᠭᠬᠡᠨ ᠮᠣᠩᠭᠤᠯ ᠬᠡᠷ ᠲᠠᠢ ᠠᠪᠰᠠᠷᠬᠠᠨ ᠠᠶᠢᠯ ᠪᠣᠯᠣᠨ ᠡᠷᠦᠬᠡ ᠪᠠᠨ ᠰᠡᠬᠦᠵᠦ | ᠂ ᠭᠠᠩ ᠬᠠᠭᠰᠠᠷᠠᠭᠠᠨ᠂ ᠰᠠᠯᠬᠢ ᠰᠢᠭᠤᠷᠭᠠᠨ᠂ ᠴᠢᠨ᠋ᠸ᠎ᠠ ᠨᠣᠬᠠᠢ ᠶᠢᠨ ᠳᠠᠭᠠᠷᠢᠯᠳᠡ ᠰᠦᠷᠳᠡᠬᠦᠯᠦᠯ ᠲᠠᠢ ᠡᠳᠦᠷ | ᠬᠤᠨᠤᠭ ᠤᠳ ᠢ ᠬᠦᠯᠢᠴᠠᠨ ᠲᠣᠭᠤᠯᠵᠦ ᠢᠷᠡᠵᠡᠢ᠃ 2009 ᠣᠨ ᠳᠤ ᠦᠪᠣᠷ ᠮᠤᠩᠭᠤᠯ ᠤᠨ ᠦᠪᠡᠷᠳᠡᠭᠡᠠ ᠵᠠᠰᠠᠬᠤ | ᠤᠷᠤᠨ ᠤ ᠬᠢᠯᠢ ᠶᠢᠨ ᠬᠠᠮᠠᠭᠠᠯᠠᠯᠲᠠ ᠶᠢᠨ ᠵᠦᠪᠯᠡᠯ ᠠᠴᠠ ᠰᠢᠯᠢᠳᠡᠭ ᠬᠢᠯᠢᠴᠢᠨ ᠤ ᠭᠤᠷᠪᠠᠳᠣᠭᠠᠷ ᠲᠡᠰ ᠤᠨ ᠱᠠᠩᠨᠠᠯ | ᠤᠯᠭᠤᠵᠦ᠂ 2019 ᠣᠨ ᠳᠤ ᠦᠨᠳᠦᠷᠮᠤᠳᠤ ᠭᠠᠴᠠᠭᠠᠨ ᠠᠴᠠ ᠡᠬᠡ ᠣᠯᠣᠰ ᠤᠨ ᠠᠯᠳᠠᠨ ᠬᠢᠯᠢ ᠶᠢ ᠬᠠᠮᠠᠭᠠᠯᠠᠬᠤ | ᠲᠠᠷᠬᠠᠨ ᠡᠬᠦᠷᠭᠡ ᠶᠢ ᠬᠦᠢᠴᠡᠳᠭᠡᠵᠦ ᠶᠠᠪᠣᠭ᠎ᠠ ᠠᠬᠠᠮᠠᠳ ᠬᠢᠯᠢᠴᠢᠨ ᠢᠶᠠᠷ ᠦᠨᠡᠯᠡᠨ ᠬᠦᠬᠢᠬᠦᠯᠦᠭᠰᠡᠨ ᠪᠠᠶᠢᠨ᠎ᠠ᠃ | ᠳᠡᠭᠡᠷ᠎ᠡ ᠵᠠᠭᠤᠨ ᠤ ᠳᠠᠯᠠᠭᠠᠳ ᠣᠨ ᠳᠤ ᠢᠩᠭᠡᠨ᠂ ᠦᠯᠵᠡᠢ ᠶᠢᠨ ᠬᠢᠯᠢ ᠨᠣᠳᠤᠭ ᠤᠨ ᠮᠠᠯᠴᠢᠳ ᠤᠨ | ᠣᠯᠠᠩᠬᠢ ᠨᠢ ᠮᠣᠩᠭᠤᠯ ᠬᠡᠷ ᠢᠶᠠᠷ ᠠᠮᠢᠳᠤᠷᠠᠵᠦ ᠪᠠᠶᠢᠵᠡᠢ᠃ ᠰᠢᠷᠢᠮᠡᠯ ᠢᠰᠡᠬᠡᠢ ᠶᠢ ᠮᠣᠩᠭᠤᠯ ᠬᠡᠷ ᠲᠤ ᠳᠡᠪᠢᠰᠬᠦ ᠳᠤ | ᠭᠤᠴᠢ ᠳᠦᠴᠢᠨ ᠵᠢᠯ ᠬᠡᠷᠡᠭᠯᠡᠵᠦ ᠳᠡᠶᠢᠯᠬᠦ ᠳᠤ᠂ ᠣᠶᠣᠵᠦ ᠰᠢᠷᠢᠭᠰᠡᠨ ᠦᠭᠡᠢ ᠰᠣᠯᠠ ᠢᠰᠡᠭᠡᠢ ᠬᠡᠳᠦᠨ ᠵᠢᠯ ᠪᠣᠯᠤᠯ | ᠦᠭᠡᠢ ᠪᠠᠷ ᠨᠣᠣᠰᠣ ᠨᠢ ᠵᠣᠮᠠᠷᠠᠨ ᠣᠨᠠᠵᠦ ᠦᠷᠡᠭᠳᠡᠳᠡᠭ ᠭᠡᠨ᠎ᠡ᠃ ᠴᠡᠷᠡᠩᠬᠤᠷᠯᠣ ᠨᠢᠭᠡ ᠣᠳᠠᠭ᠎ᠠ ᠪᠠᠷᠢᠭᠠᠳᠠ ᠶᠢᠨ | ᠬᠤᠷᠠᠯ ᠳᠤ ᠣᠴᠢᠬᠤ ᠳᠤ ᠬᠤᠷᠠᠯ ᠤᠨ ᠭᠡᠷ ᠤᠨ ᠬᠠᠨᠵᠦᠨ ᠲᠡᠭᠡᠷ᠎ᠠ ᠪᠠᠶᠠᠨ ᠠᠶᠢᠯ ᠠᠴᠠ ᠬᠤᠷᠢᠶᠠᠵᠦ ᠠᠪᠴᠢᠷᠠᠭᠰᠠᠨ | ᠰᠢᠷᠢᠮᠡᠯ ᠳᠣᠮᠣ ᠢᠰᠡᠭᠡᠢ ᠶᠢ ᠳᠡᠪᠢᠰᠦᠭᠰᠡᠨ ᠪᠠᠶᠢᠬᠤ ᠶᠢ ᠬᠠᠷᠠᠭᠠᠳ᠂ ᠢᠰᠡᠭᠡᠢ ᠶᠢᠨ ᠣᠭᠠᠯᠵᠠ ᠬᠡ᠂ ᠣᠶᠣᠭᠰᠠᠨ | ᠰᠢᠷᠢᠭᠰᠡᠨ ᠣᠷᠠᠯᠠᠯ ᠢ ᠨᠢ ᠴᠡᠭᠡᠵᠢᠨ ᠳᠡᠭᠡᠨ ᠰᠡᠮ ᠳᠣᠭᠲᠠᠭᠠᠨ ᠴᠡᠭᠡᠵᠢᠯᠡᠵᠦ ᠠᠪᠣᠭᠰᠠᠨ ᠪᠠᠶᠢᠵᠡᠢ᠃ ᠲᠡᠭᠡᠭᠡᠳ | 1976 ᠣᠨ ᠳᠤ ᠲᠡᠷᠡ ᠦᠪᠡᠷ ᠤᠨ ᠦᠵᠡᠭᠰᠡᠨ ᠬᠠᠷᠠᠭᠰᠠᠨ ᠢᠶᠠᠨ ᠦᠨᠳᠦᠰᠦᠯᠡᠨ ᠢᠰᠡᠭᠡᠢ ᠰᠢᠷᠢᠵᠦ ᠤᠶᠤᠵᠤ | ᠡᠬᠢᠯᠡᠭᠰᠡᠠ ᠪᠠᠶᠢᠨ᠎ᠠ᠃ | ᠢᠰᠡᠭᠡᠢ ᠣᠶᠣᠬᠤ ᠳᠤ ᠬᠠᠮᠤᠭ ᠲᠡᠷᠢᠬᠦᠨ ᠳᠤ ᠵᠣᠭᠳᠣᠷ ᠣᠳᠠᠰᠣ ᠪᠠᠨ ᠡᠭᠡᠷᠡᠵᠦ ᠪᠡᠯᠡᠳᠬᠡᠭᠰᠡᠨ ᠪᠠᠶᠢᠬᠤ | ᠴᠢᠬᠤᠯᠠᠳᠠᠢ᠃ ᠵᠣᠭᠳᠣᠷ ᠣᠳᠠᠰᠣ ᠨᠢ ᠪᠠᠰᠠ ᠵᠠᠭᠠᠰᠣ ᠰᠣᠮᠠᠯ᠂ ᠣᠯᠣᠩ ᠨᠣᠭᠲᠣ ᠣᠶᠣᠬᠤ᠂ ᠠᠷᠭᠠᠮᠵᠢ | ᠪᠣᠷᠠᠨᠳᠠᠭ ᠤᠨ ᠦᠵᠦᠬᠦᠷ ᠢ ᠣᠶᠣᠬᠤ ᠬᠡᠬᠦᠴᠢᠯᠠᠨ ᠮᠠᠯᠵᠢᠬᠤ ᠦᠢᠯᠡᠳᠪᠦᠷᠢᠯᠡᠯ ᠳᠤ ᠦᠷᠭᠡᠨ ᠢᠶᠠᠷ ᠬᠡᠷᠡᠭᠯᠡᠭᠳᠡᠵᠣ | ᠪᠠᠶᠢᠳᠠᠭ ᠠᠵᠢ᠃ ᠴᠡᠷᠡᠩᠬᠤᠷᠯᠣ ᠣᠨᠠᠭᠠᠨ ᠪᠠᠭ᠎ᠠ ᠠᠴᠠ ᠪᠠᠨ ᠲᠡᠭᠡᠰᠦ ᠨᠣᠣᠰᠣ ᠶᠢ ᠣᠷᠣᠯᠳᠣᠵᠦ ᠪᠣᠰᠣᠨ ᠰᠠᠭᠤᠨ | ᠣᠳᠠᠰᠣ ᠡᠭᠡᠷᠡᠵᠦ ᠪᠠᠶᠢᠳᠠᠭ ᠠᠵᠢᠯᠰᠠᠭ ᠬᠡᠦᠬᠡᠳ ᠪᠠᠶᠢᠵᠡᠢ᠃ ᠬᠠᠮᠳᠤ ᠨᠠᠶᠢᠳᠡ ᠶᠢᠨ ᠦᠶ᠎ᠠ ᠳᠤ ᠲᠡᠷᠡ ᠡᠳᠦᠷ ᠲᠤ | 7 ᠯᠠᠩ ᠣᠳᠠᠰᠣ ᠡᠭᠡᠷᠡᠳᠡᠭ ᠪᠠᠶᠢᠭᠰᠠᠠ ᠭᠡᠨ᠎ᠡ᠃ ᠲᠡᠷᠨ ᠦᠶ᠎ᠠ ᠳᠤ ᠨᠢᠭᠡ ᠵᠢᠩ ᠣᠳᠠᠰᠣ ᠡᠭᠡᠷᠡᠪᠡᠯ | ᠪᠠᠷᠢᠭᠠᠳᠠ ᠠᠴᠠ 2 ᠲᠦᠭᠦᠷᠢᠭ ᠤᠨ ᠬᠦᠯᠦᠰᠦ ᠦᠭᠳᠡᠭ ᠠᠴᠠ ᠣᠷᠣᠯᠭ᠎ᠠ ᠶᠢᠨ ᠴᠢᠬᠤᠯᠠ ᠠᠷᠭ᠎ᠠ ᠵᠠᠮ ᠨᠢ ᠪᠣᠯᠵᠣ | ᠪᠠᠶᠢᠪᠡ᠃ ᠴᠡᠷᠡᠩᠬᠤᠷᠯᠣ ᠨᠠᠰᠣᠳᠠᠡ ᠣᠳᠣ ᠴᠦ ᠭᠡᠰᠡᠨ ᠤᠳᠠᠰᠤ ᠡᠭᠡᠷᠡᠬᠦ ᠪᠠᠨ ᠪᠠᠷᠢᠮᠳᠠᠯᠠᠵᠦ᠂ ᠡᠳᠦᠷ ᠲᠤ 100 | ᠭᠠᠷᠣᠢ ᠰᠢᠷᠬᠡᠭ ︵500 ᠰᠢᠷᠬᠡᠭ ᠨᠢ ᠪᠠᠷᠤᠭ ᠨᠢᠬᠡ ᠵᠢᠩ ᠣᠳᠠᠰᠣ ᠪᠠᠶᠢᠳᠠᠭ᠂ 5 ᠡᠭᠡᠷᠡᠬᠦᠯ ᠣᠳᠠᠰᠣ ᠪᠣᠯᠣᠨ᠎ᠠ︶ | ᠣᠳᠠᠰᠣ ᠡᠭᠡᠷᠡᠵᠦ ᠪᠠᠶᠢᠨ᠎ᠠ᠃ ᠤᠳᠣᠬᠠᠨ ᠤ ᠵᠠᠬ᠎ᠠ ᠲᠡᠯᠭᠡᠬᠦᠷ ᠤᠨ ᠦᠨ᠎ᠠ ᠪᠠᠷ ᠵᠤᠭᠳᠣᠷ ᠤᠳᠠᠰᠤ ᠰᠢᠷᠬᠡᠭ | ᠪᠦᠷᠢ ᠳᠡᠭᠡᠨ ᠨᠢᠭᠡ ᠲᠦᠬᠦᠷᠢᠭ ᠲᠤ ᠬᠦᠷᠴᠦ ᠪᠤᠢ᠃ ᠲᠡᠷᠡ ᠡᠭᠡᠷᠡᠭᠰᠡᠨ ᠣᠳᠠᠰᠣ ᠪᠠᠨ ᠰᠢᠷᠢᠬᠦ ᠤᠶᠤᠬᠤ | ᠦᠢᠯᠡ ᠠᠴᠠ ᠪᠠᠨ ᠭᠠᠳᠠᠨ᠎ᠠ ᠦᠯᠡᠳᠡᠭᠰᠡᠨ ᠬᠡᠰᠡᠭ ᠢ ᠨᠢ ᠪᠠᠰᠠ ᠰᠢᠷᠬᠡᠭ ᠪᠦᠷᠢ ᠶᠢᠨ ᠵᠢᠷᠠᠨ ᠮᠦᠩᠬᠦ ᠪᠠᠷ | ᠬᠤᠳᠠᠯᠳᠣᠳᠠᠭ ᠭᠡᠨ᠎ᠡ᠃ | ᠴᠡᠷᠡᠩᠬᠤᠷᠯᠣ ᠡᠳᠦᠷᠵᠢᠨ ᠵᠡᠬᠦᠦ ᠣᠳᠠᠰᠣ ᠲᠠᠢ ᠨᠤᠴᠣᠯᠳᠣᠨ᠂ ᠣᠷ᠎ᠠ ᠣᠬᠠᠭᠠᠨ ᠢᠶᠠᠨ ᠰᠡᠯᠪᠢᠵᠦ᠂ ᠢᠰᠡᠭᠡᠢ | ᠰᠢᠷᠢᠬᠦ ᠵᠠᠩ ᠦᠢᠯᠡ ᠶᠢ ᠦᠪᠯᠡᠨ ᠣᠷᠠᠯᠠᠵᠦ ᠪᠠᠶᠢᠳᠠᠭ ᠪᠢᠯᠡ᠃ ᠲᠡᠷᠡ᠄ ︽ᠬᠠᠭᠤᠴᠢᠨ ᠳᠤ ᠲᠦᠮᠡᠨ ᠨᠠᠰᠤᠨ ᠬᠡ᠂ | ᠳᠠᠪᠬᠤᠷ ᠬᠠᠰ᠂ ᠳᠠᠩᠬᠢᠮ ᠬᠡ ᠵᠡᠷᠭᠡ ᠦᠯᠵᠡᠶᠢᠳᠦ ᠬᠡ ᠶᠢ ᠢᠰᠡᠬᠡᠢ ᠲᠡᠪᠢᠰᠭᠡᠷ ᠳᠡᠭᠡᠷ᠎ᠡ ᠰᠢᠷᠢᠳᠡᠭ ᠦᠬᠡᠢ ᠪᠠᠶᠢᠭᠰᠠᠨ | ᠂ ᠲᠡᠪᠢᠰᠭᠡᠷ ᠳᠡᠭᠡᠷ᠎ᠡ ᠭᠤᠣᠯᠳᠠᠭᠤ ᠴᠠᠬᠢᠯᠳᠠᠭ ᠤᠨ ᠲᠣᠣᠬᠠᠢ ᠬᠡ᠂ ᠲᠠᠩ ᠬᠠᠰ ᠬᠡᠬᠦᠴᠢᠯᠠᠡ ᠤᠯᠠᠨ ᠬᠠᠷᠠᠭᠳᠠᠨ᠎ᠠ᠃ | ᠮᠤᠩᠭᠤᠯ ᠭᠡᠷ ᠤᠨ ᠡᠬᠦᠳᠡ᠂ ᠲᠣᠳᠤᠭᠤ ᠵᠡᠷᠭᠡ ᠲᠡᠭᠡᠷ᠎ᠠ ᠭᠠᠵᠠᠷ ᠬᠡᠷᠡᠭᠯᠡᠬᠦ ᠢᠰᠡᠭᠡᠢ ᠳᠤ ᠵᠤᠭᠤᠰᠣᠨ ᠬᠡ᠂ ᠡᠬᠦᠯᠡᠨ | ᠬᠡ᠂ ᠲᠦᠮᠡᠨ ᠨᠠᠰᠤᠨ ᠬᠡ ᠭᠠᠷᠭᠠᠵᠦ ᠤᠷᠠᠯᠠᠳᠠᠭ ᠪᠠᠶᠢᠪᠠ᠂ ᠣᠳᠣ ᠴᠠᠭ ᠲᠤ ᠬᠦᠮᠦᠰ ᠦᠵᠡᠮᠦᠷᠢ ᠲᠠᠢ ᠰᠠᠶᠢᠬᠠᠨ ᠢ | ᠪᠤᠳᠤᠵᠦ᠂ ᠤᠭᠠᠯᠵᠠ ᠭᠡ ᠶᠢ ᠬᠠᠮᠢᠭ᠎ᠠ ᠭᠠᠵᠠᠷ ᠲᠤ ᠴᠦ ᠬᠡᠷᠡᠭᠯᠡᠬᠦ ᠪᠤᠯᠵᠦ ᠪᠠᠶᠢᠨ᠎ᠠ︾ ᠬᠡᠵᠦ ᠵᠠᠩᠬᠢᠷᠬᠠᠵᠦ ᠶᠡᠷᠢᠨ᠎ᠠ᠃ | ᠢᠰᠡᠭᠡᠢ ᠰᠢᠷᠢᠬᠦ ᠳᠤ ᠬᠠᠮᠤᠭ ᠤᠨ ᠬᠦᠴᠢᠷ ᠲᠠᠢ ᠨᠢ ᠤᠷᠲᠤ ᠦᠷᠭᠡᠨ ᠢᠶᠠᠷ ᠢᠶᠠᠨ ᠬᠤᠶᠠᠷ ᠮᠧᠲᠷ ᠤᠨ ᠲᠣᠮᠤ | ᠢᠰᠡᠭᠡᠢ ᠭᠡᠨ᠎ᠡ᠃ ᠭᠤᠣᠯ ᠤᠨ ᠬᠡ ᠶᠢ ᠣᠶᠣᠬᠤ ᠳᠤ ᠶᠡᠬᠡᠬᠡᠨ ᠬᠦᠴᠦ ᠵᠠᠷᠣᠴᠠᠭᠤᠯᠵᠣ ᠶᠤᠮ ᠪᠠᠶᠢᠨ᠎ᠠ᠃ | ᠴᠡᠷᠡᠩᠬᠤᠷᠯᠣ ᠣᠯᠠᠨ ᠵᠢᠯ ᠤᠨ ᠲᠣᠷᠰᠢ ᠡᠶᠢᠮᠦᠷᠬᠦᠦ ᠲᠣᠮᠤ ᠢᠰᠡᠭᠡᠢ ᠶᠢ ᠨᠡᠯᠢᠶᠡᠳ ᠣᠷᠠᠯᠠᠵᠦ᠂ ᠰᠦᠮ᠎ᠠ ᠬᠡᠶᠢᠳ᠂ | ᠦᠷ᠎ᠠ ᠬᠡᠦᠬᠡᠳ᠂ ᠲᠦᠷᠦᠯ ᠰᠠᠳᠤᠨ᠂ ᠳᠠᠨᠢᠯ ᠨᠠᠶᠢᠵᠠ ᠳᠠᠭᠠᠨ ᠬᠦᠷᠭᠡᠵᠦ ᠪᠠᠶᠢᠭᠰᠠᠨ ᠪᠦᠭᠡᠳ ᠵᠠᠷᠢᠮ ᠢ ᠨᠢ ᠪᠠᠰᠠ | 2000 ᠭᠠᠷᠣᠢ ᠲᠦᠭᠦᠷᠢᠭ ᠤᠨ ᠬᠦᠯᠦᠰᠦ ᠪᠠᠷ ᠣᠶᠣᠵᠦ ᠦᠭᠳᠡᠭ ᠴᠦ ᠪᠠᠶᠢᠵᠡᠢ᠃ ᠶᠠᠭᠠᠬᠢᠭᠠᠳ ᠡᠳᠦᠢ ᠬᠦᠯᠦᠰᠦ | ᠠᠪᠴᠤ ᠪᠠᠶᠢᠬᠤ ᠪᠣᠢ ᠭᠡᠪᠡᠯ ᠲᠣᠮᠤ ᠢᠰᠡᠭᠡᠢ ᠰᠢᠷᠢᠬᠦ ᠳᠤ ᠠᠳᠠᠭ ᠪᠠᠭ᠎ᠠ ᠳᠠᠭᠠᠨ 12 ᠡᠭᠡᠷᠡᠭᠦᠯ ︵1200 ᠰᠢᠷᠬᠡᠭ | ︶ ᠵᠣᠭᠳᠣᠷ ᠣᠳᠠᠰᠣ ᠣᠷᠣᠳᠠᠭ ᠠᠴᠠ ᠦᠪᠡᠷ ᠤᠨ ᠦᠷᠳᠡᠭ ᠨᠢ ᠦᠨᠳᠦᠷ ᠪᠠᠶᠢᠳᠠᠭ ᠠᠵᠢ᠃ ᠲᠡᠷᠡ ᠵᠢᠯ ᠪᠦᠷᠢ | ᠢᠰᠡᠭᠡᠢ ᠲᠡᠪᠢᠰᠭᠡᠷ ᠰᠢᠷᠢᠬᠦ ᠠᠴᠠ ᠭᠠᠳᠠᠨ᠎ᠠ ᠲᠦᠷᠦᠭᠡᠨ ᠲᠣᠬᠤᠮ᠂ ᠪᠤᠶᠢᠯᠠ ᠶᠢᠨ ᠲᠠᠭᠠᠷ᠂ ᠱᠠᠭ᠎ᠠ ᠶᠢᠨ ᠭᠡᠷ᠂ | ᠪᠣᠲᠣᠭᠤᠨ ᠤᠶᠠᠭ᠎ᠠ᠂ ᠨᠤᠭᠳᠤ ᠤᠯᠤᠩ᠂ ᠠᠷᠭᠠᠮᠵᠢ ᠪᠣᠷᠠᠨᠳᠠᠭ ᠵᠡᠷᠭᠡ ᠮᠠᠯᠵᠢᠬᠤ ᠦᠢᠯᠡᠳᠪᠦᠷᠢᠯᠡᠯ ᠤᠨ ᠬᠡᠷᠡᠭᠯᠡᠭᠦᠨ ᠢ | ᠬᠢᠵᠦ ᠡᠳᠦᠷᠵᠢᠨ ᠶᠠᠭᠠᠷᠠᠵᠦ ᠪᠠᠶᠢᠳᠠᠭ ᠪᠢᠯᠡ᠃ | ᠴᠡᠷᠡᠩᠬᠤᠷᠯᠣ ᠨᠠᠰᠤᠳᠠᠨ ᠲᠦᠷᠪᠡᠨ ᠬᠡᠦᠬᠡᠨ ᠲᠠᠢ᠃ ᠲᠡᠷᠡ ᠦᠷ᠎ᠠ ᠬᠡᠦᠬᠡᠳ᠂ ᠵᠢᠭᠡ ᠨᠡᠷ ᠲᠤ ᠪᠠᠨ ᠢᠰᠡᠭᠡᠢ | ᠤᠷᠠᠯᠠᠯ ᠢᠶᠠᠨ ᠦᠪᠯᠡᠨ ᠵᠢᠭᠠᠵᠦ ᠤᠯᠠᠮᠵᠢᠯᠠᠳᠠᠭ ᠮᠦᠷᠳᠡᠭᠡᠨ ᠦᠪᠡᠷ ᠤᠨ ᠮᠡᠳᠡᠳᠡᠭ ᠴᠢᠲᠠᠳᠠᠭ ᠢᠶᠠᠨ ᠠᠰᠠᠭᠤᠵᠦ | ᠰᠤᠷᠬᠤ ᠪᠠᠷ ᠢᠷᠡᠭᠰᠡᠳ ᠲᠤ ᠬᠠᠷᠠᠮ ᠦᠬᠡᠢ ᠵᠢᠭᠠᠵᠦ ᠦᠭᠬᠦ ᠪᠣᠶᠣ ᠵᠠᠷᠢᠮ ᠪᠦᠲᠦᠭᠡᠯ ᠢᠶᠠᠨ ᠬᠦᠷᠭᠡᠵᠦ ᠦᠭᠳᠡᠭ | ᠦᠭᠬᠢᠶᠡᠮᠦᠷ ᠰᠡᠳᠬᠢᠯ ᠲᠠᠢ ᠪᠣᠶᠠᠨᠳᠦ ᠨᠠᠰᠤᠳᠠᠨ ᠪᠠᠶᠢᠭ᠎ᠠ ᠶᠤᠮ᠃ ᠥᠷ᠎ᠠ ᠬᠡᠦᠬᠡᠳ ᠨᠢ ᠴᠦ ᠨᠠᠰᠣᠳᠠᠨ ᠤ ᠢᠰᠡᠭᠡᠢ | ᠰᠢᠷᠢᠮᠡᠯ ᠤᠨ ᠦᠪ ᠰᠣᠶᠣᠯ ᠢ ᠪᠠᠲᠠᠷᠠᠭᠤᠯᠣᠨ ᠬᠦᠭᠵᠢᠭᠦᠯᠬᠦ ᠶᠢ ᠨᠢ ᠳᠡᠮᠵᠢᠵᠦ ᠪᠠᠶᠢᠳᠠᠭ᠃ ᠶᠡᠭᠡ ᠬᠡᠦᠬᠡᠨ᠂ | ᠭᠤᠷᠪᠠᠳᠣᠭᠠᠷ ᠬᠡᠦᠬᠡᠨ ᠨᠢ ᠳᠡᠮᠡᠬᠡᠴᠢᠨ ᠠᠶᠢᠯ ᠪᠣᠯᠬᠤᠷ ᠲᠡᠮᠡᠬᠡᠨ ᠵᠣᠭᠳᠣᠷ ᠢᠶᠠᠨ ᠬᠤᠲᠠᠯᠳᠣᠳᠠᠭ ᠦᠭᠡᠢ᠂ | ᠡᠵᠢ ᠳᠡᠭᠡᠨ ᠦᠭᠳᠡᠭ᠂ ᠪᠣᠰᠣᠳ ᠬᠡᠦᠬᠡᠳ ᠨᠢ ᠴᠦ ᠰᠢᠯᠢ ᠶᠢᠨ ᠭᠤᠣᠯ ᠠᠴᠠ ᠢᠰᠡᠭᠡᠢ ᠵᠠᠬᠢᠶᠠᠯᠠᠨ ᠠᠪᠴᠢᠷᠠᠬᠤ | ᠮᠡᠳᠦ ᠪᠠᠷ ᠡᠵᠢ ᠶᠢ ᠪᠠᠨ ᠪᠠᠶᠠᠷᠯᠠᠭᠤᠯᠵᠦ ᠪᠠᠶᠢᠳᠠᠭ ᠭᠡᠨ᠎ᠡ᠃ ᠴᠡᠷᠡᠩᠬᠤᠷᠯᠣ ᠨᠠᠰᠤᠳᠠᠨ ᠦᠪ ᠰᠣᠶᠣᠯ ᠢᠶᠠᠨ | ᠲᠡᠬᠡᠳᠦᠯᠡᠵᠦ ᠣᠯᠠᠮᠵᠢᠯᠠᠵᠦ ᠶᠠᠪᠣᠭᠰᠠᠨ ᠢᠶᠠᠷ᠂ 2009 ᠣᠨ ᠳᠤ ᠠᠯᠠᠱᠠ ᠠᠶᠢᠮᠠᠭ ᠤᠨ ᠰᠢᠷᠢᠯᠢᠭ ᠰᠢᠷᠢᠮᠡᠯ ᠤᠨ | ᠣᠷᠣᠯᠳᠣᠭᠠᠨ ᠤ ᠰᠢᠯᠢᠳᠡᠭ ᠳᠡᠰ᠂ 2018 ᠣᠨ ᠳᠤ ᠦᠯᠵᠡᠢ ᠰᠤᠮᠤᠨ ᠤ ︽3 · 8︾ ᠲᠡᠯᠡᠬᠡᠢ ᠶᠢᠨ | ᠡᠮᠡᠭᠳᠡᠶᠢᠴᠤᠳ ᠤᠨ ᠪᠠᠶᠠᠷ ᠢ ᠪᠡᠯᠭᠡᠯᠡᠬᠦ ᠦᠨᠳᠦᠰᠦᠳᠡᠨ ᠤ ᠭᠠᠷ ᠤᠷᠠᠯᠠᠯ ᠤᠨ ᠣᠷᠣᠯᠳᠣᠭᠠᠨ ᠤ ᠰᠢᠯᠢᠳᠡᠭ ᠳᠡᠰ ᠵᠡᠷᠭᠡ | ᠣᠯᠠᠨ ᠣᠯᠠᠨ ᠱᠠᠩᠨᠠᠯ ᠬᠦᠬᠢᠭᠦᠯᠦᠯ ᠢᠶᠠᠷ ᠡᠩᠭᠡᠷ ᠢᠶᠠᠨ ᠮᠢᠯᠢᠶᠡᠯᠭᠠᠵᠤ ᠦᠯᠵᠡᠢ ᠬᠡᠶᠢᠮᠦᠷᠢ ᠪᠠᠨ ᠮᠠᠨᠳᠣᠭᠤᠯᠵᠦ | ᠪᠠᠶᠢᠨ᠎ᠠ᠃ | | | | | | | | | | | | | | | | | | | | | | | |