ᠤᠰᠤ ᠲᠠᠭᠠᠭᠠᠪᠤᠷᠢᠯᠠᠨ ᠨᠡᠪᠴᠢᠳᠡᠭ ᠬᠠᠳᠠ
ᠨᠡᠶᠢᠲᠡᠯᠡᠭᠰᠡᠨ ᠴᠠᠭ᠄
2022/6/1
     ᠠᠯᠠᠱᠠ ᠵᠡᠬᠦᠨ ᠬᠤᠰᠢᠭᠤᠨ ᠤ ᠪᠠᠶᠠᠨᠨᠢᠷᠤᠭᠤᠨ ᠰᠤᠮᠤᠨ ᠤ ᠬᠠᠷᠢᠶᠠᠨ ᠳᠤ ᠪᠠᠶᠢᠭ᠎ᠠ ᠳ᠋ᠠᠷ᠎ᠠ ᠡᠬᠡ ᠶᠢᠨ ᠰᠦᠮ᠎ᠡ ᠎ ᠶᠢᠨ ᠬᠤᠶᠢᠨᠠᠬᠠᠨ ᠨᠢᠭᠡᠨ ᠤᠰᠤ ᠲᠠᠭᠠᠭᠠᠪᠤᠷᠢᠯᠠᠨ ᠨᠡᠪᠴᠢᠳᠡᠭ ᠬᠠᠳᠠ  ᠪᠠᠶᠢᠳᠠᠭ᠃
 2022 ᠤᠨ ᠤ 4 ᠰᠠᠷ᠎ᠠ ᠶᠢᠨ 4᠎ ᠤ ᠡᠳᠦᠷ᠂ ᠬᠠᠩᠰᠢ ᠶᠢᠨ ᠡᠮᠤᠨ᠎ᠡ ᠡᠳᠦᠷ ᠪᠠᠶᠢᠵᠦ ᠪᠢᠯᠡ᠃ ᠡᠨᠡ ᠡᠳᠦᠷ ᠬᠡᠳᠦᠶᠢᠪᠡᠷ ᠵᠢᠪᠠᠷ ᠬᠦᠴᠦᠲᠡᠢ ᠪᠠᠶᠢᠭᠰᠠᠨ ᠴᠤ ᠬᠠᠷᠢᠨ ᠰᠠᠯᠬᠢ ᠰᠢᠭᠤᠷᠭ᠎ᠠ ᠪᠤᠰᠤᠭᠰᠠᠨ ᠦᠭᠡᠢ᠃ ᠮᠠᠨ ᠤ ᠠᠶᠠᠨ ᠤ ᠪᠦᠯᠬᠦᠮ ᠦᠷᠯᠦᠭᠡ ᠡᠷᠳᠡᠯᠡᠨ ᠬᠦᠳᠡᠯᠵᠦ᠂ ᠠᠯᠠᠱᠠ ᠪᠠᠷᠠᠭᠤᠨ ᠬᠤᠰᠢᠭᠤᠨ ᠤ ᠶᠠᠪᠠᠷᠠᠢ ᠬᠠᠶᠢᠷᠬᠠᠨ ᠢ ᠴᠢᠭᠯᠡᠯ᠎ᠡ᠃          ᠮᠠᠨ ᠤ ᠠᠶᠠᠨ ᠤ ᠪᠦᠯᠬᠦᠮ ᠤᠨ ᠬᠢᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠠᠰᠠᠭ ᠎ ᠤᠨ ᠤᠷᠳᠤᠨ ᠤ ᠰᠤᠶᠤᠯ ᠲᠡᠤᠬᠡ ᠰᠤᠳᠤᠯᠬᠤ ᠤᠷᠳᠤᠨ ᠤ ᠰᠤᠳᠤᠯᠤᠭᠴᠢ ᠰᠠᠩᠴᠢ ᠴᠤᠭᠳᠤ᠂ ᠡᠷᠬᠢᠯᠡᠭᠴᠢ ᠡᠮᠴᠢ ᠤᠷᠤᠮᠪᠤᠨ ᠲᠡᠮᠡᠴᠡᠯᠳᠦ᠂ ᠠᠯᠠᠱᠠ ᠶᠢᠨ ᠡᠳᠦᠷ ᠤᠨ ᠰᠤᠨᠢᠨ ᠤ ᠬᠤᠷᠢᠶ᠎ᠠ ᠶᠢᠨ ᠰᠤᠷᠪᠤᠯᠵᠢᠯᠠᠭᠴᠢ ᠲᠠᠪᠰᠢᠯᠳᠦ ᠪᠢᠳᠠ ᠲᠦᠷᠪᠡᠬᠦᠯᠡ ᠪᠠᠷ ᠪᠦᠷᠢᠯᠳᠦᠨ ᠠᠶᠠᠨ ᠤ ᠭᠠᠨᠵᠤᠭ᠎ᠠ ᠨᠡᠶᠢᠯᠡᠵᠦ᠂ ᠭᠤᠤᠯᠳᠠᠭᠤ ᠬᠠᠭᠤᠴᠢ ᠲᠡᠤᠬᠡ ᠰᠤᠳᠤᠯᠬᠤ᠂ ᠭᠠᠵᠠᠷ ᠤᠰᠤᠨ ᠤ ᠨᠡᠷ᠎ᠡ ᠲᠤᠮᠤᠭ ᠪᠦᠷᠢᠳᠭᠡᠬᠦ᠂ ᠵᠠᠮ ᠲᠠᠭᠠᠤ ᠮᠠᠯᠴᠢᠳ ᠤᠨ ᠠᠮᠢᠳᠤᠷᠠᠯ ᠦᠢᠯᠡᠰ ᠢ ᠰᠤᠷᠪᠤᠯᠵᠢᠯᠠᠬᠤ ᠎ ᠪᠠᠷ ᠡᠬᠦᠷᠭᠡ ᠪᠠᠨ ᠪᠤᠯᠭᠠᠬᠰᠠᠨ ᠶᠤᠮ᠃ ᠪᠢᠳᠠ ᠵᠠᠮ ᠲᠤᠷᠰᠢ ᠲᠡᠤᠬᠡ ᠰᠤᠶᠤᠯ᠂ ᠭᠠᠵᠠᠷ ᠤᠰᠤᠨ ᠤ ᠨᠡᠷ᠎ᠡ ᠲᠤᠮᠤᠭ ᠶᠠᠷᠢᠯᠴᠠᠵᠦ ᠵᠠᠮ ᠢᠶᠠᠨ ᠬᠤᠷᠤᠭᠠᠵᠦ  ᠶᠠᠳᠠᠷᠠᠭ᠎ᠠ ᠪᠠᠨ ᠲᠠᠶᠢᠯᠵᠦ ᠶᠠᠪᠤᠯ᠎ᠠ᠃          ᠡᠨᠡ ᠡᠳᠦᠷ ᠠᠵᠢᠯ ᠤᠨ ᠠᠮᠠᠷᠠᠯᠳᠠ ᠪᠠᠨ ᠠᠪᠤᠭᠰᠠᠨ ᠡᠷᠬᠢᠯᠡᠭᠴᠢ ᠡᠮᠴᠢ ᠶᠠᠩ ᠴᠤᠭᠳᠤ ᠪᠠᠰᠠ ᠪᠢᠳᠠᠨ ᠎ ᠲᠠᠢ ᠬᠠᠮᠳᠦ ᠶᠠᠪᠤᠵᠦ ᠪᠠᠶᠢᠭᠰᠠᠨ ᠪᠤᠯᠬᠤᠷ ᠮᠠᠨ ᠤ ᠠᠶᠠᠨ ᠶᠡᠭᠡ ᠯᠡ ᠬᠦᠷ ᠬᠦᠭᠵᠢᠶᠠᠨ ᠲᠠᠢ ᠪᠤᠯᠵᠦ᠂ ᠪᠢᠳᠠ ᠦᠳᠡ ᠲᠦᠬᠦᠬᠦ ᠶᠢᠨ ᠦᠶ᠎ᠡ ᠪᠠᠷ ᠳ᠋ᠠᠷ᠎ᠠ ᠡᠬᠡ ᠶᠢᠨ ᠰᠦᠮ᠎ᠡ ᠳᠤ ᠬᠦᠷᠴᠦ ᠢᠷᠡᠯ᠎ᠡ᠃ ᠵᠠᠮ ᠳᠤ ᠶᠠᠩ ᠴᠤᠭᠳᠤ ᠪᠠᠭᠰᠢ ᠠᠴᠠ ᠡᠨᠡ ᠰᠦᠮ᠎ᠡ ᠶᠢᠨ ᠤᠷᠴᠢᠮ ᠨᠢᠭᠡᠨ ᠤᠰᠤ ᠲᠠᠭᠠᠭᠠᠪᠤᠷᠢᠯᠠᠨ ᠨᠡᠪᠴᠢᠳᠡᠭ ᠬᠠᠳᠠ ᠪᠠᠶᠢᠳᠠᠭ ᠭᠡᠰᠡᠨ ᠰᠠᠶᠢᠬᠠᠨ ᠵᠠᠩᠬᠢ ᠪᠠᠷ ᠠᠳᠡ ᠲᠦᠷ ᠠᠮᠠᠰᠬᠢᠵᠦ ᠡᠨᠡᠬᠦ ᠬᠠᠳᠠᠨ ᠤ ᠡᠷᠢᠯ ᠪᠤᠯᠵᠦ ᠪᠢᠯᠡ  ᠃          ᠳ᠋ᠠᠷ᠎ᠠ ᠡᠬᠡ ᠶᠢᠨ ᠰᠦᠮ᠎ᠡ ᠶᠢᠨ ᠪᠠᠶᠢᠭ᠎ᠠ ᠭᠠᠵᠠᠷ ᠢ ᠠᠴᠠ ᠪᠤᠯᠠᠭ ᠭᠡᠮᠡᠳᠡᠭ᠃ ᠤᠤᠯ ᠤᠨ ᠬᠤᠤᠰᠪᠦ᠋ᠷᠢᠳᠦ ᠰᠤᠮᠤᠨ ᠠᠴᠠ ᠬᠤᠶᠢᠰᠢ ᠭᠤᠴᠢ ᠭᠠᠷᠤᠢ ᠺᠢᠯᠦᠮᠧᠲᠷ ᠵᠠᠢ ᠲᠠᠢ᠂ ᠤᠳᠤ ᠪᠠᠶᠠᠨᠨᠢᠷᠤᠭᠤᠨ ᠰᠤᠮᠤᠨ ᠤ ᠬᠠᠷᠢᠶᠠᠨ ᠳᠤ ᠤᠷᠤᠵᠡᠢ᠃ ᠠᠳᠡᠬᠢ ᠶᠢᠨ ᠦᠵᠡᠮᠵᠢ ᠡᠳᠡᠭᠡᠳ ᠭᠤᠶᠤ᠂ ᠰᠦᠮ᠎ᠡ ᠶᠢᠨ ᠡᠷᠬᠢᠨ ᠲᠤᠭᠤᠷᠢᠨ ᠳᠤ ᠬᠠᠳᠠᠨ ᠲᠤᠪᠤᠴᠠᠭ᠂ ᠦᠬᠡᠷ ᠬᠠᠳᠠ ᠰᠦᠨᠳᠡᠷᠯᠡᠨ ᠦᠷᠬᠦᠯᠵᠢᠯᠡᠭᠡᠳ ᠬᠠᠵᠠᠭᠤ ᠬᠠᠪᠢ ᠪᠠᠷ ᠨᠢ ᠲᠦᠷᠪᠡᠨ ᠪᠤᠯᠠᠭ ᠎ ᠲᠠᠢ ᠭᠤᠤᠯ ᠪᠠᠶᠢᠳᠠᠭ ᠭᠡᠨ᠎ᠡ᠃ ᠶᠡᠷᠤᠨᠢ ᠰᠦᠮ᠎ᠡ ᠪᠠᠶᠢᠭᠤᠯᠤᠭᠰᠠᠨ ᠭᠠᠵᠠᠷ ᠭᠤᠶᠤ ᠦᠵᠡᠮᠵᠢ ᠲᠠᠢ ᠪᠠᠶᠢᠳᠠᠭ ᠭᠡᠮᠡᠨ ᠪᠢᠳᠠ ᠶᠠᠷᠢᠯᠴᠠᠨ ᠲᠡᠮᠡᠢ ᠤᠳᠠᠯ ᠦᠭᠡᠢ ᠤᠰᠤ ᠲᠠᠭᠠᠭᠠᠪᠤᠷᠢᠯᠠᠨ ᠨᠡᠪᠴᠢᠳᠡᠭ ᠬᠠᠳᠠᠨ ᠤ ᠲᠡᠷᠭᠡᠳᠡ ᠬᠦᠷᠴᠦ ᠤᠴᠢᠯ᠎ᠠ ᠃ ᠡᠨᠡᠬᠦ ᠬᠠᠳᠠ ᠨᠢ ᠪᠤᠯᠠᠭ ᠲᠠᠢ ᠭᠤᠤᠯ ᠤᠨ ᠵᠡᠬᠦᠨ ᠡᠷᠬᠢ ᠳᠤ ᠪᠠᠶᠢᠷᠢᠯᠠᠵᠦ᠂ ᠭᠠᠵᠠᠷ ᠠᠴᠠ ᠤᠷᠭᠤᠭᠰᠠᠨ ᠬᠡᠳᠦᠨ ᠬᠡᠰᠡᠭ ᠲᠤᠮᠤᠬᠠᠨ ᠦᠭᠡᠷ ᠬᠠᠳᠠ ᠪᠠᠶᠢᠵᠦ᠂ ᠬᠤᠭᠤᠷᠤᠨᠳᠦ ᠪᠠᠨ ᠵᠢᠵᠢᠭ ᠬᠠᠳᠠ᠂ ᠰᠢᠪᠠᠷ ᠰᠢᠷᠤᠢ ᠪᠠᠷ ᠵᠠᠯᠭᠠᠯᠳᠤᠵᠦ ᠂ ᠨᠡᠭᠡᠷᠡᠨ ᠬᠠᠳᠠᠨ ᠤ ᠬᠡᠳᠦᠨ ᠬᠡᠰᠡᠭ ᠲᠤ ᠤᠰᠤ ᠲᠠᠭᠠᠭᠠᠪᠤᠷᠢᠯᠠᠨ ᠨᠡᠪᠴᠢᠵᠦ᠂ ᠬᠠᠵᠠᠭᠤ ᠬᠠᠪᠢ ᠪᠠᠷ ᠨᠢ ᠬᠠᠭ ᠰᠠᠭᠤᠵᠦ᠂ ᠤᠳᠠᠭᠠᠨ ᠬᠤᠨᠤᠭ ᠤᠰᠤ ᠨᠡᠪᠴᠢᠨ ᠤᠷᠤᠰᠤᠭᠰᠠᠨ ᠤᠯᠠ ᠮᠦᠷ ᠢᠯᠡᠬᠡᠨ ᠬᠠᠷᠠᠭᠳᠠᠵᠦ ᠪᠠᠶᠢᠪᠠ᠃ ᠬᠠᠳᠠᠨ ᠤ ᠬᠤᠶᠢᠨᠠᠬᠠᠨ ᠲᠡᠮᠡᠢ ᠬᠤᠯᠠ ᠦᠭᠡᠢ ᠪᠤᠯᠠᠭ ᠤᠨ ᠡᠬᠢ ᠶᠢ ᠬᠠᠰᠢᠵᠦ ᠪᠠᠶᠢᠭᠤᠯᠤᠭᠰᠠᠨ ᠨᠢᠭᠡᠨ ᠤᠰᠤᠨ ᠴᠦᠬᠦᠷᠦᠮ ᠲᠠᠢ᠂ ᠡᠨᠡ ᠴᠦᠬᠦᠷᠦᠮ ᠪᠠᠶᠢᠭᠤᠯᠤᠭᠳᠠᠭᠠᠳ ᠨᠡᠯᠢᠶᠡᠳ ᠤᠳᠠᠵᠠᠢ᠃ ᠠᠳᠡ ᠠᠴᠠ ᠡᠮᠤᠨᠡᠬᠡᠨ ᠪᠠᠭᠠᠬᠠᠨ ᠲᠠᠷᠢᠶᠠᠨ ᠭᠠᠵᠠᠷ ᠪᠠ ᠮᠤᠳᠤ ᠤᠯᠢᠶᠠᠰᠤ ᠬᠠᠯᠢᠭᠤᠷᠠᠵᠦ ᠪᠠᠶᠢᠬᠤ ᠠᠴᠠ ᠦᠵᠡᠬᠦ ᠳᠤ ᠪᠠᠷᠤᠭ ᠬᠠᠮᠳᠦ ᠨᠡᠶᠢᠳᠡ ᠪᠠᠶᠢᠬᠤ ᠦᠶ᠎ᠡ ᠳᠤ ᠮᠤᠳᠤ᠂ ᠲᠠᠷᠢᠶ᠎ᠠ ᠲᠠᠷᠢᠬᠤ ᠵᠤᠷᠢᠯᠭ᠎ᠠ ᠪᠠᠷ ᠪᠠᠶᠢᠭᠤᠯᠤᠭᠰᠠᠨ ᠨᠢ ᠢᠯᠡᠬᠡᠨ ᠪᠠᠶᠢᠪᠠ᠃          ᠬᠠᠳᠠᠨ ᠠᠴᠠ ᠤᠰᠤ ᠨᠠᠪᠴᠢᠨ ᠤᠷᠤᠰᠤᠨ᠎ᠠ ᠭᠡᠭᠴᠢ ᠪᠠᠰᠠ ᠬᠠᠴᠢᠷᠬᠠᠭᠤᠰᠢᠳᠠᠢ ᠠᠵᠢ᠃ ᠴᠤᠬᠤᠮ ᠬᠡᠵᠢᠶ᠎ᠡ ᠠᠴᠠ ᠡᠬᠢᠯᠡᠵᠦ ᠡᠨᠡᠬᠦ ᠬᠠᠳᠠᠨ ᠠᠴᠠ ᠤᠰᠤ ᠲᠠᠭᠠᠭᠠᠪᠤᠷᠢᠯᠠᠨ ᠨᠡᠪᠴᠢᠬᠦ ᠪᠤᠯᠤᠭᠰᠠᠨ ᠲᠤᠬᠠᠢ ᠪᠢᠳᠠ ᠠᠰᠠᠭᠤᠨ ᠯᠠᠪᠯᠠᠭᠰᠠᠨ ᠪᠤᠯᠪᠠᠴᠤ ᠪᠠᠳᠤᠳᠠᠢ ᠭᠡᠷᠡᠴᠢ ᠪᠠᠷᠢᠮᠳᠠ ᠤᠯᠵᠦ ᠴᠢᠳᠠᠭᠰᠠᠨ ᠦᠭᠡᠢ᠃ ᠠᠩᠬ᠎ᠠ ᠤᠳᠠᠭ᠎ᠠ ᠬᠠᠳᠠᠨ ᠠᠴᠠ ᠤᠰᠤ ᠲᠠᠭᠠᠭᠠᠪᠤᠷᠢᠯᠠᠨ ᠨᠡᠪᠴᠢᠵᠦ ᠪᠠᠶᠢᠭ᠎ᠠ ᠶᠢ ᠦᠵᠡᠭᠰᠡᠨ ᠨᠠᠳᠠ ᠠᠪᠴᠦ ᠬᠡᠯᠡᠪᠡᠯ ᠲᠤᠶᠢᠯ ᠤᠨ ᠰᠤᠨᠢᠷᠬᠠᠭᠤᠰᠢᠳᠠᠢ ᠰᠠᠨᠠᠭᠳᠠᠯ᠎ᠠ᠃ ᠨᠢᠭᠡ ᠬᠠᠳᠠ ᠨᠢ ᠵᠢᠭᠠᠬᠠᠨ ᠠᠩ ᠵᠠᠪᠰᠠᠷ ᠲᠠᠢ ᠪᠠᠶᠢᠵᠦ᠂ ᠡᠨᠡᠬᠦ ᠠᠩ ᠵᠠᠪᠰᠠᠷ ᠎ ᠢᠶᠠᠷ ᠤᠰᠤ ᠨᠠᠪᠴᠢᠨ ᠭᠠᠷᠴᠤ ᠪᠠᠶᠢᠨ᠎ᠠ ᠬᠡᠬᠦ ᠳᠤ ᠨᠦᠬᠦᠭᠡ ᠬᠡᠳᠦᠨ ᠬᠠᠳᠠᠨ ᠤ ᠤᠰᠤ ᠨᠡᠪᠴᠢᠳᠡᠭ ᠭᠠᠵᠠᠷ ᠲᠤ ᠦᠴᠦᠬᠡᠨ ᠴᠤ ᠠᠩ ᠵᠠᠪᠰᠠᠷ ᠦᠭᠡᠢ᠂ ᠬᠦᠮᠦᠨ ᠠᠮᠢᠳᠠᠨ ᠬᠦᠨᠳᠡᠵᠦ ᠨᠦᠬᠡᠯᠡᠵᠦ ᠵᠠᠰᠠᠭᠰᠠᠨ ᠤᠷᠤᠮ ᠮᠦᠷ ᠦᠭᠡᠢ᠂ ᠰᠢᠪᠠᠷ ᠰᠢᠷᠤᠢ ᠪᠠᠷ ᠪᠦᠳᠦᠭᠰᠡᠨ ᠵᠦᠭᠡᠯᠡᠨ ᠬᠠᠳᠠ ᠨᠡᠩ ᠴᠤ ᠪᠢᠰᠢ᠂ ᠰᠢᠭᠤᠳ ᠯᠠ ᠬᠠᠳᠠᠨ ᠤ ᠪᠡᠶ᠎ᠡ ᠠᠴᠠ ᠤᠰᠤ ᠲᠠᠭᠠᠭᠠᠪᠤᠷᠢᠯᠠᠨ ᠭᠠᠷᠴᠦ ᠬᠠᠷᠠᠭᠳᠠᠨ᠎ᠠ᠃ ᠰᠦᠮ᠎ᠡ ᠭᠡᠶᠢᠳ ᠪᠠᠶᠢᠭᠤᠯᠤᠭᠰᠠᠨ ᠬᠤᠪᠢᠯᠭᠠᠨ ᠤᠷᠤᠨ ᠳᠤ ᠬᠠᠳᠠ ᠨᠢ ᠬᠦᠷᠳᠡᠯ᠎ᠡ ᠡᠶᠢᠮᠦ  ᠤᠪᠠᠳᠢᠰ ᠲᠠᠢ ᠪᠠᠶᠢᠳᠠᠭ ᠴᠤ ᠶᠤᠮ ᠤᠤ︖ ᠡᠰᠡᠬᠦᠯ᠎ᠡ ᠁ ᠡᠬᠡ ᠪᠠᠶᠢᠭᠠᠯᠢ ᠶᠢᠨ ᠭᠠᠶᠢᠬᠠᠮᠰᠢᠭ ᠭᠡᠵᠦ ᠡᠨᠡ ᠪᠠᠶᠢᠬ᠎ᠠ᠃          ᠪᠢᠳᠠᠨ ᠤ ᠬᠡᠨ ᠨᠢ ᠴᠤ ᠦᠨᠡᠨ ᠪᠤᠳᠠᠳᠠᠢ ᠲᠠᠶᠢᠯᠪᠤᠷᠢᠯᠠᠯ ᠤᠯᠵᠦ ᠴᠢᠳᠠᠭ᠎ᠠ ᠦᠭᠡᠢ ᠰᠡᠳᠬᠢᠯ ᠳᠡᠭᠡᠨ ᠲᠤᠭᠤᠶᠢᠬᠠᠨ ᠶᠠᠭᠤ ᠨᠢᠭᠡᠨ ᠢ ᠪᠤᠳᠤᠨ ᠠᠶᠠᠨ ᠤ ᠵᠠᠮ ᠢᠶᠠᠨ ᠡᠯᠬᠦᠵᠡᠭᠡᠯ᠎ᠡ᠃              
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号