ᠶᠠ ᠰᠢᠶᠠᠩ ᠬᠤᠭᠤᠯᠠᠨ ᠭᠡᠷ
ᠨᠡᠶᠢᠲᠡᠯᠡᠭᠰᠡᠨ ᠴᠠᠭ᠄
2022/6/1
ᠰᠤᠷᠪᠤᠯᠵᠢᠯᠠᠬᠴᠢ ᠡᠷᠳᠡᠨᠢᠴᠡᠴᠡᠭᠢᠲᠡᠭᠡᠯ ᠤᠨ ᠬᠦᠴᠦᠨ ᠢᠶᠠᠷ ᠦᠢᠯᠡᠰ ᠪᠤᠰᠬᠠᠭ᠎ᠠ ᠠᠨᠳᠠ ᠬᠤᠶᠠᠷ    ᠢᠲᠡᠭᠡᠯ ᠤᠨ ᠬᠦᠴᠦᠨ ᠬᠢᠵᠠᠭᠠᠯᠠᠰᠢ ᠦᠭᠡᠢ ᠭᠡᠳᠡᠭ ᠢ ᠰᠠᠶᠢᠨ ᠠᠨᠳᠠ ᠶᠢᠨ ᠬᠠᠷᠢᠴᠠᠭ᠎ᠠ ᠲᠠᠢ ᠤᠷᠠᠨᠲᠤᠶᠠᠭ᠎ᠠ᠂ ᠠᠯᠲᠠᠨᠭᠡᠷᠡᠯ ᠬᠤᠶᠠᠭᠤᠯᠠ ᠦᠵᠡᠭᠦᠯᠵᠦ ᠪᠠᠶᠢᠯ᠎ᠠ᠃ ᠳᠠᠳᠠ ᠬᠤᠶᠠᠷ ᠨᠢᠭᠡ ᠨᠢᠭᠡ ᠪᠠᠨ ᠢᠳᠡᠭᠡᠠ᠂ ᠬᠠᠮᠲᠤ ᠶᠢᠨ ᠬᠦᠴᠦᠨ ᠢᠶᠠᠨ ᠨᠡᠶᠢᠯᠡᠭᠦᠯᠪᠡᠯ ᠨᠠᠩ ᠬᠦᠴᠦᠲᠡᠢ ᠪᠣᠯᠣᠨ᠎ᠠ ᠭᠡᠳᠡᠭ ᠢ ᠴᠸ ᠢᠲᠡᠭᠡᠭᠰᠡᠨ ᠤ ᠬᠦᠴᠦ ᠪᠠᠷ ᠬᠠᠮᠲᠤᠷᠠᠨ ᠬᠤᠭᠤᠯᠠᠨ ᠭᠡᠷ ᠡᠷᠭᠢᠯᠠᠵᠤ᠂ ᠣᠯᠵᠠ ᠤᠷᠤᠯᠭ᠎ᠠ ᠰᠠᠶᠢᠲᠠᠢ ᠶᠠᠪᠤᠨ᠎ᠠ᠃    ᠰᠤᠷᠪᠤᠯᠵᠢᠯᠠᠬᠴᠢ ᠳᠠᠳᠠᠠ ᠤ ᠡᠷᠭᠢᠯᠠᠵᠤ ᠪᠠᠶᠢᠭ᠎ᠠ ᠶᠠ ᠰᠢᠶᠠᠩ ᠬᠤᠭᠤᠯᠠᠨ ᠭᠡᠷ ᠲᠤ ᠣᠷᠣᠪᠠᠯ᠂ ᠳᠠᠳᠠ ᠬᠤᠶᠠᠭᠤᠯᠠ ᠪᠠᠨ ᠨᠠᠭᠠᠰᠢ ᠴᠠᠭᠠᠰᠢ ᠶᠠᠭᠠᠷᠠᠯᠲᠠᠢ ᠡᠷᠭᠢᠯᠳᠦᠵᠦ᠂ ᠵᠣᠴᠢᠨ ᠳᠦᠭᠦᠷᠲᠡᠯ᠎ᠡ ᠰᠠᠭᠤᠭᠰᠠᠨ ᠪᠠᠶᠢᠪᠠ᠃ ᠠᠯᠲᠠᠨᠭᠡᠷᠡᠯ ᠨᠢ ᠲᠣᠭᠤᠭᠠᠴᠢ ᠪᠣᠯᠵᠤ᠂ ᠤᠷᠠᠨᠲᠤᠶᠠᠭ᠎ᠠ ᠨᠢ ᠨᠣᠭᠤᠭ᠎ᠠ ᠲᠣᠬᠢᠷᠠᠭᠤᠯᠬᠤ᠂ ᠠᠶᠠᠭ᠎ᠠ ᠤᠬᠢᠶᠠᠬᠤ ᠮᠡᠲᠦ ᠎ ᠶᠢᠨ ᠠᠵᠢᠯ ᠢ ᠬᠢᠵᠦ᠂ ᠬᠤᠶᠠᠭᠤᠯᠠ ᠪᠠᠨ ᠠᠵᠢᠯ ᠤᠨ ᠬᠤᠪᠢᠶᠠᠷᠢᠯᠠᠯᠲᠠ ᠲᠣᠳᠣ ᠪᠤᠯᠪᠠᠴᠤ᠂ ᠬᠠᠷᠢᠯᠴᠠᠨ ᠬᠠᠪᠰᠤᠷᠤᠯᠴᠠᠠ᠂ ︽ᠳᠤᠤᠭᠠᠷᠪᠠᠯ ᠳᠠᠭᠤ ᠨᠢᠭᠡᠲᠡᠢ᠂ ᠳᠤᠭᠲᠤᠷᠪᠠᠯ ᠬᠦᠴᠦ ᠨᠢᠭᠡᠲᠡᠢ︾ ᠠᠵᠢᠯᠯᠠᠭᠰᠠᠭᠠᠷ ᠢᠷᠡᠭᠰᠡᠨ ᠠᠵᠢ᠃    ᠤᠷᠠᠨᠲᠤᠶᠠᠭ᠎ᠠ ᠠᠯᠠᠱᠠ ᠵᠡᠭᠦᠨ ᠬᠤᠰᠢᠭᠤᠨ ᠤ ᠪᠠᠶᠠᠨᠮᠥ᠋ᠷᠡᠨ ᠰᠤᠮᠤᠨ ᠤ ᠪᠠᠶᠠᠨᠰᠢᠭᠤᠢ ᠭᠠᠴᠠᠭᠠᠨ ᠤ ᠤᠤᠭᠠᠯ᠂ ᠠᠯᠲᠠᠨᠭᠡᠷᠡᠯ ᠠᠯᠠᠱᠠ ᠵᠡᠭᠦᠨ ᠬᠤᠰᠢᠭᠤᠨ ᠤ ᠲᠡᠭᠷᠢ ᠡᠯᠡᠰᠦ ᠪᠠᠯᠭᠠᠰᠤᠨ ᠤ ᠲᠡᠮᠡᠭᠡᠨ ᠠᠭᠤᠯᠠ ᠭᠠᠴᠠᠭᠠᠨ ᠤ ᠤᠤᠭᠠᠯ᠃ ᠵᠠᠶᠠᠭ᠎ᠠ ᠨᠢᠭᠡᠲᠡᠢ ᠬᠥᠮᠥᠰ ᠤᠨ ᠠᠮᠢᠳᠤᠷᠠᠯ ᠤᠨ ᠥᠩᠭᠡᠷᠡᠯᠲᠡ ᠴᠸ ᠤᠶᠢᠷᠠᠯᠴᠠᠭ᠎ᠠ ᠪᠠᠶᠢᠳᠠᠭ ᠠᠵᠢ᠃ ᠤᠯᠠᠠ ᠭᠠᠵᠠᠷ ᠶᠠᠪᠤᠵᠤ᠂ ᠠᠮᠢᠳᠤᠷᠠᠯ ᠤᠨ ᠬᠠᠲᠠᠭᠤ ᠪᠡᠷᠬᠡ ᠶᠢ ᠠᠮᠲᠠᠯᠠᠵᠤ ᠪᠠᠶᠢᠭᠰᠠᠨ ᠥᠩᠭᠡᠷᠡᠯᠲᠡ ᠲᠡᠦᠬᠡ ᠨᠢ ᠳᠠᠳᠠᠠ ᠳᠤ ᠠᠵᠢᠯ ᠭᠦᠳᠠᠯᠮᠤᠷᠢ ᠪᠠᠷ ᠢᠶᠠᠨ ᠥᠭᠡᠳᠡ ᠲᠠᠢ ᠥᠩᠭᠡ ᠲᠠᠢ ᠠᠮᠢᠳᠤᠷᠠᠬᠤ ᠶᠢᠨ ᠢᠲᠡᠭᠡᠯ ᠢ ᠣᠯᠭᠤᠭᠰᠠᠨ ᠨᠢ ᠢᠯᠡᠭᠡᠠ ᠃ ᠤᠷᠠᠨᠲᠤᠶᠠᠭ᠎ᠠ 20 ᠵᠢᠯ ᠤᠨ ᠡᠮᠦᠨ᠎ᠡ ᠠᠩᠬ᠎ᠠ ᠲᠤᠮᠳᠠᠳᠤ ᠪᠠᠨ ᠲᠡᠭᠦᠰᠦᠭᠰᠡᠨ ᠤ ᠳᠠᠷᠠᠭ᠎ᠠ ᠭᠡᠷ ᠲᠡᠭᠡᠨ ᠬᠠᠷᠢᠵᠤ ᠠᠪᠤ ᠡᠵᠢ ᠪᠠᠨ ᠬᠠᠪᠰᠤᠷᠤᠨ ᠬᠡᠳᠦᠨ ᠵᠢᠯ ᠮᠠᠯ ᠬᠠᠷᠢᠭᠤᠯᠵᠤ᠂ ᠠᠶᠢᠯ ᠭᠡᠷ ᠪᠣᠯᠤᠭᠰᠠᠨ ᠤ ᠰᠡᠭᠦᠯᠡᠷ᠂ ᠤᠯᠠᠠ ᠬᠥᠮᠥᠰ ᠤᠨ ᠡᠮᠦᠨᠡᠲᠦ ᠣᠷᠣᠨ ᠢᠶᠠᠷ ᠶᠠᠪᠤᠵᠤ ᠠᠵᠢᠯ ᠬᠢᠵᠦ ᠪᠠᠶᠢᠭᠰᠠᠨ ᠤᠷᠤᠰᠬᠠᠯ ᠢ ᠲᠠᠭᠠᠨ᠂ ᠡᠷ᠎ᠡ ᠨᠥᠬᠦᠷ ᠲᠠᠢ ᠎ ᠪᠠᠨ ᠵᠢᠶᠠᠩᠰᠤ᠂ ᠰᠦᠵᠸᠤ ᠵᠡᠷᠭᠡ ᠭᠠᠵᠠᠷ ᠢᠶᠠᠷ ᠶᠠᠪᠤᠵᠤ᠂ ᠮᠣᠷᠢᠨ ᠲᠠᠯᠠᠪᠤᠷ᠂ ᠵᠢᠭᠤᠯᠴᠢᠯᠠᠯ ᠤᠨ ᠭᠠᠵᠠᠷ ᠢᠶᠠᠷ ᠠᠵᠢᠯᠯᠠᠵᠤ ᠪᠠᠶᠢᠭᠰᠠᠨ ᠢᠶᠠᠨ ᠦᠷ᠎ᠡ ᠬᠡᠦᠬᠡᠳ ᠤᠨ ᠢᠶᠠᠨ ᠰᠤᠷᠭᠠᠭᠤᠯᠢ ᠰᠣᠶᠣᠯ ᠵᠡᠷᠭᠡ ᠶᠢ ᠪᠣᠳᠣᠯᠬᠢᠯᠠᠨ ᠠᠯᠠᠱᠠ ᠎ ᠳᠠᠭᠠᠨ ᠬᠠᠷᠢᠵᠤ ᠢᠷᠡᠭᠰᠡᠨ ᠪᠠᠶᠢᠪᠠ᠃    ᠠᠯᠲᠠᠨᠭᠡᠷᠡᠯ ᠬᠡᠳᠦᠶᠢᠪᠡᠷ ᠨᠤᠲᠤᠭ ᠣᠷᠣᠨ ᠠᠴᠠ ᠪᠠᠨ ᠰᠠᠯᠵᠤ᠂ ᠬᠤᠯᠠ ᠭᠠᠵᠠᠷ ᠶᠠᠪᠤᠭᠰᠠᠨ ᠦᠭᠡᠢ ᠴᠸ᠂ ᠪᠠᠭ᠎ᠠ ᠠᠴᠠ ᠪᠠᠨ ᠬᠡᠦᠬᠡᠳ ᠤᠨ ᠶᠡᠭᠡ ᠨᠢ ᠪᠣᠯᠤᠭᠰᠠᠨ ᠤ ᠬᠤᠪᠢ ᠳᠤ ᠲᠡᠭᠦᠦᠨᠡᠷ ᠢᠶᠠᠨ ᠢᠯᠡᠭᠦᠦ ᠪᠤᠳᠤᠳᠠᠭ ᠤᠨ ᠶᠣᠰᠣ ᠪᠠᠷ ᠶᠡᠭᠡ ᠰᠤᠷᠭᠠᠭᠤᠯᠢ ᠳᠤ ᠰᠢᠯᠭᠠᠭᠳᠠᠨ ᠣᠷᠣᠭᠰᠠᠨ ᠰᠠᠶᠢᠬᠠᠨ ᠵᠠᠪᠰᠢᠶᠠᠨ ᠢᠶᠠᠨ ᠤᠷᠭᠢᠵᠤ᠂ ᠳᠡᠭᠦᠦ ᠨᠠᠷ ᠎ ᠢᠶᠠᠨ ᠰᠤᠷᠭᠠᠭᠤᠯᠢ ᠰᠣᠶᠣᠯ ᠤᠨ ᠮᠥᠷ ᠬᠥᠭᠡᠭᠡᠯᠭᠡᠬᠦ ᠬᠡᠮᠡᠨ ᠭᠡᠷ ᠪᠦᠯᠢ ᠪᠠᠨ ᠳᠠᠭᠠᠭᠠᠬᠤ ᠶᠡᠭᠡ ᠡᠭᠦᠷᠭᠡ ᠶᠢ ᠡᠭᠦᠷᠭᠡᠯᠡᠨ ᠠᠪᠤᠭᠰᠠᠨ ᠪᠠᠶᠢᠪᠠ᠃ ᠢᠩᠭᠢᠭᠡᠳ ᠠᠳᠠ ᠲᠡᠨᠳᠡ ᠬᠥᠯᠥᠰᠦᠨ ᠠᠵᠢᠯ ᠬᠢᠬᠦ᠂ ᠬᠠᠴᠢᠨ ᠴᠢᠯᠠᠭᠤ ᠶᠢᠨ ᠠᠷᠠᠯᠵᠢᠶ᠎ᠠ ᠬᠢᠬᠦ ᠵᠡᠷᠭᠡ ᠪᠠᠷ ᠤᠯᠠᠠ ᠵᠢᠯ ᠶᠠᠪᠤᠭᠰᠠᠨ ᠢᠶᠠᠨ ᠰᠡᠭᠦᠯᠡᠷ ᠨᠢ ᠬᠤᠭᠤᠯᠠ ᠪᠤᠳᠠᠭ᠎ᠠ ᠰᠠᠶᠢᠬᠠᠨ ᠬᠢᠳᠡᠭ ᠳᠠᠪᠠᠭᠤᠯᠢᠭ ᠢᠶᠠᠨ ᠠᠰᠢᠭᠯᠠᠨ᠂ ᠨᠢᠭᠡ ᠵᠢᠵᠢᠭᠬᠡᠨ ᠬᠤᠭᠤᠯᠠᠨ ᠭᠡᠷ ᠡᠷᠭᠢᠯᠠᠵᠠᠢ᠃    ᠠᠮᠢᠳᠤᠷᠠᠯ ᠤᠨ ᠡᠷᠬᠡ ᠪᠠᠷ ᠬᠤᠪᠢ ᠬᠤᠪᠢ ᠪᠠᠷ ᠢᠶᠠᠨ ᠴᠢᠷᠮᠠᠶᠢᠵᠤ ᠲᠡᠮᠡᠴᠡᠵᠦ ᠶᠠᠪᠤᠭᠰᠠᠨ ᠳᠠᠳᠠ ᠬᠤᠶᠠᠷ ᠤᠨ ᠬᠤᠪᠢ ᠪᠠᠷᠢᠯᠳᠤᠯᠭ᠎ᠠ 2020 ᠣᠨ ᠠᠴᠠ ᠡᠬᠢᠯᠡᠵᠡᠢ᠃ ᠨᠢᠭᠡ ᠡᠳᠦᠷ ᠤᠷᠠᠨᠲᠤᠶᠠᠭ᠎ᠠ ᠨᠠᠶᠢᠵᠠ ᠠᠯᠲᠠᠨᠭᠡᠷᠡᠯ ᠤᠨ ᠵᠢᠵᠢᠭᠬᠡᠨ ᠬᠤᠭᠤᠯᠠᠨ ᠭᠡᠷ ᠲᠤ ᠬᠦᠷᠴᠦ᠂ ᠬᠠᠭᠤᠷᠤᠯᠭ᠎ᠠ ᠬᠠᠭᠠᠷᠢᠯᠭ᠎ᠠ᠂ ᠱᠥᠯᠥ ᠲᠠᠢ ᠪᠠᠩᠰᠢ ᠶᠢ ᠨᠢ ᠢᠳᠡᠭᠰᠡᠨ ᠴᠢᠨᠢ ᠠᠮᠲᠠ ᠰᠢᠮᠳᠡ ᠨᠢ ᠮᠠᠰᠢ ᠰᠠᠶᠢᠬᠠᠨ ᠪᠣᠯᠬᠤᠷ ᠭᠠᠶᠢᠬᠠᠰᠢ ᠠᠯᠳᠠᠷᠠᠨ᠂ ᠪᠠᠭ᠎ᠠ ᠠᠴᠠ ᠪᠠᠨ ᠬᠠᠮᠲᠤ ᠥᠰᠦᠭᠰᠡᠨ ᠨᠠᠶᠢᠵᠠ ᠶᠢᠨ ᠢᠶᠠᠨ ᠡᠶᠢᠮᠦ ᠰᠠᠶᠢᠬᠠᠨ ᠬᠤᠭᠤᠯᠠ ᠤᠮᠳᠠ ᠬᠢᠵᠦ ᠪᠠᠶᠢᠭ᠎ᠠ ᠶᠢ ᠨᠢ ᠪᠠᠭ᠋ᠠᠷᠬᠠᠨ᠂ ᠬᠤᠶᠠᠭᠤᠯᠠ ᠪᠠᠨ ᠵᠣᠭᠤᠭᠳᠠᠨ ᠶᠠᠷᠢᠯᠴᠠᠭᠠᠳ ᠬᠠᠮᠲᠤ ᠪᠠᠷ ᠢᠶᠠᠨ ᠬᠤᠭᠤᠯᠠᠨ ᠭᠡᠷ ᠡᠷᠭᠢᠯᠡᠭᠦ ᠰᠠᠨᠠᠭ᠎ᠠ ᠪᠤᠳᠤᠯ ᠨᠢ ᠨᠡᠶᠢᠯᠡᠵᠡᠢ᠃ ᠢᠩᠭᠢᠭᠡᠳ ᠳᠠᠳᠠ ᠬᠤᠷᠢᠭᠠᠳ ᠲᠦᠮᠡᠨ ᠲᠥᠭᠦᠷᠢᠭ ᠤᠨ ᠪᠡᠯᠡ ᠣᠷᠣᠭᠤᠯᠤᠨ᠂ 2020 ᠣᠨ ᠤ ᠨᠠᠮᠤᠷ ᠪᠠᠶᠠᠨᠬᠤᠲᠠ ᠶᠢᠨ ᠨᠢᠭᠡᠳᠦᠭᠡᠷ ᠨᠣᠮᠧᠷᠲᠤ ᠭᠦᠩ ᠭᠤᠸᠠᠨ ᠤ ᠵᠡᠭᠡᠯᠢ ᠳᠤ ᠭᠡᠷ ᠲᠦᠷᠢᠶᠡᠰᠦᠯᠡᠨ᠂ ᠶᠠ ᠰᠢᠶᠠᠩ ᠬᠤᠭᠤᠯᠠᠨ ᠭᠡᠷ ᠢᠶᠠᠨ ᠨᠡᠭᠡᠭᠡᠭᠰᠡᠨ ᠪᠠᠶᠢᠪᠠ᠃ ᠢᠩᠭᠢᠭᠡᠳ ᠯᠠ ᠡᠨᠡ ᠬᠤᠶᠠᠷ ᠤᠨ ᠶᠠᠭᠠᠷᠠᠯᠲᠠᠢ ᠠᠮᠢᠳᠤᠷᠠᠯ ᠡᠬᠢᠯᠡᠵᠡᠢ᠃ ᠡᠳᠦᠷᠵᠢᠨ ᠬᠤᠭᠤᠯᠠᠨ ᠭᠡᠷ ᠲᠡᠭᠡᠨ ᠪᠣᠷᠪᠢ ᠨᠤᠭᠤᠷᠠᠯ ᠦᠭᠡᠢ ᠠᠵᠢᠯᠯᠠᠨ ᠰᠥᠨᠢ ᠪᠣᠯᠭᠠᠳᠠᠭ ᠪᠠᠶᠢᠪᠠ᠃ ᠭᠡᠪᠡᠴᠦ᠂ ᠦᠢᠯᠡᠴᠢᠯᠡᠬᠦ ᠣᠪᠣᠷ ᠰᠠᠶᠢᠨ᠂ ᠭᠡᠷ ᠣᠷᠣᠨ ᠨᠢ ᠴᠡᠪᠡᠷ ᠴᠡᠮᠴᠡᠭᠡᠷ᠂ ᠬᠤᠭᠤᠯᠠ ᠪᠤᠳᠠᠭ᠎ᠠ ᠨᠢ ᠠᠮᠲᠠ ᠰᠠᠶᠢᠨ᠂ ᠬᠥᠳᠡᠭᠡ ᠶᠢᠨ ᠮᠢᠬ᠎ᠠ᠂ ᠥᠪᠡᠷ ᠤᠨ ᠳᠠᠷᠢᠭᠰᠠᠨ ᠰᠢᠨ᠎ᠡ ᠰᠣᠷᠭᠤᠭ ᠨᠣᠭᠤᠭ᠎ᠠ ᠶᠢ ᠬᠡᠷᠡᠭᠯᠡᠳᠡᠭ ᠨᠢ ᠤᠯᠠᠠ ᠳᠤ ᠲᠠᠭᠠᠯᠠᠭᠳᠠᠵᠤ᠂ ᠭᠡᠶᠢᠴᠢᠨ ᠵᠣᠴᠢᠨ ᠤᠯᠠᠮ ᠢᠶᠠᠷ ᠤᠯᠠᠠ ᠪᠣᠯᠵᠤ᠂ ᠤᠷᠤᠯᠭ᠎ᠠ ᠨᠢ ᠨᠡᠮᠡᠭᠳᠡᠳᠡᠭ ᠨᠢ ᠳᠠᠳᠠᠠ ᠤ ᠶᠠᠳᠠᠷᠠᠯ ᠢ ᠳᠠᠶᠢᠯᠵᠤ᠂ ᠤᠷᠮ᠎ᠠ ᠵᠣᠷᠢᠭ ᠨᠡᠮᠡᠳᠡᠭ ᠠᠵᠢ᠃ ︽ᠪᠢᠳᠠ ᠸᠧᠢ ᠵᠢᠩ ᠮᠡᠲᠦ ᠶᠢᠨ ᠠᠮᠲᠠ ᠤᠷᠤᠭᠤᠯᠬᠤ ᠡᠳ᠋ ᠢ ᠬᠡᠷᠡᠭᠯᠡᠳᠡᠭ ᠦᠭᠡᠢ᠂ ᠤᠯᠠᠠ ᠵᠦᠢᠯ ᠤᠨ ᠬᠠᠭᠤᠷᠤᠯᠭ᠎ᠠ ᠬᠠᠭᠠᠷᠢᠯᠭ᠎ᠠ ᠬᠢᠵᠦ᠂ ᠪᠠᠩᠰᠢᠨ ᠤ ᠮᠢᠬ᠎ᠠ ᠪᠠᠨ ᠪᠠᠰᠠ ᠭᠠᠷ ᠢᠶᠠᠨ ᠬᠡᠷᠴᠢᠨ᠂ ᠰᠤᠩᠬᠢᠨ᠎ᠠ ᠲᠠᠢ ᠨᠠᠶᠢᠷᠠᠭᠤᠯᠳᠠᠭ᠃ ᠱᠥᠯᠥ ᠲᠠᠢ ᠪᠠᠩᠰᠢ᠂ ᠵᠢᠭᠠᠰᠤ᠂ ᠲᠠᠭᠢᠶ᠎ᠠ᠂ ᠣᠷᠣᠨ ᠨᠤᠲᠤᠭ ᠤᠨ ᠣᠨᠴᠠᠯᠢᠭ ᠲᠠᠢ ᠡᠯ᠎ᠡ ᠵᠦᠢᠯ ᠤᠨ ᠭᠤᠯᠢᠷ ᠪᠣᠯᠣᠨ ᠬᠥᠷᠰᠢ ᠵᠡᠷᠭᠡᠯᠡᠳᠡᠭᠡ ᠨᠢᠩᠰᠢᠶᠠ ᠭᠠᠨᠰᠤ ᠶᠢᠨ ᠦᠨᠦᠷ ᠠᠮᠲᠠ ᠲᠠᠢ ᠭᠤᠯᠢᠷ ᠵᠡᠷᠭᠡ ᠮᠠᠰᠢ ᠤᠯᠠᠠ ᠳᠦᠷᠦᠯ ᠤᠨ ᠬᠤᠭᠤᠯᠠ ᠪᠤᠳᠠᠭ᠎ᠠ ᠶᠢ ᠬᠠᠩᠭᠠᠳᠠᠭ ᠢᠶᠠᠷ ᠵᠣᠴᠢᠨ ᠤᠯᠠᠮ ᠠᠴᠠ ᠠᠷᠪᠢᠨ ᠪᠣᠯᠵᠤ ᠪᠠᠶᠢᠨ᠎ᠠ᠃ ᠨᠢᠭᠡ ᠠᠴᠠ ᠬᠤᠶᠠᠷ᠂ ᠲᠠᠪᠤ ᠠᠴᠠ ᠠᠷᠪᠠ ᠭᠡᠳ ᠠᠮᠠ ᠳᠠᠮᠵᠢᠭᠳᠠᠨ ᠶᠠᠪᠤᠳᠠᠭ ᠯᠠ ᠶᠤᠮ ᠪᠠᠶᠢᠨ᠎ᠠ᠃ ᠬᠡᠳᠦᠶᠢᠪᠡᠷ ᠪᠠᠶᠠᠨᠬᠤᠲᠠ ᠶᠢᠨ ᠭᠦᠪᠡᠭᠡ ᠵᠠᠬ᠎ᠠ ᠳᠤ ᠪᠠᠶᠢᠷᠢᠯᠠᠵᠤ ᠪᠠᠶᠢᠳᠠᠭ ᠪᠤᠯᠪᠠᠴᠤ ᠵᠣᠴᠢᠨ ᠲᠠᠰᠤᠷᠠᠳᠠᠭ ᠦᠭᠡᠢ ᠶᠤᠮ ᠠ᠋︾ ᠭᠡᠵᠦ ᠪᠠᠶᠢᠯ᠎ᠠ᠃     ᠠᠯᠳᠠᠭᠡᠷᠡᠯ ᠰᠤᠷᠪᠤᠯᠵᠢᠯᠠᠬᠴᠢ ᠳᠤ᠄ ︽ᠪᠢᠳᠡ ᠬᠤᠶᠠᠷ ᠨᠢᠭᠡ ᠨᠢᠭᠡ ᠪᠠᠨ ᠢᠲᠡᠭᠡᠳᠡᠭ᠃ ᠥᠪᠡᠷ ᠥᠪᠡᠷ ᠤᠨ ᠠᠵᠢᠯ ᠢᠶᠠᠨ ᠪᠦᠭᠦ ᠴᠢᠳᠠᠯ ᠢᠶᠠᠷ ᠢᠶᠠᠨ ᠬᠢᠵᠦ ᠬᠡᠷᠡᠭᠯᠡᠭᠴᠢᠳ ᠲᠤ ᠬᠠᠮᠤᠭ ᠰᠠᠶᠢᠨ ᠦᠢᠯᠡᠴᠢᠯᠡᠭᠡ ᠬᠠᠩᠭᠠᠬᠤ ᠪᠠᠷ ᠴᠢᠷᠮᠠᠶᠢᠳᠠᠭ᠃ ᠬᠠᠷᠢᠯᠴᠠᠨ ᠢᠲᠡᠭᠡᠯᠴᠡᠵᠦ᠂ ᠬᠠᠮᠲᠤᠪᠠᠷ ᠴᠢᠷᠮᠠᠶᠢᠬᠤ ᠶᠢᠨ ᠬᠠᠮᠲᠤ ᠳᠤᠷ᠎ᠠ ᠲᠠᠢ ᠵᠦᠢᠯ ᠢᠶᠠᠨ ᠬᠢᠵᠦ ᠰᠠᠶᠢᠬᠠᠨ ᠠᠮᠢᠳᠤᠷᠠᠯ ᠢᠶᠠᠨ ᠴᠣᠭᠴᠠᠯᠠᠨ ᠪᠠᠶᠢᠭ᠎ᠠ ᠳᠠᠭᠠᠨ ᠰᠡᠳᠬᠢᠯ ᠬᠠᠨᠤᠮᠵᠢᠳᠠᠢ ᠪᠠᠶᠢᠨ᠎ᠠ︾ ᠭᠡᠵᠦ ᠶᠠᠷᠢᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号