ᠢᠷᠮᠡᠭᠦᠨ ᠦᠢᠯᠡᠰ ᠢᠶᠠᠷ ᠬᠥᠭᠯᠡᠭᠳᠡᠭᠰᠡᠨ ᠠᠮᠢᠳᠤᠷᠠᠯ ᠤᠨ ᠢᠷᠠᠭᠤ ᠳᠠᠭᠤᠯᠠᠯ
ᠨᠡᠶᠢᠲᠡᠯᠡᠭᠰᠡᠨ ᠴᠠᠭ᠄
2022/5/31
 ᠨᠡᠷᠡᠨ᠎ᠡ   ᠲᠦᠮᠡᠨ ᠪᠣᠳᠠᠰ ᠡᠰᠡᠨᠢᠨ ᠳᠦᠯᠵᠢᠭᠦ ᠠᠮᠢᠯᠠᠯ ᠢ ᠪᠡᠯᠭᠡᠳᠡᠭᠰᠡᠨ ᠬᠠᠪᠤᠷ ᠤᠨ ᠲᠡᠭᠷᠢ ᠭᠡᠵᠦ ᠥᠨᠥᠳᠥᠷ ᠬᠠᠮᠤᠭ ᠪᠦᠭᠦᠳᠡ ᠶᠢ ᠠᠮᠢᠯᠠᠭᠤᠯᠤᠨ ᠰᠢᠨᠡᠳᠬᠡᠬᠦ ᠰᠢᠤᠬᠠᠨ ᠴᠡᠯᠮᠡᠭ ᠰᠠᠶᠢᠬᠠᠨ ᠢ ᠶᠠᠭᠠᠬᠢᠨ᠎ᠠ᠃ ᠲᠡᠭᠷᠢ ᠰᠠᠶᠢᠬᠠᠨ ᠪᠠᠶᠢᠬᠤ ᠳᠤ ᠰᠡᠳᠬᠢᠯ ᠴᠦ ᠰᠠᠶᠢᠬᠠᠨ ᠪᠤᠯᠳᠠᠭ ᠨᠢ ᠠᠷᠭ᠎ᠠ ᠦᠭᠡᠢ ᠯᠡ ᠶᠢᠷᠲᠢᠨᠴᠦ ᠶᠢᠨ ᠵᠢᠮ᠎ᠡ ᠪᠢᠵᠡ᠃ ᠪᠠᠶᠠᠨᠬᠤᠲᠠ ᠳᠤ ᠪᠠᠶᠢᠭ᠎ᠠ ︽ᠠᠯᠠᠱᠠ ᠶᠢᠨ ᠡᠯᠡᠰᠦᠨ ᠵᠢᠷᠤᠭ ᠤᠨ ᠣᠷᠳᠣᠨ︾᠎ ᠤ ᠡᠵᠡᠩᠨᠡᠭᠴᠢ ᠡᠷᠳᠡᠨᠢᠬᠤᠸᠠᠷ ᠥᠨᠥᠳᠥᠷ ᠡᠯᠡᠰᠦᠨ ᠵᠢᠷᠤᠭ ᠢᠶᠠᠨ ᠤᠷᠤᠯᠳᠤᠬᠤ ᠠᠴᠠ ᠪᠠᠨ ᠡᠮᠦᠨ᠎ᠡ ᠰᠢᠭᠤᠳ ᠨᠡᠪᠲᠡᠷᠡᠭᠦᠯᠭᠡ ᠪᠠᠨ ᠨᠡᠭᠡᠭᠡᠬᠦ ᠪᠠᠷ ᠪᠣᠯᠵᠤ ᠭᠠᠷ ᠤᠲᠠᠰᠤ᠂ ᠳ᠋ᠧᠩ ᠢᠶᠠᠨ ᠤᠭᠰᠠᠷᠠᠵᠤ ᠳᠠᠭᠠᠷᠠᠭᠤᠯᠣᠨ᠎ᠠ᠃ ᠨᠥᠬᠦᠷ ᠸᠠᠩ ᠶᠢᠨ ᠪᠤᠣ ᠨᠢ ᠬᠢᠭᠰᠡᠨ ᠯᠠᠵᠤᠤ ᠵᠢᠶᠠᠩ ᠢᠶᠠᠨ ᠶᠡᠭᠡ ᠪᠠᠭ᠎ᠠ ᠬᠠᠶᠢᠷᠴᠠᠭ ᠢᠶᠠᠷ ᠳᠦᠭᠦᠷᠡᠩ ᠳᠦᠭᠦᠷᠡᠩ ᠰᠠᠪᠠᠯᠠᠭᠰᠠᠨ ᠢᠶᠠᠨ ᠲᠡᠷᠭᠡ ᠤᠷᠤᠭᠤ ᠪᠠᠨ ᠵᠥᠭᠡᠭᠡᠵᠦ ᠬᠤᠶᠠᠭᠤᠯᠠ ᠪᠠᠨ ᠳᠣᠰ ᠳᠣᠰ ᠲᠠᠭᠠᠨ ᠶᠠᠭᠠᠷᠠᠬᠤ ᠶᠤᠮ᠃ ᠨᠢᠭᠡ ᠮᠡᠳᠡᠭᠦ ᠳᠤ ᠯᠡ 15 ᠵᠢᠯ ᠤᠨ ᠬᠠᠨᠢ ᠶᠢᠨ ᠵᠠᠶᠠᠭ᠎ᠠ ᠪᠠᠨ ᠬᠤᠯᠪᠣᠴᠢᠬᠠᠭᠰᠠᠨ ᠡᠷᠳᠡᠨᠢᠬᠤᠸᠠᠷ ᠸᠠᠩ ᠶᠢᠨ ᠪᠤᠣ ᠬᠤᠶᠠᠭᠤᠯᠠ ᠠᠵᠤ ᠠᠮᠢᠳᠤᠷᠠᠯ ᠢᠶᠠᠨ ᠤᠯᠠᠮ ᠥᠭᠡᠳᠡ ᠪᠠᠨ ᠲᠠᠲᠠᠬᠤ ᠶᠢᠨ ᠬᠦᠴᠦᠨ ᠳᠤ ᠥᠪᠡᠷ ᠥᠪᠡᠷ ᠤᠨ ᠠᠵᠢᠯ ᠦᠢᠯᠡᠰ ᠢᠶᠠᠨ ᠡᠷᠭᠢᠯᠡᠨ ᠦᠨᠡᠬᠡᠷ ᠭᠢᠯᠠᠷᠠᠲᠠᠯ᠎ᠠ ᠨᠢ ᠠᠵᠢᠯᠯᠠᠵᠤ ᠥᠭᠴᠦ ᠪᠠᠶᠢᠭ᠎ᠠ ᠨᠢ ᠡᠨᠡ ᠶᠤᠮ ᠳ᠋ᠠ᠃ ᠡᠷᠳᠡᠨᠢᠬᠤᠸᠠᠷ ᠸᠠᠩ ᠶᠢᠨ ᠪᠤᠣ ᠬᠤᠶᠠᠭᠤᠯᠠ ᠪᠣᠯ ᠪᠠᠶᠠᠨᠬᠤᠲᠠ ᠶᠢᠨ ᠰᠠᠭᠤᠭᠠᠯᠢ᠂ ᠳᠡᠳᠡ ᠡᠳᠡᠭᠡᠷ ᠵᠢᠯ ᠤᠨ ᠲᠤᠷᠰᠢ ᠳᠣᠰ ᠳᠣᠰ ᠤᠨ ᠠᠵᠢᠯ ᠦᠢᠯᠡᠰ ᠢᠶᠠᠨ ᠪᠣᠰᠬᠠᠨ ᠴᠠᠭ ᠦᠶ᠎ᠡ ᠲᠠᠢ ᠵᠣᠬᠢᠴᠠᠬᠤ ᠪᠠᠷ ᠣᠯᠠᠨ ᠳᠦᠷᠦᠯ ᠤᠨ ᠠᠵᠢᠯ ᠠᠬᠤᠢ ᠶᠢ ᠬᠢᠵᠦ ᠣᠷᠣᠯᠳᠣᠨ᠂ ᠨᠢᠭᠡ ᠨᠢᠭᠡᠨ ᠳᠡᠭᠡᠨ ᠲᠦᠰᠢᠭ ᠪᠣᠯᠵᠤ ᠢᠷᠡᠭᠰᠡᠨ ᠠᠵᠢᠯᠴᠢ ᠦᠢᠯᠡᠰᠴᠢ ᠬᠤᠣᠰ ᠶᠤᠮ᠃ ᠥᠮᠥᠭ ᠲᠦᠰᠢᠭ ᠲᠠᠢ ᠬᠠᠨᠢ ᠶᠢᠨ ᠵᠠᠶᠠᠭ᠎ᠠ    ︽ᠬᠠᠨᠢ ᠶᠢᠨ ᠵᠠᠶᠠᠭᠠᠨ ᠳᠤ ᠬᠠᠶᠢᠷ᠎ᠠ ᠪᠢᠯᠬᠠᠵᠤ ᠠᠮᠢᠳᠤᠷᠠᠯ ᠥᠭᠡᠳᠡᠯᠡᠨ᠎ᠡ︾ ᠭᠡᠭᠴᠢ ᠪᠠᠷ ᠡᠷᠳᠡᠨᠢᠬᠤᠸᠠᠷ ᠸᠠᠩ ᠶᠢᠨ ᠪᠤᠣ ᠠᠩᠬ᠎ᠠ ᠲᠠᠨᠢᠯᠴᠠᠨ ᠠᠶᠢᠯ ᠭᠡᠷ ᠪᠣᠯᠣᠯᠴᠠᠭᠰᠠᠨ ᠠᠴᠠ ᠨᠠᠭᠠᠰᠢ ᠴᠣᠩᠬᠤ ᠤᠭᠰᠠᠷᠠᠬᠤ᠂ ᠭᠠᠷ ᠤᠲᠠᠰᠤ ᠵᠠᠰᠠᠬᠤ᠂ ᠡᠯᠡᠰᠦᠨ ᠵᠢᠷᠤᠭ ᠤᠨ ᠪᠦᠲᠦᠭᠡᠯ ᠬᠢᠬᠦ᠂ ᠯᠠᠵᠤᠤ ᠵᠢᠶᠠᠩ ᠬᠢᠬᠦ ᠵᠡᠷᠭᠡ ᠣᠯᠠᠨ ᠳᠦᠷᠦᠯ ᠤᠨ ᠠᠵᠢᠯ ᠦᠢᠯᠡᠰ ᠡᠷᠭᠢᠯᠡᠵᠤ ᠢᠷᠡᠭᠰᠡᠨ ᠪᠠᠶᠢᠵᠠᠢ᠃ ᠰᠠᠶᠢᠨ ᠰᠠᠶᠢᠬᠠᠨ ᠠᠮᠢᠳᠤᠷᠠᠯ ᠢᠶᠠᠨ ᠬᠠᠮᠲᠤᠪᠠᠷ ᠴᠣᠭᠴᠠᠯᠠᠬᠤ ᠪᠠᠷ ᠨᠢᠭᠡᠨ ᠢᠶᠠᠨ ᠢᠳᠡᠭᠡᠭᠦ᠂ ᠬᠠᠷᠢᠯᠴᠠᠨ ᠬᠠᠪᠰᠤᠷᠤᠯᠴᠠᠬᠤ᠂ ᠬᠠᠮᠲᠤᠪᠠᠷ ᠰᠤᠷᠤᠯᠴᠠᠬᠤ᠂ ᠮᠥᠷᠥ ᠵᠡᠷᠭᠡᠴᠡᠨ ᠠᠵᠢᠯᠯᠠᠬᠤ᠂ ᠬᠢᠵᠦ ᠪᠠᠶᠢᠭ᠎ᠠ ᠪᠦᠭᠦᠨ ᠢ ᠨᠢ ᠳᠡᠮᠵᠢᠭᠦ ᠪᠣᠯ ᠳᠡᠳᠡ ᠬᠤᠶᠠᠭᠤᠯᠠ ᠶᠢᠨ ᠠᠮᠢᠳᠤᠷᠠᠯ ᠤᠨ ᠵᠤᠷᠰᠢᠯ ᠪᠠᠶᠢᠯ᠎ᠠ᠃    ᠡᠷᠳᠡᠨᠢᠬᠤᠸᠠᠷ 2008 ᠣᠨ ᠳᠤ ᠭᠠᠷ ᠤᠲᠠᠰᠤ ᠵᠠᠰᠠᠬᠤ ᠮᠡᠷᠭᠡᠵᠢᠯ ᠢᠶᠠᠨ ᠨᠢᠭᠡ ᠨᠢᠭᠡ ᠠᠯᠬᠤᠮ ᠢᠶᠠᠷ ᠨᠥᠬᠦᠷ ᠲᠡᠭᠡᠨ ᠵᠢᠭᠠᠨ ᠥᠭᠴᠦ᠂ ᠮᠥᠨ ᠭᠠᠷ ᠤᠲᠠᠰᠤ ᠰᠡᠯᠪᠢᠨ ᠵᠠᠰᠠᠬᠤ ᠳᠡᠯᠭᠡᠭᠦᠷ ᠢᠶᠠᠨ ᠴᠦ ᠨᠥᠬᠦᠷ ᠲᠡᠭᠡᠨ ᠨᠠᠶᠢᠳᠠᠵᠤ ᠲᠤᠰᠢᠶᠠᠭᠠᠳ᠂ ᠥᠪᠡᠷ ᠢᠶᠠᠨ ᠡᠯᠡᠰᠦᠨ ᠵᠢᠷᠤᠭ ᠤᠷᠠᠯᠠᠬᠤ ᠮᠡᠷᠭᠡᠵᠢᠯ ᠢ ᠲᠤᠰᠬᠠᠢ ᠰᠤᠷᠬᠤ ᠭᠡᠳ ᠨᠡᠷᠡᠳᠦ ᠤᠷᠠᠯᠢᠭᠴᠢᠨ ᠸᠠᠩ ᠬᠥᠭᠵᠢᠯᠲᠦ ᠭᠤᠸᠠᠢ ᠶᠢ ᠵᠣᠷᠢᠵᠤ ᠣᠴᠢᠭᠰᠠᠨ ᠪᠠᠶᠢᠵᠠᠢ᠃ ᠭᠤᠷᠪᠠᠨ ᠰᠠᠷ᠎ᠠ ᠬᠢᠷᠢᠲᠡᠢ ᠰᠤᠷᠴᠤ ᠤᠷᠤᠯᠳᠤᠬᠤ ᠪᠠᠷ ᠲᠠᠮᠵᠢᠨ ᠡᠷᠳᠡᠨᠢᠬᠤᠸᠠᠷ ᠥᠪᠡᠷ ᠤᠨ ᠪᠡᠶ᠎ᠡ ᠪᠠᠨ ᠳᠠᠭᠠᠭᠠᠵᠤ ᠡᠯᠡᠰᠦᠨ ᠵᠢᠷᠤᠭ ᠬᠢᠵᠦ ᠤᠷᠠᠯᠠᠵᠤ ᠴᠢᠳᠠᠬᠤ ᠪᠣᠯᠵᠤ᠂ ᠲᠤᠰᠬᠠᠢ ᠪᠠᠶᠢᠰᠢᠩ ᠲᠦᠷᠢᠶᠡᠰᠦᠯᠡᠨ ᠡᠯᠡᠰᠦᠨ ᠵᠢᠷᠤᠭ ᠤᠨ ᠪᠦᠲᠦᠭᠡᠯ ᠬᠢᠬᠦ ᠪᠣᠯᠤᠭᠰᠠᠨ ᠪᠠᠶᠢᠯ᠎ᠠ᠃ ᠰᠡᠭᠦᠯᠡᠷ ᠨᠢ ᠥᠪᠡᠷ ᠢᠶᠠᠨ ᠳᠡᠯᠭᠡᠭᠦᠷ ᠲᠠᠢ ᠪᠣᠯᠣᠭᠠᠳ ᠡᠯᠡᠰᠦᠨ ᠵᠢᠷᠤᠭ ᠲᠤ ᠬᠦᠷᠢᠶ᠎ᠡ ᠤᠷᠠᠯᠠᠬᠤ ᠵᠡᠷᠭᠡ ᠬᠦᠴᠦ ᠵᠠᠷᠤᠴᠠᠭᠤᠯᠬᠤ ᠠᠵᠢᠯ ᠢᠶᠠᠨ ᠨᠥᠬᠦᠷ ᠲᠡᠭᠡᠨ ᠭᠠᠷᠳᠠᠭᠤᠯᠵᠤ ᠬᠠᠪᠰᠤᠷᠤᠭᠤᠯᠳᠠᠭ ᠪᠠᠶᠢᠵᠠᠢ᠃ ᠨᠥᠬᠦᠷ ᠨᠢ ᠠᠵᠢᠯ ᠠᠷᠪᠢᠳᠣᠨ ᠶᠠᠭᠠᠷᠠᠤ ᠳᠠᠪᠴᠢᠭᠤ ᠴᠦ ᠭᠡᠰᠡᠨ᠂ ᠶᠠᠳᠠᠷᠠᠵᠤ ᠵᠦᠳᠡᠷᠡᠯ᠎ᠡ ᠴᠦ ᠭᠡᠰᠡᠨ ᠲᠡᠭᠦᠨ ᠤ ᠠᠵᠢᠯ ᠢ ᠣᠰᠣᠯᠳᠠᠯ ᠦᠭᠡᠢ ᠬᠢᠵᠦ ᠦᠭᠳᠡᠭ ᠪᠣᠯᠬᠤᠷ ᠡᠷᠳᠡᠨᠢᠬᠤᠸᠠᠷ ᠤᠨ ᠡᠯᠡᠰᠦᠨ ᠵᠢᠷᠤᠭ ᠤᠨ ᠪᠦᠲᠦᠭᠡᠯ ᠤᠨ ᠪᠣᠷᠤᠯᠠᠭᠤᠯᠭ᠎ᠠ ᠬᠠᠮᠤᠭ ᠰᠠᠶᠢᠨ ᠪᠠᠶᠢᠭᠰᠠᠨ ᠬᠡᠳᠦᠨ ᠵᠢᠯ ᠤᠨ ᠲᠤᠷᠰᠢᠲᠠ ᠨᠥᠬᠦᠷ ᠤᠨ ᠢᠶᠠᠨ ᠬᠠᠷᠠᠭᠠᠯᠵᠠᠯ ᠬᠠᠪᠰᠣᠷᠣᠯᠭ᠎ᠠ ᠪᠠᠷ ᠠᠵᠢᠯ ᠦᠢᠯᠡᠰ ᠎ ᠨᠢ ᠳᠣᠩ ᠤᠷᠤᠭᠰᠢᠲᠠᠢ ᠪᠠᠶᠢᠪᠠ᠃ 2014 ᠣᠨ ᠳᠤ ᠸᠠᠩ ᠶᠢᠨ ᠪᠤᠣ ᠱᠣᠷᠣᠯᠢᠭ ᠤᠨ ᠭᠠᠵᠠᠷ ᠡᠷᠭᠢᠯᠡᠭᠡᠳ ᠤᠯᠠᠮ ᠢᠶᠠᠷ ᠶᠠᠭᠠᠷᠠᠯᠲᠠᠢ ᠪᠤᠯᠬᠤ ᠳᠤ ᠡᠷᠳᠡᠨᠢᠬᠤᠸᠠᠷ ᠡᠳᠦᠷ ᠲᠤᠨᠢ ᠡᠯᠡᠰᠦᠨ ᠵᠢᠷᠤᠭ ᠢᠶᠠᠨ ᠬᠢᠵᠦ᠂ ᠰᠥᠨᠢ ᠣᠷᠣᠢ ᠪᠠᠷ ᠨᠥᠬᠦᠷ ᠤᠨ ᠢᠶᠠᠨ ᠬᠠᠵᠠᠭᠤ ᠳᠤ ᠬᠦᠷᠴᠦ ᠬᠠᠪᠰᠣᠷᠣᠨ ᠠᠵᠢᠯᠯᠠᠵᠤ᠂ ᠬᠡᠳᠦᠢ ᠣᠷᠣᠶᠢᠳᠠᠬᠰᠠᠨ ᠴᠦ ᠨᠥᠬᠦᠷ ᠲᠠᠢ ᠪᠠᠨ ᠬᠠᠮᠲᠤ ᠠᠵᠢᠯ ᠢᠶᠠᠨ ᠳᠠᠭᠤᠰᠬᠠᠭᠠᠳ ᠬᠠᠷᠢᠳᠠᠭ᠃ ᠡᠷᠳᠡᠨᠢᠬᠤᠸᠠᠷ ᠬᠤᠶᠠᠳᠤᠭᠠᠷ ᠥᠬᠢᠨ ᠢᠶᠠᠨ ᠳᠦᠷᠦᠭᠰᠡᠨ ᠤ ᠪᠠᠨ ᠳᠠᠷᠠᠭ᠎ᠠ ᠨᠥᠬᠦᠷ ᠨᠢ ᠭᠤᠷᠪᠠᠨ ᠰᠠᠷ᠎ᠠ ᠬᠢᠷᠢᠲᠡᠢ ᠠᠵᠢᠯ ᠢᠶᠠᠨ ᠣᠷᠭᠢᠵᠣ ᠲᠡᠭᠦᠨ ᠢ ᠬᠠᠷᠠᠭᠠᠯᠵᠠᠨ ᠠᠰᠠᠷᠠᠬᠤ ᠳᠤ ᠣᠯᠠᠨ ᠦᠢᠯᠡ ᠶᠠᠪᠤᠳᠠᠯ ᠨᠢ ᠡᠷᠳᠡᠨᠢᠬᠤᠸᠠᠷ ᠤᠨ ᠰᠡᠳᠬᠢᠯ ᠢ ᠳᠤᠯᠠᠭᠠᠴᠠᠭᠤᠯᠤᠨ ᠳᠣᠭᠳᠣᠯᠤᠭᠤᠯᠵᠤ ᠪᠠᠶᠢᠭᠰᠠᠨ ᠭᠡᠳᠡᠭ᠃ ᠢᠩᠭᠢᠭᠡᠳ ᠬᠤᠶᠠᠭᠤᠯᠠ ᠪᠠᠨ ᠳᠣᠰ ᠳᠣᠰ ᠤᠨ ᠠᠵᠢᠯ ᠦᠢᠯᠡᠰ ᠢᠶᠠᠨ ᠡᠷᠭᠢᠯᠡᠨ ᠬᠢᠭᠰᠡᠭᠡᠷ ᠶᠠᠪᠤᠨ᠎ᠠ᠃ ᠣᠳᠣ ᠸᠠᠩ ᠶᠢᠨ ᠪᠤᠣ ᠥᠪᠡᠷ ᠢᠶᠠᠨ ᠯᠠᠵᠤᠤ ᠵᠢᠶᠠᠩ ᠢᠶᠠᠨ ᠬᠢᠵᠦ ᠪᠣᠷᠤᠯᠠᠭᠤᠯᠭ᠎ᠠ ᠰᠠᠶᠢᠲᠠᠢ ᠪᠤᠯᠬᠤ ᠳᠤ᠂ ᠭᠡᠷᠭᠡᠢ ᠡᠷᠳᠡᠨᠢᠬᠤᠸᠠᠷ ᠨᠢ ᠦᠭᠡ ᠳᠠᠭᠤᠨ ᠦᠭᠡᠢ ᠪᠠᠷ ᠠᠵᠢᠯ ᠢ ᠨᠢ ᠬᠠᠮᠵᠢᠨ᠂ ᠥᠪᠡᠷ ᠤᠨ ᠣᠯᠣᠭᠰᠠᠨ ᠵᠣᠭᠤᠰ ᠢᠶᠠᠷ ᠢᠶᠠᠨ ᠨᠥᠬᠦᠷ ᠤᠨ ᠢᠶᠠᠨ ᠠᠵᠤ ᠦᠢᠯᠡᠰ ᠪᠣᠰᠬᠠᠬᠤ ᠳᠤᠨᠢ ᠳᠡᠮᠵᠢᠨ᠂ ᠶᠠᠮᠠᠷ ᠬᠦᠴᠢᠷᠳᠡᠯ ᠪᠠᠶᠢᠭᠰᠠᠨ ᠴᠦ ᠭᠡᠰᠡᠨ ᠳᠡᠳᠡ ᠬᠦᠴᠦ ᠤᠬᠠᠭᠠᠨ ᠢᠶᠠᠨ ᠨᠢᠭᠡᠳᠬᠡᠨ᠂ ᠬᠠᠷ᠎ᠠ ᠪᠣᠷᠣ ᠠᠵᠢᠯ ᠢ ᠬᠠᠮᠲᠤᠪᠠᠷ ᠬᠢᠭᠰᠡᠭᠡᠷ ᠢᠷᠡᠵᠡᠢ᠃ ᠡᠷᠳᠡᠨᠢᠬᠤᠸᠠᠷ ᠸᠠᠩ ᠶᠢᠨ ᠪᠤᠣ ᠬᠤᠶᠠᠭᠤᠯᠠ ᠰᠡᠳᠬᠢᠯ ᠰᠡᠳᠬᠢᠯ ᠢᠶᠠᠨ ᠮᠡᠳᠡᠯᠴᠡᠨ᠂ ᠠᠮᠢᠳᠤᠷᠠᠯ ᠤᠨ ᠨᠤᠭᠤᠴᠠᠭ᠎ᠠ ᠳᠠᠪᠠᠭᠠᠨ ᠳᠤ ᠨᠢᠭᠡᠨ ᠳᠡᠭᠡᠨ ᠥᠮᠥᠭ ᠲᠦᠰᠢᠭ ᠨᠢ ᠪᠣᠯᠵᠤ᠂ ᠬᠡᠵᠢᠶ᠎ᠡ ᠬᠠᠮᠢᠭ᠎ᠠ ᠴᠦ ᠭᠡᠰᠡᠨ ᠨᠢᠭᠡᠨ ᠤ ᠪᠠᠨ ᠪᠠᠷ᠎ᠠ ᠠᠴᠠ ᠰᠠᠯᠵᠤ ᠴᠢᠳᠠᠬᠤ ᠦᠭᠡᠢ᠂ ᠨᠡᠩ ᠴᠦ ᠠᠳᠠᠯ ᠠᠮᠢᠳᠤᠷᠠᠯ ᠤᠨ ᠳᠣᠵᠢ ᠨᠢᠭᠡᠨ ᠢᠶᠠᠨ ᠬᠠᠯᠠᠮᠵᠢᠯᠠᠭᠰᠠᠭᠠᠷ᠂ ᠳᠡᠮᠵᠢᠭᠰᠡᠭᠡᠷ᠂ ᠬᠠᠶᠢᠷᠠᠯᠠᠭᠰᠠᠭᠠᠷ᠂ ᠬᠦᠨᠳᠦᠳᠭᠡᠭᠰᠡᠭᠡᠷ ᠥᠨᠥᠳᠥᠷ ᠪᠣᠯᠪᠠ᠃ ᠳᠡᠳᠡ ᠣᠯᠠᠨ ᠳᠦᠷᠦᠯ ᠤᠨ ᠠᠵᠢᠯ ᠠᠬᠤᠢ ᠳᠤ ᠰᠠᠭᠤᠷᠢᠯᠠᠭᠰᠠᠨ ᠠᠳᠠᠯ ᠦᠢᠯᠡᠰ ᠤᠨ ᠠᠶᠠᠨ ᠢᠶᠠᠨ ᠮᠥᠨᠬᠦ ᠦᠷᠭᠦᠯᠵᠢᠯᠡᠭᠦᠯᠦᠭᠰᠡᠭᠡᠷ᠂ ᠢᠲᠡᠭᠡᠯ ᠵᠣᠷᠢᠭ ᠢᠶᠠᠨ ᠬᠥᠪᠴᠢᠯᠡᠭᠰᠡᠭᠡᠷ᠂ ᠠᠰᠢᠭ ᠤᠷᠤᠯᠭ᠎ᠠ ᠡᠭᠦᠳᠦᠭᠰᠡᠭᠡᠷ ᠯᠠ ᠁     8 ᠲᠦᠮᠡᠨ ᠡᠯᠡᠰᠦᠨ ᠵᠢᠷᠤᠭ ᠢ ᠪᠦᠲᠦᠭᠡᠵᠦ ᠪᠣᠷᠣᠯᠠᠭᠤᠯᠤᠭᠰᠠᠨ ᠪᠦᠰᠡᠭᠦᠢ ᠤᠬᠠᠭᠠᠨ     ᠨᠠᠶᠠᠭᠠᠳ ᠣᠨ ᠤ ᠡᠬᠢᠨ ᠳᠤ ᠳᠦᠷᠦᠭᠰᠡᠨ ᠡᠷᠳᠡᠨᠢᠬᠤᠸᠠᠷ ᠡᠯᠡᠰᠦᠨ ᠵᠢᠷᠤᠭ ᠵᠢᠷᠤᠵᠤ ᠪᠦᠲᠦᠭᠡᠭᠡᠳ ᠨᠢᠭᠡᠨᠲᠡ 16 ᠵᠢᠯ ᠤᠨ ᠨᠢᠭᠤᠷ ᠢ ᠦᠵᠡᠵᠦ ᠪᠤᠢ᠃ ᠲᠡᠷᠡᠪᠡᠷ ︽ᠠᠯᠠᠱᠠ ᠶᠢᠨ ᠡᠯᠡᠰᠦᠨ ᠵᠢᠷᠤᠭ ᠤᠨ ᠣᠷᠳᠣᠨ︾᠎ ᠤ ᠡᠵᠡᠩᠨᠡᠭᠴᠢ᠂ ᠣᠳᠣ ᠥᠪᠥᠷ ᠮᠣᠩᠭᠤᠯ ᠤᠨ ᠠᠷᠠᠳ ᠤᠨ ᠤᠷᠠᠯᠢᠭᠴᠢᠳ ᠤᠨ ᠨᠡᠶᠢᠭᠡᠮᠯᠢᠭ ᠤᠨ ᠭᠡᠰᠢᠭᠦᠨ᠂ ᠠᠯᠠᠱᠠ ᠠᠶᠢᠮᠠᠭ ᠤᠨ ᠠᠷᠠᠳ ᠤᠨ ᠤᠷᠠᠯᠢᠭᠴᠢᠳ ᠤᠨ ᠨᠡᠶᠢᠭᠡᠮᠯᠢᠭ ᠤᠨ ᠳᠡᠳ᠋ ᠲᠡᠷᠢᠭᠦᠯᠡᠭᠴᠢ ᠵᠡᠷᠭᠡ ᠨᠡᠶᠢᠭᠡᠮ ᠤᠨ ᠲᠤᠰᠢᠶᠠᠯ ᠡᠭᠦᠷᠭᠡᠯᠡᠵᠦ ᠪᠠᠶᠢᠨ᠎ᠠ᠃ ᠲᠡᠷᠡ ᠮᠠᠨᠢ ᠪᠠᠶᠢᠭᠠᠯᠢ ᠶᠢᠨ ᠡᠯᠳᠡᠪ ᠥᠩᠭᠡ ᠶᠢᠨ ᠡᠯᠡᠰᠦ ᠪᠠᠷ ᠵᠢᠷᠤᠭᠯᠠᠵᠤ ᠤᠷᠠᠯᠠᠵᠤ ᠭᠠᠷᠭᠠᠭᠰᠠᠨ ᠠᠯᠠᠱᠠ ᠨᠤᠲᠤᠭ ᠤᠨ ᠢᠶᠠᠨ ᠪᠠᠶᠢᠭᠠᠯᠢ ᠠᠬᠤᠢ᠂ ᠬᠥᠮᠥᠨ ᠵᠣᠨ᠂ ᠠᠮᠢᠳᠠᠨ ᠵᠢᠷᠭᠤᠭᠠᠨ ᠵᠦᠢᠯᠡᠰ ᠵᠢᠴᠢ ᠨᠡᠶᠢᠭᠡᠮ ᠤᠨ ᠬᠥᠭᠵᠢᠯᠲᠡ᠂ ᠴᠠᠭ ᠦᠶ᠎ᠡ ᠶᠢ ᠬᠠᠷᠠᠭᠤᠯᠤᠭᠰᠠᠨ ᠪᠦᠲᠦᠭᠡᠯ ᠢᠶᠠᠷ ᠢᠶᠠᠨ ᠬᠥᠮᠥᠰ ᠲᠤ ᠡᠯᠡᠰᠦᠨ ᠵᠢᠷᠤᠭ ᠤᠨ ᠭᠤᠸ᠎ᠠ ᠰᠠᠶᠢᠬᠠᠨ᠂ ᠤᠷᠠᠯᠢᠭ ᠤᠨ ᠰᠢᠳᠢ ᠬᠦᠴᠦ ᠶᠢ ᠥᠪᠡᠷ ᠤᠨ ᠨᠢᠭᠡᠨ ᠬᠠᠷᠠᠭᠠᠰᠤ᠂ ᠤᠷ᠎ᠠ ᠮᠡᠷᠭᠡᠵᠢᠯ ᠢᠶᠠᠷ ᠢᠶᠠᠨ ᠲᠠᠨᠢᠭᠤᠯᠵᠤ ᠮᠡᠳᠡᠷᠡᠭᠦᠯᠵᠦ ᠴᠢᠳᠠᠭᠰᠠᠨ ᠴᠢᠳᠠᠮᠠᠭᠠᠢ ᠤᠷᠠᠯᠢᠭᠴᠢᠨ ᠪᠤᠯᠬᠤ ᠨᠢ ᠭᠠᠷᠴᠠᠭ᠎ᠠ ᠦᠭᠡᠢ ᠶᠤᠮ᠃    ᠡᠷᠳᠡᠨᠢᠬᠤᠸᠠᠷ 16 ᠵᠢᠯ ᠤᠨ ᠲᠤᠷᠰᠢ ᠪᠠᠷᠤᠭ 8 ᠲᠦᠮᠡᠨ ᠡᠯᠡᠰᠦᠨ ᠵᠢᠷᠤᠭ ᠤᠨ ᠪᠦᠲᠦᠭᠡᠯ ᠢ ᠬᠢᠵᠦ ᠪᠦᠲᠦᠭᠡᠵᠦ ᠪᠣᠷᠣᠯᠠᠭᠤᠯᠤᠭᠰᠠᠨ ᠪᠠᠶᠢᠳᠠᠭ᠃ ᠪᠡᠭᠡᠵᠢᠩ᠂ ᡀᠠᠰᠠ᠂ ᠭᠦᠭᠡᠬᠤᠳᠠ᠂ ᠣᠷᠳᠣᠰ᠂ ᠤᠯᠠᠭᠠᠨᠬᠠᠳᠠ ᠵᠡᠷᠭᠡ ᠣᠯᠠᠨ ᠭᠠᠵᠠᠷ ᠣᠷᠣᠨ ᠤ ᠬᠥᠮᠥᠰ ᠤᠨ ᠵᠠᠬᠢᠶᠠᠯᠠᠭ᠎ᠠ ᠶᠢ ᠣᠯᠠᠨᠲᠠ ᠬᠦᠯᠢᠶᠡᠵᠦ᠂ ᠪᠠᠭ᠎ᠠ ᠪᠤᠰᠤ ᠤᠷᠤᠯᠭ᠎ᠠ ᠡᠭᠦᠳᠴᠡᠢ᠃ ᠲᠡᠭᠦᠨ ᠤ ᠥᠪᠡᠷ ᠢᠶᠠᠨ ᠲᠣᠭᠤᠳᠠᠭ ︽ᠲᠣᠣᠷᠠᠢ︾ ᠪᠦᠲᠦᠭᠡᠯ ᠨᠢ 3 ᠲᠦᠮᠡᠨ ᠲᠥᠭᠦᠷᠢᠭ ᠤᠨ ᠦᠨ᠎ᠡ ᠳᠤ ᠬᠦᠷᠴᠦ᠂ ᠡᠨᠡᠬᠦ ᠪᠦᠲᠦᠭᠡᠯ ᠢᠶᠠᠨ ᠭᠤᠷᠪᠠᠨ ᠰᠠᠷ᠎ᠠ ᠭᠠᠷᠤᠢ ᠵᠠᠷᠤᠴᠠᠭᠤᠯᠤᠭᠠᠳ ᠬᠢᠵᠦ ᠭᠠᠷᠭᠠᠭᠰᠠᠨ ᠪᠠᠶᠢᠵᠠᠢ᠃ ︽ᠲᠣᠣᠷᠠᠢ ᠶᠢᠨ ᠮᠣᠳᠣᠨ ᠤ ᠣᠰᠣᠨ ᠳᠤ ᠳᠤᠰᠤᠭᠰᠠᠨ ᠰᠡᠭᠦᠳᠡᠷ ᠢ ᠵᠢᠷᠤᠨ᠎ᠠ ᠭᠡᠳ ᠶᠡᠭᠡ ᠬᠦᠴᠦ ᠣᠷᠣᠭᠤᠯᠤᠭᠰᠠᠨ᠂ ᠡᠳᠡᠭᠡᠷ ᠡᠯᠡᠰᠦᠨ ᠵᠢᠷᠤᠭ ᠤᠳ ᠨᠢ ᠠᠷᠪᠠ ᠬᠤᠷᠢᠭᠠᠳ ᠵᠦᠢᠯ ᠤᠨ ᠠᠳᠠᠯᠢ ᠪᠤᠰᠤ ᠥᠩᠭᠡ᠂ ᠠᠳᠠᠯᠢ ᠪᠤᠰᠤ ᠨᠠᠷᠢᠯᠢᠭ ᠡᠯᠡᠰᠦ ᠪᠠᠷ ᠬᠢᠵᠦ ᠭᠠᠷᠭᠠᠳᠠᠭ᠂ ᠣᠳᠣ ᠵᠠᠷᠢᠮ ᠤᠯᠠᠭᠠᠨ ᠥᠩᠭᠡ ᠲᠠᠢ ᠡᠯᠡᠰᠦ ᠶᠢ ᠬᠠᠶᠢᠵᠤ ᠣᠯᠬᠤ ᠳᠤ ᠬᠦᠴᠢᠷ ᠪᠣᠯᠵᠠᠢ᠃ ᠡᠯᠡᠰᠦᠨ ᠵᠢᠷᠤᠭ ᠢ ᠡᠬᠢᠯᠡᠨ ᠵᠣᠬᠢᠶᠠᠨ ᠪᠦᠲᠦᠭᠡᠬᠦ ᠳᠡᠭᠡᠨ ᠵᠠᠪᠠᠯ ᠭᠦᠢᠴᠡᠳ ᠲᠥᠯᠥᠪᠯᠡᠨ ᠰᠡᠳᠭᠢᠭᠦ ᠬᠡᠷᠡᠭᠲᠡᠢ᠂ ᠵᠢᠷᠤᠭ ᠢ ᠰᠣᠩᠭᠤᠬᠤ ᠳᠠᠭᠠᠨ ᠨᠣᠮ ᠳᠣᠲᠣᠷᠠᠬᠢ ᠵᠢᠷᠤᠭ᠂ ᠥᠪᠡᠷ ᠢᠶᠠᠨ ᠵᠢᠷᠤᠭᠰᠠᠨ ᠵᠢᠷᠤᠭ᠂ ᠪᠤᠰᠤᠳ ᠤᠨ ᠭᠡᠷᠡᠯ ᠵᠢᠷᠤᠭ ᠠᠴᠠ ᠰᠣᠩᠭᠤᠳᠠᠭ᠃ ᠵᠢᠷᠤᠭ ᠤᠷᠠᠯᠠᠯ ᠢᠶᠠᠨ ᠪᠠᠶᠢᠭᠠᠯᠢ ᠣᠷᠴᠢᠨ ᠲᠠᠢ ᠪᠠᠨ ᠥᠩᠭᠡ ᠲᠥᠷᠬᠦ ᠢᠵᠢᠯᠬᠡᠨ ᠪᠠᠶᠢᠯᠭᠠᠬᠤ ᠶᠢᠨ ᠲᠥᠯᠥᠭᠡ ᠦᠷᠭᠦᠯᠵᠢ ᠬᠥᠳᠡᠭᠡ ᠭᠠᠳᠠᠭ᠎ᠠ ᠣᠴᠢᠵᠤ ᠭᠡᠷᠡᠯ ᠵᠢᠷᠤᠭ ᠲᠠᠳᠠᠨ᠂ ᠮᠠᠲ᠋ᠧᠷᠢᠶᠠᠯ ᠴᠤᠭᠯᠠᠭᠤᠯᠬᠤ ᠶᠠᠪᠤᠳᠠᠯ ᠪᠠᠶᠢᠩᠭᠤ ᠭᠠᠷᠳᠠᠭ︾ ᠭᠡᠵᠦ ᠡᠷᠳᠡᠨᠢᠬᠤᠸᠠᠷ ᠶᠠᠷᠢᠨ᠎ᠠ᠃ ᠡᠷᠳᠡᠨᠢᠬᠤᠸᠠᠷ ᠮᠠᠨᠢ ᠲᠤᠰᠬᠠᠶᠢᠯᠠᠨ ᠪᠠᠳᠠᠢ ᠶᠢᠨ ᠵᠢᠷᠠᠨ ᠤ ᠡᠯᠡᠰᠦ᠂ ᠲᠡᠭᠷᠢ ᠡᠯᠡᠰᠦ᠂ ᠤᠯᠠᠭᠠᠨᠪᠤᠬ᠎ᠠ ᠡᠯᠡᠰᠦ ᠪᠠᠷ ᠠᠶᠠᠯᠠᠵᠤ ᠶᠠᠪᠤᠨ ᠡᠯᠡᠰᠦᠨ ᠵᠢᠷᠤᠭ ᠬᠢᠬᠦ ᠳᠤ ᠲᠣᠬᠢᠷᠠᠬᠤ ᠰᠢᠷ᠎ᠠ᠂ ᠴᠠᠭᠠᠨ᠂ ᠤᠯᠠᠭᠠᠨ᠂ ᠪᠣᠷᠣ᠂ ᠬᠠᠷ᠎ᠠ ᠵᠡᠷᠭᠡ 20 ᠭᠠᠷᠤᠢ ᠥᠩᠭᠡ ᠶᠢᠨ ᠡᠯᠡᠰᠦᠨ ᠮᠠᠲ᠋ᠧᠷᠢᠶᠠᠯ ᠴᠤᠭᠯᠠᠭᠤᠯᠵᠤ ᠠᠪᠴᠢᠷᠠᠳᠠᠭ᠃ ᠬᠠᠷᠠᠬᠠᠨ ᠪᠠᠭ᠎ᠠ ᠠᠴᠠ ᠪᠠᠨ ᠵᠢᠷᠤᠭ ᠵᠢᠷᠤᠬᠤ ᠳᠤᠷᠠᠲᠠᠢ ᠪᠥᠭᠡᠳ ᠶᠡᠷᠦᠨᠢ ᠶᠠᠭᠤᠮᠠᠨ ᠳᠤ ᠨᠠᠷᠢᠯᠢᠭ᠂ ᠭᠠᠷ ᠤᠷ᠎ᠠ ᠰᠠᠶᠢᠲᠠᠢ᠂ ᠤᠷᠠᠯᠢᠭ ᠤᠨ ᠰᠡᠳᠬᠢᠮᠵᠢ ᠮᠡᠳᠡᠷᠡᠮᠵᠢ ᠪᠠᠶᠠᠯᠢᠭ ᠤᠴᠢᠷ ᠪᠦᠲᠦᠭᠡᠭᠰᠡᠨ ᠡᠯᠡᠰᠦᠨ ᠵᠢᠷᠤᠭ ᠤᠳ ᠨᠢ ᠴᠦ ᠥᠪᠡᠷ ᠤᠨ ᠭᠡᠰᠡᠨ ᠣᠨᠴᠠᠯᠢᠭ ᠢᠶᠠᠷ ᠢᠶᠠᠨ ᠤᠷᠠᠯᠢᠭ ᠤᠨ ᠬᠦᠷᠲᠡᠭᠡᠯ ᠪᠣᠯᠣᠭᠰᠠᠭᠠᠷ ᠢᠷᠡᠵᠡᠢ᠃ ᠲᠡᠭᠦᠨ ᠤ ᠪᠦᠲᠦᠭᠡᠯ ᠨᠢ 2019 ᠣᠨ ᠤ ᠠᠯᠠᠱᠠ ᠠᠶᠢᠮᠠᠭ ᠤᠨ ᠡᠮᠡᠭᠲᠡᠶᠢᠴᠦᠳ ᠤᠨ ᠭᠠᠷ ᠤᠷᠠᠯᠠᠯ ᠰᠣᠶᠣᠯ ᠡᠭᠦᠳᠦᠯᠲᠡ ᠶᠢᠨ ᠣᠷᠣᠯᠳᠣᠭᠠᠨ ᠳᠤ ᠨᠢᠭᠡᠳᠦᠭᠡᠷ ᠳᠡᠰ ᠤᠨ ᠱᠠᠩᠨᠠᠯ ᠬᠦᠷᠲᠡᠵᠦ ᠪᠠᠶᠢᠭᠰᠠᠨ ᠪᠥᠭᠡᠳ ᠲᠡᠭᠦᠨᠴᠢᠯᠡᠨ ᠠᠶᠢᠮᠠᠭ ᠪᠠ ᠣᠷᠣᠨ ᠤ ᠲᠠᠰ ᠤᠨ ᠣᠷᠣᠯᠳᠣᠭᠠᠨ᠂ ᠦᠵᠡᠰᠭᠦᠯᠡᠩ ᠳᠤ ᠣᠯᠠᠨᠲᠠ ᠱᠠᠩᠨᠠᠯ ᠬᠥᠬᠢᠭᠦᠯᠦᠯ ᠭᠥᠷᠳᠡᠭᠰᠡᠨ ᠪᠠᠶᠢᠪᠠ᠃      ᠣᠳᠣ ᠲᠡᠷᠡ ᠮᠠᠨᠢ ᠰᠢᠨ᠎ᠡ ᠴᠠᠭ ᠦᠶ᠎ᠡ ᠶᠢᠨ ᠠᠯᠬᠤᠭᠠᠨ ᠳᠤ ᠬᠤᠴᠣᠷᠤᠯ ᠦᠭᠡᠢ ᠪᠠᠷ ᠰᠢᠨ᠎ᠡ ᠠᠷᠭ᠎ᠠ ᠪᠠᠷᠢᠯ ᠢᠶᠠᠷ ᠰᠢᠨ᠎ᠡ ᠤᠷᠤᠰᠬᠠᠯ ᠳᠤ ᠨᠡᠶᠢᠴᠡᠭᠦ ᠪᠠᠷ ᠤᠬᠠᠭᠠᠨ ᠰᠢᠨᠳᠠᠰᠤ ᠪᠠᠨ ᠭᠠᠷᠭᠠᠨ ᠰᠢᠨ᠎ᠡ ᠰᠡᠳᠬᠢᠬᠦᠢ ᠪᠠᠷ ᠪᠦᠲᠦᠭᠡᠯ ᠣᠷᠣᠯᠳᠣᠯᠭ᠎ᠠ ᠳᠠᠭᠠᠨ ᠵᠢᠳᠬᠦᠭᠰᠡᠭᠡᠷ ᠪᠠᠶᠢᠨ᠎ᠠ᠃      ᠪᠢᠯᠢᠭ ᠤᠬᠠᠭᠠᠨ ᠢᠶᠠᠷ ᠦᠢᠯᠡᠰ ᠤᠨ ᠠᠶᠠᠨ ᠢᠶᠠᠨ ᠭᠡᠭᠡᠷᠠᠭᠦᠯᠤᠨ᠎ᠠ    ᠸᠠᠩ ᠶᠢᠨ ᠪᠤᠣ ᠴᠦ ᠦᠢᠯᠡᠰ ᠤᠨ ᠠᠶᠠᠨ ᠳᠠᠭᠠᠨ ᠵᠣᠷᠢᠭ ᠪᠠᠲᠤ᠂ ᠢᠲᠡᠭᠡᠯ ᠳᠦᠭᠦᠷᠡᠩ ᠶᠠᠪᠤᠮᠤᠢ᠃ ᠲᠡᠷᠡ ᠮᠠᠨᠢ ᠶᠡᠷᠦᠨᠢ ᠪᠠᠶᠠᠨᠨᠠᠭᠤᠷ ᠬᠤᠳᠠ ᠶᠢᠨ ᠤᠤᠭᠠᠯ᠃ ᠠᠯᠠᠱᠠ ᠨᠤᠲᠤᠭ ᠲᠤ ᠢᠷᠡᠭᠰᠡᠨ 20 ᠵᠢᠯ ᠤᠨ ᠲᠤᠷᠰᠢ ᠠᠳᠠᠯ ᠦᠢᠯᠡᠰ ᠪᠣᠰᠬᠠᠬᠤ᠂ ᠠᠵᠤ ᠠᠮᠢᠳᠤᠷᠠᠯ ᠢᠶᠠᠨ ᠥᠭᠡᠳᠡ ᠡᠰᠡᠷᠡᠭ ᠠᠪᠴᠤ ᠶᠠᠪᠤᠬᠤ ᠶᠢᠨ ᠲᠤᠯᠠᠳᠠ ᠴᠦᠭᠦᠷᠠᠯ ᠦᠭᠡᠢ ᠬᠦᠴᠦ ᠤᠬᠠᠭᠠᠨ ᠢᠶᠠᠨ ᠭᠠᠷᠭᠠᠨ ᠠᠵᠢᠯᠯᠠᠭᠰᠠᠭᠠᠷ ᠣᠳᠣ ᠪᠣᠯᠵᠠᠢ᠃ ᠲᠡᠭᠦᠨ ᠤ ᠨᠠᠶᠢᠷᠠᠭᠤᠯᠵᠤ ᠦᠢᠯᠡᠳᠦᠭᠰᠡᠨ ᠬᠤᠯᠢᠴᠠ ᠦᠭᠡᠢ ᠯᠠᠵᠤᠤ ᠵᠢᠶᠠᠩ ᠨᠢ ᠬᠥᠮᠥᠰ ᠤᠨ ᠲᠠᠭᠠᠰᠢᠶᠠᠯ ᠳᠤ ᠬᠦᠷᠴᠦ ᠪᠣᠷᠤᠯᠠᠭᠤᠯᠭ᠎ᠠ ᠬᠥᠭᠵᠢᠶᠡᠨ ᠲᠠᠢ ᠪᠣᠯᠵᠤ᠂ ᠳᠦᠷᠪᠡᠨ ᠵᠢᠯ ᠳᠤ 110000 ᠯᠣᠩᠬᠤ ᠯᠠᠵᠤᠤ ᠵᠢᠶᠠᠩ ᠬᠢᠵᠦ ᠪᠣᠷᠣᠯᠠᠭᠤᠯᠤᠭᠰᠠᠨ ᠠᠵᠢ᠃     ︽ᠯᠠᠵᠤᠤ ᠵᠢᠶᠠᠩ ᠢ ᠶᠡᠭᠡ ᠬᠡᠮᠵᠢᠶ᠎ᠡ ᠪᠠᠷ ᠬᠢᠵᠦ ᠬᠤᠳᠠᠯᠳᠤᠬᠤ ᠦᠭᠡᠢ ᠪᠣᠯ ᠣᠷᠣᠯᠭ᠎ᠠ ᠣᠯᠬᠤ ᠨᠢ ᠪᠠᠷᠤᠭᠲᠠᠢ ᠪᠠᠶᠢᠳᠠᠭ ᠠᠴᠠ ᠮᠢᠨᠤ ᠬᠠᠷᠠᠯᠲᠠ ᠪᠣᠯ ᠣᠯᠠᠨ ᠭᠠᠵᠠᠷ ᠢᠶᠠᠷ ᠯᠠᠵᠤᠤ ᠵᠢᠶᠠᠩ ᠢᠶᠠᠨ ᠪᠣᠷᠣᠯᠠᠭᠤᠯᠬᠤ ᠠᠵᠢᠯ ᠢᠶᠠᠨ ᠥᠷᠭᠡᠨ ᠢᠶᠠᠷ ᠶᠡᠬᠡᠰᠬᠡᠨ ᠤᠬᠠᠭᠤᠯᠵᠤ᠂ ᠪᠠᠭ᠎ᠠ ᠪᠠᠭ᠎ᠠ ᠪᠠᠷ ᠬᠢᠵᠦ ᠪᠠᠶᠢᠭᠰᠠᠨ ᠠᠴᠠ ᠪᠠᠨ ᠤᠯᠠᠮ ᠢᠶᠠᠷ ᠦᠢᠯᠡᠳᠪᠦᠷᠢ ᠭᠠᠷᠭᠠᠬᠤ ᠴᠢᠭᠯᠡᠯ ᠢᠶᠠᠷ ᠴᠢᠷᠮᠠᠶᠢᠵᠤ ᠶᠠᠪᠤᠬᠤ ᠪᠣᠯᠤᠭᠰᠠᠨ᠃ ᠣᠳᠣᠬᠠᠨ ᠳᠤ ᠶᠡᠬᠡᠪᠡᠷ ᠣᠷᠣᠯᠭ᠎ᠠ ᠣᠯᠬᠤ ᠨᠢ ᠵᠣᠷᠢᠯᠲᠠ ᠪᠢᠰᠢ᠂ ᠵᠠᠬ᠎ᠠ ᠳᠡᠯᠭᠡᠭᠦᠷ ᠳᠡᠭᠡᠷ᠎ᠡ ᠣᠷᠣᠰᠢᠨ ᠲᠣᠭᠲᠠᠨᠢᠬᠤ ᠪᠠᠨ ᠤᠯᠠᠮ ᠪᠠᠲᠤᠳᠬᠠᠵᠤ᠂ ᠬᠡᠪᠴᠢᠶ᠎ᠡ ᠪᠠᠨ ᠥᠷᠭᠡᠳᠬᠡᠬᠦ ᠪᠣᠯ ᠮᠢᠨᠤ ᠬᠠᠷᠠᠯᠲᠠ ᠶᠤᠮ︾ ᠭᠡᠵᠦ ᠸᠠᠩ ᠶᠢᠨ ᠪᠤᠣ ᠢᠲᠡᠭᠡᠯ ᠳᠦᠭᠦᠷᠡᠩ ᠶᠠᠷᠢᠨ᠎ᠠ᠃    2018 ᠣᠨ ᠤ ᠨᠠᠮᠤᠷ ᠠᠩᠬ᠎ᠠ ᠨᠢᠭᠡ ᠲᠦᠮᠡᠨ ᠯᠣᠩᠬᠤ ᠯᠠᠵᠤᠤ ᠵᠢᠶᠠᠩ ᠬᠢᠭᠡᠳ ᠪᠣᠷᠣᠯᠠᠭᠤᠯᠵᠤ ᠡᠭᠢᠯᠡᠭᠦ ᠳᠤ ᠨᠢᠭᠡ ᠯᠣᠩᠬᠤ ᠯᠠᠵᠤᠤ ᠵᠢᠶᠠᠩ ᠴᠦ ᠬᠤᠳᠠᠯᠳᠤᠵᠤ ᠭᠠᠷᠬᠤ ᠦᠭᠡᠢ ᠬᠡᠮᠵᠢᠶᠡᠨ ᠳᠤ ᠬᠦᠷᠴᠦ ᠪᠠᠶᠢᠭᠰᠠᠨ ᠤᠴᠢᠷ ᠸᠠᠩ ᠶᠢᠨ ᠪᠤᠣ ᠯᠠᠵᠤᠤ ᠵᠢᠶᠠᠩ ᠢᠶᠠᠨ ᠵᠠᠬ᠎ᠠ ᠳᠡᠯᠭᠡᠭᠦᠷ ᠲᠤ ᠭᠠᠷᠭᠠᠬᠤ ᠠᠷᠭ᠎ᠠ ᠵᠠᠮ ᠢ ᠥᠷᠭᠡᠳᠬᠡᠨ᠂ ᠥᠪᠡᠷ ᠤᠨ ᠭᠡᠰᠡᠨ ᠣᠷᠣᠨ ᠪᠠᠶᠢᠷᠢ ᠪᠠᠨ ᠣᠯᠬᠤ ᠭᠡᠵᠦ ᠨᠡᠯᠢᠶᠡᠳ ᠮᠤᠩᠭᠠᠨᠢᠭᠰᠠᠨ ᠪᠠᠶᠢᠯ᠎ᠠ᠃ ᠲᠡᠷᠡᠪᠡᠷ ᠪᠠᠶᠠᠨᠬᠤᠲᠠ ᠶᠢᠨ ᠵᠠᠬ᠎ᠠ ᠳᠡᠯᠭᠡᠭᠦᠷ ᠤᠨ ᠪᠠᠶᠢᠳᠠᠯ ᠢ ᠣᠯᠠᠨ ᠳᠠᠭᠢᠨ ᠨᠠᠷᠢᠪᠴᠢᠯᠠᠵᠤ᠂ ᠰᠠᠭᠤᠭᠠᠯᠢ ᠲᠣᠭᠤᠷᠢᠭ ᠤᠨ ᠡᠭᠦᠳᠡᠨ ᠳᠤ ᠵᠣᠭᠰᠣᠨ ᠪᠤᠰᠤᠳ ᠢᠶᠠᠷ ᠠᠮᠰᠠᠭᠤᠯᠬᠤ ᠪᠤᠶᠤ ᠬᠠᠷᠠᠭᠠᠯᠵᠠᠯ ᠲᠠᠢ ᠠᠵᠢᠯᠯᠠᠭ᠎ᠠ ᠥᠷᠨᠢᠭᠦᠯᠬᠦ᠂ ᠭᠡᠳᠣ ᠳᠡᠯᠭᠡᠭᠦᠷ ᠲᠤ ᠬᠤᠳᠠᠯᠳᠤᠬᠤ ᠂ ᠨᠠᠶᠢᠵᠠ ᠨᠥᠬᠦᠳ ᠲᠡᠭᠡᠨ ᠦᠨ᠎ᠡ ᠲᠥᠯᠥᠪᠦᠷᠢ ᠦᠭᠡᠢ ᠪᠠᠷ ᠭᠦᠷᠭᠡᠭᠦ ᠵᠡᠷᠭᠡ ᠠᠷᠭ᠎ᠠ ᠪᠠᠷᠢᠯ ᠢᠶᠠᠷ ᠬᠢᠭᠰᠡᠨ ᠪᠦᠲᠦᠭᠡᠭᠳᠡᠬᠦᠨ ᠢᠶᠠᠨ ᠬᠥᠮᠥᠰ ᠲᠤ ᠲᠠᠨᠢᠭᠤᠯᠤᠨ᠂ ᠵᠠᠬ᠎ᠠ ᠳᠡᠯᠭᠡᠭᠦᠷ ᠳᠡᠭᠡᠷ᠎ᠡ ᠢᠳᠡᠭ ᠢᠳᠡᠭ ᠢᠶᠠᠷ ᠨᠡᠯᠢᠶᠡᠳ ᠨᠥᠯᠥᠭᠡ ᠲᠤᠰᠬᠠᠯ ᠲᠠᠢ ᠪᠣᠯᠵᠤ᠂ ᠪᠤᠰᠤᠳ ᠤᠨ ᠦᠨᠡᠯᠡᠯᠲᠡ ᠶᠢ ᠣᠯᠵᠤ ᠴᠢᠳᠠᠵᠠᠢ᠃ ᠨᠤᠲᠤᠭ ᠤᠨ ᠬᠥᠮᠥᠰ᠂ ᠭᠠᠳᠠᠨ᠎ᠠ ᠣᠷᠣᠨ ᠤ ᠬᠥᠮᠥᠰ ᠤᠨ ᠲᠠᠭᠠᠰᠢᠶᠠᠯ ᠳᠤ ᠭᠦᠷᠭᠡᠭᠦ ᠪᠠᠷ ᠣᠯᠠᠨ ᠭᠠᠵᠠᠷ ᠤᠨ ᠬᠥᠮᠥᠰ ᠲᠤ ᠲᠠᠨᠢᠭᠤᠯᠵᠤ ᠮᠡᠳᠡᠷᠡᠭᠦᠯᠬᠦ ᠪᠠᠷ ᠸᠠᠩ ᠶᠢᠨ ᠪᠤᠣ ᠬᠡᠴᠢᠨᠡᠨ ᠴᠦ ᠭᠠᠵᠠᠷ ᠴᠦᠭᠦᠷᠠᠯ ᠦᠭᠡᠢ ᠶᠠᠪᠤᠵᠤ ᠪᠠᠶᠢᠭᠰᠠᠨ ᠢ ᠬᠠᠶᠢᠷᠠᠲᠠᠢ ᠪᠦᠰᠡᠭᠦᠢ ᠨᠢ ᠯᠡ ᠣᠶᠢᠯᠠᠭᠠᠬᠤ ᠪᠢᠵᠡ᠃ ᠠᠮᠢᠳᠤᠷᠠᠯ ᠦᠢᠯᠡᠰ ᠤᠨ ᠬᠠᠲᠠᠭᠤ ᠱᠣᠷᠪᠣᠭ ᠠᠮᠲᠠ ᠶᠢ ᠬᠠᠨᠲᠠᠯ᠎ᠠ ᠠᠮᠰᠠᠨ ᠂ ᠴᠢᠷᠮᠠᠶᠢᠯᠭ᠎ᠠ ᠬᠦᠴᠦ ᠭᠠᠷᠭᠠᠭᠰᠠᠨ ᠤ ᠦᠷ᠎ᠡ ᠳ᠋ᠦᠩ ᠢᠶᠠᠷ ᠲᠡᠭᠦᠨ ᠤ ᠯᠠᠵᠤᠤ ᠵᠢᠶᠠᠩ ᠨᠢ ︽ᠠᠮᠲᠠᠲᠠᠢ︾ ᠭᠡᠬᠦ ᠭᠠᠭᠴᠠ ᠦᠭᠡ ᠪᠠᠷ ᠬᠥᠮᠥᠰ ᠲᠤ ᠲᠠᠨᠢᠭᠳᠠᠵᠤ ᠭᠥᠯᠢᠶᠡᠨ ᠮᠡᠳᠡᠷᠡᠭᠳᠡᠬᠦ ᠪᠣᠯᠤᠭᠰᠠᠨ ᠪᠠᠶᠢᠨ᠎ᠠ᠃ ᠲᠡᠷᠡ ᠵᠢᠯ ᠪᠣᠯᠭᠠᠨ ᠤ ᠨᠠᠮᠤᠷ ᠤᠨ 8 ᠰᠠᠷ᠎ᠠ ᠶᠢᠨ ᠰᠡᠭᠦᠯᠴᠢ ᠠᠴᠠ 10 ᠰᠠᠷ᠎ᠠ ᠶᠢᠨ ᠰᠡᠭᠦᠯᠴᠢ ᠭᠦᠷᠳᠡᠯ᠎ᠡ ᠯᠠᠵᠤᠤ ᠵᠢᠶᠠᠩ ᠢᠶᠠᠨ ᠦᠢᠯᠡᠳᠴᠦ ᠬᠢᠳᠡᠭ ᠢᠶᠠᠷ ᠮᠠᠰᠢ ᠶᠠᠭᠠᠷᠠᠤ ᠪᠠᠶᠢᠳᠠᠭ᠂ ᠯᠠᠵᠤᠤ ᠶᠢᠨ ᠢᠷᠡᠯᠲᠡ ᠨᠢ ᠠᠯᠠᠱᠠ ᠵᠡᠭᠦᠨ ᠬᠤᠰᠢᠭᠤᠨ ᠤ ᠴᠠᠬᠠᠷ ᠤᠨ ᠬᠥᠳᠡᠭᠡ ᠶᠢᠨ ᠲᠠᠪᠤᠨ ᠲᠠᠷᠢᠶᠠᠴᠢᠨ ᠡᠷᠦᠭᠡ ᠪᠠᠷ ᠲᠤᠰᠬᠠᠢ ᠳᠠᠷᠢᠭᠤᠯᠣᠬᠰᠠᠨ ᠯᠠᠵᠤᠤ ᠶᠢᠨ ᠳᠦᠷᠦᠯ ᠪᠠᠶᠢᠵᠤ᠂ ᠯᠠᠵᠤᠤ ᠵᠢᠶᠠᠩ ᠨᠢ ᠪᠣᠬᠢᠷᠳᠤᠯ ᠦᠭᠡᠢ ᠪᠦᠲᠦᠭᠡᠭᠳᠡᠬᠦᠨ ᠪᠣᠯᠵᠠᠢ᠃ ᠸᠠᠩ ᠶᠢᠨ ᠪᠤᠣ ᠯᠠᠵᠤᠤ ᠵᠢᠶᠠᠩ ᠢᠶᠠᠨ ᠦᠢᠯᠡᠳᠦᠨ ᠬᠢᠬᠦ ᠳᠤ ᠥᠪᠡᠷ ᠢᠶᠠᠨ ᠭᠤᠣᠯ ᠠᠮᠲᠠ ᠶᠢ ᠨᠢ ᠲᠣᠬᠢᠷᠠᠭᠤᠯᠤᠨ ᠳᠠᠭᠠᠷᠠᠭᠤᠯᠵᠣ᠂ ᠭᠤᠷᠪᠠᠨ ᠠᠵᠢᠯᠴᠢᠨ ᠤ ᠪᠠᠨ ᠬᠠᠪᠰᠣᠷᠣᠯᠭ᠎ᠠ ᠪᠠᠷ ᠬᠢᠳᠡᠭ᠃ ᠨᠢᠳᠤᠨᠤᠨ ᠠᠴᠠ ᠢᠳᠡᠬᠦ ᠲᠣᠰᠣ᠂ ᠠᠮᠲᠠ ᠣᠷᠣᠭᠤᠯᠬᠤ ᠵᠦᠢᠯ ᠤᠨ ᠦᠨ᠎ᠡ ᠪᠦᠷ ᠥᠰᠦᠭᠰᠡᠨ ᠪᠤᠯᠪᠠᠴᠣ ᠲᠡᠳᠡᠨᠡᠶᠢᠬᠢᠨ ᠥᠪᠡᠷ ᠤᠨ ᠣᠨᠴᠠᠯᠢᠭ ᠢᠶᠠᠨ ᠪᠠᠲᠤᠯᠠᠬᠤ ᠪᠠᠷ ᠰᠢᠯ ᠯᠣᠩᠬᠤᠨ ᠤ ᠪᠠᠨ ᠬᠡᠮᠵᠢᠶ᠎ᠡ ᠶᠢ ᠳᠠᠭᠢᠨ ᠢᠶᠠᠷ ᠶᠡᠬᠡᠰᠬᠡᠭᠡᠳ᠂ ᠦᠨ᠎ᠡ ᠪᠠᠨ ᠬᠠᠷᠢᠨ ᠬᠤᠪᠢᠷᠠᠭᠠᠭᠰᠠᠨ ᠦᠭᠡᠢ ᠠᠵᠢ᠃ ᠭᠤᠣᠯ ᠨᠢ ᠬᠡᠷᠡᠭᠯᠡᠭᠴᠢᠳ ᠲᠤ ᠢᠲᠡᠭᠡᠯ ᠨᠠᠶᠢᠳᠠᠪᠤᠷᠢ ᠲᠠᠢ ᠪᠠᠶᠢᠬᠤ ᠵᠢᠴᠢ ᠪᠦᠲᠦᠭᠡᠭᠳᠡᠬᠦᠨ ᠢᠶᠠᠨ ᠥᠷᠭᠡᠨ ᠢᠶᠠᠷ ᠪᠣᠷᠣᠯᠠᠭᠤᠯᠬᠤ ᠶᠢᠨ ᠲᠥᠯᠥᠭᠡ ᠠᠷᠭ᠎ᠠ ᠤᠬᠠᠭᠠᠨ ᠰᠡᠳᠦᠵᠦ ᠶᠠᠪᠤᠨ᠎ᠠ᠃ ᠬᠡᠷᠡᠭᠯᠡᠭᠴᠢ ᠪᠣᠯ ᠴᠢᠨᠦ ᠪᠦᠲᠦᠭᠡᠭᠳᠡᠬᠦᠨ ᠤ ᠬᠠᠮᠤᠭ ᠤᠨ ᠰᠢᠳᠤᠷᠭᠤ ᠭᠡᠷᠡᠴᠢ ᠮᠥᠨ᠃ ᠪᠣᠷᠤᠯᠠᠭᠤᠯᠭ᠎ᠠ ᠶᠢᠨ ᠠᠷᠭ᠎ᠠ ᠵᠠᠮ ᠢᠶᠠᠨ ᠦᠷᠭᠡᠤᠭᠡᠭᠦ᠂ ᠢᠲᠡᠭᠡᠯ ᠨᠠᠶᠢᠳᠠᠪᠤᠷᠢ ᠪᠠᠨ ᠪᠠᠲᠤᠯᠠᠬᠤ᠂ ᠴᠢᠨᠠᠷ ᠢ ᠪᠠᠲᠤᠯᠠᠬᠤ᠂ ᠢᠮᠠᠭᠲᠠ ᠰᠢᠨ᠎ᠡ ᠰᠣᠷᠭᠤᠭ ᠣᠨᠴᠠᠯᠢᠭ ᠲᠠᠢ ᠪᠠᠶᠢᠬᠤ᠂ ᠰᠢᠨ᠎ᠡ ᠰᠣᠷᠭᠤᠭ ᠠᠷᠭ᠎ᠠ ᠠᠪᠴᠠᠯ ᠲᠠᠢ ᠪᠠᠶᠢᠬᠤ ᠨᠢ ᠦᠢᠯᠡᠰ ᠡᠵᠡᠩᠨᠡᠯᠲᠡ ᠶᠢᠨ ᠡᠷᠴᠢᠮ ᠬᠦᠴᠦ ᠲᠤᠯᠠ ᠸᠠᠩ ᠶᠢᠨ ᠪᠤᠣ ᠡᠳᠡᠭᠡᠷ ᠪᠦᠭᠦᠨ ᠢ ᠠᠯᠬᠤᠮ ᠠᠯᠬᠤᠮ ᠢᠶᠠᠷ ᠬᠢᠵᠦ ᠭᠦᠢᠴᠡᠳᠬᠡᠬᠦ ᠳᠤ ᠶᠠᠷᠢᠶᠠᠨ ᠦᠭᠡᠢ ᠭᠡᠷᠭᠡᠢ ᠡᠷᠳᠡᠨᠢᠬᠤᠸᠠᠷ ᠤᠨ ᠬᠢᠨᠢ ᠤᠬᠠᠭᠠᠨ ᠰᠠᠮᠪᠠᠭ᠎ᠠ᠂ ᠬᠠᠪᠰᠣᠷᠣᠯᠭ᠎ᠠ ᠲᠡᠮᠵᠢᠯᠭᠡ ᠠᠴᠠ ᠰᠠᠯᠵᠤ ᠴᠢᠳᠠᠭ᠎ᠠ ᠦᠭᠡᠢ ᠪᠠᠶᠢᠭᠰᠠᠨ ᠨᠢ ᠭᠠᠷᠴᠠᠭ᠎ᠠ ᠦᠭᠡᠢ᠃     ᠦᠢᠯᠡᠰ ᠴᠣᠭᠴᠠᠯᠠᠨ᠎ᠠ ᠭᠡᠳᠡᠭ ᠤᠬᠠᠭᠠᠨ ᠰᠡᠲᠦᠪᠦᠷᠢ᠂ ᠵᠢᠳᠬᠦᠯ ᠬᠦᠰᠡᠯ ᠤᠨ ᠡᠷᠴᠢ ᠬᠦᠴᠦ ᠱᠠᠭᠠᠷᠳᠠᠭᠳᠠᠬᠤ ᠠᠴᠠ ᠭᠠᠳᠠᠨ᠎ᠠ ᠨᠡᠶᠢᠭᠡᠮ ᠤᠨ ᠬᠥᠭᠵᠢᠯᠲᠡ ᠬᠤᠪᠢᠷᠠᠯᠲᠠ ᠶᠢᠨ ᠦᠢ ᠣᠯᠠᠨ ᠬᠠᠲᠠᠭᠤ ᠳᠠᠪᠠᠭᠠᠨ ᠤ ᠰᠣᠷᠢᠭ᠎ᠠ ᠳᠠᠪᠠᠯᠲᠠ ᠶᠢ ᠴᠤᠴᠠᠯᠲᠠ ᠦᠭᠡᠢ ᠥᠩᠭᠡᠷᠡᠭᠡᠵᠦ ᠪᠠᠶᠢᠮᠠᠨᠵᠢᠨ ᠰᠠᠶ᠋ᠢ ᠬᠥᠯ ᠲᠣᠭᠲᠠᠨᠢᠬᠤ ᠣᠷᠣᠨ ᠪᠠᠶᠢᠷᠢ ᠪᠠᠨ ᠣᠯᠳᠠᠭ ᠨᠢ ᠮᠡᠳᠡᠭᠡᠵᠢ᠃ ᠲᠡᠶᠢᠨᠬᠦ ᠨᠡᠶᠢᠭᠡᠮ ᠲᠠᠢ ᠵᠣᠬᠢᠴᠠᠨ᠎ᠠ ᠭᠡᠵᠦ ᠮᠠᠰᠢ ᠶᠡᠭᠡ ᠰᠢᠷᠭᠠᠭᠤ ᠭᠦᠳᠡᠯᠮᠤᠷᠢ ᠂ ᠨᠥᠷᠢ ᠶᠡᠭᠡ ᠤᠬᠠᠭᠠᠨ ᠲᠠᠮᠢᠷ ᠵᠠᠷᠤᠴᠠᠭᠤᠯᠬᠤ ᠠᠵᠢᠯ ᠪᠥᠭᠡᠳ ᠦᠢᠯᠡᠰ ᠪᠣᠰᠬᠠᠭᠴᠢ ᠶᠢᠨ ᠭᠢᠷᠠᠬᠠᠢ ᠬᠠᠷᠠᠭ᠎ᠠ᠂ ᠤᠬᠠᠭᠠᠨ ᠴᠢᠳᠠᠪᠤᠷᠢ ᠶᠢ ᠰᠢᠯᠭᠠᠬᠤ ᠬᠠᠲᠠᠭᠤ ᠳᠠᠪᠠᠭ᠎ᠠ ᠭᠡᠯᠲᠡᠢ᠃ ᠡᠷᠳᠡᠨᠢᠬᠤᠸᠠᠷ ᠸᠠᠩ ᠶᠢᠨ ᠪᠤᠣ ᠬᠤᠶᠠᠭᠤᠯᠠ ᠮᠠᠨᠢ ᠶᠠᠭ ᠡᠨᠡᠬᠦ ᠠᠵᠢᠭᠴᠢ ᠭᠢᠷᠠᠬᠠᠢ᠂ ᠤᠬᠠᠭᠠᠨ ᠴᠢᠳᠠᠪᠤᠷᠢ ᠪᠠᠷ ᠠᠳᠠᠯ ᠦᠢᠯᠡᠰ ᠤᠨ ᠢᠶᠠᠨ ᠢᠷᠠᠭᠤ ᠳᠠᠭᠤᠯᠠᠯ ᠢ ᠬᠠᠩᠭᠢᠨᠠᠭᠤᠯᠵᠤ᠂ ᠢᠷᠡᠬᠦ ᠮᠠᠷᠭᠠᠰᠢ ᠵᠦᠭ ᠢᠶᠠᠨ ᠥᠮᠥᠭ ᠲᠦᠰᠢᠭ ᠲᠠᠢ᠂ ᠣᠮᠤᠭ ᠲᠡᠭᠦᠯᠳᠡᠷ᠂ ᠥᠷᠨᠢᠭᠦᠨ ᠢᠷᠮᠡᠭᠦᠨ ᠤᠷᠤᠭᠰᠢᠯᠠᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号