ᠪᠤᠤᠷ᠎ᠠ ᠶᠢᠨ ᠮᠦᠷ ᠲᠠᠢ ᠬᠠᠳᠠ
ᠨᠡᠶᠢᠲᠡᠯᠡᠭᠰᠡᠨ ᠴᠠᠭ᠄
2022/6/1
  ᠴ᠊ · ᠰᠤᠳᠤᠨ   ᠲᠠᠪᠰᠢᠯᠳᠦ     ᠵᠢᠷᠤᠭ 1 ᠪᠠ 2᠄ ᠪᠤᠤᠷ᠎ᠠ ᠶᠢᠨ ᠮᠦᠷ ᠲᠠᠢ ᠬᠠᠳᠠ᠂ ᠨᠤᠳᠤᠭ ᠤᠨ ᠬᠦᠮᠦᠰ ᠲᠡᠬᠦᠨ ᠢ ᠪᠤᠤᠷ᠎ᠠ ᠶᠢᠨ ᠮᠦᠷ ᠬᠡᠵᠦ ᠬᠡᠯᠡᠳᠡᠭ᠃
     ᠵᠢᠷᠤᠭ 3 ᠪᠠ 4᠄  ᠦᠨᠦᠴᠢᠨ ᠬᠠᠶᠢᠯᠠᠰᠤᠨ ᠮᠤᠳᠤ ᠨᠢ ᠨᠢᠭᠡᠨᠳᠡ ᠤᠨᠠᠭᠠᠳ ᠦᠬᠢᠷᠡᠬᠡᠢ ᠦᠨᠳᠦᠰᠦ ᠲᠡᠳᠦᠢ ᠶᠭᠠᠤᠮ᠎ᠠ ᠦᠯᠡᠳᠡᠵᠡᠢ᠃
     ᠦᠳᠡ ᠭᠡᠯᠪᠡᠶᠢᠵᠡᠢ᠃ ᠪᠢᠳᠠ ᠬᠦᠷᠮᠡᠳᠦ ᠶᠢᠨ ᠠᠭᠤᠢ ᠶᠢ ᠬᠠᠶᠢᠨ ᠰᠤᠷᠪᠤᠯᠵᠢᠯᠠᠵᠦ ᠪᠠᠷᠠᠭᠠᠳ ᠬᠦᠷᠮᠡᠳᠦ ᠶᠢᠨ ᠰᠦᠮ᠎ᠡ ᠳᠤ ᠪᠤᠴᠠᠨ ᠢᠷᠡᠯ᠎ᠡ᠃ ᠤᠳᠤ ᠴᠤᠬᠤᠮ ᠬᠠᠮᠢᠭᠠᠰᠢ ᠶᠠᠪᠤᠳᠠᠭ ᠪᠢᠯᠡ︖ ᠪᠢᠳᠠ ᠬᠡᠳᠦᠬᠦᠯᠡ ᠪᠠᠨ ᠶᠠᠷᠢᠯᠴᠠᠭᠠᠨ ᠪᠤᠯᠤᠯ᠎ᠠ᠃ ᠤᠯᠠᠭᠠᠨ ᠬᠤᠷᠤᠭ᠎ᠠ ᠳᠤ ᠶᠠᠪᠤᠬᠤ ᠤᠤ︖ ᠠᠳᠡ ᠠᠴᠠ ᠡᠭᠴᠡ ᠬᠤᠶᠢᠰᠢ ᠶᠠᠪᠤᠪᠠᠯ ᠬᠤᠯᠠ ᠦᠭᠡᠢ ᠶᠤᠮ ᠭᠡᠨ᠎ᠡ᠂ ᠭᠡᠳᠡᠯ᠎ᠡ ᠲᠡᠷᠭᠡ ᠤᠨᠤᠭ᠎ᠠ ᠵᠢᠭᠠᠬᠠᠨ ᠴᠤ ᠶᠠᠪᠤᠵᠦ ᠴᠢᠳᠠᠬᠤ ᠦᠭᠡᠢ᠂ ᠶᠠᠪᠠᠭᠠᠨ ᠢᠶᠠᠷ ᠦᠨᠳᠦᠷ ᠠᠰᠬ᠎ᠠ ᠠᠭᠤᠯᠠ ᠵᠢᠯᠠᠭ᠎ᠠ ᠶᠢ ᠲᠤᠭᠤᠯᠵᠦ ᠯᠠ ᠶᠠᠪᠤᠬᠤ ᠬᠡᠷᠡᠭᠲᠡᠢ᠂ ᠶᠠᠪᠠᠷᠠᠢ ᠠᠭᠤᠯᠠ ᠶᠢᠨ ᠪᠡᠷᠬᠡ ᠪᠠᠷᠳᠠᠭ᠎ᠠ ᠶᠢ ᠬᠠᠷᠠᠬᠤ ᠠᠴᠠ ᠬᠡᠨ ᠨᠢ ᠴᠤ ᠤᠯᠠᠭᠠᠨ ᠬᠤᠷᠤᠭ᠎ᠠ ᠳᠤ ᠶᠠᠪᠤᠶ᠎ᠠ ᠭᠡᠵᠦ ᠬᠡᠯᠡᠬᠦ ᠦᠭᠡᠢ ᠪᠠᠶᠢᠯ᠎ᠠ᠃ ᠡᠰᠡᠬᠦᠯ᠎ᠡ ᠵᠢᠭᠳᠡ ᠶᠢᠨ ᠭᠤᠤᠯ ᠤᠨ ᠡᠬᠢᠨ ᠳᠤ ᠪᠠᠶᠢᠭ᠎ᠠ ᠬᠦᠮᠦᠨ ᠤ ᠭᠠᠷ ᠤᠨ ᠤᠷᠤᠮ ᠲᠠᠢ ᠬᠠᠳᠠᠨ ᠵᠢᠷᠤᠭ ᠢ ᠬᠠᠶᠢᠨ ᠰᠤᠷᠪᠤᠯᠵᠢᠯᠠᠬᠤ ᠪᠠᠷ ᠶᠠᠪᠤᠬᠤ ᠤᠤ︖ ᠵᠢᠭᠳᠡ ᠶᠢᠨ ᠭᠤᠤᠯ ᠠᠳᠡ ᠠᠴᠠ ᠵᠡᠬᠦᠨᠰᠢ ᠲᠠᠮᠠᠢ ᠬᠤᠯᠠ ᠦᠭᠡᠢ᠂ ᠭᠡᠳᠡᠯ᠎ᠡ ᠭᠤᠤᠯ ᠤᠨ ᠠᠮᠠᠨ ᠳᠤ ᠲᠡᠷᠭᠡ ᠪᠠᠨ ᠬᠠᠶᠠᠭᠠᠳ ᠶᠠᠪᠠᠭᠠᠨ ᠨᠡᠯᠢᠶᠡᠳ ᠠᠯᠬᠤᠵᠦ ᠶᠠᠪᠤᠮᠠᠨᠵᠢᠨ ᠰᠠᠶ᠋ᠢ ᠬᠠᠳᠠᠨ ᠵᠢᠷᠤᠭ ᠤᠨ ᠬᠠᠵᠠᠭᠤ ᠳᠤ ᠤᠴᠢᠳᠠᠭ ᠭᠡᠨ᠎ᠡ᠃ ᠬᠠᠮᠢᠭᠠᠰᠢ ᠶᠠᠪᠤᠬᠤ ᠪᠠᠨ ᠤᠯᠤᠯ ᠦᠭᠡᠢ ᠠᠯᠮᠠᠶᠢᠷᠠᠵᠦ ᠪᠠᠶᠢᠳᠠᠯ᠎ᠠ ᠬᠦᠷᠮᠡᠳᠦ ᠶᠢᠨ ᠰᠦᠮ᠎ᠡ ᠶᠢᠨ ᠬᠡᠪᠬᠦᠢ ᠪᠠᠶᠢᠭᠰᠠᠨ ᠰᠤ᠋ ᠳ᠋ᠢᠶᠠᠨ ᠰᠢᠶᠠᠩ ᠤᠨ ᠦᠬᠢᠨ ᠰᠤ᠋ ᠮᠦᠩᠬᠦᠨ᠄ ︽ᠡᠨᠡᠤᠬᠡᠨ ᠎ ᠳᠤ ᠪᠤᠤᠷ᠎ᠠ ᠶᠢᠨ ᠮᠦᠷ ᠲᠠᠢ ᠬᠠᠳᠠ ᠪᠠᠶᠢᠳᠠᠭ᠂ ᠪᠢ ᠲᠠᠨᠠᠷ ᠢ ᠲᠠᠭᠠᠭᠤᠯᠵᠦ ᠦᠵᠡᠬᠦ ᠪᠠᠷ ᠶᠠᠪᠤᠶ᠎ᠠ᠂ ᠦᠭᠡᠷ᠎ᠡ ᠬᠠᠮᠢᠭ᠎ᠠ ᠴᠤ ᠶᠠᠪᠤᠬᠤ ᠬᠡᠷᠡᠭ ᠦᠭᠡᠢ᠂ ᠤᠷᠤᠶᠢᠳᠠᠵᠠᠢ᠂ ᠬᠡᠷᠪᠡ ᠶᠠᠪᠤᠪᠠᠯ ᠲᠠᠨᠠᠷ ᠬᠦᠳᠡᠭᠡ ᠬᠤᠨᠤᠬᠤ ᠮᠠᠭᠠᠳ᠂ ᠠᠳᠡ ᠪᠠᠨ ᠬᠤᠨᠤᠭᠠᠳ ᠮᠠᠷᠭᠠᠰᠢ ᠠᠴᠠ ᠲᠠᠬᠢᠭᠠᠳ ᠦᠵᠡᠶ᠎ᠡ︾  ᠭᠡᠮᠡᠨ ᠡᠨᠡ ᠬᠤᠳᠠ ᠠᠴᠠ ᠢᠷᠡᠭᠰᠡᠨ ᠬᠦᠮᠦᠰ ᠠᠭᠤᠯᠠᠨ ᠳᠤ ᠬᠡᠳᠦᠶᠢᠬᠡᠨ ᠶᠠᠪᠤᠵᠦ ᠴᠢᠳᠠᠬᠤᠪ ᠭᠡᠵᠦ ᠪᠢᠳᠠᠨ ᠢ ᠲᠤᠭᠤᠮᠰᠠᠷᠯᠠᠭᠰᠠᠨ ᠮᠠᠶ᠋ᠢᠭ ᠲᠠᠢ ᠬᠡᠯᠡᠭᠡᠳ ᠪᠤᠤᠷ᠎ᠠ ᠎ ᠶᠢᠨ ᠮᠦᠷ ᠲᠠᠢ ᠬᠠᠳᠠ ᠶᠢ ᠦᠵᠡᠬᠦ ᠪᠠᠷ ᠶᠠᠪᠤᠵᠠᠭᠠᠯ᠎ᠠ᠃
    ᠪᠤᠤᠷ᠎ᠠ ᠶᠢᠨ ᠮᠦᠷ ᠲᠠᠢ ᠬᠠᠳᠠ ᠨᠢ ᠬᠦᠷᠮᠡᠳᠦ ᠶᠢᠨ ᠠᠭᠤᠢ ᠪᠠᠶᠢᠭ᠎ᠠ ᠵᠢᠯᠠᠭ᠎ᠠ ᠶᠢᠨ ᠠᠮᠠᠨ ᠳᠠᠬᠢ ᠦᠶᠡᠷ ᠤᠨ ᠭᠤᠤᠯ ᠤᠨ ᠤᠪᠤᠭᠠᠷᠠᠭᠰᠠᠨ ᠬᠠᠳᠠ ᠴᠢᠯᠠᠭᠤᠨ ᠤ ᠲᠤᠮᠳᠠ ᠪᠠᠶᠢᠷᠢᠰᠢᠵᠦ᠂ ᠶᠠᠭ ᠬᠦᠷᠮᠡᠳᠦ ᠶᠢᠨ ᠰᠦᠮ᠎ᠡ ᠠᠴᠠ ᠪᠠᠷᠠᠭᠤᠨᠰᠢ ᠬᠡᠳᠦᠨ ᠠᠯᠳᠠ ᠵᠠᠢ ᠲᠠᠢ᠂ ᠡᠨᠡ ᠬᠦ ᠴᠢᠯᠠᠭᠤᠨ ᠤ ᠦᠷᠭᠡᠨ ᠨᠢ ᠪᠠᠷᠤᠭ ᠲᠤᠬᠤᠢ ᠬᠢᠷᠢᠳᠠᠢ᠂ ᠤᠷᠳᠤ ᠎ ᠪᠠᠷ ᠢᠶᠠᠨ ᠨᠢᠭᠡ ᠮᠧᠲᠷ ᠬᠢᠷᠢᠳᠠᠢ ᠬᠠᠪᠳᠠᠭᠠᠢ ᠴᠢᠯᠠᠭᠤ ᠪᠠᠶᠢᠵᠦ᠂ ᠨᠡᠭᠡᠷᠡᠨ ᠵᠡᠬᠦᠨᠰᠢ ᠬᠠᠨᠳᠤᠭᠰᠠᠨ ᠲᠡᠮᠡᠭᠡᠨ ᠤ ᠦᠷᠦᠭᠡᠰᠦᠨ ᠲᠠᠪᠠᠭ ᠤᠨ ᠮᠦᠷ ᠤᠨ ᠤᠷᠤᠮ ᠢᠯᠡᠬᠡᠨ ᠬᠠᠷᠠᠭᠳᠠᠵᠦ ᠪᠠᠶᠢᠯ᠎ᠠ᠃ ᠨᠤᠳᠤᠭ ᠤᠨ ᠬᠦᠮᠦᠰ ᠲᠡᠬᠦᠨ ᠢ ᠪᠤᠤᠷ᠎ᠠ ᠶᠢᠨ ᠮᠦᠷ ᠬᠡᠵᠦ ᠬᠡᠯᠡᠳᠡᠭ᠃ ᠮᠦᠨ ᠡᠬᠦᠨ ᠤ ᠬᠠᠵᠠᠭᠤᠬᠠᠨ ᠳᠤ ᠡᠬᠡ ᠪᠠᠶᠢᠭᠠᠯᠢ ᠶᠢ ᠲᠦᠰᠢᠵᠦ ᠤᠷᠭᠤᠭᠰᠠᠨ ᠦᠨᠦᠴᠢᠨ ᠬᠠᠶᠢᠯᠠᠰᠤᠨ ᠮᠤᠳᠤ ᠪᠠᠶᠢᠵᠠᠢ᠃ ᠲᠡᠷᠡ ᠦᠨᠦᠴᠢᠨ ᠬᠠᠶᠢᠯᠠᠰᠤᠨ ᠮᠤᠳᠤᠨ ᠠᠴᠠ ᠡᠷᠡᠮᠡᠭ ᠢᠩᠭᠡ ᠤᠶᠠᠪᠠᠯ ᠭᠡᠭᠡᠯ ᠲᠤᠭᠳᠠᠳᠠᠭ ᠭᠡᠰᠡᠨ ᠲᠤᠮᠤᠭ ᠲᠠᠢ ᠭᠡᠨ᠎ᠡ᠃ ᠬᠠᠷᠢᠨ ᠦᠨᠦᠴᠢᠨ ᠬᠠᠶᠢᠯᠠᠰᠤᠨ ᠮᠤᠳᠤ ᠨᠢ ᠨᠢᠭᠡᠨᠳᠡ ᠤᠨᠠᠭᠠᠳ ᠦᠬᠢᠷᠡᠬᠡᠢ ᠦᠨᠳᠦᠰᠦ ᠲᠡᠳᠦᠢ ᠶᠠᠭᠤᠮ᠎ᠠ ᠬᠠᠷᠠᠭᠳᠠᠵᠦ ᠪᠠᠶᠢᠪᠠ᠃ ᠲᠡᠭᠡᠷ᠎ᠡ ᠵᠠᠭᠤᠨ ᠤ ᠵᠢᠷᠠᠭᠠᠳ ᠤᠨ ᠤ ᠦᠶ᠎ᠡ ᠪᠠᠷ᠂ ᠲᠠᠷᠤᠢ ᠰᠤᠶᠤᠯ ᠤᠨ ᠬᠤᠪᠢᠰᠬᠠᠯ ᠤᠨ ᠦᠶ᠎ᠡ ᠳᠤ ᠡᠨᠡ ᠮᠤᠳᠤ ᠲᠠᠢ ᠬᠤᠯᠪᠤᠭ᠎ᠠ ᠲᠠᠢ ᠨᠢᠭᠡᠨ ᠤᠴᠢᠷ ᠡᠬᠦᠰᠦᠭᠰᠡᠨ ᠠᠴᠠ ᠮᠤᠳᠤ ᠶᠢ ᠲᠠᠭᠠᠷᠢᠵᠦ ᠤᠨᠠᠭᠠᠭᠰᠠᠨ ᠭᠡᠨ᠎ᠡ᠃ ᠡᠬᠦᠨ ᠤ ᠬᠠᠵᠠᠭᠤᠬᠠᠨ ᠳᠤ ᠪᠠᠰᠠ ᠬᠦᠮᠦᠨ ᠤ ᠤᠷᠳᠦ ᠬᠢᠮᠤᠰᠦ ᠲᠠᠢ ᠬᠦᠯ ᠨᠢᠴᠦᠬᠦᠨ ᠮᠦᠷ ᠲᠠᠢ ᠬᠠᠪᠳᠠᠭᠠᠢ ᠴᠢᠯᠠᠭᠤ ᠪᠠᠶᠢᠵᠠᠢ᠃  ᠡᠳᠡᠭᠡᠷ ᠤᠨ ᠲᠤᠬᠠᠢ ᠨᠢᠭᠡᠨ ᠦᠯᠢᠭᠡᠷ ᠢ ᠶᠠᠷᠢᠪᠠᠯ᠂ ᠡᠷᠳᠡ ᠤᠷᠢᠳᠦ ᠶᠢᠨ ᠴᠠᠭ ᠲᠤ ᠯᠤᠪᠤᠨᠴᠢᠮᠪᠤ  ᠪᠠᠭᠰᠢ ᠬᠦᠷᠮᠡᠳᠦ ᠶᠢᠨ ᠠᠭᠤᠢ ᠎ ᠶᠢᠨ ᠭᠤᠤᠯ ᠤᠷᠤᠭᠤ ᠨᠢᠭᠡᠨ ᠪᠤᠭ ᠰᠢᠮᠨᠤ ᠶᠢ ᠲᠠᠷᠤᠬᠤ ᠪᠠᠷ ᠠᠷᠦ ᠠᠴᠠ ᠨᠢ ᠲᠡᠮᠡᠭᠡ ᠤᠨᠤᠵᠦ  ᠬᠦᠭᠡᠭᠡᠵᠦ ᠶᠠᠪᠤᠭᠠᠳ ᠲᠠᠬᠢᠨ ᠭᠤᠤᠯ ᠤᠨ ᠠᠮᠠ ᠪᠠᠷ ᠭᠠᠷᠬᠤ ᠳᠠᠭᠠᠨ ᠦᠯᠡᠳᠡᠭᠡᠭᠰᠡᠨ ᠮᠦᠷ ᠭᠡᠳᠡᠭ  ᠃ ᠭᠡᠪᠡᠴᠦ ᠡᠨᠡ ᠬᠦᠮᠦᠨ ᠎ ᠤ ᠮᠦᠷ ᠲᠠᠢ ᠴᠢᠯᠠᠭᠤ ᠨᠢ ᠬᠠᠷᠠᠭᠳᠠᠭᠰᠠᠨ ᠦᠭᠡᠢ᠂ ᠦᠶᠡᠷ ᠤᠰᠤᠨ ᠳᠤ ᠲᠠᠭᠤᠭᠳᠠᠭᠰᠠᠨ ᠶᠤᠮ ᠤᠤ︖ ᠪᠤᠤ ᠮᠡᠳᠡ᠂ ᠤᠳᠤ ᠨᠢᠭᠡᠨᠳᠡ ᠠᠯᠠᠭ᠎ᠠ ᠪᠤᠯᠵᠡᠢ᠃ ᠨᠤᠳᠤᠭ ᠤᠨ ᠬᠦᠮᠦᠰ ᠠᠴᠠ ᠠᠰᠠᠭᠤᠨ ᠰᠤᠷᠠᠭᠯᠠᠬᠤ ᠳᠤ ᠤᠷᠴᠢᠮᠬᠠᠨ ᠪᠤᠯᠳᠠᠯ᠎ᠠ ᠪᠠᠶᠢᠭᠰᠠᠨ ᠬᠡᠬᠦ ᠠᠴᠠ ᠪᠢᠰᠢ ᠴᠤᠬᠤᠮ ᠬᠡᠵᠢᠶ᠎ᠡ ᠶᠠᠭᠠᠬᠢᠵᠦ ᠠᠯᠠᠭ᠎ᠠ ᠪᠤᠯᠤᠭᠰᠠᠨ ᠲᠤᠬᠠᠢ ᠲᠤᠬᠢᠳᠠᠢ ᠬᠠᠷᠢᠭᠤᠯᠳᠠ ᠤᠯᠵᠦ ᠴᠢᠳᠠᠭᠰᠠᠨ ᠦᠭᠡᠢ᠃ ᠬᠠᠷᠢᠨ ᠶᠠᠪᠠᠷᠠᠢ ᠠᠭᠤᠯᠠ ᠶᠢᠨ ᠯᠠᠮᠠ ᠶᠢᠨ ᠮᠦᠷ ᠭᠡᠳᠡᠭ ᠭᠠᠵᠠᠷ ᠲᠤ ᠨᠢᠭᠡᠨ ᠬᠦᠬᠡ ᠬᠠᠳᠠᠨ ᠲᠡᠭᠡᠷ᠎ᠡ ᠬᠦᠮᠦᠨ ᠤ ᠪᠠᠷᠠᠭᠤᠨ ᠲᠠᠯ᠎ᠠ ᠶᠢᠨ ᠬᠦᠯ ᠨᠢᠴᠦᠬᠦᠨ ᠮᠦᠷ ᠲᠠᠢ ᠬᠠᠳᠠ ᠪᠠᠶᠢᠳᠠᠭ ᠭᠡᠨ᠎ᠡ᠃ ᠤᠳᠤ ᠴᠤ ᠭᠡᠰᠡᠨ ᠪᠠᠶᠢᠭ᠎ᠠ ᠶᠤᠮ ᠪᠠᠶᠢᠨ᠎ᠠ᠃ ᠡᠨᠡ ᠨᠢ ᠪᠠᠰᠠ ᠶᠠᠮᠠᠷ ᠰᠠᠶᠢᠬᠠᠨ ᠦᠯᠢᠭᠡᠷ ᠲᠤᠮᠤᠭ ᠲᠠᠢ ᠶᠤᠮ ᠪᠤᠯ︖ ᠡᠳᠡᠭᠡᠷ ᠨᠢ ᠪᠦᠷ ᠬᠤᠭᠤᠷᠤᠨᠳᠦ ᠪᠠᠨ ᠬᠠᠷᠢᠴᠠᠭ᠎ᠠ ᠬᠤᠯᠪᠤᠭ᠎ᠠ ᠲᠠᠢ ᠪᠠᠶᠢᠵᠦ ᠶᠠᠭᠤᠨ ᠮᠠᠭᠠᠳ᠂ ᠬᠡᠵᠢᠶ᠎ᠡ ᠨᠢᠬᠡ ᠡᠳᠦᠷ ᠵᠠᠪ ᠲᠠᠢ ᠪᠤᠯ ᠤᠴᠢᠵᠦ ᠰᠤᠨᠢᠷᠬᠠᠬᠤ ᠶᠤᠮᠰᠠᠨ ᠭᠡᠮᠡᠨ ᠪᠤᠳᠤᠨ ᠠᠮᠵᠢᠵᠦ ᠪᠢᠯᠡ᠃      ᠪᠢᠳᠠ ᠲᠦᠳᠡᠬᠡᠨ ᠵᠠᠭᠤᠷ᠎ᠠ ᠪᠤᠤᠷ᠎ᠠ ᠶᠢᠨ ᠮᠦᠷ ᠢ ᠲᠤᠭᠤᠷᠢᠵᠦ ᠦᠵᠡᠭᠡᠳ ᠪᠠᠷᠠᠯ᠎ᠠ᠃ ᠴᠠᠭ ᠪᠠᠰᠠ ᠨᠡᠯᠢᠶᠡᠳ ᠡᠷᠳᠡ ᠪᠠᠶᠢᠨ᠎ᠠ᠃ ᠶᠡᠷᠤᠨᠢ ᠪᠢᠳᠠᠨ ᠤ ᠡᠳᠦᠷ ᠬᠤᠭᠤᠴᠠᠭ᠎ᠠ ᠪᠠᠴᠢᠮ ᠪᠠᠶᠢᠭᠰᠠᠨ ᠲᠤᠯᠠ ᠴᠠᠭ ᠢ ᠵᠢᠭᠠᠬᠠᠨ ᠴᠤ ᠲᠠᠯᠠᠭᠠᠷ ᠦᠩᠭᠡᠷᠡᠭᠡᠬᠦ ᠶᠢ ᠬᠡᠨ ᠨᠢ ᠴᠤ ᠪᠤᠳᠤᠬᠤ ᠦᠭᠡᠢ ᠪᠠᠶᠢᠵᠦ ᠲᠠᠭᠠᠷᠠᠨ᠎ᠠ᠃ ᠲᠡᠭᠡᠭᠡᠳ ᠵᠢᠭᠳᠡ ᠶᠢᠨ ᠭᠤᠤᠯ ᠳᠤ ᠶᠠᠪᠤᠶ᠎ᠠ ᠭᠡᠮᠡᠨ ᠪᠢᠳᠠ ᠰᠡᠳᠬᠢᠯ ᠨᠢᠭᠡᠳᠦᠯ᠎ᠡ᠃ ᠰᠤ᠋ ᠮᠦᠩᠬᠦᠨ ᠠᠭᠤᠯᠠᠨ ᠠᠴᠠ ᠮᠠᠯ ᠢᠶᠠᠨ ᠬᠤᠷᠢᠶᠠᠬᠤ ᠪᠠᠷ ᠶᠠᠪᠤᠬᠤ ᠠᠵᠢᠯ ᠲᠠᠢ ᠪᠠᠶᠢᠭᠰᠠᠨ ᠲᠤᠯᠠ ᠲᠡᠬᠦᠨ ᠢ ᠭᠤᠶᠤᠵᠦ ᠵᠠᠮᠴᠢᠯᠠᠭᠤᠯᠤᠶ᠎ᠡ ᠭᠡᠵᠦ ᠪᠤᠳᠤᠵᠦ ᠪᠠᠶᠢᠭᠰᠠᠨ ᠴᠣ᠋ ᠠᠮᠠ ᠨᠡᠭᠡᠭᠡᠵᠦ ᠴᠢᠳᠠᠭᠰᠠᠨ ᠦᠭᠡᠢ᠂ ᠰᠤ᠋ ᠳ᠋ᠢᠶᠠᠨ ᠰᠢᠶᠠᠩ ᠨᠠᠰᠤᠳᠠᠨ ᠢᠶᠠᠷ ᠵᠠᠮ ᠵᠢᠭᠠᠯᠭᠠᠵᠦ ᠠᠪᠤᠭᠠᠳ  ᠬᠦᠳᠡᠯᠴᠡᠭᠡᠯ᠎ᠡ᠃      ᠵᠢᠭᠳᠡ ᠶᠢᠨ ᠭᠤᠤᠯ ᠤᠨ ᠠᠮᠠᠨ ᠳᠤ ᠡᠷᠳᠡᠨ ᠤ ᠰᠢᠪᠡᠭᠡ ᠴᠤᠨᠵᠢ ᠲᠠᠢ᠂ ᠭᠤᠤᠯ ᠤᠨ ᠠᠮᠠ ᠪᠠᠷ ᠪᠤᠯᠠᠭ ᠭᠤᠷᠴᠢᠬᠢᠨᠠᠨ ᠤᠷᠤᠰᠴᠤ ᠮᠡᠯᠡᠬᠡᠢ ᠭᠤᠸᠠᠭᠯᠠᠵᠦ ᠰᠤᠨᠤᠰᠤᠳᠠᠨ᠎ᠠ᠃ ᠪᠢᠳᠠ ᠲᠡᠷᠭᠡ ᠪᠠᠷ ᠭᠤᠤᠯ ᠦᠭᠰᠦᠵᠦ ᠲᠡᠮᠡᠢ ᠶᠠᠪᠤᠯ ᠦᠭᠡᠢ ᠲᠡᠷᠭᠡ ᠪᠠᠨ ᠤᠷᠬᠢᠭᠠᠳ ᠶᠠᠪᠠᠭᠠᠨ ᠶᠠᠪᠤᠬᠤ ᠪᠤᠯᠤᠯ᠎ᠠ᠃ ᠡᠨᠡ ᠭᠤᠤᠯ ᠤᠨ ᠠᠭᠤᠯᠠ ᠬᠠᠳᠠ ᠰᠦᠷᠯᠢᠭ ᠂ ᠡᠭᠴᠡ ᠠᠰᠬ᠎ᠠ᠂ ᠪᠤᠯᠠᠭ ᠭᠤᠷᠤᠬ᠎ᠠ ᠭᠤᠷᠴᠢᠬᠢᠨᠠᠨ ᠤᠷᠤᠰᠤᠭᠠᠳ ᠬᠠᠪᠤᠷ ᠤᠨ ᠤᠷᠢᠨ ᠲᠤᠯᠠᠭᠠᠨ ᠳᠤ ᠰᠢᠷᠢᠬᠢ ᠡᠪᠡᠰᠦ ᠡᠬᠢᠯᠡᠨ ᠨᠤᠭᠤᠭᠠᠷᠠᠵᠦ ᠬᠠᠳᠠᠭᠤ ᠬᠠᠷ᠎ᠠ ᠴᠡᠴᠡᠭᠯᠡᠭᠡᠳ ᠭᠤᠶᠢᠳᠠ ᠰᠠᠶᠢᠬᠠᠨ ᠦᠩᠭᠡ ᠦᠵᠡᠮᠵᠢ ᠶᠢ ᠪᠦᠷᠢᠯᠳᠦᠬᠦᠯᠵᠡᠢ᠃ ᠬᠠᠶᠠ ᠬᠠᠶᠠ ᠬᠡᠳᠦ ᠬᠡᠳᠦᠨ ᠦᠭᠡᠷ ᠢᠳᠡᠰᠢᠯᠡᠵᠦ᠂ ᠠᠷᠭᠠᠯᠢ ᠤᠭᠠᠯᠵᠠ ᠶᠢᠨ ᠮᠦᠷ ᠲᠤᠬᠢᠶᠠᠵᠦ᠂ ᠭᠤᠤᠯ ᠤᠨ ᠲᠤᠮᠳᠠ ᠬᠡᠰᠡᠭ ᠠᠴᠠ ᠬᠤᠶᠢᠰᠢ ᠲᠠᠷᠢᠶᠠᠯᠠᠩ ᠡᠷᠬᠢᠯᠡᠵᠦ ᠪᠠᠶᠢᠭᠰᠠᠨ ᠪᠤᠯᠤᠯᠳᠠᠢ ᠭᠡᠳᠦᠨ ᠲᠠᠰᠤᠯᠭ᠎ᠠ ᠭᠡᠷ ᠪᠠᠶᠢᠰᠢᠩ᠂  ᠪᠦᠭᠡᠮ ᠮᠤᠳᠤ ᠤᠯᠢᠶᠠᠰᠤ ᠬᠠᠷᠠᠭᠳᠠᠨ᠎ᠠ᠃ ᠲᠠᠷᠢᠶᠠᠯᠠᠩ ᠤᠨ ᠭᠠᠵᠠᠷ ᠨᠢ ᠠᠳᠠᠷᠰᠢᠭᠠᠳ ᠤᠳᠠᠭᠠᠨ ᠵᠢᠯ ᠲᠠᠷᠢᠶ᠎ᠠ ᠲᠠᠷᠢᠭᠰᠠᠨ ᠦᠭᠡᠢ ᠨᠢ ᠢᠯᠡᠬᠡᠨ ᠪᠠᠶᠢᠯ᠎ᠠ᠃ ᠠᠳᠡ ᠠᠴᠠ ᠬᠤᠶᠢᠰᠢ ᠪᠠᠰᠠ ᠨᠡᠯᠢᠶᠡᠳ ᠶᠠᠪᠤᠬᠤ ᠳᠤ ᠡᠯᠡᠰᠦᠷᠭᠡᠭ ᠲᠤᠪᠤᠴᠠᠭ᠂ ᠡᠯᠡᠰᠤᠨ ᠬᠦᠳᠦᠯ ᠲᠤᠬᠢᠶᠠᠯᠳᠤᠨ᠎ᠠ ᠠᠵᠢ᠃ ᠪᠢᠳᠠ ᠵᠠᠮ ᠲᠠᠭᠠᠤ ᠵᠢᠷᠤᠭ ᠰᠡᠬᠦᠳᠡᠷ ᠠᠪᠴᠦ ᠵᠤᠭᠤᠭ ᠲᠡᠯᠭᠡᠨ ᠨᠢᠭᠡᠨᠳᠡ ᠠᠷᠪᠠᠨ ᠬᠡᠳᠦᠨ ᠤ ᠭᠠᠵᠠᠷ ᠠᠯᠬᠤᠵᠦ᠂ ᠠᠭᠤᠯᠠᠨ ᠤ ᠠᠷᠤ ᠤᠶᠢᠷᠠᠳᠤᠭᠰᠠᠨ ᠨᠢ ᠭᠠᠵᠠᠷ ᠤᠨ ᠪᠠᠶᠢᠴᠠ ᠠᠴᠠ ᠮᠡᠳᠡᠭᠳᠡᠨ᠎ᠡ᠃ ᠮᠦᠨ ᠡᠨᠡᠤᠬᠡᠨ ᠳᠤ ᠯᠠ ᠭᠠᠷ ᠤᠨ ᠠᠯᠠᠭᠠᠨ ᠤᠷᠤᠮ ᠲᠠᠢ ᠬᠠᠳᠠᠨ ᠵᠢᠷᠤᠭ ᠪᠠᠶᠢᠭ᠎ᠠ ᠭᠡᠰᠡᠨ᠂ ᠪᠢᠳᠠ ᠪᠤᠳᠠᠷᠠᠨ ᠬᠠᠶᠢᠵᠦ ᠡᠷᠢᠭᠰᠡᠨ ᠪᠤᠯᠪᠠᠴᠤ ᠤᠯᠤᠭᠰᠠᠨ ᠦᠭᠡᠢ᠂ ᠶᠠᠳᠠᠷᠠᠬᠤ ᠶᠢᠨ ᠲᠤᠶᠢᠯ ᠳᠤ ᠬᠦᠷᠴᠡᠢ᠃ ᠨᠠᠷᠠ ᠠᠭᠤᠯᠠᠨ ᠴᠠᠭᠠᠭᠤᠷ ᠲᠠᠯᠳᠠᠷᠠᠭᠠᠳ ᠤᠷᠤᠢ ᠶᠢᠨ ᠰᠡᠷᠢᠬᠦᠨ ᠵᠢᠪᠠᠷ ᠤᠯᠢᠶᠡᠵᠦ ᠡᠬᠢᠯᠡᠪᠡ᠃ ᠬᠤᠷᠳᠤᠬᠠᠨ ᠪᠤᠴᠠᠬᠤ ᠦᠭᠡᠢ ᠪᠤᠯ ᠨᠡᠭᠡᠷᠡᠨ ᠬᠦᠳᠡᠭᠡ ᠬᠤᠨᠤᠬᠤ ᠮᠠᠭᠠᠳ᠃ ᠭᠠᠷᠬᠤ ᠳᠤ ᠰᠤ᠋ ᠮᠦᠩᠬᠦᠨ ᠤ ᠬᠡᠯᠡᠵᠦ ᠪᠠᠶᠢᠭᠰᠠᠨ ᠰᠢᠭ᠋ ︽ᠲᠠᠨᠠᠷ ᠬᠦᠷᠴᠦ ᠴᠢᠳᠠᠬᠤ ᠦᠭᠡᠢ ᠪᠤᠴᠠᠭᠠᠳ ᠢᠷᠡᠬᠦ ᠪᠠᠶᠢᠬ᠎ᠠ︾ ᠭᠡᠰᠡᠨ ᠦᠭᠡ ᠭᠡᠨᠡᠳᠳᠡ ᠪᠤᠳᠤᠯ ᠳᠤ ᠤᠷᠤᠨ᠎ᠠ᠃      ᠪᠢᠳᠠ ᠶᠠᠳᠠᠷᠠᠵᠦ ᠲᠤᠶᠢᠯᠳᠠᠬᠤ᠂ ᠦᠯᠦᠰᠴᠦ ᠤᠮᠳᠠᠭᠠᠰᠬᠤ ᠶᠢᠨ ᠡᠷᠬᠡ ᠪᠠᠷ ᠲᠠᠷᠢᠶᠠᠯᠠᠩ ᠤᠨ ᠡᠵᠡᠬᠦᠢ ᠪᠠᠶᠢᠰᠢᠩ ᠳᠤ ᠤᠷᠤᠵᠦ ᠲᠦᠷ ᠠᠮᠠᠰᠬᠢᠪᠠ᠃ ᠭᠡᠷ ᠲᠤᠳᠤᠷ᠎ᠠ ᠠᠮᠠᠷᠠᠵᠦ ᠬᠡᠪᠳᠡᠬᠦ ᠤᠷᠤ ᠲᠡᠪᠢᠰᠭᠡᠷ ᠲᠠᠢ᠂ ᠠᠶᠠᠭ᠎ᠠ ᠲᠤᠭᠤᠭ᠎ᠠ᠂ ᠭᠠᠯ ᠵᠤᠤᠬ᠎ᠠ ᠲᠠᠢ᠂ ᠲᠠᠭᠠᠷᠴᠤᠭ ᠲᠠᠢ ᠲᠤᠳᠤᠷᠭ᠎ᠠ ᠲᠠᠯᠪᠢᠭᠠᠳᠠᠢ ᠪᠠᠶᠢᠪᠠ᠃ ᠪᠠᠷᠤᠭ ᠠᠳᠤᠭᠤ ᠮᠠᠯ ᠬᠠᠶᠢᠭᠰᠠᠨ ᠡᠷᠢᠯ ᠤᠨ ᠬᠦᠮᠦᠰ ᠲᠦᠷ ᠠᠮᠠᠷᠠᠭᠠᠳ ᠭᠠᠷᠳᠠᠭ ᠭᠠᠵᠠᠷ ᠪᠤᠯᠤᠯᠳᠠᠢ᠂ ᠡᠰᠡᠬᠦᠯ᠎ᠡ ᠤᠳᠤᠷ ᠨᠡᠬᠦᠳᠡᠯ ᠢᠶᠠᠷ ᠢᠷᠡᠭᠡᠳ ᠰᠠᠭᠤᠳᠠᠭ ᠴᠤ ᠪᠤᠯᠪᠠᠤ︖ ᠡᠬᠦᠳᠡ ᠶᠢ ᠨᠢ ᠰᠢᠭᠤᠳ ᠲᠡᠮᠤᠷ ᠤᠳᠠᠰᠤ ᠪᠠᠷ ᠲᠡᠪᠬᠡᠯᠡᠵᠡᠢ᠃ ᠪᠢᠳᠠ ᠠᠳᠡ ᠠᠴᠠ ᠬᠡᠰᠡᠭ ᠮᠦᠰᠦᠨ ᠰᠢᠬᠢᠷ ᠤᠯᠵᠦ ᠬᠦᠯᠬᠦᠭᠡᠳ ᠦᠷᠬᠦᠯᠵᠢᠯᠡᠨ ᠵᠠᠮ ᠢᠶᠠᠨ ᠬᠦᠭᠡᠭᠡᠪᠡ᠃ ᠨᠢᠭᠡᠨᠳᠡ ᠬᠠᠷᠠᠩᠭᠤᠢ ᠪᠤᠯᠤᠭᠰᠠᠨ ᠪᠤᠯᠬᠤᠷ ᠵᠠᠷᠢᠮ ᠪᠠᠷᠳᠠᠭ᠎ᠠ ᠲᠠᠢ ᠭᠠᠵᠠᠷ ᠲᠤ ᠭᠠᠷ ᠤᠳᠠᠰᠤ ᠪᠠᠨ ᠠᠰᠠᠭᠠᠨ ᠬᠡᠷᠡᠯᠳᠦᠬᠦᠯᠵᠦ ᠪᠠᠶᠢᠮᠠᠨ ᠰᠠᠶ᠋ᠢ ᠲᠡᠷᠭᠡᠨ ᠤ ᠪᠠᠨ ᠬᠠᠵᠠᠭᠤ ᠳᠤ ᠢᠷᠡᠵᠦ ᠬᠦᠨ ᠭᠡᠭᠴᠢ ᠠᠮᠢᠰᠬᠤᠭ᠎ᠠ ᠠᠪᠵᠠᠭᠠᠯ᠎ᠠ᠃      ᠪᠢᠳᠠᠨ ᠢ ᠰᠦᠨᠢ ᠶᠢᠨ ᠠᠷᠪᠠᠨ ᠨᠢᠭᠡᠨ ᠴᠠᠭ ᠤᠨ ᠦᠶ᠎ᠡ ᠪᠠᠷ ᠬᠦᠷᠮᠡᠳᠦ ᠶᠢᠨ ᠰᠦᠮ᠎ᠡ ᠳᠤ ᠢᠷᠡᠵᠦ ᠰᠤ᠋ ᠳ᠋ᠢᠶᠠᠨ ᠰᠢᠶᠠᠩ ᠨᠠᠰᠤᠳᠠᠨ ᠤ ᠳᠤ ᠤᠴᠢᠬᠤ ᠳᠤ ᠨᠠᠰᠤᠳᠠᠨ ᠭᠤᠸᠠᠢ ᠦᠬᠢᠨ᠂ ᠤᠮᠪᠤᠯᠤ ᠲᠠᠢ ᠪᠠᠨ ᠭᠤᠷᠪᠠᠭᠤᠯᠠ ᠪᠢᠳᠠᠨ ᠳᠤ ᠬᠤᠭᠤᠯᠠ ᠪᠡᠯᠡᠳᠦᠭᠡᠳ ᠬᠦᠯᠢᠶᠡᠵᠦ ᠪᠠᠶᠢᠯ᠎ᠠ᠃ ᠪᠢᠳᠠᠨ ᠤ ᠶᠠᠪᠤᠵᠦ ᠰᠠᠭᠤᠭᠰᠠᠨ ᠦᠩᠭᠡᠷᠡᠯᠳᠡ ᠶᠢ ᠰᠤᠨᠤᠰᠤᠭᠠᠳ᠄ ︽ᠲᠠᠨᠠᠷ ᠴᠢᠨᠢ ᠠᠭᠤᠯᠠᠨ ᠳᠤ ᠬᠠᠩᠬᠢ ᠶᠠᠪᠤᠵᠦ ᠴᠢᠳᠠᠬᠤ ᠶᠤᠮ ᠪᠠᠶᠢᠨ᠎ᠠ᠂ ᠤᠯᠠᠭᠠᠨ ᠬᠤᠷᠤᠭ᠎ᠠ ᠎ ᠳᠤ ᠪᠠᠷᠤᠭ ᠭᠠᠷᠴᠢᠬᠤ ᠪᠠᠶᠢᠬ᠎ᠠ︾ ᠭᠡᠰᠡᠨ ᠦᠭᠡ ᠨᠢ ᠪᠢᠳᠠᠨ ᠤ ᠦᠨᠦᠳᠦᠷ ᠤᠨ ᠵᠤᠷᠢᠯᠭ᠎ᠠ ᠳᠠᠭᠠᠨ ᠬᠦᠷᠴᠦ ᠴᠢᠳᠠᠭ᠎ᠠ ᠦᠭᠡᠢ ᠬᠤᠭᠤᠰᠤᠨ ᠪᠤᠴᠠᠵᠦ ᠢᠷᠡᠭᠰᠡᠨ ᠰᠡᠳᠬᠢᠯ ᠳᠤ ᠶᠡᠬᠡᠬᠡᠨ ᠲᠠᠶᠢᠳᠬᠤᠷᠠᠯ ᠪᠤᠯᠵᠦ ᠪᠠᠶᠢᠪᠠ᠃ ᠵᠤᠭᠤᠭᠳᠠᠬᠤ ᠲᠤᠮᠳᠠ ᠵᠢᠭᠳᠡ ᠶᠢᠨ ᠭᠤᠤᠯ ᠳᠤ ᠪᠠᠰᠠ ᠴᠢᠨ᠋ᠸ᠎ᠠ ᠶᠢᠨ ᠬᠡᠶᠢᠰᠭᠡᠯ ᠭᠡᠮᠡᠬᠦ ᠭᠠᠵᠠᠷ᠂ ᠡᠷᠡᠭᠳᠡᠢ ᠬᠦᠮᠦᠨ ᠤ ᠲᠤᠯᠤᠭᠠᠢ ᠶᠢᠨ ᠲᠦᠷᠰᠦ ᠲᠠᠢ ᠬᠠᠳᠠ ᠪᠠᠶᠢᠳᠠᠭ ᠭᠡᠰᠡᠨ ᠢ ᠠᠩᠬ᠎ᠠ ᠰᠤᠨᠤᠰᠴᠦ ᠤᠯᠵᠦ ᠮᠡᠳᠡᠯ ᠦᠭᠡᠢ ᠬᠠᠵᠠᠭᠤ ᠪᠠᠷ ᠎ ᠨᠢ ᠦᠩᠭᠡᠷᠡᠭᠰᠡᠨ ᠳᠡᠭᠡᠨ ᠶᠡᠭᠡ ᠯᠡ ᠬᠠᠷᠠᠮᠰᠠᠯ ᠪᠤᠯᠵᠦ ᠪᠢᠯᠡ᠃ ᠭᠡᠪᠡᠴᠦ ᠶᠠᠭᠠᠬᠢᠮᠠᠢ᠂ ᠬᠡᠵᠢᠶ᠎ᠡ ᠨᠢᠭᠡᠨ ᠡᠳᠦᠷ ᠲᠠᠬᠢᠨ ᠢᠷᠡᠵᠦ ᠦᠵᠡᠨ᠎ᠡ ᠳ᠋ᠠ᠃   ᠡᠨᠡ ᠨᠢᠭᠡᠨ ᠡᠳᠦᠷ ᠢᠩᠬᠢᠭᠡᠳ ᠦᠩᠭᠡᠷᠡᠪᠡ᠃ ᠮᠠᠷᠭᠠᠰᠢ ᠶᠢᠨ ᠠᠶᠠᠨ ᠪᠠᠰᠠ ᠬᠤᠯᠠ ᠪᠠᠶᠢᠭᠰᠠᠭᠠᠷ ᠁ ᠪᠢᠳᠠ ᠰᠦᠮ᠎ᠡ ᠶᠢᠨ ᠵᠢᠰᠠ ᠶᠢᠨ ᠭᠡᠷ ᠲᠤ ᠠᠭᠤᠵᠢᠭᠤᠬᠠᠨ ᠬᠤᠨᠤᠭᠯᠠᠯ᠎ᠠ᠃     ᠵᠢᠭᠳᠡ ᠶᠢᠨ ᠭᠤᠤᠯ ᠤᠨ ᠦᠵᠡᠮᠵᠢ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号