ᠪᠠᠭᠤᠬᠤ ᠶᠢᠨ ᠭᠤᠤᠯ ᠤᠨ ᠬᠤᠳᠠ ᠶᠢᠨ ᠪᠠᠭᠤᠷᠢ
ᠨᠡᠶᠢᠲᠡᠯᠡᠭᠰᠡᠨ ᠴᠠᠭ᠄
2022/6/1
             ᠴ᠊ · ᠰᠤᠳᠤᠨ        ᠲᠠᠪᠰᠢᠯᠳᠤ                  ᠠᠯᠠᠱᠠ ᠪᠠᠷᠭᠠᠤᠨ ᠬᠤᠰᠢᠭᠤᠨ ᠤ ᠶᠠᠪᠠᠷᠠᠢ ᠠᠭᠤᠯᠠ ᠶᠢᠨ ᠡᠮᠤᠨ᠎ᠡ ᠡᠩᠭᠡᠷ ᠲᠤ ᠨᠢᠭᠡᠨ ᠡᠷᠳᠡᠨ ᠤ ᠴᠡᠷᠢᠭ ᠲᠠᠶᠢᠨ ᠤ ᠬᠠᠯᠬᠠᠪᠴᠢ ᠬᠤᠸᠠᠷᠠᠨ ︵ᠬᠤᠳᠠ ᠶᠢᠨ ᠪᠠᠭᠤᠷᠢ︶ ᠪᠠᠶᠢᠳᠠᠭ᠃
                   4 ᠰᠠᠷ᠎ᠠ ᠶᠢᠨ 5᠎ ᠤ ᠡᠳᠦᠷ᠂ ᠨᠠᠷᠠ ᠲᠤᠨᠤᠷᠠᠵᠦ ᠨᠠᠮᠤᠭᠤᠬᠠᠨ ᠡᠳᠦᠷ ᠪᠤᠯᠤᠯ᠎ᠠ᠃ ᠮᠠᠨ ᠤ ᠠᠶᠠᠨ ᠤ ᠪᠦᠯᠬᠦᠮ ᠤᠨ ᠬᠢᠨ ᠶᠠᠪᠠᠷᠠᠢ ᠠᠭᠤᠯᠠ ᠶᠢᠨ ᠡᠮᠤᠨ᠎ᠡ ᠡᠩᠭᠡᠷ ᠢ ᠲᠠᠭᠠᠵᠦ ᠰᠤᠨᠤᠯᠵᠠᠭᠰᠠᠨ ᠲᠤᠰᠤᠨ ᠵᠠᠮ ᠢᠶᠠᠷ ᠬᠤᠷᠳᠤ ᠨᠡᠮᠡᠨ ᠲᠠᠪᠬᠢᠭᠤᠯᠤᠯ᠎ᠠ᠃ ᠦᠨᠳᠦᠷ ᠰᠦᠷᠯᠢᠭ᠂ ᠪᠡᠷᠬᠡ ᠪᠠᠷᠳᠠᠭ᠎ᠠ ᠲᠠᠢ ᠶᠠᠪᠠᠷᠠᠢ ᠠᠭᠤᠯᠠ ᠵᠡᠬᠦᠨ ᠬᠤᠶᠢᠨ᠎ᠠ ᠠᠴᠠ ᠪᠠᠷᠠᠭᠤᠨ ᠡᠮᠤᠨᠡᠰᠢ ᠬᠦᠨᠳᠡᠯᠢᠰᠴᠦ᠂ ᠠᠯᠤᠰ ᠠᠴᠠ ᠪᠠᠷᠠᠯᠠᠬᠤ ᠳᠤ ᠠᠭᠤᠯᠠᠨ ᠤᠷᠤᠢ ᠳᠠᠬᠢ ᠡᠷᠪᠡᠩ ᠰᠡᠷᠪᠡᠩ ᠬᠠᠳᠠᠳ ᠨᠢ ᠶᠠᠭ ᠯᠠ ᠠᠷᠭᠠᠯᠢ ᠵᠤᠭᠰᠤᠵᠦ ᠪᠠᠶᠢᠭ᠎ᠠ ᠴᠣ᠋ ᠶᠤᠮ ᠤᠤ ᠭᠡᠮᠡᠷᠬᠡᠨ ᠬᠠᠷᠠᠭᠳᠠᠭᠠᠳ ᠨᠡᠭᠡᠷᠡᠨ ᠭᠤᠪᠢ ᠨᠤᠳᠤᠭ ᠤᠨ ᠦᠩᠭᠡ ᠦᠵᠡᠮᠵᠢ ᠶᠢ ᠭᠠᠶᠢᠬᠠᠭᠤᠯᠤᠨ᠎ᠠ ᠠᠵᠢ᠃ ᠪᠢᠳᠠ ᠨᠠᠷᠠ ᠠᠭᠤᠯᠠᠨ ᠲᠤᠯᠤᠭᠠᠢ ᠲᠠᠰᠢᠬᠤ ᠶᠢᠨ ᠠᠯᠳᠠ ᠪᠠᠷ ᠪᠠᠭᠤᠬᠤ ᠶᠢᠨ ᠭᠤᠤᠯ ︵ᠵᠠᠷᠢᠮ ᠨᠤᠮ ᠳᠤ ᠪᠠᠰᠠ ᠪᠤᠬ᠎ᠠ ᠶᠢᠨ ᠭᠤᠣᠯ᠂ ᠪᠤᠶᠢᠬ᠎ᠠ ᠶᠢᠨ ᠭᠤᠣᠯ ᠭᠡᠮᠡᠨ ᠠᠳᠠᠯᠢ ᠪᠤᠰᠤ ᠪᠠᠷ ᠪᠢᠴᠢᠵᠦ ᠪᠤᠢ︶᠎ ᠤᠨ ᠠᠮᠠᠨ ᠳᠤ ᠬᠦᠷᠴᠦ ᠢᠷᠡᠯ᠎ᠡ᠃ ᠠᠳᠡ ᠨᠢᠭᠡᠨ ᠡᠷᠳᠡᠨ ᠤ ᠬᠤᠳᠠ ᠶᠢᠨ ᠪᠠᠭᠤᠷᠢ ᠪᠠᠶᠢᠳᠠᠭ ᠭᠡᠨ᠎ᠡ᠃ ᠵᠠᠮ ᠲᠠᠭᠠᠷᠠᠭᠰᠠᠨ ᠶᠤᠮ ᠴᠢᠨᠢ ᠦᠵᠡᠭᠡᠳ ᠯᠡ ᠭᠠᠳᠤᠯᠤᠶ᠎ᠠ ᠭᠡᠮᠡᠨ ᠰᠠᠨᠠᠭ᠎ᠠ ᠨᠢᠭᠡᠳᠴᠦ ᠪᠠᠭᠤᠬᠤ ᠶᠢᠨ ᠭᠤᠤᠯ ᠤᠨ ᠠᠮᠠ ᠶᠢ ᠵᠤᠷᠢᠭᠰᠠᠨ ᠨᠢ ᠡᠨᠡ ᠪᠢᠯᠡ᠃        ᠨᠡᠭᠡᠷᠡᠨ ᠪᠠᠭᠤᠬᠤ ᠶᠢᠨ ᠭᠤᠤᠯ ᠤᠨ ᠠᠮᠠ ᠶᠢᠨ ᠵᠡᠬᠦᠨ ᠡᠷᠬᠢ ᠲᠡᠭᠡᠷ᠎ᠡ ᠬᠠᠳᠠ ᠴᠢᠯᠠᠭᠤ ᠤᠪᠤᠭᠠᠷᠠᠵᠦ ᠬᠠᠷᠠᠭᠳᠠᠨ᠎ᠠ᠃ ᠡᠨᠡ ᠪᠤᠯ ᠡᠷᠳᠡᠨ ᠤ ᠬᠤᠳᠠ ᠶᠢᠨ ᠪᠠᠭᠤᠷᠢ ᠪᠤᠯᠤᠨ᠎ᠠ᠃ ᠤᠨ ᠵᠢᠯ ᠤᠨ ᠤᠳᠠᠭᠠᠨ ᠳᠤ ᠨᠤᠷᠠᠵᠦ ᠡᠪᠳᠡᠭᠳᠡᠭᠡᠳ ᠤᠪᠤᠭᠠᠷᠠᠭᠰᠠᠨ ᠬᠠᠳᠠ ᠲᠡᠳᠦᠢ ᠪᠤᠯᠤᠭᠰᠠᠨ ᠪᠤᠯᠪᠠᠴᠦ ᠦᠨᠳᠦᠷ ᠭᠠᠵᠠᠷ ᠲᠡᠭᠡᠷ᠎ᠡ ᠠᠴᠠ ᠬᠠᠷᠠᠬᠤ ᠳᠤ ᠡᠮᠬᠢ ᠴᠡᠭᠴᠡ ᠲᠠᠢ ᠨᠢᠭᠡᠨ ᠬᠤᠳᠠ ᠶᠢᠨ ᠪᠠᠭᠤᠷᠢ ᠪᠤᠯᠬᠤ ᠨᠢ ᠨᠢᠳᠤᠨ ᠳᠤ ᠢᠯᠡ ᠲᠤᠳᠤᠷᠠᠨ᠎ᠠ᠃ ︽ᠡᠨᠡ ᠪᠤᠯ ᠡᠷᠳᠡᠨ ᠤ ᠴᠡᠷᠢᠭ ᠲᠠᠶᠢᠨ ᠤ ᠬᠠᠯᠬᠠᠪᠴᠢ ᠬᠤᠸᠠᠷᠠᠨ ᠪᠤᠯᠤᠨ᠎ᠠ︾ ᠭᠡᠵᠦ ᠰᠤᠳᠤᠯᠤᠭᠴᠢ ᠰᠠᠩᠴᠢ ᠴᠤᠭᠳᠤ ᠪᠠᠭᠰᠢ ᠪᠢᠳᠠᠨ ᠳᠤ ᠲᠠᠶᠢᠯᠪᠤᠷᠢᠯᠠᠨ ᠶᠠᠷᠢᠵᠦ ᠪᠠᠶᠢᠪᠠ᠃ ᠪᠠᠭᠤᠷᠢ ᠶᠢᠨ ᠵᠡᠬᠦᠨ ᠲᠠᠯ᠎ᠠ ᠶᠢᠨ ᠲᠡᠨᠵᠢ ᠭᠠᠵᠠᠷ ᠲᠤ ᠲᠠᠷᠢᠶᠠᠨ ᠲᠠᠭ ᠭᠠᠷᠭᠠᠵᠦ ᠪᠠᠶᠢᠭᠰᠠᠨ ᠪᠤᠯᠤᠯᠳᠠᠢ ᠬᠠᠳᠠ ᠴᠢᠯᠠᠭᠤ ᠶᠢ ᠰᠢᠯᠵᠢᠬᠦᠯᠦᠨ ᠲᠦᠷᠪᠡᠯᠵᠢᠯᠡᠭᠰᠡᠨ ᠤᠷᠤᠮ ᠮᠠᠭᠤᠬᠠᠨ ᠮᠡᠳᠡᠭᠳᠡᠨ᠎ᠡ᠃ ᠮᠦᠨ ᠪᠠᠭᠤᠬᠤ ᠶᠢᠨ ᠭᠤᠤᠯ ᠤᠨ ᠠᠮᠠᠨ ᠠᠴᠠ ᠤᠰᠤᠨ ᠰᠤᠪᠠᠭ ᠲᠠᠳᠠᠵᠦ ᠡᠨᠡᠬᠦ ᠲᠦᠷᠪᠡᠯᠵᠢᠯᠡᠭᠰᠡᠨ ᠤᠷᠤᠮ ᠲᠠᠢ ᠭᠠᠵᠠᠷ ᠲᠠᠢ ᠵᠠᠯᠭᠠᠭᠰᠠᠨ ᠪᠠᠶᠢᠯ᠎ᠠ᠃ ᠪᠠᠷᠤᠭ ᠪᠠᠭᠤᠬᠤ ᠶᠢᠨ ᠭᠤᠤᠯ ᠤᠨ ᠤᠰᠤ ᠶᠢ ᠡᠨᠡ ᠰᠤᠪᠠᠭ ᠢᠶᠠᠷ ᠲᠠᠳᠠᠨ ᠲᠠᠷᠢᠶ᠎ᠠ ᠲᠠᠷᠢᠵᠦ ᠪᠠᠶᠢᠭᠰᠠᠨ ᠪᠠᠶᠢᠬ᠎ᠠ᠂ ᠰᠤᠪᠠᠭ ᠢ ᠴᠢᠯᠠᠭᠤ ᠪᠠᠷ ᠬᠠᠰᠢᠭᠰᠠᠨ ᠨᠢ ᠲᠡᠮᠡᠢ ᠨᠤᠷᠠᠵᠦ ᠡᠪᠳᠡᠷᠡᠭᠡ ᠦᠭᠡᠢ ᠪᠠᠶᠢᠬᠤ ᠠᠴᠠ ᠦᠵᠡᠬᠦ ᠳᠤ ᠤᠷᠴᠢᠮ ᠤᠨ ᠦᠶ᠎ᠡ ᠳᠤ ᠰᠡᠯᠪᠢᠨ ᠵᠠᠰᠠᠵᠦ ᠲᠠᠬᠢᠨᠳᠠ ᠠᠰᠢᠭᠯᠠᠵᠦ ᠪᠠᠶᠢᠭᠰᠠᠨ ᠪᠠᠶᠢᠯᠳᠠᠢ᠃        ᠲᠡᠤᠬᠡ ᠮᠠᠲ᠋ᠧᠷᠢᠶᠠᠯ ᠢ ᠡᠷᠬᠢᠬᠦᠯᠵᠦ ᠦᠵᠡᠪᠡᠯ ᠡᠨᠡᠬᠦ ᠡᠷᠳᠡᠨ ᠤ ᠴᠡᠷᠢᠭ ᠲᠠᠶᠢᠨ ᠤ ᠬᠠᠯᠬᠠᠪᠴᠢ ᠬᠤᠸᠠᠷᠠᠨ ᠎ ᠨᠢ ᠬᠠᠨ ᠤᠯᠤᠰ ᠤᠨ ᠦᠶ᠎ᠡ ᠳᠤ ᠪᠠᠶᠢᠭᠤᠯᠤᠭᠳᠠᠵᠦ ᠡᠷᠳᠡᠨ ᠤ ᠴᠡᠷᠢᠭ ᠲᠠᠶᠢᠨ ᠤ ᠪᠠᠬᠢᠯᠡᠯᠳᠡ ᠴᠠᠶᠢᠵᠠ ᠪᠤᠯᠵᠦ ᠪᠠᠶᠢᠭᠰᠠᠨ ᠢᠶᠠᠷ ᠪᠠᠷᠠᠬᠤ ᠦᠭᠡᠢ ᠡᠮᠤᠨᠡᠳᠦ ᠤᠮᠠᠷᠠᠳᠦ ᠲᠦᠷᠦ ᠪᠠ ᠪᠠᠷᠠᠭᠤᠨ ᠰᠢᠶᠠ ᠪᠠᠰᠠ ᠠᠰᠢᠭᠯᠠᠵᠦ ᠪᠠᠶᠢᠭᠰᠠᠨ ᠭᠡᠮᠡᠨ ᠲᠡᠮᠳᠡᠭᠯᠡᠵᠦ ᠪᠤᠢ᠃ ᠪᠠᠭᠤᠷᠢ ᠨᠢ ᠤᠷᠳᠤ ᠲᠥᠷᠪᠡᠯᠵᠢᠨ ᠬᠡᠯᠪᠡᠷᠢ ᠲᠠᠢ᠂ ᠬᠠᠯᠬᠠᠪᠴᠢ ᠬᠡᠷᠡᠮ ᠪᠠ ᠲᠤᠳᠤᠷ᠎ᠠ ᠲᠠᠯ᠎ᠠ ᠶᠢᠨ ᠬᠠᠴᠠᠷ ᠬᠡᠷᠡᠮ ᠬᠤᠶᠠᠷ ᠬᠡᠰᠡᠭ ᠢᠶᠠᠷ ᠪᠦᠷᠢᠯᠳᠦᠵᠦ᠂ ᠨᠤᠷᠠᠵᠦ ᠤᠪᠤᠭᠠᠷᠠᠭᠰᠠᠨ ᠬᠠᠳᠠ ᠶᠢᠨ ᠪᠠᠶᠢᠳᠠᠯ ᠎ ᠠᠴᠠ ᠠᠵᠢᠭᠯᠠᠬᠤ ᠳᠤ ᠬᠠᠯᠬᠠᠪᠴᠢ ᠬᠡᠷᠡᠮ ᠨᠢ ᠥᠨᠳᠤᠷ ᠰᠥᠷᠯᠢᠭ᠂ ᠲᠤᠳᠤᠷ᠎ᠠ ᠲᠠᠯ᠎ᠠ ᠶᠢᠨ ᠬᠠᠴᠠᠷ ᠬᠡᠷᠡᠮ ᠨᠢ ᠬᠠᠷᠢᠴᠠᠩᠭᠤᠢ ᠪᠤᠭᠤᠨᠢ ᠰᠢᠭ᠋᠂ ᠬᠡᠷᠡᠮ ᠢ ᠴᠢᠯᠠᠭᠤ ᠪᠠᠷ ᠪᠠᠷᠢᠵᠤ ᠪᠤᠰᠬᠠᠭᠰᠠᠨ ᠪᠤᠯᠪᠠᠴᠤ ᠤᠨ ᠵᠢᠯ ᠤᠨ ᠤᠳᠠᠭᠠᠨ ᠎ ᠳᠤ ᠨᠢᠬᠡᠨᠳᠡ ᠨᠤᠷᠠᠵᠤ᠂ ᠬᠡᠰᠡᠭ ᠬᠡᠷᠡᠮ ᠤᠨ ᠰᠠᠭᠤᠷᠢ ᠨᠢ ᠤᠤᠯ ᠶᠤᠰᠤᠭᠠᠷ ᠢᠶᠠᠨ ᠬᠠᠳᠠᠭᠠᠯᠠᠭᠳᠠᠵᠤ ᠪᠠᠶᠢᠨ᠎ᠠ᠃ ᠪᠠᠭᠤᠷᠢ ᠶᠢᠨ ᠵᠡᠭᠦᠨ ᠲᠠᠯ᠎ᠠ ᠠᠴᠠ ᠨᠢ ᠠᠵᠢᠭᠯᠠᠪᠠᠯ ᠮᠤᠷᠢ ᠪᠠᠷ ᠬᠤᠳᠠ ᠶᠢᠨ ᠬᠡᠷᠡᠮ ᠢ ᠲᠠᠪᠠᠳᠠᠭ ᠬᠠᠭᠤᠴᠢᠨ ᠵᠠᠮ ᠎ ᠤᠨ ᠤᠷᠤᠮ ᠲᠠᠢ᠂ ᠬᠤᠳᠠ ᠶᠢᠨ ᠬᠡᠷᠡᠮ ᠤᠨ ᠪᠠᠷᠠᠭᠤᠨ ᠬᠤᠶᠢᠳᠤ ᠥᠨᠴᠤᠭ᠌ ᠲᠤᠨᠢ ᠮᠠᠨᠠᠭᠠᠨ ᠤ ᠲᠠᠶᠢᠰᠠ ᠪᠠᠶᠢᠭᠰᠠᠨ ᠎ ᠨᠢ ᠮᠠᠭᠤᠬᠠᠨ ᠮᠡᠳᠡᠭᠳᠡᠨ᠎ᠡ᠃ ᠬᠠᠯᠬᠠᠪᠴᠢ ᠬᠡᠷᠡᠮ ᠤᠨ ᠡᠮᠤᠨ᠎ᠡ ᠬᠡᠷᠡᠮ ᠨᠢ ᠪᠠᠷᠤᠭ 40 ᠮᠧᠲᠷ᠂ ᠬᠤᠶᠢᠳᠤ ᠬᠡᠷᠡᠮ ᠎ ᠨᠢ ᠪᠠᠷᠤᠭ 27 ᠮᠧᠲᠷ᠂ ᠪᠠᠷᠠᠭᠤᠨ ᠬᠡᠷᠡᠮ ᠨᠢ ᠪᠠᠷᠤᠭ 49 ᠮᠧᠲᠷ᠂ ᠵᠡᠭᠦᠨ ᠬᠡᠷᠡᠮ ᠨᠢ ᠪᠠᠷᠤᠭ 32 ᠮᠧᠲᠷ ᠪᠠᠶᠢᠵᠤ᠂ ᠶᠡᠷᠥᠩᠬᠡᠢ ᠲᠠᠯᠠᠪᠠᠢ ᠨᠢ 1500 ᠲᠡᠭᠰᠢ ᠲᠥᠷᠪᠡᠯᠵᠢᠨ ᠮᠧᠲᠷ ᠪᠤᠢ᠃ ᠲᠤᠳᠤᠷ᠎ᠠ ᠲᠠᠯ᠎ᠠ ᠶᠢᠨ ᠬᠠᠴᠠᠷ ᠬᠡᠷᠡᠮ ᠤᠨ ᠬᠡᠯᠪᠡᠷᠢ ᠨᠢ ᠡᠮᠬᠢ ᠵᠠᠮᠪᠠᠷᠠᠭ᠎ᠠ ᠥᠬᠡᠢ ᠪᠠᠶᠢᠷᠢᠰᠢᠵᠤ᠂ ᠮᠥᠨ ᠯᠠ ᠴᠢᠯᠠᠭᠤ ᠪᠠᠷ ᠪᠠᠷᠢᠵᠤ ᠪᠤᠰᠬᠠᠭᠰᠠᠨ ᠪᠤᠯᠪᠠᠴᠤ ᠬᠥᠨᠳᠤ ᠨᠤᠴᠢᠳᠠᠢ ᠨᠤᠷᠠᠵᠤ ᠡᠪᠳᠡᠭᠳᠡᠵᠡᠢ᠃ ᠬᠠᠯᠬᠠᠪᠴᠢ ᠬᠡᠷᠡᠮ ᠤᠨ ᠡᠮᠤᠨ᠎ᠡ ᠬᠡᠰᠡᠭ ᠲᠤ ᠨᠢᠬᠡ ᠡᠭᠦᠳᠡ ᠎ ᠲᠠᠢ᠂ ᠥᠷᠬᠡᠨ ᠨᠢ ᠪᠠᠷᠤᠭ 2 ᠮᠧᠲᠷ ᠠᠵᠢ᠃ ᠬᠤᠳᠠ ᠶᠢᠨ ᠲᠤᠮᠳᠠ ᠬᠡᠰᠡᠭ ᠲᠤ ᠪᠠᠷᠢᠯᠭ᠎ᠠ ᠶᠢᠨ ᠰᠠᠭᠤᠷᠢ ᠪᠠᠶᠢᠵᠤ ᠂ ᠵᠡᠭᠦᠨ ᠬᠡᠷᠡᠮ ᠤᠨ ᠲᠤᠮᠳᠠ ᠬᠡᠰᠡᠭ ᠲᠤ ᠨᠢᠬᠡ ᠡᠭᠦᠳᠡ ᠲᠠᠢ᠃ ᠪᠠᠭᠤᠷᠢ ᠶᠢᠨ ᠭᠠᠳᠠᠨ᠎ᠠ ᠪᠠᠰᠠ ᠴᠢᠯᠠᠭᠤᠨ ᠰᠠᠭᠤᠷᠢ ᠬᠠᠷᠠᠭᠳᠠᠵᠤ ᠪᠤᠢ᠃ ᠬᠤᠳᠠ ᠶᠢᠨ ᠪᠠᠭᠤᠷᠢ ᠲᠡᠬᠡᠷ᠎ᠡ ᠸᠠᠭᠠᠷ ᠤᠨ ᠬᠠᠭᠠᠷᠬᠠᠢ᠂ ᠱᠠᠭᠠᠵᠠᠩ ᠤᠨ ᠬᠠᠭᠠᠷᠬᠠᠢ ᠠᠷᠪᠢᠨ ᠤᠯᠳᠠᠵᠦ᠂ 1987 ᠤᠨ ᠳᠤ ᠠᠯᠠᠱᠠ ᠪᠠᠷᠠᠭᠤᠨ ᠬᠤᠰᠢᠭᠤ ᠨᠢᠬᠡᠳᠤᠬᠡᠷ ᠤᠳᠠᠭ᠎ᠠ ᠶᠢᠨ ᠲᠡᠤᠬᠡᠨ ᠲᠤᠷᠠᠰᠬᠠᠯᠳᠤ ᠵᠥᠢᠯᠡᠰ ᠤᠨ ᠪᠥᠷᠢᠳᠬᠡᠯ ᠬᠢᠭᠦ ᠥᠶᠡᠰ ᠵᠠᠭᠤᠭᠠᠳ ᠠᠳᠠᠯᠢ ᠪᠤᠰᠤ ᠡᠷᠢᠶ᠎ᠡ ᠲᠠᠢ ᠸᠠᠭᠠᠷ᠂ ᠱᠠᠭᠠᠵᠠᠩ ᠤᠨ ᠬᠠᠭᠠᠷᠬᠠᠢ ᠎ ᠶᠢ ᠪᠥᠷᠢᠳᠬᠡᠨ ᠲᠠᠩᠰᠠᠯᠠᠵᠠᠢ᠃ ᠬᠤᠳᠠ ᠶᠢᠨ ᠪᠠᠭᠤᠷᠢ ᠶᠢᠨ ᠤᠶᠢᠷ᠎ᠠ ᠤᠷᠴᠢᠮ ᠳᠤ ᠰᠢᠪᠡᠭᠡ᠂ ᠴᠤᠨᠵᠢ᠂ ᠤᠷᠤᠨ ᠰᠠᠭᠤᠴᠠ ᠶᠢᠨ ᠪᠠᠭᠤᠷᠢ᠂ ᠬᠡᠬᠦᠷ ᠤᠷᠤᠰᠢᠭᠤᠯᠭ᠎ᠠ ᠶᠢᠨ ᠭᠠᠵᠠᠷ ᠪᠠᠶᠢᠳᠠᠭ ᠭᠡᠮᠡᠨ ᠲᠡᠮᠳᠡᠭᠯᠡᠵᠦ ᠪᠤᠢ᠃        2006 ᠤᠨ ᠳᠤ ᠪᠠᠭᠤᠬᠤ ᠶᠢᠨ ᠭᠤᠤᠯ ᠤᠨ ᠬᠤᠳᠠ ᠶᠢᠨ ᠪᠠᠭᠤᠷᠢ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠤᠤᠯᠳᠠᠯᠭ᠎ᠠ ᠲᠠᠢ ᠲᠡᠤᠬᠡ ᠶᠢᠨ ᠲᠤᠷᠠᠰᠬᠠᠯᠳᠦ ᠵᠦᠢᠯᠡᠰ ᠢ ᠬᠠᠮᠠᠭᠠᠯᠠᠬᠤ ᠨᠢᠭᠡᠴᠢ ᠎ ᠪᠠᠷ ᠲᠤᠭᠳᠠᠭᠠᠭᠳᠠᠵᠦ᠂ ᠪᠠᠭᠤᠷᠢ ᠶᠢᠨ ᠬᠠᠵᠠᠭᠤ ᠳᠤ ᠫᠠᠶᠢᠰᠠ ᠶᠢ ᠪᠤᠰᠬᠠᠵᠠᠢ᠃ ᠨᠤᠳᠤᠭ ᠤᠨ ᠬᠦᠮᠦᠰ ᠤᠨ ᠶᠠᠷᠢᠬᠤ ᠎ ᠪᠠᠷ ᠶᠠᠪᠠᠷᠠᠢ ᠠᠭᠤᠯᠠ ᠶᠢᠨ ᠦᠪᠦᠷ ᠪᠡᠯ ᠢᠶᠠᠷ ᠨᠡᠶᠢᠳᠡ ᠲᠦᠴᠢᠭᠡᠳ ᠭᠤᠤᠯ ᠲᠠᠢ᠂ ᠤᠯᠠᠩᠬᠢ ᠭᠤᠤᠯ ᠨᠢ ᠪᠦᠷ ᠤᠰᠤ ᠪᠤᠯᠠᠭ ᠲᠠᠢ ᠪᠦᠭᠡᠳ ᠠᠮᠠᠨ ᠳᠤᠨᠢ ᠡᠷᠳᠡᠨ ᠤ ᠴᠡᠷᠢᠭ ᠲᠠᠶᠢᠨ ᠤ ᠰᠢᠪᠡᠭᠡ ᠴᠠᠶᠢᠵᠠ ᠲᠠᠢ ᠭᠡᠨ᠎ᠡ᠃ ᠡᠬᠦᠨ ᠳᠤ ᠪᠠᠭᠤᠬᠤ ᠶᠢᠨ ᠭᠤᠤᠯ ᠪᠤᠯ ᠡᠷᠳᠡᠨ ᠠᠴᠠ ᠡᠳᠦᠭᠡ ᠪᠤᠯᠳᠠᠯ᠎ᠠ ᠠᠭᠤᠯᠠ ᠶᠢ ᠬᠦᠨᠳᠡᠯᠡᠨ ᠲᠤᠭᠤᠯᠬᠤ ᠴᠢᠬᠤᠯᠠ ᠵᠠᠮ ᠪᠤᠭᠤᠮᠳᠠ ᠪᠤᠯᠤᠭᠰᠠᠭᠠᠷ ᠢᠷᠡᠵᠡᠢ᠃ ᠤᠳᠤ ᠡᠨᠡᠬᠦ ᠭᠤᠤᠯ ᠢᠶᠠᠷ ᠲᠤᠰᠤᠨ ᠵᠠᠮ ᠲᠡᠪᠢᠰᠴᠦ ᠰᠢᠭᠤᠳ ᠰᠢᠯᠢ ᠶᠢᠨ ᠠᠷᠦ ᠳᠤ ᠪᠠᠶᠢᠭ᠎ᠠ ᠡᠯᠳᠡᠮᠵᠢ ᠶᠢᠨ ᠭᠤᠤᠯ ᠳᠤ ᠨᠡᠪᠳᠡᠷᠡᠵᠡᠢ᠃        ᠨᠠᠷᠠ ᠠᠭᠤᠯᠠᠨ ᠤᠷᠤᠢ ᠨᠠᠯᠠᠵᠠᠢ᠃ ᠪᠠᠭᠤᠬᠤ ᠶᠢᠨ ᠭᠤᠤᠯ ᠤᠨ ᠠᠮᠠ ᠪᠠᠷ ᠬᠦᠢᠳᠡᠨ ᠴᠢᠬᠢᠭᠯᠢᠭ ᠵᠢᠪᠠᠷ ᠦᠯᠢᠶᠡᠬᠦ‍ ᠰᠢᠭ᠂ ᠲᠠᠶᠢᠨ ᠤ ᠠᠭᠳᠠ ᠦᠤᠷᠰᠡᠵᠦ ᠴᠡᠷᠢᠭ ᠡᠷᠡᠰ ᠤᠤᠬᠠᠶᠢᠯᠠᠬᠤ ᠰᠢᠭ᠋᠂ ᠬᠦᠮᠦᠨ ᠠᠮᠢᠳᠠᠨ ᠦᠢᠮᠡᠯᠳᠦᠵᠦ ᠵᠢᠳᠠ ᠰᠡᠯᠡᠮ᠎ᠡ ᠬᠠᠷᠬᠢᠯᠳᠤᠨ ᠨᠤᠮᠤ ᠰᠤᠮᠤ ᠱᠤᠤᠬᠢᠬᠤ ᠰᠢᠭ᠋ ᠁ ᠠᠳᠡ ᠴᠤᠬᠤᠮ ᠶᠠᠭᠤ ᠪᠤᠯᠵᠦ ᠦᠩᠭᠡᠷᠡᠭᠰᠡᠨ ᠪᠤᠯ︖        ᠡᠷᠳᠡᠨ ᠤ ᠬᠤᠳᠠ ᠶᠢᠨ ᠪᠠᠭᠤᠷᠢ ᠲᠡᠤᠬᠡ ᠬᠠᠭᠤᠴᠢ ᠬᠦᠤᠷᠨᠢᠭ᠍ᠰᠡᠭᠡᠷ ᠬᠡᠪᠳᠡᠨ᠎ᠡ ᠠᠵᠢ ᠁
                   
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号