ᠪᠤᠳᠤᠭᠤᠨ ᠭᠤᠩᠬᠢᠨᠠᠭ᠎ᠠ ᠲᠠᠢ ᠭᠤᠪᠢ ᠰᠠᠶᠢᠬᠠᠨ
ᠨᠡᠶᠢᠲᠡᠯᠡᠭᠰᠡᠨ ᠴᠠᠭ᠄
2022/6/7
      ᠭᠤᠪᠢ ᠶᠢᠨ ᠠᠶᠢᠯ ᠤᠨ ᠨᠢᠭᠡ ᠡᠳᠦᠷ ᠤᠨ ᠠᠵᠢᠯ ᠪᠤᠳᠤᠭᠤ ᠤᠶᠠᠬᠤ ᠠᠴᠠ ᠡᠬᠢᠯᠡᠯ᠎ᠡ᠃ ᠲᠡᠮᠡᠭᠡᠨ ᠬᠠᠰᠢᠶᠠᠨ ᠎ ᠳᠤ ᠢᠩᠭᠡ ᠨᠦᠭᠦᠳ ᠬᠦᠭᠡᠰᠦ ᠰᠠᠬᠠᠷᠠᠭᠤᠯᠤᠨ ᠪᠤᠳᠤᠭᠤ ᠪᠠᠨ ᠬᠠᠷᠠᠮᠨᠠᠨ ᠪᠤᠶᠢᠯᠠᠬᠤ ᠳᠤ ᠲᠦᠩᠭᠡᠵᠢ ᠬᠤᠷᠸ᠎ᠠ ᠲᠠᠢ ᠲᠠᠨᠢᠯᠴᠠᠵᠦ ᠪᠠᠶᠢᠭ᠎ᠠ ᠨᠢᠯᠬ᠎ᠠ ᠠᠮᠢᠳᠠᠳ ᠶᠠᠭᠤ ᠪᠦᠬᠦᠨ ᠠᠴᠠ ᠰᠦᠷᠳᠡᠨ᠂ ᠪᠠᠰᠠ ᠶᠠᠭᠤ ᠪᠦᠬᠦᠨ ᠳᠤ ᠰᠤᠨᠢᠭᠤᠴᠢᠯᠠᠭᠰᠠᠨ ᠪᠠᠶᠢᠳᠠᠯ ᠲᠠᠢ ᠡᠭᠡ ᠶᠢᠨ ᠢᠶᠠᠨ ᠲᠤᠤᠭᠤᠷ ᠪᠤᠯᠳᠠᠯᠵᠠᠨ᠎ᠠ᠃ ᠭᠠᠷᠤᠭᠠᠳ ᠨᠡᠯᠢᠶᠡᠳ ᠤᠯᠠᠨ ᠬᠤᠨᠤᠭ ᠪᠤᠯᠤᠭᠰᠠᠨ ᠨᠢ ᠬᠤᠩᠰᠢᠶᠠᠷ ᠢᠶᠠᠨ ᠴᠤᠷᠪᠤᠶᠢᠯᠭᠠᠨ ᠠᠭᠤᠷ ᠤᠮᠤᠭ᠂ ᠠᠶᠤᠳᠠᠰ ᠲᠦᠭᠰᠢᠬᠦᠷᠢ ᠶᠢᠨ ᠰᠡᠳᠬᠢᠯᠭᠡ ᠪᠠᠨ ᠢᠯᠡᠷᠬᠡᠶᠢᠯᠡᠬᠦ ᠨᠢ ᠴᠤ ᠬᠦᠬᠡᠷᠦᠬᠦᠨ᠃ ᠲᠡᠭᠡᠬᠦ ᠳᠤ ᠤᠶᠠᠭ᠎ᠠ ᠦᠵᠡᠭᠡᠳ ᠨᠡᠯᠢᠶᠡᠳ ᠬᠡᠳᠦ ᠬᠤᠨᠤᠭᠰᠠᠨ ᠪᠤᠳᠤᠭᠤ ᠨᠤᠭᠤᠳ ᠠᠭᠠᠵᠢᠮ ᠢᠶᠠᠷ ᠤᠶᠠᠭ᠎ᠠ᠂ ᠡᠵᠡᠨ ᠳᠡᠭᠡᠨ ᠲᠠᠰᠤᠭᠰᠠᠨ ᠮᠠᠶ᠋ᠢᠭᠳᠠᠢ ᠲᠡᠷᠭᠡᠳᠡ ᠨᠢ ᠬᠦᠷᠬᠦ ᠳᠤ ᠠᠶᠤᠵᠦ ᠰᠦᠷᠳᠡᠯ ᠦᠭᠡᠢ ︽ᠡᠶᠢᠮᠤ ᠨᠢᠭᠡ ᠶᠠᠭᠤᠮ᠎ᠠ ᠪᠠᠶᠢᠳᠠᠭ︾ ᠬᠡᠰᠡᠨ ᠰᠢᠤᠬᠠᠨ ᠢᠷᠡᠵᠦ ᠦᠨᠦᠷᠯᠡᠵᠦ ᠦᠵᠡᠨ᠎ᠡ᠃ ᠭᠤᠪᠢ ᠶᠢᠨ ᠬᠢ ᠪᠤᠳᠤᠭᠤ ᠪᠠᠨ ᠭᠠᠷᠤᠭᠠᠳ ᠲᠠᠪᠤ ᠵᠢᠷᠭᠤᠭᠠᠨ ᠡᠳᠦᠷ ᠪᠤᠯᠬᠤ ᠠᠴᠠ ᠡᠬᠢᠯᠡᠵᠦ ᠤᠶᠠᠬᠤ ᠪᠦᠭᠡᠳ ᠡᠬᠢᠯᠡᠵᠦ ᠬᠦᠯ ᠠᠴᠠ ᠨᠢ᠂ ᠰᠡᠬᠦᠯᠳᠡᠵᠦ ᠨᠤᠭᠳᠤ ᠵᠡᠬᠦᠯᠭᠡᠭᠡᠳ ᠬᠦᠵᠦᠬᠦᠨ ᠠᠴᠠ ᠤᠶᠠᠳᠠᠭ᠃ ᠡᠨᠡ ᠨᠢ ᠨᠢᠯᠬ᠎ᠠ ᠪᠤᠳᠤᠭᠤᠨ ᠤ ᠬᠦᠵᠦᠬᠦᠦ ᠨᠢ ᠡᠩᠬᠦᠷᠡᠢ᠂ ᠬᠠᠯᠳᠤᠰ ᠬᠢᠪᠡᠯ ᠬᠡᠮᠳᠦᠴᠢᠬᠡᠬᠦ ᠠᠴᠠ ᠰᠡᠷᠬᠡᠶᠢᠯᠡᠭᠰᠡᠨ ᠤ ᠬᠢ ᠪᠢᠯᠡ᠃ ᠤᠶᠢᠷ᠎ᠠ ᠶᠢᠨ ᠵᠢᠯ ᠠᠴᠠ ᠭᠤᠪᠢ ᠶᠢᠨ ᠮᠠᠯᠴᠢᠳ ᠢᠩᠭᠡ ᠪᠠᠨ ᠰᠠᠭᠠᠵᠦ ᠰᠦ ᠰᠠᠭᠠᠯᠢ ᠠᠴᠠ ᠨᠢ ᠠᠰᠢᠭ ᠬᠦᠷᠳᠡᠬᠦ ᠪᠤᠯᠤᠭᠰᠠᠨ ᠠᠴᠠ ᠪᠠᠷᠤᠭ ᠠᠶᠢᠯ ᠪᠦᠬᠦᠨ ᠪᠤᠳᠤᠭᠤ ᠪᠠᠨ ᠪᠠᠭ᠎ᠠ ᠠᠴᠠ ᠨᠢ ᠤᠶᠠᠵᠦ ᠲᠠᠰᠬᠠᠬᠤ ᠤᠯᠠᠮᠵᠢᠯᠠᠯ ᠢᠶᠠᠨ ᠰᠡᠷᠬᠦᠬᠡᠭᠡᠳ ᠪᠤᠢ᠃ ᠪᠠᠭ᠎ᠠ ᠠᠴᠠ ᠨᠢ ᠤᠶᠠᠵᠦ ᠰᠤᠷᠭᠠᠭᠰᠠᠨ ᠪᠤᠳᠤᠭᠤ ᠨᠤᠮᠤᠬᠠᠨ ᠲᠡᠮᠡᠭᠡ ᠪᠤᠯᠵᠦ᠂ ᠰᠡᠬᠦᠯᠡᠷ ᠡᠬᠡ ᠎ ᠶᠢ ᠨᠢ ᠰᠠᠭᠠᠬᠤ ᠪᠤᠶᠤ ᠨᠤᠤᠰᠤ ᠦᠰᠦ ᠶᠢ ᠨᠢ ᠬᠤᠷᠢᠶᠠᠬᠤ ᠳᠤ ᠪᠠᠷᠢᠵᠦ ᠲᠠᠯᠪᠢᠬᠤ ᠶᠢ ᠮᠡᠳᠡᠵᠦ᠂ ᠲᠠᠭᠡᠰᠦ ᠪᠤᠷᠠᠨᠳᠠᠭ ᠲᠠᠨᠢᠳᠠᠭ ᠪᠤᠯᠳᠠᠭ ᠠᠵᠢ᠃ ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤᠨ ᠤ ᠵᠡᠯᠡᠪᠦ᠋ᠬᠡᠷᠢᠭ ᠭᠠᠴᠠᠭᠠᠨ ᠤ ᠮᠠᠯᠴᠢᠨ ᠰᠠᠬᠢᠭᠴᠢ ᠶᠢᠨ ᠬᠢ ᠡᠨᠡ ᠵᠢᠯ ᠬᠦᠮᠦᠨ ᠤ ᠦᠪᠡᠷ ᠤᠨ ᠨᠡᠶᠢᠯᠡᠭᠡᠳ ᠨᠠᠶᠠ ᠭᠠᠷᠤᠢ ᠪᠤᠳᠤᠭᠤ ᠲᠤᠰᠬᠤ ᠪᠠᠷ ᠪᠡᠯᠡᠳᠴᠦ᠂ ᠤᠳᠤᠬᠠᠨ ᠳᠤ ᠭᠠᠳᠠᠨ᠎ᠠ ᠪᠠᠨ ᠲᠠᠪᠢᠨ ᠬᠡᠳᠦᠨ ᠪᠤᠳᠤᠭᠤ ᠤᠶᠠᠴᠢᠬᠠᠭᠰᠠᠨ ᠶᠠᠭᠠᠷᠠᠯᠳᠠᠢ ᠨᠢ ᠠᠷᠭ᠎ᠠ ᠦᠭᠡᠢ᠃ ᠪᠤᠳᠤᠭᠤ ᠲᠤᠷᠤᠮ᠂ ᠢᠰᠢᠭᠡ ᠬᠤᠷᠠᠭ᠎ᠠ ᠲᠠᠢ ᠨᠤᠴᠤᠯᠳᠤᠭᠰᠠᠨ ᠡᠳᠦᠷ ᠬᠤᠨᠤᠭ ᠶᠠᠭᠠᠷᠠᠯᠳᠠᠢ ᠪᠦᠭᠡᠳ ᠶᠠᠳᠠᠷᠠᠯᠳᠠᠢ ᠪᠤᠯᠪᠠᠴᠤ ᠮᠠᠯᠴᠢᠨ ᠬᠦᠮᠦᠨ ᠤ ᠮᠠᠯ ᠰᠦᠷᠦᠭ ᠤᠨ ᠦᠨᠢᠷ ᠦᠰᠦᠯᠳᠡ ᠶᠢ ᠪᠡᠯᠭᠡᠳᠡᠭᠰᠡᠨ ᠰᠠᠶᠢᠬᠠᠨ ᠴᠠᠭ ᠬᠡᠯᠳᠡᠢ︕  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号