ᠲᠠᠭ᠎ᠠ ᠲᠠᠮᠠᠭᠠᠯᠠᠬᠤ
ᠨᠡᠶᠢᠲᠡᠯᠡᠭᠰᠡᠨ ᠴᠠᠭ᠄
2022/6/7
   ᠠᠳᠤᠭᠤ ᠬᠡᠳᠡᠭ ᠠᠮᠢᠳᠠᠨ ᠬᠦᠯ ᠬᠤᠷᠳᠤᠨ᠂ ᠶᠠᠪᠤᠬᠤ ᠭᠠᠵᠠᠷ ᠨᠢ ᠬᠤᠯᠠ ᠪᠦᠭᠡᠳ ᠦᠩᠭᠡ ᠵᠢᠰᠦᠮ ᠢᠵᠢᠯᠭᠡᠨ ᠎ ᠨᠢ ᠤᠯᠠᠨ᠂ ᠰᠠᠯᠬᠢᠳᠠᠵᠦ ᠤᠷᠤᠭᠤᠳᠠᠭᠠᠳ ᠠᠯᠳᠠᠵᠦ ᠬᠡᠬᠡᠬᠦ ᠶᠠᠪᠤᠳᠠᠯ ᠵᠦᠩᠳᠡᠭᠡᠨ ᠭᠠᠷᠳᠠᠭ᠃ ᠡᠶᠢᠮᠤ ᠠᠴᠠ ᠮᠤᠩᠭᠤᠯᠴᠤᠳ ᠠᠯᠢ ᠡᠷᠳᠡ ᠠᠴᠠ ᠠᠳᠤᠭᠤᠨ ᠰᠦᠷᠦᠭ ᠲᠡᠭᠡᠨ ᠦᠪᠡᠷ ᠤᠨ ᠦᠮᠴᠢ ᠬᠡᠰᠡᠨ ᠢᠶᠠᠨ ᠲᠤᠳᠤᠷᠬᠠᠶᠢᠯᠠᠬᠤ ᠪᠠᠷ ᠲᠤᠰᠬᠠᠢ ᠲᠠᠮᠠᠭ᠎ᠠ ᠪᠠᠷ ᠲᠠᠮᠠᠭᠠᠯᠠᠵᠦ ᠢᠯᠭᠠᠵᠦ ᠰᠠᠯᠭᠠᠬᠤ ᠶᠢ ᠬᠢᠴᠢᠶᠡᠵᠦ ᠢᠷᠡᠭᠰᠡᠨ ᠶᠤᠮ᠃ ᠤᠤᠯ ᠳᠠᠭᠠᠨ ᠮᠤᠷᠢ ᠨᠢ ᠮᠤᠩᠭᠤᠯᠴᠤᠳ ᠤᠨ ᠤᠨᠤᠯᠭ᠎ᠠ ᠶᠢᠨ ᠲᠡᠭᠡᠳᠦ᠂ ᠠᠶᠠᠨ ᠲᠠᠶᠢᠨ ᠳᠤ ᠶᠠᠪᠤᠵᠦ᠂ ᠠᠳᠤᠭᠤ ᠮᠠᠯ ᠢᠶᠠᠨ ᠬᠠᠷᠢᠭᠤᠯᠬᠤ᠂ ᠠᠩ ᠬᠦᠷᠦᠭᠡ ᠬᠢᠬᠦ᠂ ᠠᠴᠢᠶ᠎ᠠ ᠲᠡᠭᠡᠭᠡᠪᠦᠷᠢ ᠬᠢᠬᠦ᠂ ᠠᠮᠠᠷᠠᠭ ᠰᠠᠳᠤᠨ ᠢᠶᠠᠨ ᠡᠷᠬᠢᠬᠦ᠂ ᠠᠭᠳᠠ ᠶᠢᠨ ᠮᠠᠩᠯᠠᠢ ᠰᠢᠯᠭᠠᠷᠠᠭᠤᠯᠬᠤ᠂ ᠠᠶᠢᠷᠠᠭ ᠴᠡᠭᠡ ᠢᠰᠭᠡᠬᠦ ᠠᠯᠢ ᠪᠤᠯᠭᠠᠨ ᠳᠤ ᠬᠡᠷᠡᠭᠯᠡᠭᠳᠡᠵᠦ ᠪᠠᠶᠢᠭᠰᠠᠨ ᠪᠤᠯ ᠤᠳᠤᠬᠠᠨ ᠤ ᠠᠳᠤᠭᠤᠨ ᠤ ᠡᠳ᠋ᠯᠡᠭᠡ ᠬᠡᠷᠡᠭᠯᠡᠭᠡ ᠴᠦᠭᠡᠷᠡᠵᠦ᠂ ᠵᠦᠪᠭᠡᠨ ᠴᠦᠭᠡᠨ ᠲᠤᠭᠠᠨ ᠤ ᠠᠶᠢᠯ ᠯᠠ ᠮᠤᠷᠢ ᠪᠠᠨ ᠤᠶᠠᠵᠦ ᠰᠤᠶᠢᠨ᠂ ᠤᠨᠤᠵᠦ ᠡᠳ᠋ᠯᠡᠨ᠂ ᠪᠠᠰᠠ ᠴᠦᠭᠡᠨ ᠲᠤᠭᠠᠨ ᠤ ᠠᠶᠢᠯ ᠯᠠ ᠬᠡᠬᠦᠦ ᠪᠠᠨ ᠤᠶᠠᠵᠦ ᠴᠡᠭᠡ ᠢᠰᠭᠡᠵᠦ ᠪᠤᠢ᠃ ᠴᠢᠨᠠᠷᠠᠪ ᠤᠨ ᠬᠢ ᠴᠦ ᠦᠩᠰᠢᠭ ᠵᠢᠯ ᠪᠤᠯᠤᠭᠰᠠᠭᠠᠷ ᠬᠤᠶᠠᠷ ᠭᠤᠷᠪᠠᠨ ᠮᠤᠷᠢ ᠤᠶᠠᠵᠦ ᠰᠤᠶᠢᠨ ᠨᠠᠶᠢᠷ ᠨᠠᠭᠠᠳᠤᠮ ᠳᠤ ᠰᠢᠨᠳᠠᠰᠤ ᠰᠤᠷᠢᠬᠤ ᠪᠤᠶᠤ ᠤᠶᠢᠷ᠎ᠠ ᠵᠠᠭᠤᠷ᠎ᠠ ᠠᠳᠤᠭᠤ ᠮᠠᠯ ᠡᠷᠬᠢᠬᠦᠯᠬᠦ ᠳᠤ ᠬᠦᠯ ᠵᠠᠯᠭᠠᠳᠠᠭ ᠠᠵᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号