ᠠᠯᠠᠱᠠ ᠬᠤᠰᠢᠭᠤᠨ ᠤ ᠵᠠᠰᠠᠭ ᠳᠦᠷᠤ ᠶᠢᠨ ᠪᠠᠶᠢᠭᠤᠯᠤᠮᠵᠢ
ᠨᠡᠶᠢᠲᠡᠯᠡᠭᠰᠡᠨ ᠴᠠᠭ᠄
2024/3/1
     ᠠᠯᠠᠱᠠ ᠬᠤᠰᠢᠭᠤᠨ ᠤ ᠵᠠᠰᠠᠭ ᠤᠨ ᠤᠷᠳᠤᠨ ᠢ ᠤᠤᠯ ᠨᠢ ᠠᠯᠠᠱᠠ ᠬᠤᠰᠢᠭᠤᠨ ᠤ ᠳᠠᠮᠠᠭ᠎ᠠ ᠶᠢᠨ ᠶᠠᠮᠤᠨ ᠭᠡᠵᠤ ᠨᠡᠷᠡᠯᠡᠳᠡᠭ ᠪᠠᠶᠢᠭᠰᠠᠨ ᠪᠦᠭᠡᠳ ᠵᠤᠭᠢᠶᠠᠨ ᠪᠡᠶᠢᠭᠤᠯᠤᠯᠳᠠ ᠶᠢᠨ ᠰᠢᠰᠲ᠋ᠧᠮ ᠨᠢ ᠤᠷᠤᠨ ᠨᠤᠳᠤᠭ ᠲᠤ ᠪᠠᠨ ᠳᠤᠭᠢᠷᠠᠭᠰᠠᠨ ᠨᠡᠯᠢᠶᠡᠳ ᠳᠦᠪᠯᠡᠷᠡᠩᠬᠦᠢ ᠮᠦᠷᠳᠡᠭᠡᠨ ᠳᠦᠬᠦᠮᠭᠡᠨ ᠪᠡᠶᠢᠭᠤᠯᠤᠮᠵᠢ ᠲᠠᠢ᠂ ᠳᠤᠬᠠᠶᠢᠯᠠᠪᠠᠯ ᠵᠠᠰᠠᠭ ᠤᠨ ᠭᠡᠷᠡᠭ ᠤᠨ ᠭᠠᠵᠠᠷ᠂ ᠨᠠᠷᠢᠨ ᠪᠢᠴᠢᠭ ᠤᠨ ᠭᠠᠵᠠᠷ᠂ ᠴᠠᠭᠳᠠᠨ ᠪᠡᠶᠢᠴᠠᠭᠠᠬᠤ ᠬᠤᠷᠢᠶ᠎ᠠ᠂ ᠭᠡᠷᠡᠭ ᠰᠶᠢᠳᠭᠡᠬᠦ ᠳᠢᠩᠭᠢᠮ᠂ ᠰᠤᠷᠭᠠᠨ ᠬᠦᠮᠤᠵᠢᠯ ᠤᠨ ᠭᠠᠵᠠᠷ᠂ ᠴᠡᠷᠢᠭ ᠤᠨ ᠬᠤᠷᠢᠶ᠎ᠠ᠂ ᠬᠤᠰᠢᠭᠤ ᠱᠠᠩ᠂ ᠴᠡᠷᠢᠭ ᠱᠠᠩ ᠵᠡᠷᠭᠡ ᠪᠡᠶᠢᠭᠤᠯᠤᠮᠵᠢ ᠎ ᠲᠠᠢ ᠪᠡᠶᠢᠵᠡᠢ᠃ ᠳ᠋ᠠᠨᠢᠽᠠᠨ᠎ᠠ ᠴᠢᠨ ᠸᠠᠩ ᠤᠨ ᠰᠠᠭᠤᠷᠢᠨ ᠢ ᠵᠠᠯᠭᠠᠮᠵᠢᠯᠠᠭᠰᠠᠨ ᠤ ᠳᠠᠷᠠᠭ᠎ᠠ᠂ ᠭᠤᠮᠢᠨᠳᠠᠩ ᠤᠨ ᠵᠠᠰᠠᠭ ᠤᠨ ᠭᠠᠵᠠᠷ ᠪᠤᠯᠤᠨ ᠮᠤᠩᠭᠤᠯ ᠳᠦᠪᠡᠳ ᠤᠨ ᠭᠡᠰᠢᠬᠦᠳ ᠤᠨ ᠬᠤᠷᠠᠯ ᠤᠨ ᠵᠠᠷᠯᠢᠭ ᠵᠢᠭᠠᠪᠤᠷᠢ ᠪᠠᠷ 1937 ᠤᠨ ᠳᠤ ︽ᠳᠠᠮᠠᠭ᠎ᠠ ᠶᠢᠨ ᠶᠠᠮᠤᠨ︾᠎ ᠢ ︽ᠵᠠᠰᠠᠭ ᠤᠨ ᠤᠷᠳᠤᠨ︾ ᠭᠡᠵᠤ ᠦᠭᠡᠷᠡᠴᠢᠯᠡᠨ ᠨᠡᠷᠡᠯᠡᠵᠤ᠂ ᠬᠤᠰᠢᠭᠤ ︽ᠴᠢᠨ ᠸᠠᠩ︾᠎ ᠢ ᠬᠤᠰᠢᠭᠤ ︽ᠵᠠᠰᠠᠭ︾ ᠭᠡᠵᠤ ᠨᠡᠷᠡᠯᠡᠭᠰᠡᠨ ᠤ ᠬᠠᠮᠳᠤ ᠤᠤᠯ ᠤᠨ ᠳᠠᠮᠠᠭ᠎ᠠ ᠶᠢᠨ ᠶᠠᠮᠤᠨ ᠤ ᠵᠤᠭᠢᠶᠠᠨ ᠪᠡᠶᠢᠭᠤᠯᠤᠯᠳᠠ ᠶᠢᠨ ᠪᠡᠶᠢᠭᠤᠯᠤᠮᠵᠢ ᠳᠤ ᠵᠤᠭᠢᠬᠤ ᠦᠭᠡᠷᠡᠴᠢᠯᠡᠯᠳᠡ ᠭᠢᠵᠤ᠂ ᠬᠤᠰᠢᠭᠤ ᠱᠠᠩ ᠪᠤᠯᠤᠨ ᠴᠡᠷᠢᠭ ᠱᠠᠩ ᠢ ᠨᠡᠶᠢᠯᠡᠬᠦᠯᠤᠨ ᠡᠳ᠋ ᠤᠨ ᠵᠠᠰᠠᠭ ᠤᠨ ᠭᠠᠵᠠᠷ ᠪᠤᠯᠭᠠᠵᠤ᠂ ᠪᠠᠰᠠ ᠰᠤᠷᠭᠠᠨ ᠬᠦᠮᠤᠵᠢᠯ ᠤᠨ ᠠᠵᠢᠯ ᠢ ᠬᠠᠷᠢᠭᠤᠴᠠᠬᠤ ᠰᠤᠷᠭᠠᠨ ᠬᠦᠮᠤᠵᠢᠯ ᠤᠨ ᠭᠠᠵᠠᠷ ᠢ ᠰᠢᠨ᠎ᠠ ᠪᠠᠷ ᠨᠡᠮᠡᠵᠤ ᠪᠡᠶᠢᠭᠤᠯᠤᠭᠰᠠᠨ ᠪᠡᠶᠢᠨ᠎ᠠ᠃       ᠠᠯᠠᠱᠠ ᠬᠤᠰᠢᠭᠤᠨ ᠤ ᠦᠨᠳᠤᠰᠤᠨ ᠱᠠᠳᠤᠨ ᠤ ᠵᠤᠭᠢᠶᠠᠨ ᠪᠡᠶᠢᠭᠤᠯᠤᠯᠳᠠ ᠶᠢᠨ ᠬᠤᠪᠢ ᠳᠤ᠂ ᠬᠤᠰᠢᠭᠤ ᠠᠩᠬ᠎ᠠ ᠪᠡᠶᠢᠭᠤᠯᠤᠭᠳᠠᠬᠤ ᠳᠤ ᠠᠷᠪᠠᠨ ᠡᠷᠤᠭᠡ ᠪᠠᠷ ᠨᠢᠭᠡᠴᠢ ᠪᠤᠯᠭᠠᠨ ᠨᠢᠭᠡ ᠠᠷᠪᠠᠳᠤ ᠪᠤᠯᠭᠠᠵᠤ᠂ ᠠᠷᠪᠠᠳᠤ ᠶᠢᠨ ᠳᠠᠷᠤᠭ᠎ᠠ ᠭᠡᠬᠦ ᠬᠦᠮᠤᠨ ᠢ ᠳᠤᠮᠢᠯᠠᠨ ᠠᠷᠪᠠᠨ ᠡᠷᠤᠭᠡ ᠶᠢᠨ ᠭᠡᠷᠡᠭ ᠢ ᠬᠠᠮᠢᠶᠠᠷᠤᠭᠤᠯᠳᠠᠭ ᠪᠠᠶᠢᠵᠡᠢ᠃ ᠰᠡᠬᠦᠯᠡᠷ ᠨᠢ ᠪᠤᠯᠵᠤ ᠨᠡᠢᠮᠠᠨ ᠰᠤᠮᠤ ᠪᠠᠷ ᠨᠢᠭᠡᠴᠡᠯᠡᠭᠰᠡᠨ ᠵᠤᠭᠢᠶᠠᠨ ᠪᠡᠶᠢᠭᠤᠯᠤᠯᠳᠠ ᠶᠢᠨ ᠳᠦᠷᠢᠮ ᠢ ᠭᠡᠷᠡᠭᠵᠢᠬᠦᠯᠵᠤ᠂ ᠡᠨᠡ ᠰᠤᠮᠤ ᠎ ᠨᠢ ᠠᠩᠬᠠᠨ ᠳᠠᠭᠠᠨ ᠴᠡᠷᠢᠭ ᠤᠨ ᠵᠤᠭᠢᠶᠠᠨ ᠪᠡᠶᠢᠭᠤᠯᠤᠯᠳᠠ ᠶᠢᠨ ᠰᠢᠨᠵᠢ ᠲᠠᠢ ᠪᠡᠶᠢᠵᠤ᠂ 18 ᠨᠠᠰᠤᠨ ᠠᠴᠠ 55 ᠨᠠᠰᠤᠨ ᠤ ᠬᠠᠷ᠎ᠠ ᠬᠦᠮᠤᠨ ᠢ ᠴᠡᠷᠢᠭ ᠢᠶᠠᠷ ᠳᠠᠩᠰᠠᠯᠠᠵᠤ᠂ ᠰᠤᠮᠤ ᠪᠦᠷᠢ ᠶᠢᠨ ᠭᠤᠷᠪᠠᠨ ᠡᠷᠡᠴᠤᠳ ᠤᠨ ᠳᠤᠮᠳᠠ ᠨᠢᠭᠡ ᠴᠡᠷᠢᠭ ᠤᠯᠭᠤᠵᠤ᠂ ᠰᠤᠮᠤ ᠪᠦᠷᠢ ᠶᠢᠨ ᠬᠤᠶᠠᠭ ᠤᠨ ᠳᠤᠭ᠎ᠠ ᠨᠢ ᠮᠤᠷᠢᠳᠤ ᠴᠡᠷᠢᠭ  50 ᠬᠦᠮᠤᠨ᠂ ᠰᠤᠯᠠ ᠴᠡᠷᠢᠭ 100 ᠬᠦᠮᠤᠨ ᠪᠠᠶᠢᠵᠤ᠂ ᠰᠤᠮᠤ ᠪᠦᠷᠢ ᠨᠡᠶᠢᠳᠠ 150 ᠴᠡᠷᠢᠭ᠂ ᠪᠦᠬᠦᠳᠡ 1200 ᠴᠡᠷᠢᠭ ᠲᠤ ᠬᠦᠷᠴᠤ ᠪᠠᠶᠢᠭᠰᠠᠨ ᠪᠠᠶᠢᠨ᠎ᠠ᠃ ᠳᠡᠭᠷᠢ ᠳᠡᠳᠬᠦᠭᠴᠢ ᠶᠢᠨ ᠭᠤᠴᠢᠨ ᠳᠤᠯᠤᠳᠤᠭᠠᠷ ᠤᠨ ︵1772 ᠤᠨ︶᠎ ᠳᠤ ᠯᠤᠪᠰᠠᠩᠳᠤᠷᠵᠢ ᠨᠤᠶᠠᠨ ︽ᠮᠠᠨ ᠤ ᠬᠤᠰᠢᠭᠤᠨ ᠤ ᠨᠤᠳᠤᠭ ᠭᠠᠵᠠᠷ ᠦᠷᠭᠡᠨ ᠠᠭᠤᠳᠠᠮ᠂ ᠵᠠᠮ ᠨᠡᠪᠳᠡᠷᠡᠯᠭᠡ ᠬᠤᠯᠠ ᠳᠤᠯᠠ ᠬᠤᠰᠢᠭᠤᠨ ᠤ ᠠᠯᠢᠪᠠ ᠪᠠᠴᠢᠮ ᠭᠡᠷᠡᠭ ᠢ ᠵᠠᠭᠢᠷᠤᠨ ᠰᠶᠢᠳᠭᠡᠬᠦ ᠳᠤᠷ ᠳᠦᠬᠦᠮ ᠢ ᠪᠤᠳᠤᠵᠤ᠂ ᠬᠠᠷᠢᠶᠠᠳᠤ ᠭᠠᠵᠠᠷ ᠢ ᠭᠡᠰᠡᠭᠯᠡᠨ ᠬᠤᠪᠢᠶᠠᠵᠤ᠂ ᠵᠠᠬ᠎ᠠ ᠳᠠᠭᠠᠭᠠᠭᠰᠠᠨ ᠳᠦᠰᠢᠮᠠᠯ ᠢ ᠳᠤᠮᠢᠯᠠᠨ ᠵᠠᠭᠢᠷᠤᠭᠤᠯᠬᠤ︾᠎ ᠪᠠᠷ ᠵᠠᠭᠢᠶ᠎ᠠ ᠪᠠᠭᠤᠵᠤ ᠪᠦᠬᠦ ᠬᠤᠰᠢᠭᠤ ᠪᠠᠨ ᠡᠮᠤᠨ᠎ᠡ ᠵᠠᠬ᠎ᠠ ᠶᠢᠨ ᠭᠡᠰᠡᠭ᠂ ᠵᠡᠬᠦᠨ ᠵᠠᠬ᠎ᠠ ᠶᠢᠨ ᠭᠡᠰᠡᠭ᠂ ᠵᠡᠬᠦᠨ ᠬᠤᠶᠢᠳᠤ ᠵᠠᠬ᠎ᠠ ᠶᠢᠨ ᠭᠡᠰᠡᠭ᠂ ᠬᠤᠶᠢᠳᠤ ᠵᠠᠬ᠎ᠠ ᠶᠢᠨ ᠭᠡᠰᠡᠭ᠂ ᠪᠠᠷᠠᠭᠤᠨ ᠬᠤᠶᠢᠳᠤ ᠵᠠᠬ᠎ᠠ ᠶᠢᠨ ᠭᠡᠰᠡᠭ ᠪᠤᠯᠤᠨ ᠪᠠᠷᠠᠭᠤᠨ ᠵᠠᠬ᠎ᠠ ᠶᠢᠨ ᠭᠡᠰᠡᠭ ᠭᠡᠵᠤ ᠵᠢᠷᠭᠤᠭᠠᠨ ᠭᠡᠰᠡᠭ ᠲᠤ ᠬᠤᠪᠢᠶᠠᠨ ᠬᠠᠮᠢᠶᠠᠷᠬᠤ ᠪᠤᠯᠵᠤ᠂ ᠳᠤᠰ ᠳᠤᠰ ᠬᠤᠶᠠᠷ ᠳᠦᠰᠢᠮᠠᠯ ᠳᠤᠮᠢᠯᠡᠵᠤ᠂ ᠬᠠᠮᠢᠶᠠᠷᠬᠤ ᠭᠡᠪᠴᠢᠶᠠᠨ ᠳᠤᠳᠤᠷᠠᠭᠢ ᠭᠡᠷᠡᠭ ᠤᠴᠢᠷ ᠤᠳ ᠢ ᠰᠶᠢᠳᠭᠡᠨ ᠵᠤᠭᠢᠴᠠᠭᠤᠯᠬᠤ ᠪᠤᠯᠤᠭᠰᠠᠨ ᠪᠠᠶᠢᠨ᠎ᠠ᠃ ᠮᠠᠬᠠᠪᠠᠯᠠ ᠨᠤᠶᠠᠨ ᠰᠡᠶᠢᠰᠢᠶᠠᠯᠳᠤ ᠢᠷᠤᠭᠡᠯᠳᠤ ᠶᠢᠨ ᠬᠤᠷᠢᠳᠤᠭᠠᠷ ᠤᠨ ︵1815 ᠤᠨ︶᠎ ᠳᠤ ᠤᠤᠯ ᠤᠨ ︽ᠵᠢᠷᠭᠤᠭᠠᠨ ᠭᠡᠰᠡᠭ ᠪᠤᠯᠭᠠᠨ ᠬᠤᠪᠢᠶᠠᠨ ᠳᠤᠭᠳᠠᠭᠠᠭᠰᠠᠨ ᠳᠦᠷᠢᠮ ᠢ ᠬᠤᠪᠢᠷᠠᠭᠤᠯᠵᠤ᠂ ᠪᠦᠬᠦ ᠬᠤᠰᠢᠭᠤᠨ ᠳᠤ ᠭᠤᠴᠢᠨ ᠳᠦᠷᠪᠡᠨ ᠪᠠᠭ ᠪᠤᠯᠭᠠᠨ ᠬᠤᠪᠢᠶᠠᠭᠰᠠᠨ ᠤ ᠳᠠᠷᠠᠭ᠎ᠠ 1821 ᠤᠨ ᠳᠤ ᠭᠤᠴᠢᠨ ᠵᠢᠷᠭᠤᠭᠠᠨ ᠪᠠᠭ ᠪᠤᠯᠭᠠᠨ  ᠳᠠᠩᠰᠠᠯᠠᠵᠤ︾᠂ ︽ᠬᠤᠰᠢᠭᠤᠨ ᠠᠴᠠ ᠪᠠᠭ ᠪᠦᠷᠢ ᠳᠤ ᠠᠬᠠᠮᠠᠳ ᠳᠠᠭᠠᠭᠠᠮᠠᠯ ᠨᠢᠭᠡ ᠨᠠᠷ᠎ᠠ᠂ ᠳᠡᠳ᠋ ︵ᠪᠠᠭ᠋ᠠᠯᠠᠭᠤᠷ︶ ᠳᠠᠭᠠᠭᠠᠮᠠᠯ ᠨᠢᠭᠡ ᠨᠠᠷ᠎ᠠ ᠠᠴᠠ ᠭᠠᠳᠠᠨ᠎ᠠ ᠪᠠᠭ ᠤᠨ ᠶᠡᠭᠡ ᠪᠠᠭ᠎ᠠ᠂ ᠠᠶᠢᠯ ᠠᠷᠠᠳ ᠤᠨ ᠤᠯᠠᠨ ᠴᠦᠭᠡᠨ ᠢ ᠦᠨᠳᠤᠰᠤᠯᠠᠵᠤ᠂ ᠭᠤᠷᠪᠠ ᠠᠴᠠ ᠠᠷᠪᠠᠨ ᠨᠠᠷ᠎ᠠ ᠬᠠᠪᠰᠤᠷᠠᠭ᠎ᠠ ᠳᠠᠭᠠᠭᠠᠮᠠᠯ︾᠎ ᠢ ᠰᠢᠭᠤᠳ ᠳᠤᠮᠢᠯᠠᠵᠤ ᠠᠯᠢᠪᠠ ᠠᠯᠪᠠᠨ ᠭᠡᠷᠡᠭ ᠢ ᠬᠠᠮᠢᠶᠠᠷᠭᠤᠯᠳᠠᠭ ᠪᠤᠯᠵᠡᠢ᠃ ︽ᠪᠠᠭ ᠪᠤᠯ ᠬᠤᠰᠢᠭᠤ ᠶᠢ ᠪᠦᠷᠢᠯᠳᠤᠬᠦᠯᠬᠦ ᠦᠴᠤᠭᠡᠨ ᠳᠤᠭᠤᠷᠢᠭ ᠮᠦᠨ ᠪᠦᠭᠡᠳ ᠳᠤᠭᠳᠠᠭᠰᠠᠨ ᠨᠢᠭᠡᠨ ᠤᠷᠤᠨ ᠳᠤ ᠤᠳᠤᠷ ᠨᠡᠬᠦᠳᠡᠯ ᠤᠨ ᠠᠵᠤ ᠠᠬᠤᠢ ᠡᠷᠭᠢᠯᠡᠭᠰᠡᠨ ᠮᠠᠯᠴᠢᠨ ᠠᠶᠢᠯ ᠤᠳ ᠤᠨ ᠪᠦᠯᠤᠭ᠌ ᠮᠦᠨ᠃ ᠶᠡᠷᠤ ᠶᠢᠨ ᠪᠡᠶᠢᠳᠠᠯ ᠳᠤᠤᠷ᠎ᠠ ᠳᠠᠪᠢ ᠵᠢᠷᠠᠨ ᠡᠷᠤᠭᠡ ᠪᠡᠶᠢᠵᠤ᠂ ᠳᠦᠷᠤᠬᠦᠤ ᠶᠢ ᠨᠢ ᠪᠠᠭ ᠤᠨ ᠳᠠᠷᠤᠭ᠎ᠠ ᠭᠡᠮᠡᠨ ᠳᠠᠭᠤᠳᠠᠬᠤ ᠪᠦᠭᠡᠳ ᠵᠠᠰᠠᠭ ᠵᠠᠭᠢᠷᠭ᠎ᠠ ᠶᠢᠨ ᠭᠡᠷᠡᠭ ᠶᠠᠪᠤᠳᠠᠯ ᠂ ᠢᠯᠠᠩᠭᠤᠶ᠎ᠠ ᠭᠠᠶᠢᠯᠢ ᠭᠤᠪᠴᠢᠭᠤᠷ ᠳᠠᠳᠠᠪᠤᠷᠢᠯᠠᠬᠤ ᠪᠤᠶᠤ ᠠᠯᠪᠠᠨ ᠡᠬᠦᠷᠭᠡ ᠳᠠᠭᠠᠭᠠᠯᠭᠠᠬᠤ ᠠᠵᠢᠯ ᠢ ᠬᠦᠢᠴᠡᠳᠭᠡᠳᠡᠭ︾ ᠤᠴᠢᠷ ᠪᠠᠭ ᠪᠡᠶᠢᠭᠤᠯᠤᠭᠳᠠᠬᠤ ᠦᠶ᠎ᠠ ᠳᠤ ᠬᠤᠰᠢᠭᠤ ᠨᠤᠶᠠᠨ ᠠᠴᠠ ᠪᠠᠭ ᠤᠨ ᠳᠠᠭᠠᠭᠠᠮᠠᠯᠴᠢᠳ ᠤᠨ ᠡᠬᠦᠷᠭᠡ ᠪᠠ ᠡᠷᠭᠡ ᠶᠢ ︽ᠪᠠᠴᠢᠮ ᠳᠦᠭᠰᠢᠬᠦᠷᠢᠳᠡᠢ ᠴᠠᠭ ᠦᠶ᠎ᠠ ᠳᠤᠷ ᠴᠡᠷᠢᠭ ᠢ ᠵᠠᠷᠯᠠᠵᠤ ᠬᠤᠷᠢᠶᠠᠬᠤ ᠪᠠ ᠳᠡᠭᠡᠳᠤ ᠱᠠᠳᠤᠨ ᠤ ᠵᠠᠷᠯᠠᠯ ᠵᠠᠭᠢᠶ᠎ᠠ ᠶᠢ ᠰᠤᠨᠤᠷᠳᠠᠭᠤᠯᠤᠨ ᠨᠡᠪᠳᠡᠷᠡᠬᠦᠯᠬᠦ᠂ ᠠᠯᠪᠠᠨ ᠳᠤᠰᠢᠶᠠᠯ ᠢ ᠬᠦᠢᠴᠡᠳᠭᠡᠬᠦ᠂ ᠨᠤᠶᠠᠳ ᠳᠦᠰᠢᠮᠠᠳ ᠠᠯᠪᠠᠨ ᠭᠡᠷᠡᠭ ᠢᠶᠠᠷ ᠶᠠᠪᠤᠬᠤ ᠳᠤ ᠤᠨᠤᠯᠭ᠎ᠠ᠂ ᠦᠷᠳᠡᠭᠡ ᠪᠠᠵᠠᠭᠠᠬᠤ᠂ ᠭᠠᠳᠠᠷ ᠬᠤᠰᠢᠭᠤ ᠰᠢᠶᠠᠨ ᠤ ᠨᠡᠬᠦᠳᠡᠯᠴᠢᠨ ᠳᠠᠨᠤᠬᠦᠯᠴᠢᠨ ᠠᠷᠠᠳ ᠳᠤᠷ᠎ᠠ ᠮᠡᠳᠡᠨ ᠴᠦᠮᠤᠷᠠᠨ ᠢᠷᠡᠬᠦ ᠶᠢ ᠪᠠᠶᠢᠴᠠᠭᠠᠨ ᠴᠠᠭᠳᠠᠬᠤ᠂ ᠬᠤᠯᠠᠭᠠᠢ ᠳᠡᠭᠡᠷᠡᠮ ᠢ ᠰᠡᠷᠭᠡᠶᠢᠯᠡᠨ ᠴᠠᠭᠠᠵᠠᠯᠠᠵᠤ᠂ ᠬᠠᠷᠢᠶᠠᠳᠤ ᠪᠠᠭ ᠤᠨ ᠮᠠᠯᠴᠢᠳ ᠤᠨ ᠠᠯᠢᠪᠠ ᠭᠠᠴᠢᠭᠳᠠᠯ ᠵᠦᠳᠡᠬᠦᠷᠢ ᠶᠢ ᠠᠪᠤᠷᠠᠬᠤ᠂ ᠳᠤᠳᠤᠷ᠎ᠠ ᠵᠠᠭᠤᠷ᠎ᠠ ᠶᠢᠨ ᠵᠦᠷᠢᠯᠳᠤᠭᠡᠨ ᠢ ᠡᠶᠡᠳᠡᠬᠦᠯᠬᠦ ᠪᠤᠶᠤ ᠳᠠᠰᠤᠯᠤᠨ ᠰᠢᠬᠦᠬᠦ ᠡᠷᠭᠡ ᠲᠠᠢ᠂ ᠬᠠᠷᠢᠶᠠᠯᠠᠭᠳᠠᠬᠤ ᠳᠡᠶᠢᠵᠢ ᠳᠠᠪᠤᠨᠠᠩ᠂ ᠰᠡᠶᠢᠳ ᠳᠦᠰᠢᠮᠠᠳ ᠳᠤᠷ᠎ᠠ ᠵᠤᠷᠢᠭ ᠢᠶᠠᠷ ᠡᠷᠭᠡ ᠳᠤ ᠤᠷᠤᠯᠴᠠᠨ ᠮᠡᠳᠡᠷᠭᠡᠬᠦ ᠶᠢ ᠡᠷᠡᠰ ᠴᠠᠭᠠᠵᠠᠯᠠᠨ᠎ᠠ᠃ ᠳᠡᠳᠡ ᠨᠠᠷ ᠢ ᠡᠩ ᠤᠨ ᠠᠷᠠᠳ ᠲᠠᠢ ᠠᠳᠠᠯᠢ ᠳᠡᠶᠢᠴᠢᠯᠠᠬᠤ ᠪᠤᠳᠤᠯᠭ᠎ᠠ ᠶᠢ ᠶᠠᠪᠤᠭᠤᠯᠤᠨ᠎ᠠ᠃ ᠡᠬᠦᠷᠢᠳᠠ ᠵᠠᠬ᠎ᠠ ᠭᠢᠯᠢ ᠶᠢᠨ ᠠᠮᠤᠷ ᠳᠡᠶᠢᠪᠤᠩ ᠢ ᠡᠷᠭᠢᠮᠯᠡᠵᠤ᠂ ᠰᠢᠳᠤᠷᠭᠤ ᠪᠠᠷ ᠦᠢᠯᠡᠴᠢᠯᠡᠬᠦ ᠭᠡᠷᠡᠭᠳᠡᠢ᠃ ᠳᠤᠭᠳᠠᠭᠠᠯ ᠠᠴᠠ ᠭᠠᠳᠠᠭᠤᠷᠭᠢ ᠭᠡᠷᠡᠭ ᠶᠠᠪᠤᠳᠠᠯ ᠢ ᠬᠤᠰᠢᠭᠤᠨ ᠤ ᠳᠠᠮᠠᠭ᠎ᠠ ᠶᠢᠨ ᠭᠠᠵᠠᠷ ᠲᠤ ᠮᠡᠳᠡᠬᠦᠯᠵᠤ ᠰᠶᠢᠳᠪᠤᠷᠢᠯᠡᠬᠦᠯᠬᠦ ᠭᠡᠷᠡᠭᠳᠡᠢ︾ ᠭᠡᠵᠤ ᠵᠠᠷᠯᠠᠨ ᠳᠤᠭᠳᠠᠭᠠᠵᠡᠢ᠃ ᠠᠯᠠᠱᠠ ᠬᠤᠰᠢᠭᠤᠨ ᠤ ᠳᠠᠩᠰᠠ‌ᠡᠪᠭᠡᠮᠡᠯ ᠳᠤ᠂ ᠪᠦᠬᠦ ᠬᠤᠰᠢᠭᠤᠨ ᠤ ᠪᠠᠭ ᠤᠨ ᠨᠡᠷᠡᠶᠢᠳᠤᠯ ᠪᠠ ᠪᠡᠶᠢᠷᠢᠰᠢᠯ ᠤᠨ ᠳᠤᠬᠠᠢ ︽ᠳ᠋ᠢᠩ ᠶᠤᠸᠠᠨ ᠢᠩ ᠤᠨ ᠳᠤᠷᠤᠨ᠎ᠠ ᠡᠳᠡᠭᠡᠳ ᠡᠾᠧ ᠯᠠᠨ ᠱᠠᠨ ᠠᠭᠤᠯᠠ ᠶᠢᠨ ᠰᠢᠯᠢ ᠬᠦᠷᠳᠡᠯ᠎ᠡ ᠪᠠᠷᠠᠭᠤᠨ ᠪᠠᠯ᠂ ᠪᠤᠭᠤᠳᠤ᠂ ᠤᠳᠤ ᠂ ᠵᠠᠬᠦᠨ ᠪᠠᠯ ᠵᠡᠷᠭᠡ ᠳᠦᠷᠪᠡᠨ ᠪᠠᠭ ᠪᠤᠢ︔ ᠳ᠋ᠢᠩ ᠶᠤᠸᠡᠨ ᠢᠩ ᠤᠨ ᠪᠠᠷᠠᠭᠤᠨ ᠡᠳᠡᠭᠡᠳ ᠲᠤ ᠱᠠᠩ ᠤᠨ ᠳᠠᠯᠠᠢ᠂ ᠬᠤᠶᠠᠷᠬᠤᠳᠳᠤᠭ᠂ ᠬᠦᠪᠡᠭᠡᠨᠨᠠᠮᠤᠭ᠂ ᠴᠠᠭᠠᠨᠪᠤᠯᠠᠭ᠂ ᠳᠤᠩᠬᠤ᠂ ᠵᠠᠬ᠎ᠠ ᠳᠤᠯᠤᠭᠠᠨ᠂ ᠡᠷᠭᠡᠬᠠᠰᠢᠬ᠎ᠠ᠂ ᠳᠤᠤᠯᠠᠨᠳᠡᠢ ᠵᠡᠷᠭᠡ ᠨᠡᠢᠮᠡᠨ ᠪᠠᠭ ᠪᠤᠢ︔ ᠳ᠋ᠢᠩ ᠶᠤᠸᠡᠨ ᠢᠩ ᠤᠨ ᠬᠤᠶᠢᠳᠤ ᠡᠳᠡᠭᠡᠳ ᠲᠤ ᠰᠢᠷᠠᠪᠦ᠋ᠷᠢᠳᠤ᠂ ᠬᠦᠭᠡᠪᠦ᠋ᠷᠢᠳᠤ᠂ ᠪᠠᠶᠠᠨᠪᠦ᠋ᠷᠢᠳᠤ᠂ ᠪᠠᠶᠠᠨᠨᠢᠷᠤᠭᠤᠨ᠂ ᠪᠠᠶ᠋ᠬᠠᠠᠭᠤᠯᠠ᠂ ᠴᠠᠭᠠᠨᠨᠠᠭᠤᠷ᠂ ᠶᠠᠪᠠᠷᠡᠢ᠂ ᠡᠷᠪᠡᠭᠡᠢ᠂ ᠪᠠᠳᠡᠢ ᠶᠢᠨ ᠵᠢᠷᠠᠨ᠂ ᠽᠤᠨ᠂ ᠰᠢᠭᠤᠢ᠂ ᠭᠤᠶᠢᠽᠠ᠂ ᠪᠠᠷᠠᠭᠤᠨ ᠱᠠᠷᠽᠠ᠂ ᠵᠡᠬᠦᠨ ᠱᠠᠷᠽᠠ ᠵᠡᠷᠭᠡ ᠠᠷᠪᠠᠨ ᠳᠦᠷᠪᠡᠨ ᠪᠠᠭ ᠪᠤᠢ︔ ᠳ᠋ᠢᠩ ᠶᠤᠸᠠᠨ ᠢᠩ ᠤᠨ ᠵᠡᠬᠦᠨ ᠡᠳᠡᠭᠡᠳ ᠲᠤ ᠰᠦᠮᠠᠳᠤ᠂ ᠵᠢᠷᠠᠳᠡᠢ᠂ ᠬᠤᠩᠭᠤᠷᠡᠦ᠋ᠯᠤᠩ᠂ ᠳᠦᠬᠦᠮ᠂ ᠬᠠᠷᠤᠤᠨ᠎ᠠ᠂ ᠬᠦᠢᠪᠤᠷᠢ᠂ ᠱᠠᠵᠢᠨᠳᠤᠬᠤᠢ᠂ ᠬᠠᠷᠠᠬᠤᠨᠢᠳᠤ᠂ ᠳᠤᠯᠤᠭᠠᠨᠰᠤᠬᠠᠢ᠂ ᠳ᠋ᠧᠩᠺᠸᠤ ᠵᠡᠷᠭᠡ ᠠᠷᠪᠠᠨ ᠪᠠᠭ ᠪᠤᠢ︾ ᠭᠡᠵᠤ ᠳᠤᠳᠤᠷᠬᠠᠢ ᠳᠡᠮᠳᠡᠭᠯᠡᠭᠰᠡᠨ ᠪᠠᠶᠢᠳᠠᠭ᠃ ᠠᠯᠠᠱᠠ ᠬᠤᠰᠢᠭᠤᠨ ᠤ ᠪᠠᠭ ᠤᠨ ᠵᠤᠭᠢᠶᠠᠨ ᠪᠡᠶᠢᠭᠤᠯᠤᠯᠳᠠ 1958 ᠤᠨ ᠤ ᠬᠤᠷᠰᠢᠶᠡᠵᠢᠯ ᠪᠤᠯᠬᠤ ᠳᠤ ᠳᠡᠤᠭᠡᠳᠤ ᠡᠬᠦᠷᠭᠡ ᠪᠠᠨ ᠪᠡᠶᠡᠯᠡᠬᠦᠯᠤᠭ᠍ᠰᠡᠨ ᠶᠤᠮ᠃  ᠠᠯᠠᠱᠠ ᠬᠤᠰᠢᠭᠤᠨ ᠤ ᠦᠨᠳᠤᠰᠤᠨ ᠱᠠᠳᠤᠨ ᠤ ᠵᠤᠭᠢᠶᠠᠨ ᠪᠠᠶᠢᠭᠤᠯᠤᠯᠳᠠ ᠨᠢ ᠠᠷᠪᠠᠳᠤ ᠶᠢᠨ ᠳᠦᠷᠢᠮ᠂ ᠰᠤᠮᠤᠨ ᠤ ᠳᠦᠷᠢᠮ᠂ ᠪᠠᠭ ᠤᠨ ᠳᠦᠷᠢᠮ ᠭᠡᠬᠦᠴᠢᠯᠡᠨ ᠬᠤᠪᠢᠷᠠᠵᠤ ᠪᠠᠶᠢᠭᠰᠠᠨ ᠪᠤᠯᠪᠠᠴᠤ ᠴᠡᠷᠢᠭ ᠤᠨ ᠶᠠᠪᠤᠳᠠᠯ ᠤᠨ ᠰᠢᠨᠵᠢ ᠴᠢᠨᠠᠷ ᠲᠠᠢ ᠰᠤᠮᠤᠨ ᠤ ᠳᠦᠷᠢᠮ ᠴᠢᠯᠤᠭᠡᠯᠡᠭᠳᠡᠬᠦ ᠪᠤᠯᠳᠠᠯ᠎ᠠ ᠦᠢᠯᠡᠳᠤᠯ ᠢᠶᠠᠨ ᠦᠵᠡᠬᠦᠯᠵᠤ ᠪᠠᠶᠢᠭᠰᠠᠨ ᠶᠤᠮ᠃      ᠵᠣᠬᠢᠶᠠᠭᠴᠢ ᠶᠢᠨ ᠳᠤᠪᠴᠢ ᠨᠠᠮᠳᠠᠷ      ᠦᠯᠵᠡᠢ᠂ ᠪᠢᠴᠢᠭ ᠤᠨ ᠨᠠᠷ᠎ᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ ᠎ ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃      ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃      
 
ᠢᠷᠡᠯᠲᠡ᠄ ᠠᠯᠠᠱᠠ ᠵᠡᠬᠦᠨ ᠬᠤᠰᠢᠭᠤᠨ ᠤ ᠳᠡᠤᠭᠡ ᠰᠤᠶᠤᠯ ᠤᠨ ᠳᠦᠢᠮᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号