ᠠᠯᠠᠱᠠ ᠵᠡᠬᠦᠨ ᠬᠤᠰᠢᠭᠤᠨ ᠤ ᠳᠡᠤᠭᠡ ᠶᠢᠨ ᠤᠯᠠᠷᠢᠯ ᠬᠤᠪᠢᠷᠠᠯ
ᠨᠡᠶᠢᠲᠡᠯᠡᠭᠰᠡᠨ ᠴᠠᠭ᠄
2024/3/1
     ᠡᠩᠭᠡ ᠠᠮᠤᠭᠤᠯᠠᠩ ᠤᠨ ᠭᠤᠴᠢᠨ ᠵᠢᠷᠭᠤᠳᠤᠭᠠᠷ ᠤᠨ᠂ ᠨᠠᠶᠢᠳᠠ ᠶᠢᠨ ᠤᠨ ᠳᠤᠭᠠᠯᠠᠯ ᠤᠨ 1697 ᠤᠨ ᠤ 10 ᠰᠠᠷ᠎ᠠ ᠶᠢᠨ 24᠎ ᠤ ᠡᠳᠤᠷ ᠠᠯᠠᠱᠠ ᠬᠤᠱᠤᠳ ᠬᠤᠰᠢᠭᠤ ᠵᠢᠩᠭᠢᠨᠢ ᠪᠠᠷ ᠪᠠᠶᠢᠭᠤᠯᠤᠭᠳᠠᠵᠤ᠂ ᠤᠷᠢᠳ ᠬᠤᠵᠢᠳ ᠴᠢᠩ ᠤᠯᠤᠰ᠂ ᠢᠷᠭᠡᠨ ᠤᠯᠤᠰ ᠤᠨ 252 ᠵᠢᠯ ᠤᠨ ᠨᠤᠶᠠᠷᠬᠠᠯ ᠢ ᠬᠦᠯᠢᠶᠡᠵᠤ᠂ 1949 ᠤᠨ ᠤ 9 ᠰᠠᠷ᠎ᠠ ᠶᠢᠨ 23᠎ ᠤ ᠡᠳᠤᠷ ᠨᠠᠶᠢᠷᠠᠮᠳᠠᠯ ᠢᠶᠠᠷ ᠴᠢᠯᠤᠭᠡᠯᠡᠭᠳᠡᠵᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠶᠢ ᠬᠦᠯᠢᠶᠡᠵᠡᠢ᠃      ᠠᠯᠠᠱᠠ ᠬᠤᠰᠢᠭᠤ ᠨᠠᠶᠢᠷᠠᠮᠳᠠᠯ ᠢᠶᠠᠷ ᠴᠢᠯᠤᠭᠡᠯᠡᠭᠳᠡᠭᠰᠡᠨ ᠤ ᠳᠠᠷᠠᠭ᠎ᠠ᠂ ᠠᠯᠠᠱᠠ ᠬᠤᠱᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠪᠠᠶᠢᠭᠤᠯᠤᠭᠳᠠᠵᠤ᠂ 1950 ᠤᠨ ᠳᠤ ᠨᠢᠩᠰᠢᠶᠠ ᠮᠤᠵᠢ ᠳᠤ ᠬᠠᠷᠢᠶᠠᠯᠠᠭᠳᠠᠵᠤ᠂ ᠳᠤᠰ ᠵᠢᠯ ᠤᠨ 3 ᠰᠠᠷ᠎ᠠ ᠶᠢᠨ 31᠎ ᠤ ᠡᠳᠤᠷ ᠳᠤᠮᠳᠠᠳᠤ ᠤᠯᠤᠰ ᠤᠨ ᠡᠪ ᠬᠠᠮᠳᠤ ᠨᠠᠮ ᠤᠨ ᠨᠢᠩᠰᠢᠶᠠ ᠮᠤᠵᠢ ᠶᠢᠨ ᠬᠤᠷᠢᠶ᠎ᠠ ᠳᠤᠭᠳᠠᠭᠠᠯ ᠭᠠᠷᠭᠠᠵᠤ᠂ ᠠᠯᠠᠱᠠ ᠬᠤᠱᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠢ ᠠᠯᠠᠱᠠ ᠬᠤᠱᠤᠳ ᠬᠤᠰᠢᠭᠤᠨ ᠤ ᠦᠪᠡᠷᠳᠡᠭᠡᠨ ᠵᠠᠰᠠᠬᠤ ᠠᠷᠠᠳ ᠤᠨ ᠵᠠᠰᠠᠭ ᠤᠨ ᠤᠷᠳᠤᠨ ᠭᠡᠵᠤ ᠬᠠᠯᠠᠭᠰᠠᠨ ᠪᠠᠶᠢᠪᠠ᠃ 1951 ᠤᠨ ᠤ 8 ᠰᠠᠷ᠎ᠠ ᠶᠢᠨ 18᠎ ᠤ ᠡᠳᠤᠷ ᠳᠦᠪ ᠬᠤᠷᠢᠶ᠎ᠠ ᠶᠢᠨ ᠳᠤᠳᠤᠭᠠᠳᠤ ᠶᠠᠪᠤᠳᠠᠯ ᠤᠨ ᠶᠠᠮᠤᠨ ᠰᠶᠢᠳᠪᠤᠷᠢ ᠭᠠᠷᠭᠠᠵᠤ᠂ ᠠᠯᠠᠱᠠ ᠬᠤᠱᠤᠳ ᠬᠤᠰᠢᠭᠤᠨ ᠤ ᠦᠪᠡᠷᠳᠡᠭᠡᠨ ᠵᠠᠰᠠᠬᠤ ᠠᠷᠠᠳ ᠤᠨ ᠵᠠᠰᠠᠭ ᠤᠨ ᠤᠷᠳᠤᠨ ᠢ ᠠᠯᠠᠱᠠ ᠬᠤᠰᠢᠭᠤᠨ ᠤ ᠦᠪᠡᠷᠳᠡᠭᠡᠨ ᠵᠠᠰᠠᠬᠤ ᠠᠷᠠᠳ ᠤᠨ ᠵᠠᠰᠠᠭ ᠤᠨ ᠤᠷᠳᠤᠨ ᠭᠡᠵᠤ ᠨᠡᠷᠡᠯᠡᠪᠡ᠃ 1954 ᠤᠨ ᠳᠤ ᠨᠢᠩᠰᠢᠶᠠ ᠮᠤᠵᠢ ᠶᠢ ᠬᠠᠰᠤᠭᠰᠠᠨ ᠠᠴᠠ ᠭᠠᠨᠰᠤ ᠮᠤᠵᠢ ᠳᠤ ᠬᠠᠷᠢᠶᠠᠯᠠᠭᠤᠯᠵᠤ᠂ ᠪᠠᠶᠠᠨᠬᠤᠳᠠ ᠶᠢᠨ ᠮᠤᠩᠭᠤᠯ ᠦᠪᠡᠷᠳᠡᠭᠡᠨ ᠵᠠᠰᠠᠬᠤ ᠵᠸᠤ ᠭᠡᠵᠤ ᠨᠠᠷᠠᠯᠠᠵᠠᠢ᠃ 1956 ᠤᠨ ᠤ 4 ᠰᠠᠷ᠎ᠠ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠠᠶᠠᠨᠨᠠᠭᠤᠷ ᠠᠶᠢᠮᠠᠭ ᠤᠨ ᠠᠷᠠᠳ ᠤᠨ ᠵᠦᠪᠯᠡᠯ ᠢ ᠪᠠᠶᠠᠨᠬᠤᠳᠠ ᠳᠤ ᠪᠠᠶᠢᠭᠤᠯᠤᠭᠰᠠᠨ ᠢᠶᠠᠷ ᠦᠪᠤᠷ ᠮᠤᠩᠭᠤᠯ ᠳᠤ ᠬᠠᠷᠢᠶᠠᠯᠠᠭᠳᠠᠬᠤ ᠪᠤᠯᠵᠤ᠂ ᠪᠠᠶᠠᠨᠬᠤᠳᠠ ᠶᠢ ᠬᠤᠳᠠ ᠪᠤᠯᠭᠠᠨ ᠪᠠᠶᠢᠭᠤᠯᠤᠭᠰᠠᠨ ᠤ ᠬᠠᠮᠳᠤ ᠪᠠᠶᠠᠨᠬᠤᠳᠠ ᠶᠢᠨ ᠮᠤᠩᠭᠤᠯ ᠦᠪᠡᠷᠳᠡᠭᠡᠨ ᠵᠠᠰᠠᠬᠤ ᠵᠸᠤ ᠶᠢ ᠠᠯᠠᠱᠠ ᠬᠤᠰᠢᠭᠤ ᠭᠡᠵᠤ᠂ ᠪᠠᠶᠠᠨᠨᠠᠭᠤᠷ ᠠᠶᠢᠮᠠᠭ ᠲᠤ ᠠᠯᠠᠱᠠ ᠬᠤᠰᠢᠭᠤ᠂ ᠡᠵᠡᠨ᠎ᠡ ᠬᠤᠰᠢᠭᠤ᠂ ᠳ᠋ᠧᠩᠺᠸᠤ ᠰᠢᠶᠠᠨ ᠪᠤᠯᠤᠨ ᠪᠠᠶᠠᠨᠬᠤᠳᠠ ᠬᠠᠷᠢᠶᠠᠯᠠᠭᠳᠠᠬᠤ ᠪᠤᠯᠵᠡᠢ᠃ 1958 ᠤᠨ ᠤ 7 ᠰᠠᠷ᠎ᠠ ᠳᠤ ᠪᠠᠶᠠᠨᠨᠠᠭᠤᠷ ᠠᠶᠢᠮᠠᠭ ᠤᠨ ᠠᠷᠠᠳ ᠤᠨ ᠵᠦᠪᠯᠡᠯ ᠪᠤᠯᠤᠨ ᠪᠤᠷᠤᠳᠤᠬᠤᠢ ᠤᠷᠤᠨ ᠤ ᠵᠠᠰᠠᠭ ᠵᠠᠭᠢᠷᠭᠠᠨ ᠤ ᠤᠷᠤᠨ ᠨᠠᠶᠢᠯᠠᠵᠤ᠂ ᠪᠠᠶᠠᠨᠨᠠᠭᠤᠷ ᠠᠶᠢᠮᠠᠭ ᠤᠨ ᠵᠠᠭᠢᠷᠭ᠎ᠠ ᠶᠢ ᠪᠠᠶᠢᠭᠤᠯᠤᠨ᠂ ᠠᠶᠢᠮᠠᠭ ᠳᠦᠪ ᠤᠳᠤ ᠶᠢᠨ ᠪᠠᠶᠠᠨᠨᠠᠭᠤᠷ ᠬᠤᠳᠠ ᠶᠢᠨ ᠪᠠᠶᠠᠨᠭᠤᠤᠯ ᠳᠤ ᠨᠡᠬᠦᠭᠰᠡᠨ ᠢᠶᠠᠷ ᠪᠠᠶᠠᠨᠬᠤᠳᠠ ᠶᠢᠨ ᠬᠤᠳᠠ ᠶᠢᠨ ᠪᠠᠶᠢᠭᠤᠯᠤᠮᠵᠢ ᠶᠢ ᠬᠠᠰᠤᠵᠠᠢ᠃      1961 ᠤᠨ ᠤ 4 ᠰᠠᠷ᠎ᠠ ᠶᠢᠨ 22᠎ ᠤᠨ ᠡᠳᠤᠷ ᠳᠦᠷᠤ ᠶᠢᠨ ᠶᠠᠪᠤᠳᠠᠯ ᠤᠨ ᠬᠤᠷᠢᠶ᠎ᠠ ︽ᠠᠯᠠᠱᠠ ᠬᠤᠰᠢᠭᠤ ᠶᠢ ᠬᠠᠰᠤᠵᠤ᠂ ᠠᠯᠠᠱᠠ ᠵᠡᠬᠦᠨ ᠬᠤᠰᠢᠭᠤ ᠪᠠ ᠠᠯᠠᠱᠠ ᠪᠠᠷᠠᠭᠤᠨ ᠬᠤᠰᠢᠭᠤ ᠶᠢ ᠪᠠᠶᠢᠭᠤᠯᠬᠤ ᠳᠤᠬᠠᠢ ᠰᠶᠢᠳᠪᠤᠷᠢ︾᠎ ᠶᠢ ᠪᠠᠳᠤᠯᠠᠭᠰᠠᠨ ᠢᠶᠠᠷ ᠦᠨᠤᠳᠤᠷ ᠤᠨ ᠠᠯᠠᠱᠠ ᠵᠡᠬᠦᠨ ᠬᠤᠰᠢᠭᠤᠨ ᠤ ᠳᠡᠤᠭᠡ ᠡᠭᠢᠯᠡᠭᠰᠡᠨ ᠭᠡᠵᠤ ᠦᠵᠡᠵᠤ ᠪᠤᠯᠤᠨ᠎ᠠ᠃ ︽ᠰᠤᠶᠤᠯ ᠤᠨ ᠶᠡᠭᠡ ᠬᠤᠪᠢᠰᠬᠠᠯ︾ ᠡᠭᠢᠯᠡᠭᠰᠡᠨ ᠤ ᠳᠠᠷᠠᠭ᠎ᠠ᠂ ᠬᠤᠰᠢᠭᠤᠨ ᠤ ᠠᠷᠠᠳ ᠤᠨ ᠵᠦᠪᠯᠠᠯ ᠤᠨ ᠠᠵᠢᠯ ᠵᠤᠭᠰᠤᠵᠤ᠂ 1968 ᠤᠨ ᠤ 2 ᠰᠠᠷ᠎ᠠ ᠶᠢᠨ 21᠎ ᠤ ᠡᠳᠤᠷ ᠪᠠᠶᠠᠨᠨᠠᠭᠤᠷ ᠠᠶᠢᠮᠠᠭ ᠤᠨ ᠬᠤᠪᠢᠰᠬᠠᠯ ᠤᠨ ᠵᠦᠪᠯᠠᠯ ᠤᠨ ᠵᠦᠪᠰᠢᠶᠡᠷᠡᠯ ᠢᠶᠠᠷ ᠠᠯᠠᠱᠠ ᠵᠡᠬᠦᠨ ᠬᠤᠰᠢᠭᠤᠨ ᠤ ᠬᠤᠪᠢᠰᠬᠠᠯ ᠤᠨ ᠵᠦᠪᠯᠠᠯ ᠢ ᠪᠠᠶᠢᠭᠤᠯᠵᠤ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠯᠠᠱᠠ ᠵᠡᠬᠦᠨ ᠬᠤᠰᠢᠭᠤᠨ ᠤ ᠬᠤᠷᠢᠶ᠎ᠠ ᠪᠤᠯᠤᠨ ᠠᠯᠠᠱᠠ ᠵᠡᠬᠦᠨ ᠬᠤᠰᠢᠭᠤᠨ ᠤ ᠠᠷᠠᠳ ᠤᠨ ᠵᠦᠪᠯᠠᠯ ᠤᠨ ᠠᠵᠢᠯ ᠢ ᠤᠷᠤᠯᠠᠵᠤ᠂ ᠳᠤᠰ ᠵᠢᠯ ᠤᠨ 12 ᠰᠠᠷ᠎ᠠ ᠶᠢᠨ 15᠎ ᠤ ᠡᠳᠤᠷ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠵᠢᠯᠴᠢᠨ ᠤ ᠤᠬᠠᠭᠤᠯᠬᠤ ᠠᠩᠭᠢ ᠠᠯᠠᠱᠠ ᠵᠡᠬᠦᠨ ᠬᠤᠰᠢᠭᠤᠨ ᠳᠤ ᠢᠷᠠᠵᠤ ᠰᠠᠭᠤᠭᠰᠠᠨ ᠢᠶᠠᠷ ᠬᠤᠰᠢᠭᠤᠨ ᠤ ᠬᠤᠪᠢᠰᠬᠠᠯ ᠤᠨ ᠵᠦᠪᠯᠠᠯ ᠤᠨ ᠠᠵᠢᠯ ᠢ ᠬᠦᠯᠢᠶᠡᠨ ᠡᠷᠭᠢᠯᠡᠬᠦ ᠪᠤᠯᠵᠡᠢ᠃      1969 ᠤᠨ ᠳᠤ ᠠᠯᠠᠱᠠ ᠵᠡᠬᠦᠨ ᠬᠤᠰᠢᠭᠤ ᠶᠢ ᠨᠢᠩᠰᠢᠶᠠ ᠶᠢᠨ ᠬᠤᠳᠤᠩ ᠦᠨᠳᠤᠰᠤᠳᠡᠨ ᠤ ᠦᠪᠡᠷᠳᠡᠭᠡᠨ ᠵᠠᠰᠠᠬᠤ ᠤᠷᠤᠨ ᠳᠤ ᠬᠠᠷᠢᠶᠠᠯᠠᠭᠤᠯᠵᠤ᠂ 1979 ᠤᠨ ᠤ 7 ᠰᠠᠷ᠎ᠠ ᠶᠢᠨ 1᠎ ᠤ ᠡᠳᠤᠷ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠳᠤ ᠪᠤᠴᠠᠭᠠᠵᠤ᠂ ᠳᠦᠷᠤ ᠶᠠᠪᠤᠳᠠᠯ ᠤᠨ ᠬᠤᠷᠢᠶ᠎ᠠ ᠶᠢᠨ ᠵᠦᠪᠰᠢᠶᠡᠷᠡᠯ ᠢᠶᠠᠷ 1980 ᠤᠨ ᠤ 4 ᠰᠠᠷ᠎ᠠ ᠶᠢᠨ 1᠎ ᠤ ᠡᠳᠤᠷ ᠠᠯᠠᠱᠠ ᠠᠶᠢᠮᠠᠭ ᠪᠠᠶᠢᠭᠤᠯᠤᠭᠳᠠᠭᠰᠠᠨ ᠢᠶᠠᠷ ᠠᠯᠠᠱᠠ ᠠᠶᠢᠮᠠᠭ ᠬᠠᠷᠢᠶᠠᠯᠠᠭᠳᠠᠨ ᠡᠳᠤᠭᠡ ᠪᠤᠯᠵᠤ ᠪᠠᠶᠢᠨ᠎ᠠ᠃            ︽ᠠᠯᠠᠱᠠ ᠵᠡᠬᠦᠨ ᠬᠤᠰᠢᠭᠤᠨ ᠤ ᠳᠡᠤᠭᠡ ᠰᠤᠶᠤᠯ ᠤᠨ ᠳᠦᠢᠮᠤ︾ ᠨᠣᠮ ᠤᠨ ᠵᠣᠬᠢᠶᠠᠭᠴᠢ ᠶᠢᠨ ᠳᠤᠪᠴᠢ ᠨᠠᠮᠳᠠᠷ      ᠦᠯᠵᠡᠢ᠂ ᠪᠢᠴᠢᠭ ᠤᠨ ᠨᠠᠷ᠎ᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ ᠎ ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃      ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃      
 
ᠢᠷᠡᠯᠲᠡ᠄ ᠠᠯᠠᠱᠠ ᠵᠡᠬᠦᠨ ᠬᠤᠰᠢᠭᠤᠨ ᠤ ᠳᠡᠤᠭᠡ ᠰᠤᠶᠤᠯ ᠤᠨ ᠳᠦᠢᠮᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号