ᠠᠯᠠᠱᠠ ᠵᠡᠬᠦᠨ ᠬᠤᠰᠢᠭᠤᠨ ᠤ ᠰᠤᠮᠤ ᠪᠠᠯᠭᠠᠰᠤᠨ ᠤ ᠤᠯᠠᠷᠢᠯ ᠬᠤᠪᠢᠷᠠᠯ
ᠨᠡᠶᠢᠲᠡᠯᠡᠭᠰᠡᠨ ᠴᠠᠭ᠄
2024/3/10
    ᠠᠯᠠᠱᠠ ᠬᠤᠰᠢᠭᠤ ᠨᠠᠶᠢᠷᠠᠮᠳᠠᠯ ᠢᠶᠠᠷ ᠴᠢᠯᠤᠭᠡᠯᠡᠭᠳᠡᠭᠰᠡᠨ ᠤ ᠳᠠᠷᠠᠭ᠎ᠠ᠂ ᠬᠤᠰᠢᠭᠤᠨ ᠤ ᠦᠨᠳᠤᠰᠤᠨ ᠱᠠᠳᠤᠨ ᠤ ᠪᠠᠶᠢᠭᠤᠯᠤᠮᠵᠢ ᠳᠤ ᠨᠢᠭᠡ ᠬᠤᠳᠠ᠂ ᠳᠤᠬᠠᠶᠢᠯᠠᠪᠠᠯ ᠳ᠋ᠢᠩ ᠶᠤᠸᠠᠨ ᠢᠩ ᠬᠤᠳᠠ᠂ ᠨᠠᠢᠮᠠᠨ ᠰᠤᠮᠤ᠂ ᠭᠤᠴᠢᠨ ᠵᠢᠷᠭᠤᠭᠠᠨ ᠪᠠᠭ ᠤᠨ ᠵᠠᠰᠠᠭ ᠵᠠᠭᠢᠷᠭᠠᠨ ᠤ ᠪᠠᠶᠢᠭᠤᠯᠤᠮᠵᠢ ᠪᠠᠶᠢᠵᠤ᠂ 1952 ᠤᠨ ᠳᠤ ︽ᠳ᠋ᠢᠩ ᠶᠤᠸᠠᠨ ᠢᠩ︾᠎ ᠢ ︽ᠪᠠᠶᠠᠨᠬᠤᠳᠠ︾ ᠭᠡᠵᠤ ᠬᠠᠯᠠᠵᠠᠢ᠃     1954 ᠤᠨ ᠳᠤ ᠠᠯᠠᠱᠠ ᠬᠤᠰᠢᠭᠤᠨ ᠤ ᠦᠨᠳᠤᠰᠤᠨ ᠱᠠᠳᠤᠨ ᠤ ᠵᠠᠰᠠᠭ ᠵᠠᠭᠢᠷᠭᠠᠨ ᠤ ᠪᠠᠶᠢᠭᠤᠯᠤᠮᠵᠢ ᠳᠤ ᠳᠤᠭᠢᠷᠠᠭᠤᠯᠤᠯᠳᠠ ᠭᠢᠵᠤ᠂ ᠪᠦᠬᠦ ᠬᠤᠰᠢᠭᠤᠨ ᠤ ᠨᠡᠢᠮᠠᠨ ᠰᠤᠮᠤ ᠶᠢ ᠵᠢᠷᠭᠤᠭᠠᠨ ᠰᠤᠮᠤ ᠪᠤᠯᠭᠠᠵᠤ᠂ ᠭᠤᠴᠢᠨ ᠵᠢᠷᠭᠤᠭᠠᠨ ᠪᠠᠭ ᠢ ᠡᠯ᠎ᠡ ᠰᠤᠮᠤ ᠳᠤ ᠬᠤᠪᠢᠶᠠᠷᠢᠯᠠᠵᠡᠢ᠃ ᠨᠢᠭᠡᠳᠤᠭᠡᠷ ᠰᠤᠮᠤ ᠨᠢ ᠪᠠᠶᠠᠨᠬᠤᠳᠠ ᠶᠢᠨ ᠰᠢ ᠭᠤᠸᠠᠨ ᠳᠤ ᠰᠠᠭᠤᠷᠢᠰᠢᠵᠤ᠂ ᠪᠠᠷᠠᠭᠤᠨ ᠪᠠᠯ᠂ ᠬᠦᠪᠡᠭᠡᠨᠠᠮᠤᠭ᠂ ᠰᠦᠮᠡᠳᠤ᠂ ᠵᠡᠬᠦᠨ ᠪᠠᠯ᠂ ᠤᠳᠤ᠂ ᠪᠤᠭᠤᠳᠤ᠂ ᠱᠠᠩ ᠤᠨ ᠳᠠᠯᠠᠢ ᠵᠡᠷᠭᠡ ᠳᠤᠯᠤᠭᠠᠨ ᠪᠠᠭ ᠢ ᠬᠠᠮᠢᠶᠠᠷᠴᠤ︔ ᠬᠤᠶᠠᠳᠤᠭᠠᠷ ᠰᠤᠮᠤ ᠨᠢ ᠴᠠᠭᠠᠨᠪᠤᠯᠠᠭ ᠲᠤ ᠰᠠᠭᠤᠷᠢᠰᠢᠵᠤ᠂ ᠬᠤᠶᠠᠷᠬᠤᠳᠳᠤᠭ᠂ ᠵᠠᠬ᠎ᠠ ᠳᠤᠯᠤᠭᠠᠨ᠂ ᠳᠤᠩᠬᠤ᠂ ᠡᠷᠭᠡᠬᠠᠰᠢᠬ᠎ᠠ᠂ ᠳᠤᠤᠯᠠᠨᠳᠡᠢ᠂ ᠴᠠᠭᠠᠨᠪᠤᠯᠠᠭ᠂ ᠴᠠᠭᠠᠨᠨᠠᠭᠤᠷ ᠵᠡᠷᠭᠡ ᠳᠤᠯᠤᠭᠠᠨ ᠪᠠᠭ ᠢ ᠬᠠᠮᠢᠶᠠᠷᠴᠤ︔ ᠭᠤᠷᠪᠠᠳᠤᠭᠠᠷ ᠰᠤᠮᠤ ᠨᠢ ᠬᠤᠳᠠᠨ ᠨᠠᠭᠤᠷ ᠲᠤ ᠰᠠᠭᠤᠷᠢᠰᠢᠵᠤ᠂ ᠪᠠᠶᠠᠨᠪᠦ᠋ᠷᠢᠳᠤ᠂ ᠪᠠᠶ᠋ᠬᠠᠠᠭᠤᠯᠠ᠂ ᠵᠢᠷᠠᠳᠡᠢ᠂ ᠰᠢᠷᠠᠪᠦ᠋ᠷᠢᠳᠤ᠂ ᠬᠦᠭᠡᠪᠦ᠋ᠷᠢᠳᠤ ᠵᠡᠷᠭᠡ ᠳᠠᠪᠤᠨ ᠪᠠᠭ ᠢ ᠬᠠᠮᠢᠶᠠᠷᠴᠤ︔ ᠳᠦᠷᠪᠡᠳᠤᠭᠡᠷ ᠰᠤᠮᠤ ᠨᠢ ᠶᠠᠪᠠᠷᠠᠢ ᠳᠤ ᠰᠠᠭᠤᠷᠢᠰᠢᠵᠤ᠂ ᠪᠠᠳᠡᠢ ᠶᠢᠨ ᠵᠢᠷᠠᠨ᠂ ᠡᠷᠪᠡᠭᠡᠢ᠂ ᠶᠠᠪᠠᠷᠡᠢ᠂ ᠽᠤᠨ᠂ ᠰᠢᠭᠤᠢ ᠵᠡᠷᠭᠡ ᠳᠠᠪᠤᠨ ᠪᠠᠭ ᠢ ᠬᠠᠮᠢᠶᠠᠷᠴᠤ︔ ᠳᠠᠪᠤᠳᠤᠭᠠᠷ ᠰᠤᠮᠤ ᠨᠢ ᠪᠠᠪᠠᠢ ᠶᠢᠨ ᠭᠠᠰᠢᠭᠤᠨ ᠳᠤ ᠰᠠᠭᠤᠷᠢᠰᠢᠵᠤ᠂ ᠭᠤᠶᠢᠽᠠ᠂ ᠪᠠᠷᠠᠭᠤᠨ ᠱᠠᠷᠽᠠ᠂ ᠵᠡᠬᠦᠨ ᠱᠠᠷᠽᠠ᠂ ᠳᠦᠬᠦᠮ᠂  ᠬᠤᠩᠭᠤᠷᠡᠦ᠋ᠯᠤᠩ᠂ ᠪᠠᠶᠠᠨᠨᠢᠷᠤᠭᠤᠨ ᠵᠡᠷᠭᠡ ᠵᠢᠷᠭᠤᠭᠠᠨ ᠪᠠᠭ ᠢ ᠬᠠᠮᠢᠶᠠᠷᠴᠤ︔ ᠵᠢᠷᠭᠤᠳᠤᠭᠠᠷ ᠰᠤᠮᠤ ᠨᠢ ᠤᠯᠠᠨᠪᠤᠯᠠᠭ ᠲᠤ ᠰᠠᠭᠤᠷᠢᠰᠢᠵᠤ᠂ ᠬᠠᠷᠤᠤᠨ᠎ᠠ᠂ ᠬᠦᠢᠪᠤᠷᠢ᠂ ᠱᠠᠵᠢᠨᠳᠤᠬᠤᠢ᠂ ᠳᠤᠯᠤᠭᠠᠨᠰᠤᠬᠠᠢ᠂ ᠳ᠋ᠧᠩᠺᠸᠤ᠂ ᠪᠠᠶᠠᠨᠳᠤᠬᠤᠢ ᠵᠡᠷᠭᠡ ᠵᠢᠷᠭᠤᠭᠠᠨ ᠪᠠᠭ ᠢ ᠬᠠᠮᠢᠶᠡᠷᠴᠤ ᠪᠠᠶᠢᠵᠡᠢ᠃     1955 ᠤᠨ ᠳᠤ ᠪᠠᠶᠠᠨᠬᠤᠳᠠ ᠪᠠᠯᠭᠠᠰᠤ ᠶᠢ ᠪᠠᠶᠢᠭᠤᠯᠵᠤ᠂ 1956 ᠤᠨ ᠳᠤ ᠪᠠᠯᠭᠠᠰᠤ ᠶᠢ ᠦᠭᠡᠶᠢᠰᠭᠡᠵᠤ ᠪᠠᠶᠠᠨᠬᠤᠳᠠ ᠶᠢ ᠬᠤᠰᠢᠭᠤ ᠳᠠᠰ ᠤᠨ ᠬᠤᠳᠠ ᠪᠤᠯᠭᠠᠵᠤ᠂ 1958 ᠤᠨ ᠳᠤ ᠳᠠᠭᠢᠨ ᠪᠠᠯᠭᠠᠰᠤ ᠪᠤᠯᠭᠠᠭᠰᠠᠨ ᠪᠠᠶᠢᠨ᠎ᠠ     1958 ᠤᠨ ᠤ 3 ᠰᠠᠷ᠎ᠠ ᠳᠤ ᠠᠯᠠᠱᠠ ᠬᠤᠰᠢᠭᠤᠨ ᠤ ᠦᠨᠳᠤᠰᠤᠨ ᠱᠠᠳᠤᠨ ᠤ ᠵᠤᠭᠢᠶᠠᠨ ᠪᠠᠶᠢᠭᠤᠯᠤᠯᠳᠠ ᠳᠤ ᠳᠤᠭᠢᠷᠠᠭᠤᠯᠤᠯᠳᠠ ᠭᠢᠵᠤ᠂ ᠵᠢᠷᠭᠤᠭᠠᠨ ᠰᠤᠮᠤ ᠶᠢᠨ ᠪᠠᠶᠢᠭᠤᠯᠤᠮᠵᠢ ᠶᠢ ᠦᠭᠡᠶᠢᠰᠭᠡᠵᠤ᠂ ᠭᠤᠴᠢᠨ ᠵᠢᠷᠭᠤᠭᠠᠨ ᠪᠠᠭ ᠢᠶᠠᠨ ᠬᠤᠷᠢᠨ ᠰᠤᠮᠤ ᠪᠤᠯᠭᠠᠵᠤ᠂ ᠦᠨᠳᠤᠰᠤᠨ ᠱᠠᠳᠤᠨ ᠤ ᠵᠠᠰᠠᠭ ᠤᠨ ᠡᠷᠭᠡ ᠶᠢᠨ ᠪᠠᠶᠢᠭᠤᠯᠤᠮᠵᠢ ᠪᠤᠯᠭᠠᠵᠠᠢ᠃ ᠳᠤᠬᠠᠢ ᠶᠢᠨ ᠦᠶ᠎ᠡ ᠶᠢᠨ ᠬᠤᠷᠢᠨ ᠰᠤᠮᠤ ᠪᠤᠯ ᠤᠳᠤ᠂ ᠪᠤᠭᠤᠳᠤ᠂ ᠪᠠᠷᠠᠭᠤᠨ ᠪᠠᠯ ᠪᠠᠭ ᠢ ᠨᠡᠶᠢᠯᠡᠬᠦᠯᠤᠨ ᠪᠠᠶᠠᠨᠰᠢᠭᠤᠢ ᠰᠤᠮᠤ ᠭᠡᠵᠤ᠂ ᠬᠦᠪᠡᠭᠡᠨᠠᠮᠤᠭ ᠪᠠᠭ ᠢ ᠬᠦᠪᠡᠭᠡᠨᠠᠮᠤᠭ ᠰᠤᠮᠤ ᠭᠡᠵᠤ᠂ ᠬᠤᠶᠠᠷᠬᠤᠳᠳᠤᠭ᠂ ᠱᠠᠩ ᠤᠨ ᠳᠠᠯᠠᠢ ᠪᠠᠭ ᠢ ᠨᠡᠶᠢᠯᠡᠬᠦᠯᠤᠨ ᠵᠢᠷᠭᠠᠯᠰᠡᠶᠢᠬᠠᠨ ᠰᠤᠮᠤ ᠭᠡᠵᠤ᠂ ᠴᠠᠭᠠᠨᠪᠤᠯᠠᠭ᠂ ᠡᠷᠭᠡᠬᠠᠰᠢᠬ᠎ᠠ ᠪᠠᠭ ᠢ ᠨᠡᠶᠢᠯᠡᠬᠦᠯᠤᠨ ᠴᠠᠭᠠᠨᠪᠤᠯᠠᠭ ᠰᠤᠮᠤ ᠭᠡᠵᠤ᠂ ᠵᠠᠬ᠎ᠠ ᠳᠤᠯᠤᠭᠠᠨ᠂ ᠳᠤᠩᠬᠤ ᠪᠠᠭ ᠢ ᠨᠡᠶᠢᠯᠡᠬᠦᠯᠤᠨ ᠤᠨᠳᠤᠷᠤᠯᠳᠤ ᠰᠤᠮᠤ ᠭᠡᠵᠤ᠂ ᠳᠤᠤᠯᠠᠨᠳᠡᠢ᠂ ᠴᠠᠭᠠᠨᠨᠠᠭᠤᠷ ᠪᠠᠭ ᠢ ᠨᠠᠶᠢᠯᠠᠬᠦᠯᠤᠨ ᠳᠤᠤᠯᠠᠨᠳᠡᠢ ᠰᠤᠮᠤ ᠭᠡᠵᠤ᠂ ᠰᠢᠷᠠᠪᠦ᠋ᠷᠢᠳᠤ᠂ ᠰᠦᠮᠡᠳᠤ ᠪᠠᠭ ᠢ ᠨᠡᠶᠢᠯᠡᠬᠦᠯᠤᠨ ᠰᠢᠯᠢ ᠭᠤᠤᠯ ᠰᠤᠮᠤ ᠭᠡᠵᠤ᠂ ᠪᠠᠶᠠᠨᠨᠢᠷᠤᠭᠤᠨ᠂ ᠬᠦᠭᠡᠪᠦ᠋ᠷᠢᠳᠤ ᠪᠠᠭ ᠢ ᠨᠡᠶᠢᠯᠡᠬᠦᠯᠤᠨ ᠬᠤᠤᠰᠪᠦ᠋ᠷᠢᠳᠤ ᠰᠤᠮᠤ ᠭᠡᠵᠤ᠂ ᠪᠠᠶ᠋ᠬᠠᠠᠭᠤᠯᠠ᠂ ᠵᠢᠷᠠᠳᠡᠢ ᠪᠠᠭ ᠢ ᠨᠠᠶᠢᠯᠠᠬᠦᠯᠤᠨ ᠪᠠᠶᠠᠨᠵᠢᠷᠠᠳᠠᠢ ᠰᠤᠮᠤ ᠭᠡᠵᠤ᠂ ᠶᠠᠪᠠᠷᠡᠢ ᠪᠠᠭ ᠢ ᠶᠠᠪᠠᠷᠡᠢ ᠰᠤᠮᠤ ᠭᠡᠵᠤ᠂ ᠽᠤᠨ᠂ ᠰᠢᠭᠤᠢ ᠶᠢᠨ ᠪᠠᠭ ᠢ ᠨᠠᠶᠢᠯᠠᠬᠦᠯᠤᠨ ᠳᠠᠩᠰᠤᠭᠪᠤᠯᠠᠭ ᠰᠤᠮᠤ ᠭᠡᠵᠤ᠂ ᠪᠠᠳᠡᠢ ᠶᠢᠨ ᠵᠢᠷᠠᠨ᠂ ᠡᠷᠪᠡᠭᠡᠢ ᠪᠠᠭ ᠢ ᠨᠡᠶᠢᠯᠡᠬᠦᠯᠤᠨ ᠪᠠᠶ᠋ᠬᠠᠦ᠋ᠨᠳᠤᠷ ᠰᠤᠮᠤ ᠭᠡᠵᠤ᠂ ᠭᠤᠶᠢᠽᠠ ᠶᠢᠨ ᠪᠠᠭ ᠢ ᠦᠩᠳᠤᠭᠤᠤᠯ ᠰᠤᠮᠤ ᠭᠡᠵᠤ᠂ ᠪᠠᠷᠠᠭᠤᠨ ᠱᠠᠷᠽᠠ᠂ ᠵᠡᠬᠦᠨ ᠱᠠᠷᠽᠠ ᠶᠢᠨ ᠪᠠᠭ ᠢ ᠨᠠᠶᠢᠯᠠᠬᠦᠯᠤᠨ ᠦᠯᠵᠠᠶᠢᠰᠦ᠋ᠮᠪᠤᠷ ᠰᠤᠮᠤ ᠭᠡᠵᠤ᠂ ᠳᠦᠬᠦᠮ᠂ ᠬᠤᠩᠭᠤᠷᠡᠦ᠋ᠯᠤᠩ ᠪᠠᠭ ᠢ ᠨᠠᠶᠢᠯᠠᠬᠦᠯᠤᠨ ᠪᠠᠶᠠᠨᠬᠤᠩᠭᠤᠷ ᠰᠤᠮᠤ᠂ ᠪᠠᠶᠠᠨᠨᠢᠷᠤᠭᠤᠨ ᠪᠠᠭ ᠢ ᠪᠠᠶᠠᠨᠨᠢᠷᠤᠭᠤᠨ ᠰᠤᠮᠤ ᠭᠡᠵᠤ᠂ ᠬᠠᠷᠤᠤᠨ᠎ᠠ᠂ ᠬᠦᠢᠪᠤᠷᠢ ᠪᠠᠭ ᠢ ᠨᠠᠶᠢᠯᠠᠬᠦᠯᠤᠨ ᠤᠯᠠᠨᠪᠤᠯᠠᠭ ᠰᠤᠮᠤ ᠭᠡᠵᠤ᠂ ᠱᠠᠵᠢᠨᠳᠤᠬᠤᠢ᠂ ᠪᠠᠶᠠᠨᠳᠤᠬᠤᠢ ᠪᠠᠭ ᠢ ᠨᠠᠶᠢᠯᠠᠬᠦᠯᠤᠨ ᠬᠠᠳᠠᠨᠳᠤᠬᠤᠢ ᠰᠤᠮᠤ ᠭᠡᠵᠤ᠂᠂ ᠳᠤᠯᠤᠭᠠᠨᠰᠤᠬᠠᠢ᠂ ᠳ᠋ᠧᠩᠺᠸᠤ ᠪᠠᠭ ᠢ ᠨᠠᠶᠢᠯᠠᠬᠦᠯᠤᠨ ᠪᠠᠶᠠᠨᠮᠦ᠋ᠷᠡᠨ ᠰᠤᠮᠤ ᠭᠡᠵᠤ ᠪᠠᠶᠢᠭᠤᠯᠤᠭᠰᠠᠨ ᠪᠠᠶᠢᠨ᠎ᠠ᠃     1958 ᠤᠨ ᠤ 9 ᠰᠠᠷ᠎ᠠ ᠳᠤ ᠪᠦᠬᠦ ᠬᠤᠰᠢᠭᠤᠨ ᠳᠤ ᠠᠷᠠᠳ ᠤᠨ ᠨᠢᠭᠡᠳᠤᠯ ᠢ ᠭᠡᠷᠡᠭᠵᠢᠬᠦᠯᠵᠤ᠂ ᠬᠤᠷᠢᠨ ᠰᠤᠮᠤ ᠪᠠᠨ ᠠᠷᠠᠳ ᠤᠨ ᠨᠢᠭᠡᠳᠤᠯ ︵ᠬᠦᠩᠱᠧ︶ ᠪᠤᠯᠭᠠᠵᠠᠢ᠃ 9 ᠰᠠᠷ᠎ᠠ ᠶᠢᠨ 24᠎ ᠤ ᠡᠳᠤᠷ ᠪᠠᠶᠠᠨᠰᠢᠭᠤᠢ ᠠᠷᠠᠳ ᠤᠨ ᠨᠢᠭᠡᠳᠤᠯ ᠢ ᠪᠠᠶᠠᠨᠬᠤᠳᠠ ᠪᠠᠯᠭᠠᠰᠤᠨ ᠳᠤ ᠨᠠᠶᠢᠯᠠᠬᠦᠯᠵᠤ᠂ ᠪᠠᠶᠠᠨᠬᠤᠳᠠ ᠶᠢᠨ ᠤᠯᠠᠭᠠᠨᠪᠠᠶᠠᠨ ᠠᠷᠠᠳ ᠤᠨ ᠨᠢᠭᠡᠳᠤᠯ ᠢ ᠪᠠᠶᠢᠭᠤᠯᠵᠤ᠂ ᠪᠠᠯᠭᠠᠰᠤ ᠨᠢᠭᠡᠳᠤᠯ ᠤᠨ ᠬᠤᠶᠠᠷ ᠢᠵᠢ ᠪᠠᠶᠢᠭᠤᠯᠤᠮᠵᠢ ᠭᠠᠷᠭᠠᠵᠤ᠂ ᠳᠦᠷᠭᠡᠨ᠂ ᠰᠤᠬᠠᠶᠢᠳᠤ᠂ ᠪᠠᠶᠠᠨᠬᠤᠳᠠ ᠪᠠᠯᠭᠠᠰᠤ᠂ ᠤᠷᠳᠤ ᠶᠢᠨ ᠠᠮᠠ᠂ ᠮᠦᠷᠡᠨ ᠤ ᠠᠮᠠ ᠵᠡᠷᠭᠡ ᠳᠠᠪᠤᠨ ᠬᠠᠮᠢᠶᠠᠷᠤᠯᠳᠠ ᠶᠢᠨ ᠤᠷᠤᠨ ᠲᠠᠢ ᠪᠠᠶᠢᠵᠤ᠂ ᠵᠢᠯ ᠤᠨ ᠡᠴᠤᠰ ᠪᠤᠯᠬᠤ ᠳᠤ ᠪᠠᠯᠭᠠᠰᠤ ᠨᠢᠭᠡᠳᠤᠯ ᠤᠨ ᠬᠤᠶᠠᠷ ᠪᠠᠶᠢᠭᠤᠯᠤᠮᠵᠢ ᠶᠢ ᠨᠠᠶᠢᠯᠠᠬᠦᠯᠵᠤ ᠪᠠᠶᠠᠨᠬᠤᠳᠠ ᠪᠠᠯᠭᠠᠰᠤ ᠶᠢᠨ ᠠᠷᠠᠳ ᠤᠨ ᠨᠢᠭᠡᠳᠤᠯ ᠭᠡᠵᠤ ᠨᠡᠷᠡᠯᠡᠵᠡᠢ᠃ ᠮᠦᠨ ᠳᠤᠰ ᠵᠢᠯ ᠦᠩᠳᠤᠭᠤᠤᠯ ᠠᠷᠠᠳ ᠤᠨ ᠨᠢᠭᠡᠳᠤᠯ ᠢ ᠡᠵᠡᠨ᠎ᠡ ᠬᠤᠰᠢᠭᠤᠨ ᠳᠤ ᠵᠢᠷᠤᠭᠯᠠᠨ ᠦᠭᠴᠡᠢ᠃ 1959 ᠤᠨ ᠤ 11 ᠰᠠᠷ᠎ᠠ ᠳᠤ ᠳᠤᠤᠯᠠᠨᠳᠡᠢ ᠠᠷᠠᠳ ᠤᠨ ᠨᠢᠭᠡᠳᠤᠯ ᠢ ᠴᠠᠭᠠᠨᠪᠤᠯᠠᠭ ᠠᠷᠠᠳ ᠤᠨ ᠨᠢᠭᠡᠳᠤᠯ ᠲᠠᠢ ᠨᠡᠶᠢᠯᠡᠬᠦᠯᠵᠤ᠂ 1960 ᠤᠨ ᠤ 6 ᠰᠠᠷ᠎ᠠ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠦᠪᠯᠡᠯ ᠤᠨ ᠵᠦᠪᠰᠢᠶᠡᠷᠡᠯ ᠢᠶᠠᠷ ᠪᠠᠶᠠᠨᠮᠦ᠋ᠷᠡᠨ ᠠᠷᠠᠳ ᠤᠨ ᠨᠢᠭᠡᠳᠤᠯ ᠢ ᠤᠳᠠ ᠪᠠᠯᠭᠠᠰᠤ ᠳᠤ ᠵᠢᠷᠤᠭᠯᠠᠨ ᠦᠭᠴᠡᠢ᠃     1960 ᠤᠨ ᠤ 6 ᠰᠠᠷ᠎ᠠ ᠪᠤᠯᠬᠤ ᠳᠤ ᠪᠦᠬᠦ ᠬᠤᠰᠢᠭᠤ 17 ᠠᠷᠠᠳ ᠤᠨ ᠨᠢᠭᠡᠳᠤᠯ᠂ 107 ᠶᠡᠭᠡ ᠪᠠᠷᠢᠭᠠᠳᠠ ᠲᠠᠢ ᠪᠤᠯᠤᠭᠰᠠᠨ ᠪᠠᠶᠢᠪᠠ᠃ ᠳᠤᠬᠠᠢ ᠶᠢᠨ ᠦᠶ᠎ᠡ ᠶᠢᠨ ᠠᠷᠠᠳ ᠤᠨ ᠨᠢᠭᠡᠳᠤᠯ ᠳᠤ᠂ ᠵᠢᠷᠭᠠᠯᠰᠡᠶᠢᠬᠠᠨ ᠠᠷᠠᠳ ᠤᠨ ᠨᠢᠭᠡᠳᠤᠯ᠂ ᠪᠠᠶᠠᠨᠵᠢᠷᠠᠳᠠᠢ ᠠᠷᠠᠳ ᠤᠨ ᠨᠢᠭᠡᠳᠤᠯ᠂ ᠤᠯᠠᠨᠪᠤᠯᠠᠭ ᠠᠷᠠᠳ ᠤᠨ ᠨᠢᠭᠡᠳᠤᠯ᠂ ᠬᠦᠪᠡᠭᠡᠨᠠᠮᠤᠭ ᠠᠷᠠᠳ ᠤᠨ ᠨᠢᠭᠡᠳᠤᠯ᠂ ᠰᠢᠯᠢ ᠭᠤᠤᠯ ᠠᠷᠠᠳ ᠤᠨ ᠨᠢᠭᠡᠳᠦᠯ᠂ ᠤᠨᠳᠤᠷᠤᠯᠳᠤ ᠠᠷᠠᠳ ᠤᠨ ᠨᠢᠭᠡᠳᠤᠯ᠂ ᠪᠠᠶᠠᠨᠨᠢᠷᠤᠭᠤᠨ ᠠᠷᠠᠳ ᠤᠨ ᠨᠢᠭᠡᠳᠤᠯ᠂ ᠵᠡᠬᠦᠨ ᠪᠡᠯ ᠠᠷᠠᠳ ᠤᠨ ᠨᠢᠭᠡᠳᠤᠯ᠂ ᠪᠠᠶᠠᠨᠬᠤᠳᠠ ᠠᠷᠠᠳ ᠤᠨ ᠨᠢᠭᠡᠳᠤᠯ᠂ ᠬᠤᠤᠰᠪᠦ᠋ᠷᠢᠳᠤ ᠠᠷᠠᠳ ᠤᠨ ᠨᠢᠭᠡᠳᠤᠯ᠂ ᠪᠠᠶᠠᠨᠬᠤᠩᠭᠤᠷ ᠠᠷᠠᠳ ᠤᠨ ᠨᠢᠭᠡᠳᠤᠯ᠂ ᠦᠯᠵᠡᠶᠢᠰᠦ᠋ᠮᠪᠤᠷ ᠠᠷᠠᠳ ᠤᠨ ᠨᠢᠭᠡᠳᠤᠯ᠂ ᠪᠠᠶ᠋ᠬᠠᠦ᠋ᠨᠳᠤᠷ ᠠᠷᠠᠳ ᠤᠨ ᠨᠢᠭᠡᠳᠤᠯ᠂ ᠴᠠᠭᠠᠨᠪᠤᠯᠠᠭ ᠠᠷᠠᠳ ᠤᠨ ᠨᠢᠭᠡᠳᠤᠯ᠂ ᠶᠠᠪᠠᠷᠠᠢ ᠠᠷᠠᠳ ᠤᠨ ᠨᠢᠭᠡᠳᠤᠯ᠂ ᠬᠠᠳᠠᠨᠳᠤᠬᠤᠢ ᠠᠷᠠᠳ ᠤᠨ ᠨᠢᠭᠡᠳᠤᠯ᠂ ᠳᠠᠩᠰᠤᠭᠪᠤᠯᠠᠭ ᠠᠷᠠᠳ ᠤᠨ ᠨᠢᠭᠡᠳᠤᠯ ᠵᠡᠷᠭᠡ ᠪᠠᠶᠢᠵᠡᠢ᠃     1961 ᠤᠨ ᠤ 4 ᠰᠠᠷ᠎ᠠ ᠳᠤ ᠠᠯᠠᠱᠠ ᠬᠤᠰᠢᠭᠤ ᠶᠢ ᠵᠡᠬᠦᠨ᠂ ᠪᠠᠷᠠᠭᠤᠨ ᠬᠤᠶᠠᠷ ᠬᠤᠰᠢᠭᠤ ᠪᠤᠯᠭᠠᠨ ᠬᠤᠪᠢᠶᠠᠭᠰᠠᠨ ᠤ ᠳᠠᠷᠠᠭ᠎ᠠ᠂ ᠤᠤᠯ ᠤᠨ ᠪᠠᠶᠠᠨᠬᠤᠳᠠ᠂ ᠵᠢᠷᠭᠠᠯᠰᠡᠶᠢᠬᠠᠨ᠂ ᠴᠠᠭᠠᠨᠪᠤᠯᠠᠭ᠂ ᠬᠦᠪᠡᠭᠡᠨᠠᠮᠤᠭ᠂ ᠰᠢᠯᠢ ᠭᠤᠤᠯ᠂ ᠬᠤᠤᠰᠪᠦ᠋ᠷᠢᠳᠤ᠂ ᠪᠠᠶᠠᠨᠵᠢᠷᠠᠳᠠᠢ᠂ ᠵᠡᠬᠦᠨ ᠪᠡᠯ᠂ ᠪᠠᠶᠠᠨᠬᠤᠩᠭᠤᠷ᠂ ᠤᠯᠠᠨᠪᠤᠯᠠᠭ᠂ ᠤᠨᠳᠤᠷᠤᠯᠳᠤ ᠵᠡᠷᠭᠡ 11 ᠠᠷᠠᠳ ᠤᠨ ᠨᠢᠭᠡᠳᠤᠯ ᠢ ᠠᠯᠠᠱᠠ ᠵᠡᠬᠦᠨ ᠬᠤᠰᠢᠭᠤᠨ ᠳᠤ ᠬᠠᠷᠢᠶᠠᠯᠠᠭᠤᠯᠵᠤ᠂᠂ ᠪᠠᠶ᠋ᠬᠠᠦ᠋ᠨᠳᠤᠷ᠂ ᠳᠠᠩᠰᠤᠭᠪᠤᠯᠠᠭ᠂ ᠪᠠᠶᠠᠨᠨᠢᠷᠤᠭᠤᠨ᠂ ᠶᠠᠪᠠᠷᠠᠢ᠂ ᠦᠯᠵᠡᠶᠢᠰᠦ᠋ᠮᠪᠤᠷ ᠵᠡᠷᠭᠡ 5 ᠠᠷᠠᠳ ᠤᠨ ᠨᠢᠭᠡᠳᠤᠯ ᠢ ᠠᠯᠠᠱᠠ ᠪᠠᠷᠠᠭᠤᠨ ᠬᠤᠰᠢᠭᠤᠨ ᠳᠤ ᠬᠠᠷᠢᠶᠠᠯᠠᠭᠤᠯᠵᠤ᠂ ᠬᠠᠳᠠᠨᠳᠤᠬᠤᠢ ᠠᠷᠠᠳ ᠤᠨ ᠨᠢᠭᠡᠳᠤᠯ ᠤᠨ ᠳᠦᠷᠪᠡᠨ ᠪᠠᠷᠢᠭᠠᠳᠠ ᠶᠢ ᠳ᠋ᠧᠩᠺᠸᠤ ᠰᠢᠶᠠᠨ᠂ ᠦᠬᠠᠢ ᠬᠤᠳᠠ ᠪᠤᠯᠤᠨ ᠦᠢᠷᠡᠯᠴᠠᠭ᠎ᠠ ᠠᠷᠠᠳ ᠤᠨ ᠨᠢᠭᠡᠳᠤᠯ ᠳᠤ ᠬᠤᠪᠢᠶᠠᠷᠢᠯᠠᠭᠰᠠᠨ ᠪᠠᠶᠢᠨ᠎ᠠ᠃     1961 ᠤᠨ ᠤ ᠡᠴᠤᠰ ᠲᠤ᠂ ᠠᠯᠠᠱᠠ ᠵᠡᠬᠦᠨ ᠬᠤᠰᠢᠭᠤ ᠠᠷᠠᠳ ᠤᠨ ᠨᠢᠭᠡᠳᠤᠯ ᠪᠤᠯᠤᠨ ᠪᠠᠷᠢᠭᠠᠳᠠ ᠳᠤ ᠳᠤᠭᠢᠷᠠᠭᠤᠯᠤᠯᠳᠠ ᠭᠢᠭᠰᠡᠨ ᠢᠶᠠᠷ 19 ᠠᠷᠠᠠᠳ ᠤᠨ ᠨᠢᠭᠡᠳᠤᠯ᠂ 92 ᠪᠠᠷᠢᠭᠠᠳᠠ ᠲᠠᠢ ᠪᠤᠯᠵᠡᠢ᠃ ᠳᠤᠬᠠᠢ ᠶᠢᠨ ᠦᠶ᠎ᠡ ᠳᠤ ᠪᠠᠷᠠᠭᠤᠨ ᠪᠠᠯ᠂ ᠮᠦᠷᠡᠨ ᠭᠤᠤᠯ᠂ ᠪᠠᠶᠠᠨᠬᠤᠳᠠ ᠪᠠᠯᠭᠠᠰᠤ᠂ ᠰᠢᠯᠢ ᠭᠤᠤᠯ᠂ ᠬᠤᠩᠭᠤᠷᠡᠦ᠋ᠯᠤᠩ᠂ ᠴᠡᠩᠭᠡᠯ᠂ ᠳᠦᠬᠦᠮ᠂ ᠵᠢᠷᠭᠠᠯᠰᠠᠶᠢᠬᠠᠨ᠂ ᠱᠠᠩ ᠤᠨ ᠳᠠᠯᠠᠢ᠂ ᠳᠤᠩᠭᠠᠯᠠᠭ ᠨᠠᠭᠤᠷ᠂ ᠬᠤᠤᠰᠪᠦ᠋ᠷᠢᠳᠤ᠂ ᠪᠠᠶᠠᠨᠵᠢᠷᠠᠳᠠᠢ ᠂ ᠢᠩᠭᠡᠨ᠂ ᠤᠯᠠᠨᠪᠤᠯᠠᠭ᠂ ᠢᠭᠢᠷ᠎ᠠ᠂ ᠴᠠᠭᠠᠨᠪᠤᠯᠠᠭ᠂ ᠤᠨᠳᠤᠷᠤᠯᠳᠤ᠂ ᠳᠡᠭᠷᠢ᠂ ᠡᠷᠭᠡᠬᠠᠰᠢᠬ᠎ᠠ ᠵᠡᠷᠭᠡ ᠠᠷᠠᠳ ᠤᠨ ᠨᠢᠭᠡᠳᠤᠯ ᠪᠠᠶᠢᠪᠠ᠃ ᠬᠤᠵᠢᠮ ᠨᠢ ᠵᠡᠬᠦᠨ ᠪᠡᠯ ᠠᠷᠠᠳ ᠤᠨ ᠨᠢᠭᠡᠳᠤᠯ ᠢ ᠳᠠᠭᠢᠨ ᠪᠠᠶᠢᠭᠤᠯᠵᠡᠢ᠃     1965 ᠤᠨ ᠳᠤ ᠪᠠᠶᠠᠨᠮᠦ᠋ᠷᠡᠨ ᠠᠷᠠᠳ ᠤᠨ ᠨᠢᠭᠡᠳᠤᠯ ᠪᠤᠯᠤᠨ ᠤᠰᠤᠳᠤ ᠠᠷᠠᠳ ᠤᠨ ᠨᠢᠭᠡᠳᠤᠯ ︵ᠳᠤᠰ ᠨᠢᠭᠡᠳᠤᠯ ᠪᠤᠯ 1961 ᠤᠨ ᠳᠤ ᠪᠠᠶᠠᠨᠮᠦ᠋ᠷᠡᠨ ᠠᠷᠠᠳ ᠤᠨ ᠨᠢᠭᠡᠳᠤᠯ ᠠᠴᠠ ᠬᠤᠪᠢᠶᠠᠭᠳᠠᠨ ᠪᠠᠶᠢᠭᠤᠯᠤᠭᠳᠠᠭᠰᠠᠨ ᠪᠠᠶᠢᠵᠡᠢ︶᠎ ᠢ ᠦᠬᠠᠢ ᠬᠤᠳᠠ ᠠᠴᠠ ᠠᠯᠠᠱᠠ ᠵᠡᠬᠦᠨ ᠬᠤᠰᠢᠭᠤᠨ ᠳᠤ ᠪᠤᠴᠠᠭᠠᠨ ᠦᠭᠴᠦ ᠬᠠᠮᠢᠶᠠᠷᠤᠭᠤᠯᠵᠡᠢ᠃ 1969 ᠤᠨ ᠳᠤ ᠠᠯᠠᠱᠠ ᠪᠠᠷᠠᠭᠤᠨ ᠬᠤᠰᠢᠭᠤᠨ ᠤ ᠦᠯᠵᠡᠢ᠂ ᠳᠠᠩᠰᠤᠭᠪᠤᠯᠠᠭ᠂ ᠠᠯᠳ᠋ᠬᠠᠤᠪᠤᠭ᠎ᠠ᠂ ᠰᠦᠮᠪᠤᠷ᠂ ᠪᠠᠶᠠᠨᠨᠢᠷᠤᠭᠤᠨ ᠵᠡᠷᠭᠡ ᠳᠠᠪᠤᠨ ᠠᠷᠠᠳ ᠤᠨ ᠨᠢᠭᠡᠳᠤᠯ ᠢ ᠠᠯᠠᠱᠠ ᠵᠡᠬᠦᠨ ᠬᠤᠰᠢᠭᠤᠨ ᠳᠤ ᠬᠠᠷᠢᠶᠠᠯᠠᠭᠤᠯᠵᠡᠢ᠃     1970 ᠤᠨ ᠳᠤ ᠠᠯᠠᠱᠠ ᠵᠡᠬᠦᠨ ᠬᠤᠰᠢᠭᠤ ᠨᠢᠭᠡᠳᠤᠭᠡᠷ᠂ ᠬᠤᠶᠠᠳᠤᠭᠠᠷ᠂ ᠭᠤᠷᠪᠠᠳᠤᠭᠠᠷ ᠳᠤᠭᠤᠷᠢᠭ ᠭᠡᠵᠤ ᠪᠠᠶᠢᠭᠤᠯᠤᠨ᠂ 27 ᠠᠷᠠᠳ ᠤᠨ ᠨᠢᠭᠡᠳᠤᠯ ᠢᠶᠠᠨ ᠭᠤᠷᠪᠠᠨ ᠳᠤᠭᠤᠷᠢᠭ ᠲᠤ ᠬᠤᠪᠢᠶᠠᠭᠰᠠᠨ ᠤ ᠬᠠᠮᠳᠤ ᠵᠢᠷᠠᠳᠠᠢ ᠪᠠᠯᠭᠠᠰᠤ ᠪᠤᠯᠤᠨ ᠬᠤᠯᠤᠰᠤᠳᠡᠢ ᠪᠠᠯᠭᠠᠰᠤ ᠶᠢ ᠪᠠᠶᠢᠭᠤᠯᠵᠡᠢ᠃ ᠨᠢᠭᠡᠳᠤᠭᠡᠷ ᠳᠤᠭᠤᠷᠢᠭ ᠤᠨ ᠰᠠᠭᠤᠭ᠎ᠠ ᠭᠠᠵᠠᠷ ᠨᠢ ᠦᠯᠵᠡᠢ ᠳᠤ ᠪᠠᠶᠢᠵᠤ᠂ ᠳᠠᠩᠰᠤᠭᠪᠤᠯᠠᠭ᠂ ᠰᠦᠮᠪᠤᠷ᠂ ᠦᠯᠵᠡᠢ᠂ ᠢᠩᠭᠡᠨ᠂ ᠳᠦᠬᠦᠮ᠂ ᠠᠯᠳ᠋ᠬᠠᠤᠪᠤᠭ᠎ᠠ᠂ ᠪᠠᠶᠠᠨᠨᠢᠷᠤᠭᠤᠨ ᠵᠡᠷᠭᠡ ᠳᠤᠯᠤᠭᠠᠨ ᠠᠷᠠᠳ ᠤᠨ ᠨᠢᠭᠡᠳᠤᠯ ᠢ ᠬᠠᠮᠢᠶᠠᠷᠴᠤ︔ ᠬᠤᠶᠠᠳᠤᠭᠠᠷ ᠳᠤᠭᠤᠷᠢᠭ ᠤᠨ ᠰᠠᠭᠤᠭ᠎ᠠ ᠭᠠᠵᠠᠷ ᠨᠢ ᠵᠢᠷᠠᠳᠠᠢ ᠳᠤ ᠪᠠᠶᠢᠵᠤ᠂ ᠬᠤᠩᠭᠤᠷᠡᠦ᠋ᠯᠤᠩ᠂ ᠤᠯᠠᠨᠪᠤᠯᠠᠭ᠂ ᠪᠠᠶᠠᠠᠮᠦ᠋ᠷᠡᠨ᠂ ᠬᠤᠤᠰᠪᠦ᠋ᠷᠢᠳᠤ᠂ ᠤᠰᠤᠳᠤ᠂ ᠴᠡᠩᠭᠡᠯᠳᠤ᠂ ᠪᠠᠶᠠᠨᠵᠢᠷᠠᠳᠠᠢ ᠵᠡᠷᠭᠡ ᠳᠤᠯᠤᠭᠠᠨ ᠠᠷᠠᠳ ᠤᠨ ᠨᠢᠭᠡᠳᠤᠯ ᠢ ᠬᠠᠮᠢᠶᠠᠷᠴᠤ︔ ᠭᠤᠷᠪᠠᠳᠤᠭᠠᠷ ᠳᠤᠭᠤᠷᠢᠭ ᠤᠨ ᠰᠠᠭᠤᠭ᠎ᠠ ᠭᠠᠵᠠᠷ ᠨᠢ ᠵᠢᠷᠭᠠᠯᠰᠠᠶᠢᠬᠠᠨ ᠪᠠᠶᠢᠵᠤ᠂ ᠡᠷᠭᠡᠬᠠᠰᠢᠬ᠎ᠠ᠂ ᠢᠭᠢᠷ᠎ᠡ᠂ ᠴᠠᠭᠠᠨᠪᠤᠯᠠᠭ᠂ ᠵᠢᠷᠭᠠᠯᠰᠠᠶᠢᠬᠠᠨ᠂ ᠳᠡᠭᠷᠢ ᠡᠯᠡᠰᠤ᠂ ᠤᠨᠳᠤᠷᠤᠯᠳᠤ ᠵᠡᠷᠭᠡ ᠵᠢᠷᠭᠤᠭᠠᠨ ᠠᠷᠠᠳ ᠤᠨ ᠨᠢᠭᠡᠳᠤᠯ ᠢ ᠬᠠᠮᠢᠶᠠᠷᠴᠤ︔ ᠵᠡᠬᠦᠨ ᠪᠡᠯ᠂ ᠮᠦᠷᠡᠨ ᠭᠤᠤᠯ᠂ ᠰᠢᠯᠢ ᠭᠤᠤᠯ᠂ ᠳᠤᠩᠭᠠᠯᠠᠭ ᠨᠠᠭᠤᠷ᠂ ᠱᠠᠩ ᠤᠨ ᠳᠠᠯᠠᠢ᠂ ᠪᠠᠶᠠᠨᠬᠤᠳᠠ ᠪᠠᠯᠭᠠᠰᠤ᠂ ᠪᠠᠷᠠᠭᠤᠨ ᠪᠠᠯ ᠵᠡᠷᠭᠡ ᠳᠤᠯᠤᠭᠠᠨ ᠠᠷᠠᠳ ᠤᠨ ᠨᠢᠭᠡᠳᠤᠯ ᠨᠢ ᠬᠤᠰᠢᠭᠤᠨ ᠳᠤ ᠰᠢᠭᠤᠳ ᠬᠠᠷᠢᠶᠠᠯᠠᠭᠳᠠᠵᠠᠢ᠃ 1979 ᠤᠨ ᠤ 11 ᠰᠠᠷ᠎ᠠ ᠳᠤ ᠭᠤᠷᠪᠠᠨ ᠳᠤᠭᠤᠷᠢᠭ ᠤᠨ ᠪᠠᠶᠢᠭᠤᠯᠤᠮᠵᠢ ᠶᠢ ᠬᠠᠰᠤᠭᠰᠠᠨ ᠪᠠᠶᠢᠨ᠎ᠠ᠃     1980 ᠤᠨ ᠤ 5 ᠰᠠᠷ᠎ᠠ ᠳᠤ᠂ ᠠᠯᠠᠱᠠ ᠠᠶᠢᠮᠠᠭ ᠤᠨ ᠨᠠᠮ ᠤᠨ ᠬᠤᠷᠢᠶ᠎ᠠ᠂ ᠵᠠᠭᠢᠷᠭ᠎ᠠ ᠰᠶᠢᠳᠪᠤᠷᠢ ᠭᠠᠷᠭᠠᠵᠤ᠂ ᠰᠦᠮᠪᠤᠷ᠂ ᠳᠠᠩᠰᠤᠭᠪᠤᠯᠠᠭ᠂ ᠠᠯᠳ᠋ᠬᠠᠤᠪᠤᠭ᠎ᠠ ᠵᠡᠷᠭᠡ ᠭᠤᠷᠪᠠᠨ ᠠᠷᠠᠳ ᠤᠨ ᠨᠢᠭᠡᠳᠤᠯ ᠢ ᠠᠯᠠᠱᠠ ᠪᠠᠷᠠᠭᠤᠨ ᠬᠤᠰᠢᠭᠤᠨ ᠳᠤ ᠪᠤᠴᠠᠭᠠᠵᠠᠢ᠃ ᠢᠩᠭᠢᠭᠡᠳ ᠠᠯᠠᠱᠠ ᠵᠡᠬᠦᠨ ᠬᠤᠰᠢᠭᠤ 3 ᠪᠠᠯᠭᠠᠰᠤ᠂ 23 ᠠᠷᠠᠳ ᠤᠨ ᠨᠢᠭᠡᠳᠤᠯ᠂ 150 ᠪᠠᠷᠢᠭᠠᠳᠠ᠂ 24 ᠰᠠᠭᠤᠭᠠᠯᠢ ᠠᠷᠠᠳ ᠤᠨ ᠵᠦᠪᠯᠠᠯ ᠲᠠᠢ ᠪᠤᠯᠵᠡᠢ᠃ ᠳᠤᠬᠠᠢ ᠶᠢᠨ ᠦᠶ᠎ᠡ ᠶᠢᠨ ᠠᠷᠠᠳ ᠤᠨ ᠨᠢᠭᠡᠳᠦᠯ ᠳᠤ ᠮᠦᠷᠡᠨ ᠭᠤᠤᠯ᠂ ᠪᠠᠷᠠᠭᠤᠨ ᠪᠠᠯ᠂ ᠪᠠᠶᠠᠨᠵᠢᠷᠠᠳᠠᠢ᠂ ᠵᠡᠬᠦᠨ ᠪᠠᠯ᠂ ᠬᠤᠤᠰᠪᠦ᠋ᠷᠢᠳᠤ᠂ ᠪᠠᠶᠠᠠᠮᠦ᠋ᠷᠡᠨ᠂ ᠵᠢᠷᠭᠠᠯᠰᠠᠶᠢᠬᠠᠨ᠂ ᠪᠠᠶᠠᠨᠨᠢᠷᠤᠭᠤᠨ᠂ ᠳᠡᠭᠷᠢ ᠡᠯᠡᠰᠤ᠂ ᠤᠨᠳᠤᠷᠤᠯᠳᠤ᠂ ᠴᠡᠩᠭᠡᠯ᠂ ᠰᠢᠯᠢ ᠭᠤᠤᠯ᠂ ᠡᠷᠭᠡᠬᠠᠰᠢᠬ᠎ᠠ᠂ ᠢᠭᠢᠷ᠎ᠡ᠂ ᠴᠠᠭᠠᠨᠪᠤᠯᠠᠭ᠂ ᠱᠠᠩ ᠤᠨ ᠳᠠᠯᠠᠢ᠂ ᠦᠯᠵᠡᠢ᠂ ᠤᠯᠠᠨᠪᠤᠯᠠᠭ᠂ ᠤᠰᠤᠳᠤ᠂ ᠳᠦᠬᠦᠮ᠂ ᠳᠤᠩᠭᠠᠯᠠᠭ ᠨᠠᠭᠤᠷ᠂ ᠢᠩᠭᠡᠨ᠂ ᠬᠤᠩᠭᠤᠷᠡᠦ᠋ᠯᠤᠩ ᠵᠡᠷᠭᠡ ᠪᠠᠶᠢᠵᠤ᠂ ᠭᠤᠷᠪᠠᠨ ᠪᠠᠯᠭᠠᠰᠤ ᠨᠢ ᠪᠠᠶᠠᠨᠬᠤᠳᠠ᠂ ᠵᠢᠷᠠᠳᠠᠢ᠂ ᠬᠤᠯᠤᠰᠤᠳᠡᠢ ᠪᠤᠯᠤᠨ᠎ᠠ᠃     1982 ᠤᠨ ᠤ 10 ᠰᠠᠷ᠎ᠠ ᠳᠤ ᠴᠡᠩᠭᠡᠯ ᠠᠷᠠᠳ ᠤᠨ ᠨᠢᠭᠡᠳᠤᠯ ᠢ ᠬᠠᠨ ᠠᠭᠤᠯᠠ ᠠᠷᠠᠳ ᠤᠨ ᠨᠢᠭᠡᠳᠤᠯ ᠭᠡᠵᠤ ᠰᠤᠯᠢᠵᠡᠢ᠃ 1983 ᠤᠨ ᠤ 1 ᠰᠠᠷ᠎ᠠ ᠳᠤ ᠴᠠᠭᠠᠨᠪᠤᠯᠠᠭ ᠠᠷᠠᠳ ᠤᠨ ᠨᠢᠭᠡᠳᠤᠯ ᠤᠨ ᠪᠠᠶᠢᠭᠤᠯᠭ᠎ᠠ ᠶᠢ ᠴᠠᠭᠠᠨᠪᠤᠯᠠᠭ ᠠᠴᠠ ᠡᠮᠤᠨ᠎ᠡ ᠭᠤᠤᠯ ᠳᠤ ᠨᠡᠬᠦᠯᠭᠡᠵᠤ᠂ ᠴᠤᠭᠳᠤ ᠬᠦᠷᠢᠶ᠎ᠡ ᠠᠷᠠᠳ ᠤᠨ ᠨᠢᠭᠡᠳᠤᠯ ᠭᠡᠵᠤ᠂ ᠢᠭᠢᠷ᠎ᠡ ᠠᠷᠠᠳ ᠤᠨ ᠨᠢᠭᠡᠳᠤᠯ ᠢ ᠴᠠᠭᠠᠨᠪᠤᠯᠠᠭ ᠠᠷᠠᠳ ᠤᠨ ᠨᠢᠭᠡᠳᠤᠯ ᠭᠡᠵᠤ ᠨᠠᠷᠠᠯᠠᠪᠠ᠃ 1983 ᠤᠨ ᠤ 2 ᠰᠠᠷ᠎ᠠ ᠳᠤ ᠪᠠᠶᠠᠨᠨᠠᠭᠤᠷ ᠠᠶᠢᠮᠠᠭ ᠤᠨ ᠪᠠᠶᠠᠨᠮᠤᠳᠤ ᠳᠠᠷᠢᠶᠠᠯᠠᠩ ᠤᠨ ᠳᠠᠯᠠᠪᠠᠢ ᠶᠢ ᠠᠯᠠᠱᠠ ᠵᠡᠬᠦᠨ ᠬᠤᠰᠢᠭᠤᠨ ᠳᠤ ᠬᠠᠷᠢᠶᠠᠯᠠᠭᠤᠯᠪᠠ ᠃ ᠳᠤᠰ ᠵᠢᠯ ᠤᠨ 11 ᠰᠠᠷ᠎ᠠ ᠪᠠᠶᠠᠨᠬᠤᠳᠠ ᠪᠠᠯᠭᠠᠰᠤᠨ ᠤ ᠠᠷᠠᠳ ᠤᠨ ᠨᠢᠭᠡᠳᠤᠯ ᠭᠡᠳᠡᠭ ᠤᠨ ᠪᠠᠯᠭᠠᠰᠤ ᠨᠢᠭᠡᠳᠤᠯ ᠢ ᠰᠠᠯᠭᠠᠵᠤ᠂ ᠪᠤᠭᠤᠳᠤ ᠠᠷᠠᠳ ᠤᠨ ᠨᠢᠭᠡᠳᠤᠯ ᠢ ᠪᠠᠶᠢᠭᠤᠯᠵᠡᠢ᠃ 1983 ᠤᠨ ᠤ ᠡᠴᠤᠰ ᠲᠤ ᠠᠷᠠᠳ ᠤᠨ ᠨᠢᠭᠡᠳᠤᠯ ᠢ ᠰᠤᠮᠤ ᠪᠤᠯᠭᠠᠨ ᠬᠠᠯᠠᠵᠤ᠂ 1984 ᠤᠨ ᠤ ᠡᠭᠢᠨ ᠳᠤ ᠪᠠᠷᠢᠭᠠᠳᠠ ᠶᠢᠨ ᠭᠠᠴᠠᠭ᠎ᠠ ᠭᠡᠵᠤ ᠨᠡᠷᠡᠯᠡᠪᠡ᠃ 1985 ᠤᠨ ᠳᠤ ᠪᠠᠷᠠᠭᠤᠨ ᠪᠠᠯ ᠰᠤᠮᠤ ᠶᠢ ᠪᠠᠷᠠᠭᠤᠨ ᠪᠠᠯ ᠪᠠᠯᠭᠠᠰᠤ ᠭᠡᠵᠤ᠂ 1986 ᠤᠨ ᠳᠤ ᠮᠦᠷᠡᠨ ᠭᠤᠤᠯ ᠰᠤᠮᠤ ᠠᠴᠠ ᠭᠡᠰᠡᠭ ᠭᠠᠵᠠᠷ ᠬᠤᠪᠢᠶᠠᠷᠢᠯᠠᠨ ᠭᠠᠷᠭᠠᠵᠤ᠂ ᠭᠤᠷᠪᠠᠨ ᠤᠪᠤᠭ᠎ᠠ ᠪᠠᠯᠭᠠᠰᠤ ᠶᠢ ᠪᠠᠶᠢᠭᠤᠯᠵᠤ᠂ 1987 ᠤᠨ ᠤ 10 ᠰᠠᠷ᠎ᠠ ᠳᠤ ᠴᠠᠬᠠᠷ ᠤᠨ ᠬᠦᠳᠡᠭᠡ ᠶᠢᠨ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠳᠤᠭᠤᠷᠢᠭ ᠢ ᠪᠠᠶᠢᠭᠤᠯᠵᠤ᠂ ᠰᠤᠮᠤᠨ ᠤ ᠵᠠᠰᠠᠭ ᠤᠨ ᠤᠷᠳᠤᠨ ᠤ ᠡᠷᠭᠡ ᠡᠬᠦᠷᠭᠡ ᠶᠢ ᠬᠦᠢᠴᠡᠳᠭᠡᠬᠦ ᠪᠤᠯᠵᠡᠢ᠃     1990 ᠤᠨ ᠤ ᠡᠴᠤᠰ ᠪᠤᠯᠬᠤ ᠳᠤ᠂ ᠪᠦᠬᠦ ᠬᠤᠰᠢᠭᠤᠨ ᠳᠤ 5 ᠪᠠᠯᠭᠠᠰᠤ᠂ 23 ᠰᠤᠮᠤ᠂ 1 ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠳᠤᠭᠤᠷᠢᠭ᠂ 1 ᠳᠠᠷᠢᠶᠠᠯᠠᠩ ᠤᠨ ᠳᠠᠯᠠᠪᠠᠢ᠂ 156 ᠭᠠᠴᠠᠭ᠎ᠠ᠂ 37 ᠰᠠᠭᠤᠭᠠᠯᠢ ᠠᠷᠠᠳ ᠤᠨ ᠵᠦᠪᠯᠠᠯ ᠲᠠᠢ ᠪᠤᠯᠵᠡᠢ᠃ ᠳᠤᠬᠠᠢ ᠶᠢᠨ ᠦᠶ᠎ᠡ ᠶᠢᠨ 5 ᠪᠠᠯᠭᠠᠰᠤ ᠪᠤᠯ ᠪᠠᠶᠠᠨᠬᠤᠳᠠ᠂ ᠵᠢᠷᠠᠳᠠᠢ᠂ ᠬᠤᠯᠤᠰᠤᠳᠠᠢ᠂ ᠭᠤᠷᠪᠠᠨ ᠤᠪᠤᠭ᠎ᠠ᠂ ᠪᠠᠷᠠᠭᠤᠨ ᠪᠠᠯ ᠪᠠᠶᠢᠵᠤ᠂ ᠦᠯᠵᠡᠢ᠂ ᠢᠩᠭᠡᠨ᠂ ᠳᠦᠬᠦᠮ᠂ ᠬᠤᠩᠭᠤᠷᠡᠦ᠋ᠯᠤᠩ ᠂ ᠤᠯᠠᠨᠪᠤᠯᠠᠭ᠂ ᠬᠠᠨ ᠠᠭᠤᠯᠠ᠂ ᠪᠠᠶᠠᠨᠨᠢᠷᠤᠭᠤᠨ᠂ ᠬᠤᠤᠰᠪᠦ᠋ᠷᠢᠳᠤ᠂ ᠪᠠᠶᠠᠨᠮᠦ᠋ᠷᠡᠨ᠂ ᠪᠠᠶᠠᠨᠵᠢᠷᠠᠳᠠᠢ᠂ ᠤᠰᠤᠳᠤ᠂ ᠵᠡᠬᠦᠨ ᠪᠡᠯ᠂ ᠮᠦᠷᠡᠨ ᠭᠤᠤᠯ᠂ ᠰᠢᠯᠢ ᠭᠤᠤᠯ᠂ ᠳᠤᠩᠭᠠᠯᠠᠭ ᠨᠠᠭᠤᠷ᠂ ᠪᠤᠭᠤᠳᠤ᠂ ᠱᠠᠩ ᠤᠨ ᠳᠠᠯᠠᠢ᠂ ᠴᠤᠭᠳᠤ ᠬᠦᠷᠢᠶ᠎ᠡ᠂ ᠵᠢᠷᠭᠠᠯᠰᠠᠶᠢᠬᠠᠨ᠂ ᠳᠡᠭᠷᠢ ᠡᠯᠡᠰᠤ᠂ ᠤᠨᠳᠤᠷᠤᠯᠳᠤ᠂ ᠴᠠᠭᠠᠨᠪᠤᠯᠠᠭ᠂ ᠡᠷᠭᠡᠬᠠᠰᠢᠬ᠎ᠠ ᠵᠡᠷᠭᠡ 23 ᠰᠤᠮᠤ ᠪᠠᠶᠢᠵᠤ᠂ ᠨᠢᠭᠡ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠳᠤᠭᠤᠷᠢᠭ ᠨᠢ ᠴᠠᠬᠠᠷ ᠤᠨ ᠬᠦᠳᠡᠭᠡ᠂ ᠨᠢᠭᠡ ᠳᠠᠷᠢᠶᠠᠯᠠᠩ ᠤᠨ ᠳᠠᠯᠠᠪᠠᠢ ᠨᠢ ᠪᠠᠶᠠᠨᠮᠤᠳᠤ ᠪᠤᠯᠤᠨ᠎ᠠ᠃     1994 ᠤᠨ ᠤ 5 ᠰᠠᠷ᠎ᠠ ᠳᠤ ᠴᠠᠬᠠᠷ ᠤᠨ ᠬᠦᠳᠡᠭᠡ ᠶᠢᠨ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠳᠤᠭᠤᠷᠢᠭ ᠢ ᠦᠭᠡᠶᠢᠰᠭᠡᠵᠤ᠂ ᠴᠠᠬᠠᠷ ᠰᠤᠮᠤ ᠶᠢ ᠪᠠᠶᠢᠭᠤᠯᠵᠤ᠂ 1995 ᠤᠨ ᠤ 7 ᠰᠠᠷ᠎ᠠ ᠳᠤ ᠪᠠᠶᠠᠨᠵᠢᠷᠠᠳᠠᠢ ᠰᠤᠮᠤ ᠶᠢ ᠬᠠᠰᠤᠵᠤ᠂ ᠰᠤᠮᠤ ᠶᠢᠨ ᠪᠠᠶᠢᠭᠤᠯᠤᠮᠵᠢ ᠶᠢ ᠵᠢᠷᠠᠳᠠᠢ ᠪᠠᠯᠭᠠᠰᠤᠨ ᠳᠤ ᠨᠠᠶᠢᠯᠠᠬᠦᠯᠵᠤ᠂ ᠳᠤᠰ ᠵᠢᠯ ᠤᠨ 8 ᠰᠠᠷ᠎ᠠ ᠳᠤ ᠵᠢᠷᠭᠠᠯᠰᠠᠶᠢᠬᠠᠨ ᠰᠤᠮᠤ ᠶᠢ ᠵᠢᠷᠭᠠᠯᠰᠠᠶᠢᠬᠠᠨ ᠪᠠᠯᠭᠠᠰᠤ ᠭᠡᠵᠤ᠂ 1999 ᠤᠨ ᠤ 7 ᠰᠠᠷ᠎ᠠ ᠳᠤ ᠤᠯᠠᠨᠪᠤᠯᠠᠭ ᠰᠤᠮᠤ ᠪᠤᠯᠤᠨ ᠪᠠᠶᠠᠨᠮᠤᠳᠤ ᠳᠠᠷᠢᠶᠠᠯᠠᠩ ᠤᠨ ᠳᠠᠯᠠᠪᠠᠢ ᠶᠢ ᠨᠡᠶᠢᠯᠡᠬᠦᠯᠤᠨ ᠤᠯᠠᠨᠪᠤᠯᠠᠭ ᠪᠠᠯᠭᠠᠰᠤ ᠪᠤᠯᠭᠠᠵᠤ᠂ ᠤᠨᠳᠤᠷᠤᠯᠳᠤ ᠰᠤᠮᠤ᠂ ᠤᠰᠤᠳᠤ ᠰᠤᠮᠤ ᠶᠢ ᠪᠠᠯᠭᠠᠰᠤ ᠪᠤᠯᠭᠠᠵᠠᠢ᠃     1999 ᠤᠨ ᠳᠤ ᠪᠦᠬᠦ ᠬᠤᠰᠢᠭᠤᠨ ᠳᠤ 9 ᠪᠠᠯᠭᠠᠰᠤ᠂ 19 ᠰᠤᠮᠤ᠂ 159 ᠭᠠᠴᠠᠭ᠎ᠠ᠂ 53 ᠰᠠᠭᠤᠭᠠᠯᠢ ᠠᠷᠠᠳ ᠤᠨ ᠵᠦᠪᠯᠠᠯ ᠲᠠᠢ ᠪᠠᠶᠢᠵᠡᠢ᠃ ᠳᠤᠬᠠᠢ ᠶᠢᠨ ᠦᠶ᠎ᠡ ᠶᠢᠨ ᠪᠠᠯᠭᠠᠰᠤ ᠳᠤ ᠪᠠᠶᠠᠨᠬᠤᠳᠠ᠂ ᠵᠢᠷᠠᠳᠠᠢ᠂ ᠬᠤᠯᠤᠰᠤᠳᠠᠢ᠂ ᠭᠤᠷᠪᠠᠨ ᠤᠪᠤᠭ᠎ᠠ᠂ ᠪᠠᠷᠠᠭᠤᠨ ᠪᠠᠯ᠂ ᠵᠢᠷᠭᠠᠯᠰᠠᠶᠢᠬᠠᠨ᠂ ᠤᠰᠤᠳᠤ᠂ ᠤᠨᠳᠤᠷᠤᠯᠳᠤ᠂ ᠤᠯᠠᠨᠪᠤᠯᠠᠭ ᠪᠠᠶᠢᠵᠤ᠂ ᠰᠤᠮᠤᠨ ᠳᠤ ᠦᠯᠵᠡᠢ᠂ ᠢᠩᠭᠡᠨ᠂ ᠳᠦᠬᠦᠮ᠂ ᠬᠤᠩᠭᠤᠷᠡᠦ᠋ᠯᠤᠩ᠂ ᠪᠠᠶᠠᠨᠨᠢᠷᠤᠭᠤᠨ᠂ ᠬᠤᠤᠰᠪᠦ᠋ᠷᠢᠳᠤ᠂ ᠬᠠᠨ ᠠᠭᠤᠯᠠ᠂ ᠪᠠᠶᠠᠨᠮᠦ᠋ᠷᠡᠨ᠂ ᠵᠡᠬᠦᠨ ᠪᠡᠯ᠂ ᠮᠦᠷᠡᠨ ᠭᠤᠤᠯ᠂ ᠱᠠᠩ ᠤᠨ ᠳᠠᠯᠠᠢ᠂ ᠳᠤᠩᠭᠠᠯᠠᠭ ᠨᠠᠭᠤᠷ᠂ ᠴᠤᠭᠳᠤ ᠬᠦᠷᠢᠶ᠎ᠡ᠂ ᠳᠡᠭᠷᠢ ᠡᠯᠡᠰᠤ᠂ ᠴᠠᠭᠠᠨᠪᠤᠯᠠᠭ᠂ ᠡᠷᠭᠡᠬᠠᠰᠢᠬ᠎ᠠ᠂ ᠴᠠᠬᠠᠷ᠂ ᠪᠤᠭᠤᠳᠤ᠂ ᠰᠢᠯᠢ ᠭᠤᠤᠯ ᠵᠡᠷᠭᠡ ᠪᠠᠶᠢᠵᠡᠢ᠃     2001 ᠤᠨ ᠤ 8 ᠰᠠᠷ᠎ᠠ ᠳᠤ ᠪᠤᠭᠤᠳᠤ ᠰᠤᠮᠤ ᠶᠢ ᠬᠠᠰᠤᠵᠤ᠂ ᠪᠠᠶᠠᠨᠬᠤᠳᠠ ᠪᠠᠯᠭᠠᠰᠤ ᠲᠠᠢ ᠨᠠᠶᠢᠯᠠᠬᠦᠯᠵᠤ︔ ᠵᠡᠬᠦᠨ ᠪᠡᠯ ᠰᠤᠮᠤ ᠶᠢ ᠬᠤᠯᠤᠰᠤᠳᠠᠢ ᠪᠠᠯᠭᠠᠰᠤ ᠲᠠᠢ ᠨᠠᠶᠢᠯᠠᠬᠦᠯᠤᠨ ᠵᠡᠬᠦᠨ ᠪᠠᠯ ᠪᠠᠯᠭᠠᠰᠤ ᠪᠤᠯᠭᠠᠵᠤ︔ ᠱᠠᠩ ᠤᠨ ᠳᠠᠯᠠᠢ ᠰᠤᠮᠤ ᠶᠢ ᠬᠠᠰᠤᠨ ᠪᠠᠷᠠᠭᠤᠨ ᠪᠠᠯ ᠪᠠᠯᠭᠠᠰᠤ ᠲᠠᠢ ᠨᠠᠶᠢᠯᠠᠬᠦᠯᠵᠤ︔ ᠬᠤᠩᠭᠤᠷᠡᠦ᠋ᠯᠤᠩ ᠰᠤᠮᠤ ᠪᠤᠯᠤᠨ ᠬᠠᠨ ᠠᠭᠤᠯᠠ ᠰᠤᠮᠤ ᠶᠢ ᠨᠠᠶᠢᠯᠠᠬᠦᠯᠤᠨ ᠪᠠᠶᠠᠨᠬᠤᠩᠭᠤᠷ ᠰᠤᠮᠤ ᠪᠤᠯᠭᠠᠵᠤ︔ ᠰᠢᠯᠢ ᠭᠤᠤᠯ ᠰᠤᠮᠤ ᠪᠤᠯᠤᠨ ᠴᠠᠬᠠᠷ ᠰᠤᠮᠤ ᠶᠢ ᠨᠠᠶᠢᠯᠠᠬᠦᠯᠤᠨ ᠰᠢᠯᠢ ᠭᠤᠤᠯ ᠪᠠᠯᠭᠠᠰᠤ ᠪᠤᠯᠭᠠᠵᠠᠢ᠃     2005 ᠤᠨ ᠳᠤ ᠠᠯᠠᠱᠠ ᠵᠡᠬᠦᠨ ᠬᠤᠰᠢᠭᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠮᠤ ᠪᠠᠯᠭᠠᠰᠤ ᠶᠢᠨ ᠪᠠᠶᠢᠭᠤᠯᠤᠮᠵᠢ ᠶᠢᠨ ᠦᠭᠡᠷᠡᠴᠢᠯᠡᠯᠳᠡ ᠶᠢᠨ ᠳᠤᠷᠰᠢᠯᠳᠠ ᠶᠢᠨ ᠬᠤᠰᠢᠭᠤ ᠪᠤᠯᠵᠤ᠂ ᠰᠤᠮᠤ ᠪᠠᠯᠭᠠᠰᠤᠨ ᠤ ᠪᠠᠶᠢᠭᠤᠯᠤᠮᠵᠢ ᠳᠤ ᠨᠡᠯᠢᠶᠡᠳ ᠶᠡᠭᠡ ᠭᠡᠪᠴᠢᠶᠠᠨ ᠤ ᠳᠤᠭᠢᠷᠠᠭᠤᠯᠤᠯᠳᠠ ᠭᠢᠭᠰᠡᠨ ᠪᠠᠶᠢᠨ᠎ᠠ᠃ 2006 ᠤᠨ ᠤ 6 ᠰᠠᠷ᠎ᠠ ᠳᠤ᠂ ᠳᠤᠩᠭᠠᠯᠠᠭ ᠨᠠᠭᠤᠷ ᠰᠤᠮᠤ ᠪᠤᠯᠤᠨ ᠮᠦᠷᠡᠨ ᠭᠤᠤᠯ ᠰᠤᠮᠤ ᠶᠢ ᠬᠠᠰᠤᠵᠤ᠂ ᠪᠠᠶᠠᠨᠬᠤᠳᠠ ᠪᠠᠯᠭᠠᠰᠤᠨ ᠳᠤ ᠨᠡᠶᠢᠯᠡᠬᠦᠯᠵᠤ︔ ᠬᠤᠤᠰᠪᠦ᠋ᠷᠢᠳᠤ ᠰᠤᠮᠤ ᠶᠢ ᠬᠠᠰᠤᠵᠤ᠂ ᠪᠠᠶᠠᠨᠨᠢᠷᠤᠭᠤᠨ ᠰᠤᠮᠤᠨ ᠳᠤ ᠨᠠᠶᠢᠯᠠᠬᠦᠯᠵᠤ︔ ᠭᠤᠷᠪᠠᠨ ᠤᠪᠤᠭ᠎ᠠ ᠪᠠᠯᠭᠠᠰᠤ ᠶᠢ ᠬᠠᠰᠤᠵᠤ᠂ ᠵᠡᠬᠦᠨ ᠪᠠᠯ ᠪᠠᠯᠭᠠᠰᠤ ᠲᠠᠢ ᠨᠠᠶᠢᠯᠠᠬᠦᠯᠵᠤ︔ ᠰᠢᠯᠢ ᠭᠤᠤᠯ ᠪᠠᠯᠭᠠᠰᠤ᠂ ᠪᠠᠶᠠᠨᠬᠤᠩᠭᠤᠷ ᠰᠤᠮᠤ ᠶᠢ ᠬᠠᠰᠤᠵᠤ᠂ ᠵᠢᠷᠠᠳᠠᠢ ᠪᠠᠯᠭᠠᠰᠤᠨ ᠳᠤ ᠨᠠᠶᠢᠯᠠᠬᠦᠯᠵᠤ︔ ᠴᠤᠭᠳᠤ ᠬᠦᠷᠢᠶ᠎ᠡ ᠰᠤᠮᠤ ᠶᠢ ᠬᠠᠰᠤᠵᠤ᠂ ᠵᠢᠷᠭᠠᠯᠰᠠᠶᠢᠬᠠᠨ ᠪᠠᠯᠭᠠᠰᠤᠨ ᠳᠤ ᠨᠠᠶᠢᠯᠠᠬᠦᠯᠵᠤ︔ ᠴᠠᠭᠠᠨᠪᠤᠯᠠᠭ ᠰᠤᠮᠤ ᠶᠢ ᠬᠠᠰᠤᠵᠤ᠂ ᠡᠷᠭᠡᠬᠠᠰᠢᠬ᠎ᠠ ᠰᠤᠮᠤᠨ ᠳᠤ ᠨᠠᠶᠢᠯᠠᠬᠦᠯᠵᠤ︔ ᠢᠩᠭᠡᠨ ᠰᠤᠮᠤ ᠶᠢ ᠬᠠᠰᠤᠵᠤ᠂ ᠦᠯᠵᠡᠢ ᠰᠤᠮᠤᠨ ᠳᠤ ᠨᠠᠶᠢᠯᠠᠬᠦᠯᠵᠤ︔ ᠳᠦᠬᠦᠮ ᠰᠤᠮᠤ ᠶᠢ ᠬᠠᠰᠤᠵᠤ᠂ ᠤᠯᠠᠨᠪᠤᠯᠠᠭ ᠪᠠᠯᠭᠠᠰᠤᠨ ᠳᠤ ᠨᠠᠶᠢᠯᠠᠬᠦᠯᠵᠠᠢ᠃     2006 ᠤᠨ ᠤ ᠳᠤᠭᠢᠷᠠᠭᠤᠯᠤᠯᠳᠠ ᠪᠠᠷ ᠳᠠᠮᠵᠢᠭᠠᠳ ᠪᠦᠬᠦ ᠬᠤᠰᠢᠭᠤᠨ ᠳᠤ 8 ᠪᠠᠯᠭᠠᠰᠤ᠂ 5 ᠰᠤᠮᠤ᠂ 139 ᠭᠠᠴᠠᠭ᠎ᠠ᠂ 34 ᠨᠠᠶᠢᠭᠡᠮ ᠳᠤᠭᠤᠷᠢᠭ ᠲᠠᠢ ᠪᠤᠯᠤᠭᠰᠠᠨ ᠪᠠᠶᠢᠨ᠎ᠠ᠃ ᠳᠤᠬᠠᠢ ᠶᠢᠨ ᠦᠶ᠎ᠡ ᠳᠤ ᠪᠠᠶᠠᠨᠬᠤᠳᠠ᠂ ᠵᠢᠷᠠᠳᠠᠢ᠂ ᠵᠡᠬᠦᠨ ᠪᠠᠯ᠂ ᠵᠢᠷᠭᠠᠯᠰᠠᠶᠢᠬᠠᠨ᠂ ᠪᠠᠷᠠᠭᠤᠨ ᠪᠠᠯ᠂ ᠤᠰᠤᠳᠡᠢ᠂ ᠤᠯᠠᠨᠪᠤᠯᠠᠭ᠂ ᠤᠨᠳᠤᠷᠤᠯᠳᠤ ᠵᠡᠷᠭᠡ ᠪᠠᠯᠭᠠᠰᠤ᠂ ᠦᠯᠵᠡᠢ᠂ ᠪᠠᠶᠠᠨᠨᠢᠷᠤᠭᠤᠨ᠂ ᠪᠠᠶᠠᠨᠮᠦ᠋ᠷᠡᠨ᠂ ᠳᠡᠭᠷᠢ ᠡᠯᠡᠰᠤ᠂ ᠡᠷᠭᠡᠬᠠᠰᠢᠬ᠎ᠠ ᠵᠡᠷᠭᠡ ᠰᠤᠮᠤ ᠪᠠᠶᠢᠵᠠᠢ᠃     2012 ᠤᠨ ᠤ 1 ᠰᠠᠷ᠎ᠠ ᠳᠤ ᠢᠩᠭᠡᠨ ᠰᠤᠮᠤ ᠪᠤᠯᠤᠨ ᠴᠤᠭᠳᠤ ᠬᠦᠷᠢᠶ᠎ᠡ ᠰᠤᠮᠤ ᠶᠢᠨ ᠪᠠᠶᠢᠭᠤᠯᠤᠮᠵᠢ ᠶᠢ ᠳᠠᠭᠢᠨ ᠰᠡᠷᠬᠦᠭᠡᠭᠰᠡᠨ ᠪᠠᠶᠢᠨ᠎ᠠ᠃     ᠤᠳᠤ ᠪᠦᠬᠦ ᠬᠤᠰᠢᠭᠤᠨ ᠳᠤ 9 ᠪᠠᠯᠭᠠᠰᠤ᠂ 6 ᠰᠤᠮᠤ᠂ 139 ᠭᠠᠴᠠᠭ᠎ᠠ ︵ᠳᠤᠰᠬᠤᠨ︶᠂ 35 ᠨᠡᠶᠢᠭᠡᠮ ᠳᠤᠭᠤᠷᠢᠭ ᠪᠠᠶᠢᠨ᠎ᠠ᠃ ᠪᠠᠶᠠᠨᠬᠤᠳᠠ᠂ ᠵᠢᠷᠠᠳᠠᠢ᠂ ᠵᠡᠬᠦᠨ ᠪᠠᠯ᠂ ᠵᠢᠷᠭᠠᠯᠰᠠᠶᠢᠬᠠᠨ᠂ ᠪᠠᠷᠠᠭᠤᠨ ᠪᠠᠯ᠂ ᠤᠰᠤᠳᠡᠢ᠂ ᠤᠯᠠᠨᠪᠤᠯᠠᠭ᠂ ᠤᠨᠳᠤᠷᠤᠯᠳᠤ᠂ ᠳᠡᠭᠷᠢ ᠡᠯᠡᠰᠤ ᠵᠡᠷᠭᠡ ᠪᠠᠯᠭᠠᠰᠤ᠂ ᠦᠯᠵᠡᠢ᠂ ᠪᠠᠶᠠᠨᠨᠢᠷᠤᠭᠤᠨ᠂ ᠪᠠᠶᠠᠨᠮᠦ᠋ᠷᠡᠨ᠂ ᠡᠷᠭᠡᠬᠠᠰᠢᠬ᠎ᠠ᠂ ᠢᠩᠭᠡᠨ᠂ ᠴᠤᠭᠳᠤ ᠬᠦᠷᠢᠶ᠎ᠡ ᠵᠡᠷᠭᠡ ᠰᠤᠮᠤ ᠪᠤᠢ᠃ ᠪᠠᠶᠠᠨᠬᠤᠳᠠ ᠪᠠᠯᠭᠠᠰᠤ ᠶᠢᠨ ᠰᠠᠭᠤᠭ᠎ᠠ ᠭᠠᠵᠠᠷ ᠎ ᠨᠢ ᠪᠠᠶᠠᠨᠬᠤᠳᠠ ᠪᠠᠶᠢᠵᠤ᠂ 24 ᠭᠠᠴᠠᠭ᠎ᠠ᠂ 16 ᠨᠡᠶᠢᠭᠡᠮ ᠳᠤᠭᠤᠷᠢᠭ ᠲᠠᠢ︔ ᠵᠢᠷᠭᠠᠯᠰᠠᠶᠢᠬᠠᠨ ᠪᠠᠯᠭᠠᠰᠤ ᠶᠢᠨ ᠰᠠᠭᠤᠭ᠎ᠠ ᠭᠠᠵᠠᠷ ᠨᠢ ᠬᠤᠶᠠᠷᠬᠤᠳᠳᠤᠭ ᠪᠠᠶᠢᠵᠤ᠂ 1 ᠨᠠᠶᠢᠭᠡᠮ ᠳᠤᠭᠤᠷᠢᠭ᠂ 13 ᠭᠠᠴᠠᠭ᠎ᠠ ᠲᠠᠢ︔ ᠳᠡᠭᠷᠢ ᠡᠯᠡᠰᠤ ᠪᠠᠯᠭᠠᠰᠤ ᠶᠢᠨ ᠰᠠᠭᠤᠭ᠎ᠠ ᠭᠠᠵᠠᠷ ᠨᠢ ᠭᠠᠭᠴᠠ ᠮᠤᠳᠤ ᠪᠠᠶᠢᠵᠤ᠂ 4 ᠭᠠᠴᠠᠭ᠎ᠠ ᠲᠠᠢ︔ ᠪᠠᠷᠠᠭᠤᠨ ᠪᠠᠯ ᠪᠠᠯᠭᠠᠰᠤ ᠶᠢᠨ ᠰᠠᠭᠤᠭ᠎ᠠ ᠭᠠᠵᠠᠷ ᠨᠢ ᠳᠦᠷᠭᠡᠨ ᠪᠠᠶᠢᠵᠤ᠂ 12 ᠭᠠᠴᠠᠭ᠎ᠠ᠂ 2 ᠨᠡᠶᠢᠭᠡᠮ ᠳᠤᠭᠤᠷᠢᠭ ᠲᠠᠢ︔ ᠤᠰᠤᠳᠠᠢ ᠪᠠᠯᠭᠠᠰᠤ ᠶᠢᠨ ᠰᠠᠭᠤᠭ᠎ᠠ ᠭᠠᠵᠠᠷ ᠨᠢ ᠤᠰᠤᠳᠤ ᠪᠠᠶᠢᠵᠤ᠂ 2 ᠭᠠᠴᠠᠭ᠎ᠠ᠂ 2 ᠨᠡᠶᠢᠭᠡᠮ ᠳᠤᠭᠤᠷᠢᠭ ᠲᠠᠢ︔ ᠵᠡᠬᠦᠨ ᠪᠠᠯ ᠪᠠᠯᠭᠠᠰᠤ ᠶᠢᠨ ᠰᠠᠭᠤᠭ᠎ᠠ ᠭᠠᠵᠠᠷ ᠨᠢ ᠪᠠᠯ ᠤᠨ ᠬᠤᠳᠳᠤᠭ ᠪᠠᠶᠢᠵᠤ᠂ 6 ᠭᠠᠴᠠᠭ᠎ᠠ᠂ 6 ᠨᠡᠶᠢᠭᠡᠮ ᠳᠤᠭᠤᠷᠢᠭ ᠲᠠᠢ︔ ᠵᠢᠷᠠᠳᠠᠢ ᠪᠠᠯᠭᠠᠰᠤ ᠶᠢᠨ ᠰᠠᠭᠤᠭ᠎ᠠ ᠭᠠᠵᠠᠷ ᠨᠢ ᠵᠢᠷᠠᠳᠠᠢ ᠪᠠᠶᠢᠵᠤ᠂ 25 ᠭᠠᠴᠠᠭ᠎ᠠ᠂ 5 ᠨᠡᠶᠢᠭᠡᠮ ᠳᠤᠭᠤᠷᠢᠭ ᠲᠠᠢ︔ ᠤᠯᠠᠨᠪᠤᠯᠠᠭ ᠪᠠᠯᠭᠠᠰᠤ ᠶᠢᠨ ᠰᠠᠭᠤᠭ᠎ᠠ ᠭᠠᠵᠠᠷ ᠨᠢ ᠪᠠᠶᠠᠨᠮᠤᠳᠤ ᠪᠠᠶᠢᠵᠤ᠂ 9 ᠭᠠᠴᠠᠭ᠎ᠠ᠂ 2 ᠨᠡᠶᠢᠭᠡᠮ ᠳᠤᠭᠤᠷᠢᠭ ᠲᠠᠢ︔ ᠤᠨᠳᠤᠷᠤᠯᠳᠤ ᠪᠠᠯᠭᠠᠰᠤ ᠶᠢᠨ ᠰᠠᠭᠤᠭ᠎ᠠ ᠭᠠᠵᠠᠷ ᠨᠢ ᠤᠩᠭᠤᠴᠠᠳᠠᠢ ᠪᠠᠶᠢᠵᠤ᠂ 7 ᠭᠠᠴᠠᠭ᠎ᠠ᠂ 1 ᠨᠡᠶᠢᠭᠡᠮ ᠳᠤᠭᠤᠷᠢᠭ ᠲᠠᠢ︔ ᠪᠠᠶᠠᠨᠮᠦ᠋ᠷᠡᠨ ᠰᠤᠮᠤ ᠶᠢᠨ ᠰᠠᠭᠤᠭ᠎ᠠ ᠭᠠᠵᠠᠷ ᠨᠢ ᠬᠠᠭᠤᠴᠢᠨ ᠳ᠋ᠧᠩᠺᠸᠤ ᠳᠤ ᠪᠠᠶᠢᠵᠤ᠂ 6 ᠭᠠᠴᠠᠭ᠎ᠠ ᠲᠠᠢ︔ ᠦᠯᠵᠡᠢ ᠰᠤᠮᠤ ᠶᠢᠨ ᠰᠠᠭᠤᠭ᠎ᠠ ᠭᠠᠵᠠᠷ ᠨᠢ ᠪᠠᠶᠠᠨᠮᠤᠳᠤ ᠪᠠᠶᠢᠵᠤ᠂ 3 ᠭᠠᠴᠠᠭ᠎ᠠ ᠲᠠᠢ︔ ᠡᠷᠭᠡᠬᠠᠰᠢᠬ᠎ᠠ ᠰᠤᠮᠤ ᠶᠢᠨ ᠰᠠᠭᠤᠭ᠎ᠠ ᠭᠠᠵᠠᠷ ᠨᠢ ᠴᠢᠶᠤᠤ ᠵᠢᠶᠠ ᠸᠧ ᠫᠧᠩ ︵ᠴᠢᠶᠤᠤ ᠤᠪᠤᠭᠳᠤ ᠶᠢᠨ ᠤᠪᠤᠬᠠᠢ︶᠎ ᠳᠤ ᠪᠠᠶᠢᠵᠤ᠂ 8 ᠭᠠᠴᠠᠭ᠎ᠠ ᠲᠠᠢ︔ ᠪᠠᠶᠠᠨᠨᠢᠷᠤᠭᠤᠨ ᠰᠤᠮᠤ ᠶᠢᠨ ᠰᠠᠭᠤᠭ᠎ᠠ ᠭᠠᠵᠠᠷ ᠨᠢ ᠰᠢᠷᠠᠪᠦ᠋ᠷᠢᠳᠤ ᠪᠠᠶᠢᠵᠤ᠂ 10 ᠭᠠᠴᠠᠭ᠎ᠠ ᠲᠠᠢ︔ ᠴᠤᠭᠳᠤ ᠬᠦᠷᠢᠶ᠎ᠡ ᠰᠤᠮᠤ ᠶᠢᠨ ᠰᠠᠭᠤᠭ᠎ᠠ ᠭᠠᠵᠠᠷ ᠨᠢ ᠡᠮᠤᠨ᠎ᠡ ᠭᠤᠤᠯ ᠪᠠᠶᠢᠵᠤ᠂ 7 ᠭᠠᠴᠠᠭ᠎ᠠ ᠲᠠᠢ᠂ ᠢᠩᠭᠡᠨ ᠰᠤᠮᠤ ᠶᠢᠨ ᠰᠠᠭᠤᠭ᠎ᠠ ᠭᠠᠵᠠᠷ ᠨᠢ ᠳᠠᠯᠠᠨ ᠳᠦᠷᠤᠬᠦᠤ ᠪᠠᠶᠢᠵᠤ᠂ 3 ᠭᠠᠴᠠᠭ᠎ᠠ ᠲᠠᠢ ᠶᠤᠮ᠃         ᠦᠯᠵᠡᠢ ᠶᠢᠨ ᠳᠤᠪᠴᠢ ᠨᠠᠮᠳᠠᠷ     ᠦᠯᠵᠡᠢ᠂ ᠪᠢᠴᠢᠭ ᠤᠨ ᠨᠠᠷ᠎ᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃     ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃    
 
ᠢᠷᠡᠯᠲᠡ᠄ ᠠᠯᠠᠱᠠ ᠵᠡᠬᠦᠨ ᠬᠤᠰᠢᠭᠤᠨ ᠤ ᠳᠡᠤᠭᠡ ᠰᠤᠶᠤᠯ ᠤᠨ ᠳᠦᠢᠮᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号