ᠮᠠᠯ ᠲᠠᠮᠠᠭᠠᠯᠠᠬᠤ ᠶᠣᠰᠣᠨ
ᠨᠡᠶᠢᠲᠡᠯᠡᠭᠰᠡᠨ ᠴᠠᠭ᠄
2024/3/8
    ᠮᠠᠯ ᠤᠨ ᠲᠠᠮᠠᠭ᠎ᠠ ᠶᠢᠨ ᠰᠣᠶᠣᠯ ᠪᠣᠯ ᠨᠡᠭᠦᠳᠡᠯ ᠮᠠᠯᠵᠢᠯ ᠤᠨ ᠰᠣᠶᠣᠯ ᠤᠨ ᠨᠢᠭᠡᠨ ᠪᠦᠷᠢᠯᠳᠦᠬᠦᠨ ᠬᠡᠰᠡᠭ ᠨᠢ ᠮᠥᠨ᠃ ᠮᠣᠩᠭᠤᠯᠴᠤᠳ ᠬᠡᠳᠦᠨ ᠮᠢᠩᠭᠠᠨ ᠵᠢᠯ ᠤᠨ ᠲᠤᠷᠰᠢ ᠮᠠᠯ ᠮᠡᠯᠵᠢᠵᠦ᠂ ᠬᠠᠲᠠᠭᠤᠵᠢᠯᠲᠠᠢ ᠪᠠᠷ ᠠᠵᠢᠯᠯᠠᠵᠤ ᠢᠷᠡᠭᠰᠡᠨ ᠤ ᠳᠤᠮᠳᠠᠬᠢ ᠰᠢᠨᠵᠢᠯᠡᠬᠦ ᠤᠬᠠᠭᠠᠨᠴᠢ ᠡᠵᠡᠩᠨᠡᠯᠲᠡ ᠶᠢᠨ ᠠᠷᠭ᠎ᠠ ᠪᠠᠷᠢᠯ ᠢ ᠪᠠᠷᠢᠮᠲᠠᠯᠠᠭᠰᠠᠨ ᠰᠣᠶᠣᠯ ᠮᠥᠨ᠃ ᠲᠡᠦᠬᠡ ᠰᠤᠳᠤᠷ ᠲᠤ ᠮᠠᠯ ᠤᠨ ᠲᠠᠮᠠᠭ᠎ᠠ ᠶᠢᠨ ᠰᠣᠶᠣᠯ ᠢ ᠲᠡᠮᠳᠡᠭᠯᠡᠭᠰᠡᠨ ᠪᠠᠷᠢᠮᠲᠠ 4000 — 5000 ᠵᠢᠯ ᠤᠨ ᠲᠡᠦᠬᠡ ᠲᠠᠢ ᠪᠣᠯᠵᠠᠢ᠃ ᠳᠠᠷᠤᠢ ᠲᠥᠪ ᠠᠽᠢᠶ᠎ᠠ᠂ ᠳᠤᠮᠳᠠᠳᠤ ᠠᠽᠢᠶ᠎ᠠ ᠶᠢᠨ ᠨᠤᠲᠤᠭ ᠢᠶᠠᠷ ᠨᠡᠭᠦᠳᠡᠯᠯᠡᠨ ᠮᠠᠯᠵᠢᠵᠤ ᠢᠷᠡᠭᠰᠡᠨ ᠮᠣᠩᠭᠤᠯᠴᠤᠳ ᠤᠨ ᠮᠠᠰᠢ ᠡᠷᠲᠡᠨ ᠤ ᠲᠠᠮᠠᠭᠠᠨ ᠲᠡᠦᠬᠡ ᠶᠢ ᠰᠤᠳᠤᠷ ᠪᠢᠴᠢᠭ ᠤᠳ ᠲᠤ ᠲᠡᠮᠳᠡᠭᠯᠡᠵᠦ ᠪᠤᠢ᠃ ᠲᠠᠮᠠᠭ᠎ᠠ ᠭᠡᠳᠡᠭ ᠪᠣᠯ ᠣᠳᠣᠨ ᠭᠠᠷᠠᠭ᠂ ᠬᠥᠮᠦᠨ ᠠᠮᠢᠲᠠᠨ᠂ ᠡᠪᠡᠰᠦ ᠤᠷᠭᠤᠮᠠᠯ᠂ ᠡᠳ᠋ ᠶᠠᠭᠤᠮ᠎ᠠ ᠶᠢᠨ ᠬᠡᠪ ᠵᠠᠭᠪᠤᠷ ᠢ ᠳᠠᠭᠤᠷᠢᠶᠠᠨ ᠵᠣᠬᠢᠶᠠᠭᠰᠠᠨ ᠲᠡᠮᠦᠷ ᠢᠶᠠᠷ ᠦᠢᠯᠡᠳᠦᠭᠰᠡᠨ ᠪᠠᠭᠠᠵᠢ ᠮᠥᠨ ︵ᠡᠷᠲᠡᠨ ᠳᠡᠭᠡᠨ ᠬᠦᠷᠡᠯ ᠢᠶᠠᠷ ᠦᠢᠯᠡᠳᠴᠦ ᠪᠠᠶᠢᠪᠠ︶᠃ ᠮᠠᠯᠴᠢᠳ ᠲᠠᠮᠠᠭ᠎ᠠ ᠪᠠᠷ ᠢᠶᠠᠨ ᠥᠪᠡᠷ ᠤᠨ ᠮᠠᠯ ᠢᠶᠠᠨ ᠪᠤᠰᠤᠳ ᠤᠨ ᠮᠠᠯ ᠠᠴᠠ ᠢᠯᠭᠠᠪᠤᠷᠢᠯᠠᠬᠤ ᠭᠠᠷ ᠲᠡᠮᠳᠡᠭ ᠪᠣᠯᠭᠠᠳᠠᠭ᠃ ᠮᠣᠩᠭᠤᠯᠴᠤᠳ ᠶᠡᠭᠡ ᠡᠷᠲᠡᠨ ᠠᠴᠠ ᠠᠪᠤᠭᠠᠳ ᠥᠪᠡᠷ ᠤᠨ ᠮᠠᠯ ᠢᠶᠠᠨ ᠥᠩᠭᠡ ᠵᠢᠰᠦᠮ᠂ ᠣᠨᠴᠠᠯᠢᠭ ᠰᠢᠨᠵᠢ ᠪᠠᠷ ᠨᠢ ᠢᠯᠭᠠᠨ ᠲᠠᠨᠢᠵᠤ ᠪᠦᠷᠢᠳᠬᠡᠳᠡᠭ ᠪᠣᠯᠪᠠᠴᠤ ᠠᠯᠳᠠᠭᠰᠠᠨ ᠭᠡᠭᠡᠭᠰᠡᠨ ᠪᠤᠶᠤ ᠪᠤᠰᠤᠳ ᠤᠨ ᠰᠦᠷᠦᠭ ᠲᠤ ᠨᠡᠶᠢᠯᠡᠭᠰᠡᠨ ᠮᠠᠯ ᠢᠶᠠᠨ ᠲᠠᠨᠢᠵᠤ ᠠᠪᠬᠤ ᠳᠠᠭᠠᠨ ᠢᠮ ᠲᠠᠮᠠᠭ᠎ᠠ ᠪᠠᠷ ᠨᠢ ᠬᠠᠤᠯᠢ ᠶᠢᠨ ᠬᠡᠷᠠᠴᠢ ᠪᠣᠯᠭᠠᠳᠠᠭ ᠪᠢᠯᠡ᠃ ᠲᠡᠶᠢᠮᠦ ᠠᠴᠠ ︽ᠠᠯᠳᠠ ᠪᠡᠶ᠎ᠡ ᠳᠤ ᠠᠮᠠ ᠭᠡᠷᠡᠴᠢ᠂ ᠠᠳᠤᠭᠤ ᠮᠠᠯ ᠳᠤ ᠲᠠᠮᠠᠭ᠎ᠠ ᠭᠡᠷᠡᠴᠢ︾ ᠭᠡᠳᠡᠭ᠃ ᠲᠠᠮᠠᠭ᠎ᠠ ᠨᠢ ᠬᠠᠤᠯᠢ ᠪᠠᠷ ᠪᠠᠲᠤᠯᠠᠬᠤ ᠭᠡᠷᠡᠴᠢ ᠪᠠᠷᠢᠮᠲᠠ ᠪᠣᠯᠳᠠᠭ ᠢᠶᠠᠷ ᠦᠯᠦ ᠪᠠᠷᠠᠮ᠂ ᠮᠠᠯ ᠤᠨ ᠡᠩᠬᠡ ᠮᠡᠨᠳᠦ ᠶᠢ ᠢᠪᠡᠭᠡᠬᠦ᠂ ᠥᠨᠢᠷ ᠥᠰᠬᠦ ᠶᠢ ᠰᠣᠶᠣᠷᠬᠠᠬᠤ ᠷᠢᠳᠢ ᠰᠢᠳᠢ ᠲᠠᠢ ᠪᠡᠯᠭᠡ ᠲᠡᠮᠳᠡᠭ ᠬᠡᠮᠡᠨ ᠦᠵᠡᠳᠡᠭ᠃ ᠮᠠᠯ ᠲᠠᠮᠠᠭᠠᠯᠠᠬᠤ ᠳᠤ ᠡᠬᠢᠨ ᠤ ᠲᠠᠮᠠᠭ᠎ᠠ ᠶᠢ ᠵᠠᠪᠠᠯ ᠭᠡᠷ ᠤᠨ ᠡᠵᠡᠨ ᠨᠢ ᠤᠷᠢᠳᠠᠪᠠᠷ ᠳᠠᠷᠤᠬᠤ ᠪᠤᠶᠤ ᠠᠶᠢᠯ ᠰᠠᠭᠠᠬᠠᠯᠲᠠ ᠳᠠᠭᠠᠨ ᠬᠦᠨᠳᠦᠲᠡᠢ᠂ ᠠᠳᠤᠭᠤ ᠮᠠᠯ ᠳᠠᠭᠠᠨ ᠬᠠᠶᠢᠷᠠᠲᠠᠢ ᠨᠠᠰᠤᠲᠠᠨ ᠢ ᠤᠷᠢᠵᠤ ᠳᠠᠷᠤᠭᠤᠯᠳᠠᠭ᠃ ᠠᠳᠤᠭᠤ ᠲᠠᠮᠠᠭᠠᠯᠠᠬᠤ ᠳᠤ ᠶᠡᠷᠦᠩᠬᠡᠢ ᠳᠡᠭᠡᠨ ᠬᠠᠪᠤᠷ ᠤᠨ ᠠᠳᠤᠭᠤ ᠲᠠᠮᠠᠭᠠᠯᠠᠬᠤ ᠶᠢ ᠲᠣᠬᠢᠶᠠᠯᠳᠤᠭᠤᠯᠤᠨ᠎ᠠ᠃ ᠠᠳᠤᠭᠤᠨ ᠳᠤ ᠲᠠᠮᠠᠭ᠎ᠠ ᠳᠠᠷᠤᠬᠤ ᠳᠠᠭᠠᠨ ᠲᠠᠮᠠᠭᠠᠯᠠᠬᠤ ᠭᠠᠵᠠᠷ ᠤᠨ ᠬᠢᠨᠢ ᠦᠰᠦ ᠶᠢ ᠬᠠᠶᠢᠴᠢᠯᠠᠬᠤ ᠪᠤᠶᠤ ᠤᠰᠤ ᠪᠠᠷ ᠨᠣᠷᠤᠭᠠᠭᠰᠠᠨ ᠤ ᠳᠠᠷᠠᠭ᠎ᠠ ᠬᠠᠯᠠᠭᠤᠨ ᠲᠠᠮᠠᠭ᠎ᠠ ᠪᠠᠨ ᠡᠪ ᠲᠣᠬᠢᠲᠠᠢ ᠳᠠᠷᠤᠳᠠᠭ᠃ ᠲᠠᠮᠠᠭ᠎ᠠ ᠶᠢ ᠠᠷᠭᠠᠯ ᠤᠨ ᠭᠠᠯ ᠢᠶᠠᠷ ᠬᠠᠯᠠᠭᠠᠵᠤ ᠬᠡᠳᠣ ᠤᠯᠠᠶᠢᠯᠠᠭᠠᠬᠤ ᠦᠭᠡᠢ ᠪᠠᠶᠢᠳᠠᠭ᠃ ᠮᠣᠷᠢᠨ ᠤ ᠬᠠ ᠳᠡᠭᠡᠷ᠎ᠡ ᠲᠠᠮᠠᠭ᠎ᠠ ᠳᠠᠷᠤᠬᠤ ᠶᠢ ᠴᠡᠭᠡᠷᠯᠡᠳᠡᠭ᠃ ᠠᠳᠤᠭᠤ ᠶᠢ ᠵᠥᠪᠲᠡᠢ ᠲᠠᠯ᠎ᠠ ᠶᠢᠨ ᠭᠤᠶ᠎ᠠ ᠪᠤᠶᠤ ᠲᠠᠰᠢᠶ᠎ᠠ ᠳᠤᠨᠢ ᠲᠠᠮᠠᠭᠠᠯᠠᠨ᠎ᠠ᠃ ᠮᠣᠩᠭᠤᠯᠴᠤᠳ ᠵᠥᠪ ᠲᠠᠯ᠎ᠠ ᠳᠤᠨᠢ ᠲᠠᠮᠠᠭᠠᠯᠠᠬᠤ ᠶᠢ ᠡᠷᠬᠢᠮᠯᠡᠳᠡᠭ ᠨᠢ ᠨᠠᠷᠠᠨ ᠵᠥᠪ ᠡᠷᠭᠢᠬᠦ ᠶᠣᠰᠣ ᠶᠢ ᠳᠡᠭᠡᠳᠦᠯᠡᠵᠦ᠂ ᠵᠥᠪ ᠲᠠᠯ᠎ᠠ ᠶᠢ ᠪᠡᠯᠭᠡ ᠲᠠᠢ ᠭᠡᠵᠦ ᠦᠵᠡᠳᠡᠭ ᠲᠠᠢ ᠨᠢ ᠬᠤᠯᠪᠣᠭᠳᠠᠬᠤ ᠪᠥᠭᠡᠳ ᠬᠥᠳᠡᠯᠮᠦᠷᠢ ᠶᠢᠨ ᠵᠠᠩᠰᠢᠯ ᠳᠠᠳᠬᠠᠯ ᠲᠠᠢ ᠨᠢ ᠴᠣ᠋ ᠬᠤᠯᠪᠣᠭᠠᠲᠠᠢ᠃ ᠲᠠᠮᠠᠭ᠎ᠠ ᠶᠢᠨ ᠲᠣᠭᠤᠷᠢᠭ ᠤᠨ ᠬᠡᠮᠵᠢᠶ᠎ᠡ ᠨᠢ ᠴᠠᠢ ᠶᠢᠨ ᠴᠣᠮᠣ ᠴᠢᠨᠡᠭᠡᠨ ᠪᠠᠶᠢᠳᠠᠭ᠃ ᠪᠣᠭ ᠮᠠᠯ ᠳᠤ ᠬᠡᠷᠡᠭᠯᠡᠬᠦ ᠲᠠᠮᠠᠭ᠎ᠠ ᠶᠢᠨ ᠬᠡᠯᠪᠡᠷᠢ ᠨᠢ ᠮᠠᠰᠢ ᠣᠯᠠᠨ ᠵᠦᠢᠯ ᠪᠠᠶᠢᠳᠠᠭ ᠴᠣ᠋ ᠶᠡᠭᠡ ᠪᠠᠭ᠎ᠠ ᠨᠢ ᠶᠡᠷᠦ ᠳᠡᠭᠡᠨ ᠬᠤᠷᠤᠭᠤᠨ ᠥᠨᠳᠡᠭᠡᠨ ᠬᠢᠷᠢᠲᠡᠢ ᠯᠠ ᠪᠠᠶᠢᠳᠠᠭ᠃ ᠪᠣᠭ ᠮᠠᠯ ᠢ ᠠᠯᠢ ᠤᠯᠠᠷᠢᠯ ᠳᠤ ᠴᠣ᠋ ᠲᠠᠮᠠᠭᠠᠯᠠᠵᠤ ᠪᠣᠯᠳᠠᠭ᠃ ᠭᠡᠪᠡᠴᠦ ᠥᠯᠵᠡᠢ ᠪᠡᠯᠭᠡ ᠲᠠᠢ ᠰᠠᠶᠢᠬᠠᠨ ᠡᠳᠦᠷ ᠢ ᠰᠣᠩᠭᠤᠳᠠᠭ ᠶᠤᠮ᠃ ᠡᠪᠡᠷ ᠪᠤᠶᠤ ᠴᠢᠬᠢ ᠳᠡᠭᠡᠷ᠎ᠡ ᠨᠢ ᠲᠠᠮᠠᠭᠠᠯᠠᠨ᠎ᠠ᠃ ᠲᠠᠮᠠᠭ᠎ᠠ ᠶᠢᠨ ᠲᠣᠯᠣᠭᠠᠢ ᠲᠠᠯ᠎ᠠ ᠶᠢ ᠵᠠᠪᠠᠯ ᠮᠠᠯ ᠤᠨ ᠲᠣᠯᠣᠭᠠᠢ ᠲᠠᠰᠢ ᠡᠰᠡᠬᠦᠯ᠎ᠡ ᠨᠢᠷᠤᠭᠤ ᠲᠡᠰᠢ ᠬᠠᠨᠳᠤᠭᠤᠯᠤᠨ ᠳᠠᠷᠤᠳᠠᠭ ᠶᠣᠰᠣᠲᠠᠢ᠃ ᠮᠣᠩᠭᠤᠯᠴᠤᠳ ᠮᠠᠯ ᠤᠨ ᠲᠠᠮᠠᠭ᠎ᠠ ᠶᠢ ᠬᠦᠨᠳᠦᠳᠬᠡᠨ ᠦᠵᠡᠳᠡᠭ᠃ ᠡᠩ ᠤᠨ ᠦᠶ᠎ᠡ ᠳᠤ ᠮᠠᠯ ᠤᠨ ᠲᠠᠮᠠᠭ᠎ᠠ ᠶᠢ ᠬᠠᠳᠠᠭᠠᠯᠠᠬᠤ ᠳᠠᠭᠠᠨ ᠡᠰᠢᠨ ᠳᠤᠨᠢ ᠬᠠᠳᠠᠭ ᠤᠶᠠᠵᠤ ᠤᠨᠢ ᠳᠤ ᠬᠠᠪᠴᠢᠭᠤᠯᠬᠤ ᠪᠤᠶᠤ ᠬᠠᠨ᠎ᠠ ᠶᠢᠨ ᠲᠣᠯᠣᠭᠠᠢ ᠳᠤ ᠡᠯᠭᠦᠨ᠎ᠡ᠃ ᠬᠤᠳᠠᠯᠳᠤᠭᠰᠠᠨ ᠮᠠᠯ ᠤᠨ ᠢᠶᠠᠨ ᠨᠣᠣᠰᠣ᠂ ᠳᠡᠯ᠂ ᠰᠡᠭᠦᠯ ᠠᠴᠠ ᠠᠪᠴᠤ ᠲᠠᠮᠠᠭᠠᠨ ᠤ ᠪᠠᠷᠢᠭᠤᠯ ᠳᠤ ᠤᠶᠠᠳᠠᠭ᠃ ᠲᠠᠮᠠᠭᠠᠨ ᠤ ᠳᠡᠭᠡᠭᠦᠷ ᠠᠯᠬᠤᠬᠤ ᠶᠢ ᠴᠡᠭᠡᠷᠯᠡᠨ᠎ᠡ᠃ ᠲᠠᠮᠠᠭᠠᠨ ᠤ ᠲᠣᠯᠣᠭᠠᠢ ᠶᠢ ᠳᠣᠭᠤᠭᠰᠢ ᠬᠠᠨᠳᠤᠭᠤᠯᠬᠤ ᠪᠤᠶᠤ ᠭᠠᠵᠠᠷ ᠳᠠᠷᠤᠬᠤ ᠶᠢ ᠴᠡᠭᠡᠷᠯᠡᠨ᠎ᠡ᠃ ᠮᠠᠯ ᠢᠶᠠᠨ ᠲᠠᠮᠠᠭᠠᠯᠠᠵᠤ ᠪᠠᠷᠠᠪᠠᠯ᠄ ︽ᠲᠠᠮᠠᠭᠠᠯᠠᠭᠰᠠᠨ ᠮᠡᠯ ᠮᠢᠨᠢ ᠲᠠᠯ᠎ᠠ ᠳᠦᠭᠦᠷᠴᠦ᠂ ᠲᠡᠮᠳᠡᠭᠯᠡᠭᠰᠡᠨ ᠮᠡᠯ ᠮᠢᠨᠢ ᠲᠩᠷᠢ ᠶᠢᠨ ᠣᠳᠣ ᠪᠣᠯᠤᠭ︕︾ ᠭᠡᠵᠦ ᠪᠡᠯᠭᠡᠳᠡᠭᠡᠳ ᠰᠦᠷᠦᠭ ᠤᠨ ᠡᠵᠡᠨ ᠨᠢ ᠨᠠᠶᠢᠷᠯᠠᠳᠠᠭ ᠪᠠᠶᠢᠭᠰᠠᠨ ᠵᠠᠩᠰᠢᠯ ᠲᠠᠢ᠃ ᠪᠢᠳᠡ ᠮᠠᠯ ᠤᠨ ᠲᠠᠮᠠᠭᠠᠨ ᠰᠣᠶᠣᠯ ᠢ ᠮᠣᠩᠭᠤᠯ ᠰᠣᠶᠣᠯ ᠤᠨ ᠢᠶᠠᠨ ᠴᠢᠬᠤᠯᠠ ᠨᠢᠭᠡ ᠪᠦᠷᠢᠯᠳᠦᠬᠦᠨ ᠢᠶᠠᠷ ᠲᠠᠨᠢᠵᠤ᠂ ᠵᠠᠯᠭᠠᠮᠵᠢᠯᠠᠨ ᠳᠡᠯᠭᠡᠷᠡᠭᠦᠯᠬᠦ ᠬᠡᠷᠡᠭᠲᠡᠢ ᠪᠠᠶᠢᠨ᠎ᠠ᠃ ᠡᠨᠡ ᠪᠣᠯ ᠦᠢ ᠣᠯᠠᠨ ᠮᠠᠯᠴᠢᠳ ᠤᠨ ᠮᠠᠨᠢ ᠥᠪᠡᠷ ᠤᠨ ᠬᠢᠨᠢ ᠶᠠᠪᠤᠳᠠᠯ ᠮᠥᠨ᠃ ᠥᠪᠡᠷ ᠤᠨ ᠶᠠᠪᠤᠳᠠᠯ ᠢᠶᠠᠨ ᠥᠪᠡᠷ ᠢᠶᠠᠨ ᠬᠢᠬᠦ ᠦᠭᠡᠢ ᠥᠭᠡᠷ᠎ᠡ ᠬᠡᠨ ᠬᠢᠬᠦ ᠪᠤᠢ︖ ᠲᠡᠭᠡᠬᠦ ᠳᠤ ᠣᠳᠣ ᠬᠠᠷᠢᠨ ᠲᠠᠪᠤᠨ ᠬᠤᠰᠢᠭᠤ ᠮᠠᠯ ᠳᠠᠭᠠᠨ ᠥᠩᠭᠡ ᠪᠤᠳᠤᠭ ᠬᠤᠯᠢᠵᠤ ᠲᠣᠯᠣᠭᠠᠢ ᠲᠦᠷᠣᠭᠦᠣ ᠦᠬᠡᠢ ᠪᠤᠵᠠᠷᠲᠤᠭᠤᠯᠵᠤ ᠯᠠ ᠪᠠᠶᠢᠨ᠎ᠠ᠃ ᠮᠠᠯ ᠤᠨ ᠵᠢᠰᠦᠮ ᠳᠤ ᠥᠩᠭᠡ ᠪᠤᠳᠤᠭ ᠲᠠᠯᠪᠢᠬᠤ ᠨᠢ ᠮᠠᠯ ᠤᠨ ᠤᠩᠭᠠᠰᠤ ᠨᠣᠣᠰᠣᠨ ᠳᠤ ᠨᠥᠯᠥᠭᠡ ᠲᠠᠢ ᠪᠠᠷ ᠦᠯᠦ ᠪᠠᠷᠠᠮ᠂ ᠮᠠᠯ ᠤᠨ ᠦᠩᠬᠡ ᠰᠦᠯᠳᠡ ᠶᠢ ᠴᠣ᠋ ᠦᠵᠡᠮᠦᠷᠢ ᠦᠭᠡᠢ ᠪᠣᠯᠭᠠᠳᠠᠭ ᠶᠤᠮ᠃   ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号