| | ᠪᠠᠳᠠᠢ ᠶᠢᠨ ᠵᠢᠷᠠᠨ ᠡᠯᠡᠰᠦᠨ ᠳᠤ ᠬᠦᠮᠦᠨ ᠳᠤ ᠲᠤᠩ ᠬᠤᠪᠤᠷ ᠲᠠᠭᠠᠷᠠᠯᠳᠤᠳᠠᠭ ᠨᠢᠭᠤᠴᠠ ᠶᠢᠨ ᠤᠷᠤᠨ | ᠪᠤᠯᠤᠬᠰᠠᠨ ︽ᠭᠤᠳᠤᠮᠵᠢ ᠶᠢᠨ ᠭᠤᠷᠪᠠᠨ ᠵᠢᠷᠠᠨ︾ ᠬᠡᠳᠡᠭ ᠭᠠᠵᠠᠷ ᠤᠨ ᠲᠤᠬᠠᠢ ᠵᠤᠭᠤᠬ ᠨᠤᠳᠤᠭ ᠤᠨ ᠠᠷᠠᠳ ᠤᠨ | ᠲᠤᠮᠳᠠ ᠡᠷᠳᠡ ᠠᠴᠠ ᠡᠳᠤᠭᠡ ᠪᠤᠯᠳᠠᠯ᠎ᠠ ᠤᠯᠠᠮᠵᠢᠯᠠᠬᠳᠠᠨ ᠶᠠᠷᠢᠬᠳᠠᠬᠰᠠᠭᠠᠷ ᠢᠷᠡᠪᠡ᠃ ᠨᠤᠳᠤᠭ ᠤᠨ | ᠪᠤᠭᠤᠷᠤᠯᠴᠤᠤᠯ ᠤᠨ ᠬᠡᠯᠡᠬᠦ ᠪᠠᠷ ᠪᠤᠯ ᠡᠨᠡ ᠭᠠᠵᠠᠷ ᠨᠢ ᠨᠢᠬᠡᠨ ᠠᠭᠤᠳᠠᠮ ᠲᠤᠮᠤ ᠬᠤᠳᠤᠭᠤᠷ ᠭᠠᠵᠠᠷ ᠪᠠᠶᠢᠵᠤ᠂ | ᠡᠷᠬᠢᠨ ᠲᠤᠭᠤᠷᠢᠨ ᠳᠠᠭᠠᠨ ᠲᠡᠭᠰᠢ ᠰᠢᠯᠤᠭᠤᠬᠠᠨ᠂ ᠭᠤᠤᠯ ᠲᠤᠮᠳᠠ ᠪᠠᠨ ᠨᠢᠬᠡ ᠦᠨᠳᠦᠷ ᠴᠠᠭᠠᠨ ᠴᠤᠬᠢᠶ᠎ᠠ ᠲᠠᠢ᠂ | ᠡᠨᠡ ᠴᠤᠬᠢᠶ᠎ᠠ ᠨᠢ ᠬᠤᠳᠤᠭᠤᠷ ᠭᠠᠵᠠᠷ ᠠᠴᠠ ᠪᠠᠨ ᠴᠤᠬᠤᠢᠢᠵᠤ ᠪᠠᠶᠢᠬᠤ ᠪᠦᠬᠡᠳ ᠴᠤᠬᠢᠶ᠎ᠠ ᠶᠢᠨ ᠢᠶᠠᠨ ᠭᠤᠷᠪᠠᠨ | ᠲᠠᠯ᠎ᠠ ᠪᠠᠷ ᠪᠦᠷ ᠨᠠᠭᠤᠷ ᠲᠠᠢ᠂ ᠨᠠᠭᠤᠷ ᠤᠳ ᠤᠨ ᠬᠦᠪᠡᠭᠡ ᠲᠠᠭᠠᠤ ᠭᠠᠵᠠᠷ ᠢᠶᠠᠷ ᠨᠢ ᠰᠢᠷᠢᠬᠢ᠂ ᠬᠤᠯᠤᠰᠤ ᠵᠢᠴᠢ | ᠵᠢᠭᠳᠡ ᠶᠢᠨ ᠮᠤᠳᠤ ᠪᠤᠯᠤᠨ ᠴᠢᠪᠠᠭ᠎ᠠ ᠶᠢᠨ ᠮᠠᠳᠤ ᠪᠠᠷ ᠭᠤᠤᠯᠯᠠᠬᠰᠠᠨ ᠶᠠᠩᠵᠤ ᠪᠦᠷᠢ ᠶᠢᠨ ᠵᠢᠮᠢᠰ ᠤᠨ ᠮᠤᠳᠤ᠂ | ᠡᠪᠡᠰᠦ ᠤᠷᠭᠤᠮᠠᠯ ᠰᠠᠬᠤᠯᠢᠭ ᠤᠷᠭᠤᠵᠤ᠂ ᠲᠤᠳᠤᠷ᠎ᠠ ᠨᠢ ᠨᠤᠤᠰᠤ ᠨᠢ ᠲᠠᠭᠠᠬᠢᠷᠠᠵᠤ ᠴᠢᠷᠦᠭᠳᠡᠭᠰᠡᠨ ᠲᠡᠮᠡᠭᠡ᠂ | ᠢᠮᠠᠭ᠎ᠠ᠂ ᠬᠤᠨᠢ᠂ ᠠᠳᠤᠭᠤ᠂ ᠦᠬᠡᠷ ᠵᠡᠷᠭᠡ ᠶᠢᠨ ᠲᠠᠪᠤᠨ ᠬᠤᠰᠢᠭᠤ ᠮᠠᠯ ᠲᠠᠢ ᠪᠦᠬᠡᠳ ᠠᠷᠭᠠᠯᠢ᠂ ᠬᠤᠯᠠᠨ᠂ | ᠬᠠᠪᠳᠠᠭᠠᠢ ᠵᠡᠷᠭᠡ ᠶᠢᠨ ᠬᠦᠷᠦᠬᠡᠰᠦ ᠴᠤ ᠠᠷᠪᠢᠨ ᠪᠠᠶᠢᠳᠠᠭ ᠬᠡᠨ᠎ᠠ᠃ | ᠭᠤᠳᠤᠮᠵᠢ ᠬᠡᠳᠡᠭ ᠨᠢ ᠲᠤᠰ ᠭᠠᠵᠠᠷ ᠢ ᠬᠦᠮᠦᠨ ᠪᠤᠯᠭᠠᠨ ᠡᠷᠢᠵᠤ ᠤᠯᠬᠤ ᠳᠤ ᠲᠤᠩ ᠪᠡᠷᠬᠡ᠂ ᠡᠷᠢᠵᠤ | ᠬᠠᠶᠢᠬᠰᠠᠨ ᠬᠦᠮᠦᠰ ᠤᠨ ᠰᠡᠳᠬᠢᠯ ᠮᠤᠬᠤᠵᠤ ᠭᠤᠳᠤᠷᠠᠵᠤ ᠴᠦᠬᠦᠷᠡᠬᠦ ᠬᠡᠮᠵᠢᠶᠠᠨ ᠳᠤ ᠬᠦᠷᠳᠡᠭ ᠠᠴᠠ ᠭᠤᠳᠤᠮᠵᠢ | ᠬᠡᠵᠤ ᠨᠠᠷᠠᠯᠠᠵᠤ᠂ ᠭᠤᠷᠪᠠᠨ ᠵᠢᠷᠠᠨ ᠬᠡᠳᠡᠭ ᠨᠢ ᠲᠤᠰ ᠭᠠᠵᠠᠷ ᠲᠤ ᠭᠤᠷᠪᠠᠨ ᠨᠠᠭᠤᠷ ᠲᠠᠢ ᠲᠤᠯᠠ ᠭᠤᠷᠪᠠᠨ ᠵᠢᠷᠠᠨ | ᠬᠡᠵᠤ ᠨᠠᠷᠠᠯᠡᠭᠰᠡᠨ ᠶᠤᠮ ᠬᠡᠳᠡᠭ᠃ ᠡᠨᠡ ᠬᠦ ᠨᠢᠭᠤᠴᠠ ᠶᠢᠨ ᠤᠷᠤᠨ ᠳᠤ ᠬᠦᠮᠦᠨ ᠤᠴᠢᠵᠤ ᠪᠠᠶᠢᠬᠰᠠᠨ ᠪᠤᠳᠠᠳᠤ | ᠶᠠᠷᠢᠶ᠎ᠠ ᠬᠡᠯᠡᠯᠬᠡ ᠠᠷᠪᠢᠨ ᠪᠠᠶᠢᠳᠠᠭ᠃ ᠬᠠᠭᠤᠴᠢᠨ ᠳᠤ ᠪᠠᠳᠠᠢ ᠶᠢᠨ ᠵᠢᠷᠠᠨ ᠤ ᠪᠠᠷᠠᠭᠤᠨ ᠢᠬᠡᠷ᠎ᠠ ᠬᠡᠳᠡᠭ ᠭᠠᠵᠠᠷ ᠲᠤ | ᠬᠡᠳᠦᠨ ᠲᠡᠮᠡᠭᠡ ᠲᠠᠢ᠂ ᠭᠠᠭᠴᠠ ᠪᠠᠶ᠎ᠠ ᠡᠪᠦᠬᠡᠨ ᠰᠠᠭᠤᠵᠤ ᠪᠠᠶᠢᠵᠠᠢ᠃ ᠡᠨᠡ ᠡᠪᠦᠬᠡᠨ ᠤ ᠬᠡᠳᠦᠨ ᠲᠡᠮᠡᠭᠡ ᠨᠢ ᠨᠢᠬᠡ | ᠵᠢᠯ ᠤᠨ ᠨᠠᠮᠤᠷ ᠠᠴᠠ ᠡᠬᠢᠯᠡᠨ᠂ ᠨᠠᠮᠤᠷ ᠪᠤᠯᠭᠠᠨ ᠪᠠᠶᠢᠷᠢᠨ ᠳᠠᠭᠠᠨ ᠬᠠᠷᠢᠵᠤ ᠢᠷᠡᠬᠦ ᠳᠡᠭᠡᠨ ᠪᠠᠶ᠎ᠠ ᠳᠡᠭᠡᠨ ᠵᠢᠭᠳᠡ ᠪᠤᠶᠤ | ᠵᠢᠭᠳᠡ ᠶᠢᠨ ᠨᠤᠭᠤᠭᠠᠨ ᠨᠠᠪᠴᠢ ᠨᠠᠭᠠᠯᠳᠤᠭᠤᠯᠤᠨ ᠭᠠᠷᠴᠤ ᠢᠷᠡᠬᠦ ᠶᠢ ᠰᠤᠨᠢᠷᠬᠠᠨ ᠠᠩᠬᠠᠷᠤᠬᠰᠠᠭᠠᠷ ᠢᠷᠡᠵᠡᠢ᠃ | ᠲᠠᠷᠠ ᠦᠶ᠎ᠠ ᠳᠤ ᠵᠢᠭᠳᠡ ᠶᠢᠨ ᠮᠤᠳᠤ ᠲᠠᠢ ᠭᠠᠵᠠᠷ ᠪᠠᠶᠢᠬᠤ ᠶᠢ ᠤᠯᠵᠤ ᠦᠵᠡᠭᠰᠡᠨ ᠦᠬᠡᠢ᠃ ᠬᠠᠷᠢᠨ ᠬᠦᠮᠦᠰ ᠲᠤ | ᠪᠠᠷᠤᠬᠳᠠᠢ ᠳᠤ ᠤᠯᠳᠠᠬᠳᠠᠳᠠᠭ ᠦᠬᠡᠢ ᠭᠤᠳᠤᠮᠵᠢ ᠶᠢᠨ ᠭᠤᠷᠪᠠᠨ ᠵᠢᠷᠠᠨ ᠬᠡᠳᠡᠭ ᠭᠠᠵᠠᠷ ᠲᠤ ᠵᠢᠭᠳᠡ ᠶᠢᠨ | ᠮᠤᠳᠤ ᠲᠠᠢ ᠪᠠᠶᠢᠳᠠᠭ ᠢ ᠰᠤᠨᠤᠰᠴᠤ ᠪᠠᠶᠢᠵᠠᠢ᠃ ᠲᠠᠷᠠ ᠪᠠᠷ ᠨᠢᠬᠡᠨ ᠨᠠᠮᠤᠷ ᠪᠠᠶ᠎ᠠ ᠳᠡᠭᠡᠨ ᠵᠢᠭᠳᠡ ᠨᠠᠭᠠᠯᠳᠤᠭᠤᠯᠤᠨ | ᠢᠷᠡᠭᠰᠡᠨ ᠲᠡᠮᠡᠬᠡᠨ ᠤ ᠪᠠᠨ ᠮᠦᠷ ᠢ ᠠᠯᠳᠠᠯ ᠦᠬᠡᠢ ᠬᠡᠳᠦᠨ ᠡᠳᠦᠷ ᠲᠠᠭᠠᠨ ᠶᠠᠪᠤᠨ ᠶᠠᠪᠤᠬᠰᠠᠭᠠᠷ ᠪᠠᠶᠢᠵᠤ᠂ ᠡᠨᠡ | ᠵᠢᠷᠠᠨ ᠢ ᠤᠯᠵᠤ ᠠᠪᠴᠠᠢ︔ ᠡᠷᠳᠡ ᠦᠶ᠎ᠠ ᠳᠤ ᠪᠠᠳᠠᠢ ᠶᠢᠨ ᠵᠢᠷᠠᠨ ᠤ ᠬᠤᠶᠢᠳᠤ ᠬᠡᠰᠡᠭ ᠲᠤ ᠨᠤᠳᠤᠬᠰᠢᠬᠰᠠᠨ | ᠲᠦᠮᠠᠨ ᠠᠩᠭ᠎ᠠ ᠬᠡᠳᠡᠭ ᠮᠢᠩᠭᠠᠨ ᠲᠡᠮᠡᠭᠡ ᠲᠠᠢ ᠪᠠᠶᠠᠨ ᠬᠦᠮᠦᠨ ᠵᠢᠭᠳᠡ ᠶᠢᠨ ᠨᠠᠪᠴᠢ ᠨᠠᠭᠠᠯᠳᠤᠭᠤᠯᠤᠨ ᠢᠷᠡᠭᠰᠡᠨ | ᠲᠡᠮᠡᠬᠡᠳ ᠤᠨ ᠢᠶᠠᠨ ᠬᠤᠶᠢᠨ᠎ᠠ ᠠᠴᠠ ᠮᠦᠷ ᠮᠦᠰᠬᠢᠨ ᠶᠠᠪᠤᠵᠤ ᠭᠤᠳᠤᠮᠵᠢ ᠶᠢᠨ ᠭᠤᠷᠪᠠᠨ ᠵᠢᠷᠠᠨ ᠳᠤ ᠤᠷᠤᠬᠰᠠᠨ | ᠬᠡᠳᠡᠭ︔ ᠮᠦᠨ ᠴᠤ ᠬᠠᠭᠤᠴᠢᠨ ᠳᠤ ᠤᠳᠤ ᠶᠢᠨ ᠡᠵᠡᠨ᠎ᠠ ᠬᠤᠰᠢᠭᠤᠨ ᠤ ᠭᠤᠷᠤᠨᠠᠢ ᠭᠤᠤᠯ ᠳᠤ ᠮᠠ ᠤᠪᠤᠭ ᠲᠠᠢ | ᠬᠢᠳᠡᠳ ᠪᠠᠶᠠᠨ ᠬᠤᠳᠠᠯᠳᠤᠭᠠᠴᠢᠨ ᠪᠠᠶᠢᠵᠠᠢ᠃ ᠲᠠᠷᠠ ᠲᠤᠬᠠᠢ ᠶᠢᠨ ᠦᠶ᠎ᠠ ᠳᠤ ᠤᠳᠤ ᠶᠢᠨ ᠠᠯᠠᠱᠠ ᠪᠠᠷᠠᠭᠤᠨ | ᠬᠤᠰᠢᠭᠤᠨ ᠤ ᠲᠠᠩᠰᠤᠭ᠂ ᠰᠢᠭᠤᠢ ᠵᠢᠴᠢ ᠡᠵᠡᠨ᠎ᠠ ᠶᠢᠨ ᠭᠤᠷᠤᠨᠠᠢ᠂ ᠦᠡᠭᠳᠦᠭᠤᠤᠯ ᠵᠡᠷᠭᠡ ᠨᠠᠷᠠᠳᠤ ᠴᠠᠭᠠᠨ ᠭᠤᠶᠤᠤ | ᠭᠠᠷᠳᠠᠭ ᠭᠠᠵᠠᠷ ᠢᠶᠠᠷ ᠶᠠᠪᠤᠵᠤ᠂ ᠴᠠᠭᠠᠨ ᠭᠤᠶᠤᠤ ᠬᠤᠷᠢᠶᠠᠨ ᠠᠷᠠᠯᠵᠢᠶᠠᠯᠠᠵᠤ᠂ ᠤᠯᠤᠬᠰᠠᠨ ᠵᠤᠭᠤᠰ ᠢᠶᠠᠷ ᠢᠶᠠᠨ | ᠲᠡᠮᠡᠭᠡ ᠬᠤᠳᠠᠯᠳᠤᠨ ᠠᠪᠴᠤ ᠦᠰᠭᠡᠳᠡᠭ ᠪᠠᠶᠢᠵᠠᠢ᠃ ᠦᠰᠭᠡᠭᠰᠡᠨ ᠲᠡᠮᠡᠭᠡ ᠨᠢ 3000 ᠳᠤ ᠬᠦᠷᠴᠤ ᠪᠠᠶᠠᠵᠢᠬᠰᠠᠨ | ᠪᠠᠶᠢᠨ᠎ᠠ᠃ ᠡᠬᠦᠨ ᠠᠴᠠ ᠪᠤᠯᠵᠤ ᠲᠡᠬᠦᠨ ᠢ ᠨᠤᠳᠤᠭ ᠤᠨ ᠬᠦᠮᠦᠰ ᠼᠦᠡᠭ ᠷᠦᠡᠭ ᠮᠠ ᠵᠢᠶᠠ ᠬᠡᠵᠤ ᠲᠠᠭᠤᠳᠠᠳᠠᠭ | ᠪᠤᠯᠤᠬᠰᠠᠨ ᠶᠤᠮ ᠬᠡᠳᠡᠭ᠃ ᠡᠨᠡ ᠼᠦᠡᠭ ᠷᠦᠡᠭ ᠮᠠ ᠵᠢᠶᠠ ᠤᠤᠯ ᠳᠠᠭᠠᠨ ᠰᠢᠭᠤᠢ᠂ ᠲᠠᠩᠰᠤᠭ᠂ ᠭᠤᠷᠤᠨᠠᠢ᠂ | ᠦᠡᠭᠳᠦᠭᠤᠤᠯ ᠵᠡᠷᠭᠡ ᠭᠠᠵᠠᠷ ᠢᠶᠠᠷ ᠴᠠᠭᠠᠨ ᠭᠤᠶᠤᠤ ᠠᠷᠠᠯᠵᠢᠶᠠᠯᠠᠵᠤ ᠶᠠᠪᠤᠬᠤ ᠲᠤᠮᠳᠠ ᠪᠠᠨ ᠭᠤᠳᠤᠮᠵᠢ ᠶᠢᠨ | ᠭᠤᠷᠪᠠᠨ ᠵᠢᠷᠠᠨ ᠳᠤ ᠬᠡᠳᠦ ᠤᠳᠠᠭ᠎ᠠ ᠤᠷᠤᠵᠤ ᠭᠠᠷᠤᠬᠰᠠᠨ ᠬᠦᠮᠦᠨ ᠶᠤᠮ ᠬᠡᠳᠡᠭ᠃ ᠬᠦᠮᠦᠰ ᠡᠨᠡ ᠬᠦ | ᠭᠤᠳᠤᠮᠵᠢ ᠶᠢᠨ ᠭᠤᠷᠪᠠᠨ ᠵᠢᠷᠠᠨ ᠳᠤ ᠤᠷᠤᠵᠤ ᠦᠵᠡᠭᠰᠡᠨ ᠲᠤᠬᠠᠢ ᠲᠡᠬᠡᠷᠡᠬᠢ ᠮᠠᠳᠤ ᠶᠢᠨ ᠪᠤᠳᠠᠳᠤ ᠬᠦᠮᠦᠨ᠂ | ᠪᠤᠳᠠᠳᠤ ᠶᠠᠪᠤᠳᠠᠯ ᠤᠨ ᠵᠢᠱᠢᠶ᠎ᠠ ᠨᠦᠭᠦᠳ ᠨᠤᠳᠤᠭ ᠤᠨ ᠠᠷᠠᠳ ᠤᠨ ᠲᠤᠮᠳᠠ ᠤᠯᠠᠮᠵᠢᠯᠠᠬᠳᠠᠵᠤ᠂ ᠲᠤᠰ | ᠭᠤᠳᠤᠮᠵᠢ ᠶᠢᠨ ᠭᠤᠷᠪᠠᠨ ᠵᠢᠷᠠᠨ ᠢ ᠤᠯᠠᠨ ᠢᠶᠠᠷ ᠢᠶᠠᠨ ᠬᠦᠳᠡᠯᠦᠯᠴᠡᠵᠤ ᠡᠷᠢᠵᠤ ᠤᠯᠬᠤ ᠠᠵᠢᠯᠯᠠᠭ᠎ᠠ ᠨᠢᠬᠡ ᠦᠶ᠎ᠠ | ᠬᠦᠭᠵᠢᠶᠠᠨ ᠲᠠᠢ ᠶᠠᠪᠤᠬᠳᠠᠬᠰᠠᠨ ᠪᠠᠶᠢᠨ᠎ᠠ᠃ | 1953 ᠤᠨ ᠳᠤ ᠤᠤᠯ ᠤᠨ ᠠᠯᠠᠱᠠ ᠶᠢᠨ ᠡᠷᠪᠡᠬᠡᠢ ᠶᠢᠨ ᠪᠠᠭ ᠤᠨ ᠲᠠᠷᠤᠭ᠎ᠠ ᠴᠤᠶ᠋ᠢᠩ ᠬᠡᠳᠡᠭ ᠬᠦᠮᠦᠨ | ᠨᠤᠳᠤᠭ ᠤᠨ ᠨᠢᠬᠡ ᠬᠡᠰᠡᠭ ᠬᠦᠮᠦᠰ ᠢ ᠵᠤᠬᠢᠶᠠᠨ ᠪᠠᠶᠢᠭᠤᠯᠵᠤ᠂ ᠲᠤᠰ ᠭᠤᠳᠤᠮᠵᠢ ᠶᠢᠨ ᠵᠢᠷᠠᠨ ᠢ ᠰᠠᠷ᠎ᠠ ᠰᠢᠬᠠᠮ | ᠡᠷᠢᠵᠤ ᠬᠠᠶᠢᠭᠠᠳ ᠤᠯᠵᠤ ᠴᠢᠳᠠᠬᠰᠠᠨ ᠦᠬᠡᠢ᠃ 1954 ᠤᠨ ᠠᠴᠠ 1959 ᠤᠨ ᠬᠦᠷᠳᠡᠯ᠎ᠠ ᠦᠪᠦᠷ ᠮᠤᠩᠭᠤᠯ | ᠂ ᠭᠠᠨᠰᠤ ᠶᠢᠨ ᠭᠠᠵᠠᠷ ᠰᠢᠨᠵᠢᠯᠡᠭᠡ ᠶᠢᠨ ᠠᠩᠬᠢ ᠶᠢᠨ ᠬᠢᠨ ᠭᠤᠷᠪᠠ ᠤᠳᠠᠭ᠎ᠠ ᠨᠢᠰᠬᠡᠯ ᠢᠶᠠᠷ ᠡᠷᠢᠵᠤ᠂ 1959 | ᠤᠨ ᠤ 12 ᠰᠠᠷ᠎ᠠ ᠶᠢᠨ 10 ᠤ ᠡᠳᠦᠷ ᠲᠤᠰ ᠭᠤᠳᠤᠮᠵᠢ ᠶᠢᠨ ᠭᠤᠷᠪᠠᠨ ᠵᠢᠷᠠᠨ ᠢ ᠨᠢᠰᠬᠡᠯ ᠲᠡᠬᠡᠷ᠎ᠠ ᠠᠴᠠ ᠤᠯᠵᠤ | ᠦᠵᠡᠬᠡᠳ᠂ ᠨᠢᠰᠬᠡᠯ ᠲᠡᠬᠡᠷ᠎ᠠ ᠠᠴᠠ 90 ᠲᠤᠭ ᠢ ᠲᠤᠰ ᠵᠢᠷᠠᠨ ᠤ ᠤᠷᠴᠢᠮ 4 — 5 ᠺᠢᠯᠤᠮᠧᠲᠷ ᠭᠠᠵᠠᠷ | ᠬᠠᠶᠠᠬᠰᠠᠨ ᠤ ᠲᠠᠷᠠᠭ᠎ᠠ ᠨᠤᠳᠤᠭ ᠤᠨ ᠬᠦᠮᠦᠰ ᠢᠶᠠᠷ ᠵᠠᠮᠴᠢᠯᠠᠭᠤᠯᠵᠤ᠂ 20 ᠲᠡᠮᠡᠭᠡ ᠪᠠᠷ ᠬᠤᠶᠠᠷ ᠵᠠᠮ ᠬᠤᠪᠢᠶᠠᠨ | ᠬᠤᠷᠢᠭᠠᠳ ᠡᠳᠦᠷ ᠡᠷᠢᠭᠰᠡᠨ ᠪᠤᠯᠪᠠᠴᠤ᠂ ᠨᠢᠰᠬᠡᠯ ᠠᠴᠠ ᠬᠠᠶᠠᠬᠰᠠᠨ ᠭᠤᠤᠯ ᠲᠤᠭ ᠢᠶᠠᠨ ᠴᠤ ᠤᠯᠵᠤ ᠴᠢᠳᠠᠬᠰᠠᠨ | ᠦᠬᠡᠢ ᠬᠤᠭᠤᠰᠤᠨ ᠪᠤᠴᠠᠵᠤ ᠢᠷᠡᠭᠰᠡᠨ ᠪᠠᠶᠢᠨ᠎ᠠ᠃ ᠡᠨᠡ ᠬᠦ ᠪᠠᠶᠢᠭᠠᠯᠢ ᠶᠢᠨ ᠦᠡᠭᠬᠡ ᠦᠵᠡᠮᠵᠢ ᠪᠦᠷᠢᠳᠦᠭᠰᠡᠨ | ᠰᠡᠬᠢᠭᠤᠯᠰᠤᠨ ᠤ ᠨᠢᠭᠤᠴᠠ ᠶᠢᠨ ᠤᠷᠤᠨ ᠰᠢᠭ᠋ ᠭᠠᠵᠠᠷ ᠢ 1953 ᠤᠨ ᠠᠴᠠ 1966 ᠤᠨ ᠬᠦᠷᠳᠡᠯ᠎ᠠ ᠬᠦᠮᠦᠰ | ᠡᠷᠢᠵᠤ ᠬᠠᠶᠢᠭᠠᠳ ᠪᠤᠳᠠᠳᠤ ᠭᠠᠵᠠᠷ ᠢ ᠨᠢ ᠤᠯᠵᠤ ᠴᠢᠳᠠᠬᠰᠠᠨ ᠦᠬᠡᠢ ᠳᠡᠭᠡᠨ ᠶᠤᠰᠤᠳᠠᠢ ᠯᠡ ᠴᠦᠬᠦᠷᠡᠵᠤ | ᠭᠤᠳᠤᠷᠠᠬᠤ ᠬᠡᠮᠵᠢᠶᠠᠨ ᠳᠤ ᠬᠦᠷᠦᠭᠰᠡᠨ ᠪᠠᠶᠢᠨ᠎ᠠ᠃ ᠬᠡᠳᠦ᠋ᠢᠪᠡᠷ ᠭᠠᠵᠠᠷ ᠢᠶᠠᠷ ᠡᠷᠢᠪᠡᠯ ᠶᠠᠭᠤ ᠴᠤ ᠤᠯᠳᠠᠬᠤ | ᠶᠠᠭᠤᠮ᠎ᠠ ᠦᠬᠡᠢ ᠪᠤᠯᠪᠠᠴᠤ ᠠᠭᠠᠷ ᠲᠡᠬᠡᠬᠦᠷ ᠨᠢᠰᠬᠡᠯ ᠢᠶᠠᠷ ᠲᠤᠰ ᠭᠠᠵᠠᠷ ᠢ ᠬᠡᠳᠦ ᠤᠳᠠᠭ᠎ᠠ ᠤᠯᠤᠨ ᠦᠵᠡᠵᠤ᠂ | ᠥᠵᠡᠭᠰᠡᠨ ᠭᠠᠵᠠᠷ ᠤᠨ ᠪᠠᠶᠢᠳᠠᠯ ᠨᠢ ᠲᠡᠬᠡᠷᠡᠬᠢ ᠮᠠᠳᠤ ᠶᠢᠨ ᠠᠷᠠᠳ ᠤᠨ ᠶᠠᠷᠢᠶ᠎ᠠ ᠲᠠᠢ ᠪᠠᠷᠤᠭ ᠠᠳᠠᠯᠢᠬᠠᠨ | ᠬᠠᠷᠠᠬᠳᠠᠵᠤ ᠪᠠᠶᠢᠳᠠᠭ ᠬᠡᠵᠤ ᠡᠷᠢᠵᠤ ᠶᠠᠪᠤᠬᠰᠠᠨ ᠬᠦᠮᠦᠰ ᠨᠢ ᠬᠡᠯᠡᠵᠤ ᠪᠠᠶᠢᠬᠰᠠᠨ ᠬᠡᠳᠡᠭ᠃ ᠲᠤᠰ ᠭᠤᠳᠤᠮᠵᠢ ᠶᠢᠨ | ᠭᠤᠷᠪᠠᠨ ᠵᠢᠷᠠᠨ ᠤ ᠪᠤᠳᠠᠳᠠᠢ ᠪᠠᠶᠢᠭ᠎ᠠ ᠭᠠᠵᠠᠷ ᠤᠨ ᠪᠠᠶᠢᠷᠢᠰᠢᠯ ᠢ ᠨᠤᠳᠤᠭ ᠤᠨ ᠠᠷᠠᠳ ᠤᠨ ᠬᠡᠯᠡᠬᠦ ᠪᠠᠷ ᠪᠤᠯ᠂ | ᠤᠳᠤ ᠶᠢᠨ ᠡᠵᠡᠨ᠎ᠠ ᠬᠤᠰᠢᠭᠤᠨ ᠤ ᠭᠤᠷᠤᠨᠠᠢ᠂ ᠦᠡᠭᠳᠦᠭᠤᠤᠯ ᠪᠤᠯᠤᠨ ᠠᠯᠠᠱᠠ ᠪᠠᠷᠠᠭᠤᠨ ᠬᠤᠰᠢᠭᠤᠨ ᠤ ᠰᠢᠭᠤᠢ᠂ | ᠲᠠᠩᠰᠤᠭ ᠵᠡᠷᠭᠡ ᠭᠠᠵᠠᠷ ᠤᠷᠤᠨ ᠤ ᠬᠢᠯᠢ ᠵᠠᠭᠠᠭ ᠤᠨ ᠠᠭᠤᠯᠵᠠᠷ ᠪᠤᠯᠤᠬᠰᠠᠨ ᠪᠠᠳᠠᠢ ᠶᠢᠨ ᠵᠢᠷᠠᠨ ᠤ ᠲᠤᠮᠳᠠ | ᠬᠤᠶᠢᠳᠤ ᠬᠡᠰᠡᠭ᠂ ᠲᠠᠷᠤᠢ ᠭᠤᠷᠤᠨᠠᠢ ᠶᠢᠨ ᠡᠤ ᠲᠤᠬᠤᠢ ᠶᠢᠨ ᠰᠦᠮ᠎ᠠ ᠶᠢᠨ ᠡᠮᠦᠨᠡᠬᠢ ᠬᠤᠶᠠᠷ ᠨᠠᠮᠤᠭ ᠠᠴᠠ ᠠᠰ | ᠵᠡᠬᠦᠨ ᠵᠦᠭ ᠲᠤ 180 — 200 ᠺᠢᠯᠤᠮᠧᠲᠷ ᠭᠠᠵᠠᠷ᠂ ᠭᠤᠶᠢᠽᠠ ᠪᠤᠯᠤᠨ ᠦᠡᠭᠳᠦᠭᠤᠤᠯ ᠤᠨ ᠲᠤᠮᠳᠠ | ᠬᠡᠰᠡᠭ ᠲᠤ ᠪᠠᠶᠢᠭ᠎ᠠ ᠪᠠᠭ᠎ᠠ ᠵᠠᠭ ᠤᠨ ᠤᠪᠤᠭ᠎ᠠ ᠠᠴᠠ ᠠᠰ ᠡᠮᠦᠨ᠎ᠠ ᠵᠦᠭ ᠲᠤ 100 — 120 ᠺᠢᠯᠤᠮᠧᠲᠷ | ᠭᠠᠵᠠᠷ ᠲᠤ ᠪᠠᠶᠢᠷᠢᠰᠢᠵᠤ ᠪᠤᠢ ᠪᠤᠶᠤ ᠰᠢᠭᠤᠢ ᠶᠢᠨ ᠴᠠᠭᠠᠨ ᠴᠢᠯᠠᠭᠤᠳᠤ ᠠᠴᠠ ᠵᠡᠬᠦᠨ ᠬᠤᠶᠢᠰᠢ᠂ ᠲᠠᠩᠰᠤᠭ ᠤᠨ | ᠪᠤᠷᠤᠯᠵᠢ ᠶᠢᠨ ᠨᠢᠷᠤᠭᠤᠨ ᠠᠴᠠ ᠪᠠᠷᠠᠭᠤᠨ ᠬᠤᠶᠢᠰᠢ ᠪᠠᠶᠢᠭ᠎ᠠ ᠭᠠᠵᠠᠷ ᠲᠤ ᠪᠠᠶᠢᠷᠢᠰᠢᠵᠤ ᠪᠠᠶᠢᠳᠠᠭ ᠬᠡᠵᠤ ᠬᠡᠯᠡᠳᠡᠭ᠃ | ᠶᠠᠭᠤ ᠪᠤᠯᠤᠬᠰᠠᠨ ᠴᠤ ᠡᠨᠡ ᠬᠦ ᠨᠢᠭᠤᠴᠠ ᠰᠠᠬᠢᠭᠤᠯᠰᠤᠨ ᠤ ᠤᠷᠤᠨ ᠰᠢᠭ᠋ ᠭᠠᠵᠠᠷ ᠢ ᠠᠯᠢ ᠡᠷᠳᠡ ᠠᠴᠠ | ᠬᠦᠮᠤᠰ ᠤᠨ ᠲᠤᠮᠳᠠ ᠶᠠᠷᠢᠶ᠎ᠠ ᠬᠡᠯᠡᠯᠴᠡᠭᠡ᠂ ᠡᠷᠢᠯ ᠬᠦᠰᠡᠯ ᠨᠢ ᠪᠤᠯᠵᠤ ᠡᠳᠦᠬᠡ ᠪᠤᠯᠳᠠᠯ᠎ᠠ ᠲᠡᠬᠦᠨ ᠤ ᠨᠢᠭᠤᠴᠠ | ᠤᠨᠢᠰᠤᠭ᠎ᠠ ᠶᠢ ᠲᠠᠶᠢᠯᠵᠤ ᠲᠠᠶᠢᠯᠦᠬᠡᠳᠦᠢ᠃ | ᠰ᠊ · ᠰᠤᠶᠤᠯᠳᠤ | | |