| ᠠᠯᠠᠱᠠ ᠵᠡᠭᠦᠨ ᠬᠤᠰᠢᠭᠤᠨ ᠤ ᠵᠢᠷᠠᠳᠠᠢ ᠪᠠᠯᠭᠠᠰᠤᠨ ᠤ ᠪᠠᠶᠠᠬᠠᠭᠤᠯᠠ ᠭᠠᠴᠠᠭᠠᠨ ᠤ ᠪᠡᠯᠴᠢᠷ ᠬᠡᠮᠡᠭᠦ ᠨᠤᠳᠤᠭ ᠲᠤ | ᠪᠠᠶᠢᠷᠢᠰᠢᠵᠤ᠂ ᠪᠤᠶᠠᠨ ᠢ ᠥᠨᠳᠤᠰᠤᠯᠡᠭᠴᠢ ᠰᠥᠮ᠎ᠡ ᠶᠢᠨ ᠬᠠᠷᠢᠶᠠᠨ ᠤ ᠨᠠᠢᠮᠠᠨ ᠰᠥᠮ᠎ᠡ ᠶᠢᠨ ᠨᠢᠬᠡ ᠪᠤᠯᠤᠨ᠎ᠡ᠃ | ᠡ᠊ᠨᠳᠡ ᠳ᠋ᠤᠪᠽᠠᠩ ᠬᠤᠳᠤᠭᠳᠤ ᠶᠢᠨ ᠨᠢᠬᠡᠳᠤᠬᠡᠷ ᠲᠥᠷᠢ᠂ ᠭᠤᠷᠪᠠᠳᠤᠭᠠᠷ ᠲᠥᠷᠢ ᠶᠢᠨ ᠴᠢᠨᠳᠠᠷ ᠪᠤᠯᠤᠨ | ᠭᠤᠷᠪᠠᠳᠤᠭᠠᠷ ᠲᠥᠷᠢ ᠶᠢᠨ ᠥᠢᠽᠠᠩ ᠯᠠᠮᠨ ︵ᠢᠰᠢᠳᠠᠨᠽᠠᠨ︶ ᠶᠢᠨ ᠴᠢᠨᠳᠠᠷ ᠢ ᠰᠤᠪᠤᠷᠭᠠᠯᠠᠨ ᠰᠢᠳᠤᠵᠤ ᠪᠠᠶᠢᠭ᠎ᠠ | ᠰᠢᠳᠤᠬᠡᠨᠳᠤ ᠤᠷᠤᠨ ᠪᠤᠯᠤᠨ᠎ᠡ᠃ ᠲᠤᠰ ᠰᠥᠮ᠎ᠡ ᠶᠢᠨ ᠲᠦᠪᠠᠤᠨ ᠨᠠᠷᠠ ᠨᠢ ︽ᠰᠠᠷᠳᠠᠭᠷᠢᠨᠴᠢᠨᠯᠢᠩ︾ ᠬᠡᠳᠡᠭ᠃ | ᠰᠠᠶᠢᠰᠢᠶᠠᠯᠳᠤ ᠢᠷᠤᠬᠡᠯᠳᠤ ᠶᠢᠨ 19 ᠤᠨ ︵1814 ᠤᠨ︶ ᠳᠤ ᠪᠠᠶᠢᠭᠤᠯᠤᠭᠳᠠᠵᠠᠢ᠃ ᠴᠠᠭᠠᠨ ᠰᠤᠪᠤᠷᠭ᠎ᠠ ᠶᠢᠨ | ᠰᠥᠮ᠎ᠡ ᠨᠢ ᠲᠡᠤᠬᠡᠨ ᠬᠥᠭᠵᠢᠯᠳᠡ ᠶᠢᠨ ᠶᠠᠪᠤᠴᠠ ᠳᠤ ᠤᠯᠠᠨᠳᠠ ᠡᠪᠳᠡᠭᠳᠡᠨ ᠰᠥᠢᠳᠬᠡᠭᠳᠡᠭᠰᠡᠨ ᠤᠳᠠᠭ᠎ᠠ ᠪᠤᠢ᠃ | ᠰᠡᠭᠦᠯᠡᠷ ᠨᠢ ᠨᠠᠮ ᠤᠨ ᠠᠷᠪᠠᠨ ᠨᠢᠬᠡᠳᠤᠬᠡᠷ ᠬᠤᠭᠤᠴᠠᠭᠠᠨ ᠤ ᠭᠤᠷᠪᠠᠳᠤᠭᠠᠷ ᠪᠥᠭᠦᠳᠡ ᠬᠤᠷᠠᠯ ᠤᠨ ᠲᠠᠷᠠᠭ᠎ᠠ ᠨᠠᠮ ᠤᠨ | ᠥᠨᠳᠤᠰᠤᠳᠡᠨ᠂ ᠱᠠᠰᠢᠨ ᠰᠤᠷᠳᠠᠬᠤᠨ ᠤ ᠲᠥᠷᠤ ᠶᠢᠨ ᠪᠤᠳᠤᠯᠭ᠎ᠠ ᠶᠢᠨ ᠲᠤᠶᠠᠭᠠᠷᠠᠯ ᠢᠶᠠᠷ ᠶᠡᠷᠡᠬᠡᠳ ᠤᠨ ᠳᠤ | ᠴᠥᠮᠪᠤᠯ᠂ ᠨᠢᠮ᠎ᠠ ᠳ᠋ᠠᠨᠠᠢ ᠵᠡᠷᠬᠡ ᠡᠷᠳᠡᠮᠳᠡᠨ ᠪᠠᠭᠰᠢ ᠨᠠᠷ ᠵᠢᠴᠢ ᠨᠤᠳᠤᠭ ᠤᠨ ᠮᠠᠯᠴᠢᠳ᠂ ᠰᠥᠰᠥᠭᠳᠡᠨ ᠤᠯᠠᠨ ᠤ | ᠲᠡᠮᠵᠢᠯᠬᠡ ᠪᠠᠷ ᠰᠡᠷᠭᠦᠬᠡᠨ ᠪᠠᠶᠢᠭᠤᠯᠤᠭᠰᠠᠨ ᠪᠠᠶᠢᠨ᠎ᠠ᠃ ᠴᠠᠭᠠᠨ ᠰᠤᠪᠤᠷᠭ᠎ᠠ ᠶᠢᠨ ᠰᠥᠮ᠎ᠡ ᠨᠢ ᠪᠠᠷᠤᠭ 100 ᠭᠠᠷᠤᠢ | ᠮᠧᠲᠷ ᠲᠠᠯᠠᠪᠠᠢ ᠲᠠᠢ᠃ ᠤᠳᠤ ᠶᠡᠭᠡ ᠪᠠᠭ᠎ᠠ ᠭᠤᠷᠪᠠᠨ ᠰᠠᠭᠤᠷᠢ ᠰᠤᠪᠤᠷᠭ᠎ᠠ᠂ ᠨᠢᠬᠡ ᠬᠤᠷᠠᠯ ᠬᠤᠷᠠᠬᠤ ᠲᠤᠭᠠᠩ᠂ | ᠬᠤᠶᠠᠷ ᠮᠤᠩᠭᠤᠯ ᠬᠡᠷ᠂ ᠲᠤᠯᠤᠭᠠᠨ ᠲᠠᠰᠤᠯᠭ᠎ᠠ ᠪᠠᠶᠢᠰᠢᠩ ᠲᠠᠢ᠃ ᠵᠢᠯ ᠪᠤᠯᠭᠠᠨ ᠤ ᠪᠢᠯᠢᠭ ᠤᠨ ᠤᠯᠠᠷᠢᠯ ᠤᠨ | ᠲᠤᠯᠤᠭᠠᠨ ᠰᠠᠷ᠎ᠠ ᠶᠢᠨ ᠠᠷᠪᠠᠨ ᠲᠠᠪᠤᠨ ᠤ ᠡᠳᠤᠷ᠂ ᠨᠤᠳᠤᠭ ᠤᠨ ᠮᠠᠯᠴᠢᠳ ᠡ᠊ᠨᠳᠡ ᠴᠤᠭᠯᠠᠷᠠᠨ ᠴᠠᠭᠠᠨ | ᠰᠤᠪᠤᠷᠭ᠎ᠠ ᠪᠠᠨ ᠲᠠᠬᠢᠵᠤ᠂ ᠦᠯᠵᠡᠢ ᠬᠡᠶᠢᠮᠦᠷᠢ ᠪᠠᠨ ᠬᠡᠶᠢᠰᠬᠡᠨ᠂ ᠡᠩᠬᠡ ᠵᠢᠷᠭᠠᠯᠲᠤ ᠠᠮᠢᠲᠤᠷᠠᠯ ᠢᠶᠠᠨ ᠨᠠᠮᠠᠨᠴᠢᠯᠠᠨ | ᠲᠠᠭᠠᠳᠬᠠᠳᠠᠭ᠃ |