ᠳᠡᠯ ᠠᠭᠤᠯᠠ ᠶᠢᠨ ᠨᠤᠳᠤᠭ ᠣᠰᠣᠨ ᠤ ᠳᠤᠬᠠᠢ
ᠨᠡᠶᠢᠲᠡᠯᠡᠭᠰᠡᠨ ᠴᠠᠭ᠄
2019/11/18
ᠬᠦᠳᠡᠭᠡ ᠭᠠᠵᠠᠷ ᠤᠨ ᠪᠠᠶᠢᠴᠠ ᠠᠭᠤᠯᠠ ᠨᠢᠷᠤᠭᠤᠨ ᠤ ᠢᠯᠭᠠᠪᠤᠷᠢ ᠨᠢ ᠭᠡᠪᠡᠯ᠄ ᠨᠢᠷᠤᠭᠤ ᠠᠭᠤᠯᠠ ᠭᠡᠳᠡᠭ ᠪᠤᠯ ᠵᠠᠪᠠᠯ ᠪᠦᠯᠦᠭ ᠦᠷᠬᠦᠯᠵᠢᠯᠡᠭᠰᠡᠨ ᠠᠭᠤᠯᠠ ᠪᠠᠶᠢᠵᠤ᠂ ᠠᠷᠤ ᠦᠪᠦᠷ ᠲᠡᠭᠡᠨ ᠬᠦᠳᠡᠭᠡ ᠲᠠᠢ ᠠᠭᠤᠯᠠ ᠶᠢ ᠭᠡᠯᠡᠨ᠎ᠡ᠃ ᠨᠢᠭᠡ ᠬᠤᠶᠠᠷᠬᠠᠨ ᠱᠣᠪᠣᠭᠤᠷ ᠭᠤᠵᠣᠭᠤᠷ ᠠᠭᠤᠯᠠ ᠶᠢ ᠨᠢᠷᠤᠭᠤ ᠠᠭᠤᠯᠠ ᠭᠡᠬᠦ ᠦᠭᠡᠢ᠃ ᠠᠭᠠᠷᠢᠭ ᠭᠡᠳᠡᠭ ᠨᠢ ᠨᠢᠷᠤᠭᠤᠨ ᠠᠴᠠ ᠪᠠᠨ ᠨᠠᠮᠬᠠᠨ ᠪᠦᠭᠡᠳ ᠨᠢᠭᠳᠠ ᠵᠢᠵᠢᠭ ᠪᠦᠳᠦᠴᠠ ᠲᠠᠢ ᠠᠭᠤᠯᠠ ᠶᠢ ᠭᠡᠯᠡᠨ᠎ᠡ᠃ ᠪᠦᠷ ᠬᠦᠳᠡᠭᠡ ᠭᠠᠵᠠᠷ ᠢ ᠪᠤᠯ ᠠᠭᠤᠯᠠᠨ ᠠᠴᠠ ᠪᠠᠭᠤᠭᠰᠠᠨ ᠣᠰᠣᠨ ᠣᠷᠣᠰᠬᠠᠯ ᠢ ᠳᠠᠭᠠᠭᠤᠯᠵᠣ ᠠᠮᠢᠳᠦᠯᠢᠭ᠋ ᠢᠶᠠᠷ ᠭᠡᠯᠡᠨ᠎ᠡ᠃ ᠵᠢᠱᠢᠶᠡᠯᠡᠪᠡᠯ᠄ ᠵᠡᠬᠦᠨ ᠠᠴᠠ ᠦᠭᠡᠳᠡ ᠪᠠᠶᠢᠵᠤ ᠪᠤᠯᠤᠨ᠎ᠠ᠂ ᠡᠮᠤᠨ᠎ᠡ ᠠᠴᠠ ᠪᠠᠨ ᠦᠭᠡᠳᠡ ᠪᠠᠨ ᠪᠠᠶᠢᠵᠤ ᠪᠤᠯᠤᠨ᠎ᠠ᠂ ᠠᠯᠢ ᠵᠦᠭ ᠲᠤ ᠦᠨᠳᠦᠷ ᠠᠭᠤᠯᠠ ᠲᠠᠢ ᠪᠤᠯ ᠳᠡᠬᠦᠨ ᠠᠴᠠ ᠪᠠᠭᠤᠬᠤ ᠣᠰᠣ ᠭᠠᠵᠠᠷ ᠣᠷᠣᠭᠤ ᠣᠷᠣᠰᠬᠤ ᠶᠢᠨ ᠳᠣᠯᠠᠳᠠ ᠳᠦᠷᠪᠡᠨ ᠵᠦᠭ ᠤᠨ ᠠᠯᠢ ᠨᠢ ᠴᠦ ᠦᠭᠡᠳᠡ ᠪᠠᠶᠢᠵᠤ ᠪᠤᠯᠤᠨ᠎ᠠ᠂ ᠬᠠᠷᠢᠨ ᠡᠵᠡᠨ᠎ᠡ ᠶᠢᠨ ᠭᠤᠤᠯ ᠮᠡᠳᠣ ᠡᠮᠣᠨ᠎ᠡ ᠳᠠᠯ᠎ᠠ ᠪᠠᠨ ᠭᠡᠵᠢᠶᠡᠳᠡ ᠳᠡᠭᠡᠳᠣ᠂ ᠬᠤᠶᠢᠳᠣ ᠳᠠᠯ᠎ᠠ ᠪᠠᠨ ᠭᠡᠵᠢᠶᠡᠳᠡ ᠳᠣᠣᠷᠠᠳᠣ ᠳᠠᠯ᠎ᠠ ᠭᠡᠬᠦ ᠦᠭᠡᠢ᠂ ᠡᠨᠡ ᠳᠡᠭᠡᠷ᠎ᠡ ᠪᠠᠨ ᠭᠤᠤᠯ ᠲᠠᠢ ᠭᠠᠵᠠᠷ ᠨᠣᠳᠣᠭᠯᠠᠭᠰᠠᠨ ᠬᠦᠮᠦᠨ ᠪᠤᠯᠤᠨ ᠠᠭᠤᠯᠠᠨ ᠭᠠᠵᠠᠷ ᠨᠣᠳᠣᠭᠯᠠᠭᠰᠠᠨ ᠬᠦᠮᠦᠨ ᠬᠤᠭᠤᠷᠣᠨᠳᠣ ᠪᠠᠨ ᠭᠠᠵᠠᠷ ᠵᠢᠭᠠᠬᠤ ᠳᠠᠭᠠᠨ ᠬᠠᠷᠢᠯᠴᠠᠨ ᠦᠢᠯᠠᠭᠠᠯᠴᠠᠭ᠎ᠠ ᠨᠢ ᠮᠠᠭᠤᠳᠠᠵᠣ᠂ ᠪᠣᠷᠣᠭᠤ ᠳᠣᠭᠤᠷᠢᠭᠤ ᠶᠠᠪᠤᠬᠤ ᠪᠣᠶᠣ ᠴᠢᠨᠠᠭᠰᠢᠯᠠᠪᠠᠯ ᠳᠦᠭᠡᠷᠢᠬᠦ ᠣᠴᠢᠷ ᠴᠦ ᠭᠠᠷᠤᠨ᠎ᠠ᠂ ᠡᠶᠢᠮᠤ ᠶᠢᠨ ᠣᠴᠢᠷ ᠬᠤᠵᠢᠮ ᠤᠨ ᠦᠷ᠎ᠠ ᠠᠴᠢᠨᠠᠷ ᠲᠠᠭᠠᠨ ᠮᠡᠳᠡᠬᠦᠯᠬᠦ ᠰᠠᠨᠠᠭᠠᠨ ᠠᠴᠠ ᠦᠬᠦᠯᠡᠪᠡ᠃ ᠡᠨᠡ ᠨᠣᠳᠤᠭ ᠲᠤ ᠪᠢ ᠣᠯᠠᠨ ᠲᠠᠢ ᠪᠠᠨ ᠬᠠᠮᠳᠣ ᠳᠠᠪᠢ ᠭᠠᠷᠦᠢ ᠵᠢᠯ ᠠᠵᠢᠯᠯᠠᠵᠤ ᠠᠮᠢᠳᠣᠷᠠᠵᠣ ᠶᠠᠪᠤᠭᠰᠠᠨ ᠤ ᠬᠤᠪᠢ ᠳᠤ ᠣᠭ ᠲᠠᠭᠠᠨ ᠨᠡᠷ᠎ᠡ ᠦᠭᠡᠢ ᠪᠠᠶᠢᠭᠰᠠᠨ ᠭᠠᠵᠠᠷ ᠰᠢᠨ᠎ᠡ ᠨᠡᠷ᠎ᠡ ᠦᠭᠬᠦ ᠶᠢ ᠵᠣᠷᠢᠪᠠ᠃ 1. ᠭᠤᠪᠢ ᠶᠢᠨ ᠬᠠᠷ᠎ᠠ᠃ ᠪᠤᠤᠷ᠎ᠠ ᠬᠠᠶᠢᠷᠬᠠᠨ ᠤ ᠵᠡᠬᠦᠨ ᠡᠮᠣᠨ᠎ᠡ ᠭᠤᠪᠢ ᠳᠡᠭᠡᠷ᠎ᠡ ᠣᠷᠣᠰᠢᠬᠤ ᠣᠨᠴᠠᠭᠠᠢ ᠨᠢᠭᠡᠨ ᠬᠠᠷ᠎ᠠ ᠳᠣᠯᠣᠭᠠᠢ᠃ 2. ᠮᠥᠨ ᠡᠨᠡ ᠬᠠᠷ᠎ᠠ ᠳᠣᠯᠣᠭᠠᠢ ᠶᠢᠨ ᠬᠠᠷᠠᠯᠳᠤᠭ᠎ᠠ ᠵᠡᠬᠦᠨ ᠳᠠᠯ᠎ᠠ ᠳᠤ ᠭᠠᠭᠴᠠᠬᠠᠨ ᠳᠣᠪᠬᠤᠭᠤᠷ ᠬᠦᠷᠡᠩ ᠳᠣᠯᠣᠭᠠᠢ ᠪᠣᠢ᠃ 1996 ᠣᠨ ᠳᠤ ᠪᠢ ᠡᠨᠡ ᠭᠠᠵᠠᠷ ᠬᠤᠳᠳᠤᠭ ᠮᠠᠯᠳᠠᠨ ᠨᠣᠳᠣᠭᠯᠠᠵᠣ ᠪᠠᠶᠢᠭᠰᠠᠨ ᠪᠣᠯᠪᠠᠴᠣ ᠵᠠᠪᠰᠠᠷ ᠤᠨ ᠣᠰᠣ ᠪᠠᠶᠢᠵᠤ ᠬᠤᠵᠢᠮ ᠨᠢ ᠣᠰᠣ ᠦᠭᠡᠢ ᠪᠤᠯᠤᠭᠰᠠᠨ ᠶᠤᠮ᠃ 3. ᠪᠠᠵᠢᠭᠤᠨ᠎ᠠ ᠶᠢᠨ ᠬᠠᠷ᠎ᠠ᠃ ᠡᠨᠡ ᠪᠤᠯ ᠨᠢᠭᠡ ᠪᠠᠭ᠎ᠠ ᠰᠢᠭ᠋ ᠨᠢᠷᠤᠭᠤ ᠠᠭᠤᠯᠠ ᠪᠤᠢ᠂ ᠣᠷᠭᠤᠮᠠᠯ ᠦᠳᠭᠡᠨ᠂ ᠦᠨᠳᠣᠰᠣ ᠰᠠᠶᠢᠳᠠᠢ᠂ ᠪᠠᠵᠢᠭᠤᠨ᠎ᠠ ᠣᠨᠴᠠᠭᠠᠢ ᠶᠡᠭᠡ ᠣᠷᠭᠤᠳᠠᠭ᠂ ᠬᠤᠳᠳᠤᠭ ᠣᠰᠣ ᠦᠭᠡᠢ᠂ ᠡᠮᠡᠭᠡᠯᠴᠡᠭ ᠤᠨ ᠨᠢᠷᠤᠭᠤ ᠠᠴᠠ ᠬᠤᠶᠢᠰᠢ ᠪᠠᠷ᠎ᠠ ᠨᠢ ᠬᠠᠷᠠᠭᠳᠠᠨ᠎ᠠ᠃ ᠳᠡᠭᠡᠷ᠎ᠡ ᠦᠶ᠎ᠡ ᠶᠢᠨ ᠮᠤᠩᠭᠤᠯᠴᠣᠳ ᠮᠠᠨᠢ ᠳᠡᠯ ᠠᠭᠤᠯᠠ ᠪᠠᠷ ᠨᠣᠳᠣᠭᠯᠠᠵᠣ ᠪᠠᠶᠢᠬᠤ ᠳᠠᠭᠠᠨ ᠶᠠᠮᠠᠷ ᠶᠠᠮᠠᠷ ᠨᠡᠷ᠎ᠡ ᠣᠰᠣ ᠲᠠᠢ ᠭᠠᠵᠠᠷ ᠪᠠᠶᠢᠭᠰᠠᠨ ᠢ ᠲᠠ ᠣᠯᠠᠨ ᠳᠠᠭᠠᠨ ᠳᠣᠯᠢᠳᠠᠭᠤᠯᠬᠤ ᠶᠢᠨ ᠣᠴᠢᠷ ᠡᠶᠢᠮᠤᠷᠬᠦ ᠬᠠᠭᠤᠴᠢᠨ ᠭᠠᠵᠠᠷ ᠤᠨ ᠨᠡᠷᠡᠰ ᠢ ᠭᠡᠯᠡᠵᠤ ᠪᠢᠴᠢᠬᠦᠯᠪᠡ᠃ ᠳᠣᠯᠣᠣ ᠶᠢᠨ ᠭᠤᠤᠯ᠂ ᠪᠠᠯᠭᠠᠨᠠᠳᠠᠢ ᠶᠢᠨ ᠭᠤᠤᠯ ︵ᠪᠠᠯᠭᠠᠨᠠᠳᠠᠢ ᠶᠢᠨ ᠣᠪᠣᠭ᠎ᠠ ᠭᠡᠵᠤ ᠬᠠᠭᠤᠴᠢᠨ ᠴᠠᠭ ᠲᠤ ᠮᠤᠩᠭᠤᠯᠴᠣᠳ ᠳᠠᠬᠢᠵᠤ ᠪᠠᠶᠢᠭᠰᠠᠨ ᠣᠪᠣᠭ᠎ᠠ ᠪᠣᠢ᠂ ᠣᠳᠣ ᠳᠡᠭᠡᠳᠣ ᠮᠣᠩᠭᠤᠯᠴᠣᠳ ᠰᠡᠷᠬᠦᠭᠡᠨ ᠳᠠᠬᠢᠵᠣ ᠪᠠᠶᠢᠨ᠎ᠠ︶᠂ ᠠᠭᠠᠷᠢᠭ ᠤᠨ ᠰᠦᠮᠡᠳᠣ᠂ ᠳᠠᠯ᠎ᠠ ᠶᠢᠨ ᠰᠦᠮᠡᠳᠣ᠂ ᠳᠡᠭᠡᠷᠮᠡᠳᠣ᠂ ᠴᠠᠭᠠᠨ ᠳᠣᠯᠣᠭᠠᠢ᠂ ᠬᠠᠶᠠᠭ᠎ᠠ ᠬᠤᠣᠡᠳᠤᠭ᠂ ᠠᠳᠣᠭᠤᠨ ᠣᠰᠣ᠂ ᠴᠣᠯᠪᠣᠭᠤᠷ ᠬᠠᠷ᠎ᠠ᠂ ᠶᠡᠭᠡ ᠴᠠᠭᠠᠨ ᠴᠢᠯᠠᠭᠤᠳᠣ᠂ ᠪᠠᠭ᠎ᠠ ᠴᠠᠭᠠᠨ ᠴᠢᠯᠠᠭᠤᠳᠣ ᠭᠡᠳᠡᠭ ᠪᠣᠯ ᠪᠦᠷ ᠪᠤᠯᠠᠭ ᠣᠰᠣ ᠲᠠᠢ ᠭᠠᠵᠠᠷ ᠪᠤᠢ᠃ ᠬᠦᠷᠡᠩ ᠣᠪᠣᠭᠠᠳᠣ᠂ ᠨᠣᠭᠤᠭᠠᠨ ᠳᠣᠪᠣᠩ᠂ ᠳᠠᠪᠣᠨ ᠬᠤᠳᠳᠤᠭ᠂ ᠣᠭᠳᠠᠷᠭᠤᠢ ᠶᠢᠨ ᠣᠰᠣ᠂ ᠬᠤᠶᠢᠳᠣ ᠬᠠᠷ᠎ᠠ ᠶᠢᠨ ᠱᠠᠩᠳᠠ᠂ ᠳᠠᠩᠬᠠᠷ ᠰᠣᠬᠠᠶᠢᠳᠣ ᠂ ᠪᠦᠳᠦᠬᠦᠨ ᠬᠤᠯᠣᠰᠣᠳᠠᠢ᠂ ᠦᠵᠦᠬᠦᠷ ᠬᠤᠯᠣᠰᠣᠳᠠᠢ᠂ ᠬᠤᠯᠠᠨ ᠤ ᠳᠠᠳᠠᠭᠠᠯ᠂ ᠠᠷᠤ ᠬᠠᠪᠳᠠᠭᠠᠢ ᠶᠢᠨ ᠪᠣᠯᠠᠭ᠂ ᠦᠪᠦᠷ ᠬᠠᠪᠳᠠᠭᠠᠢ ᠶᠢᠨ ᠪᠤᠯᠠᠭ ︵ᠡᠨᠡ ᠬᠤᠶᠠᠷ ᠪᠤᠯᠠᠭ ᠨᠢ ᠬᠠᠷ᠎ᠠ ᠳᠡᠯ ᠠᠭᠤᠯᠠᠨ ᠤ ᠠᠷᠤ ᠦᠪᠦᠷ ᠳᠠᠯ᠎ᠠ ᠳᠤᠨᠢ ᠪᠠᠶᠢᠳᠠᠭ ᠪᠣᠯᠬᠤᠷ ᠡᠶᠢᠨ ᠬᠦ ᠨᠡᠷᠡᠶᠢᠳᠴᠡᠢ︶᠂ ᠣᠯᠠᠭᠠᠨ ᠪᠣᠯᠠᠭ᠂ ᠬᠦᠷᠡᠩ ᠳᠣᠣᠷᠡᠢ᠂ ᠳᠡᠯ ᠬᠤᠯᠣᠰᠣᠳᠠᠢ᠂ ᠬᠤᠭᠤᠯᠠᠢ ᠬᠤᠳᠳᠤᠭ᠂ ᠴᠠᠭᠠᠨ ᠪᠠᠶᠢᠰᠢᠩᠳᠣ᠂ ᠵᠠᠶᠢᠪᠴᠢᠨ ᠤ ᠠᠮᠠ᠂ ᠬᠠᠪᠴᠠᠭᠠᠶᠢᠳᠣ ᠶᠢᠨ ᠠᠮᠠ᠂ ᠬᠦᠳᠦᠯ ᠣᠰᠣ ᠂ ᠠᠷᠣ ᠶᠢᠨ ᠰᠣᠬᠠᠶᠢᠳᠣ᠂ ᠰᠢᠷ᠎ᠠ ᠳᠣᠯᠣᠭᠠᠢ᠂ ᠳᠠᠪᠣᠨ ᠳᠣᠣᠷᠡᠢ᠂ ᠴᠢᠭᠳᠠᠭ᠎ᠠ᠂ ᠠᠷᠤ ᠦᠪᠦᠷ ᠪᠣᠷᠭᠠᠰᠣᠳᠠᠢ᠂ ᠡᠷᠢᠭᠡᠳᠣ ᠬᠠᠶᠢᠷᠬᠠᠨ᠂ ᠣᠯᠠᠭᠠᠨ ᠬᠠᠳᠠ᠂ ᠠᠯᠳᠠᠨ ᠨᠢᠷᠤᠭᠤ᠂ ᠵᠡᠰ ᠤᠨ ᠨᠢᠷᠤᠭᠤ᠂ ᠳᠡᠯ ᠬᠠᠳᠠ᠂ ᠭᠡᠭᠡᠨ ᠣᠰᠣ᠂ ᠪᠠᠶᠠᠨ ᠴᠣᠬᠢᠶ᠎ᠠ᠂ ᠢᠷᠪᠢᠰ ᠤᠨ ᠪᠣᠯᠠᠭ᠂ ᠬᠦᠳᠡᠭᠡ ᠭᠠᠩᠭ᠎ᠠ᠂ ᠵᠣᠷᠢᠭᠳᠣ ᠶᠢᠨ ᠳᠠᠳᠠᠭᠠᠯ᠂ ᠴᠣᠣᠵᠢ ᠪᠣᠯᠠᠭ ᠭᠡᠬᠦ ᠮᠡᠳᠦᠴᠢᠯᠠᠨ ᠦᠪᠡᠷᠮᠢᠴᠠ ᠰᠠᠶᠢᠬᠠᠨ ᠮᠣᠩᠭᠤᠯ ᠢᠶᠠᠷ ᠢᠶᠠᠨ ᠨᠡᠷᠡᠶᠢᠳᠴᠣ ᠪᠠᠶᠢᠭᠰᠠᠨ ᠨᠢ ᠣᠳᠣ ᠴᠦ ᠭᠡᠪ ᠢᠶᠠᠷ ᠢᠶᠠᠨ ᠳᠠᠭᠤᠳᠠᠭᠳᠠᠵᠣ ᠪᠣᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号