| ᠦᠢᠷᠡᠳ ᠬᠦᠮᠦᠰ ᠠᠶᠢᠯ ᠬᠡᠷ ᠤᠨ ᠬᠢᠨᠢ ᠦᠢᠷ᠎ᠡ ᠬᠠᠪᠢ ᠳᠤ ᠤᠨᠳᠤᠤ ᠠᠶᠢᠯ ᠨᠡᠬᠦᠵᠦ ᠢᠷᠡᠬᠦ ᠳᠤ ᠤᠭ ᠤᠨ | ᠪᠠᠶᠢᠭᠰᠠᠨ ᠲᠡᠷᠡᠭᠦ ᠰᠠᠭᠤᠭᠠᠯᠢ ᠠᠶᠢᠯ ᠤᠨ ᠡᠮᠡᠭᠲᠠᠢ ︽ᠭᠠᠯ ᠬᠦᠷᠬᠡᠬᠦ︾ ᠶᠤᠰᠤ ᠬᠦᠢᠴᠡᠳᠬᠡᠵᠦ ᠨᠢᠬᠡ ᠴᠦᠦᠬᠦᠨ | ᠴᠠᠢ᠂ ᠨᠢᠬᠡ ᠳᠠᠪᠠᠭ ᠪᠤᠭᠤᠷᠰᠤᠭ ᠪᠤᠯᠤᠨ ᠳᠤᠰᠤᠨ ᠱᠦᠬᠦᠷᠮᠡᠭ᠂ ᠰᠢᠬᠢᠷ ᠦᠵᠦᠮ ᠮᠡᠳᠦ ᠵᠦᠢᠯ ᠠᠴᠠ ᠪᠠᠶᠢᠬᠤ ᠶᠢᠨ | ᠬᠢᠷᠢ ᠪᠠᠷ ᠠᠪᠴᠤ ᠰᠢᠨ᠎ᠡ ᠪᠠᠭᠤᠭᠰᠠᠨ ᠠᠶᠢᠯ ᠤᠨ ᠪᠠᠭᠤᠷᠢ ᠳᠡᠬᠡᠷ᠎ᠡ ᠤᠳᠴᠤ ︽ᠪᠠᠭᠤᠷᠢ ᠳᠠᠨᠢ ᠦᠯᠵᠡᠶᠢᠳᠡᠢ ᠪᠤᠯᠬᠤ | ᠪᠤᠯᠳᠤᠭᠠᠢ︾ ᠬᠡᠵᠦ ᠢᠷᠦᠬᠡᠬᠡᠳ ᠮᠡᠨᠳᠦ ᠪᠤᠯᠬᠤ ᠶᠢᠨ ᠳᠠᠭᠠᠤ ᠠᠪᠴᠦ ᠢᠷᠡᠭᠰᠡᠨ ᠴᠠᠢ ᠠᠴᠠ ᠪᠠᠨ ᠠᠶᠠᠭᠠᠯᠠᠨ᠂ | ᠢᠷᠡᠭᠰᠡᠨ ᠠᠶᠢᠯ ᠤᠨ ᠬᠦᠮᠦᠰ ᠲᠤ ᠪᠠᠷᠢᠵᠦ᠂ ᠳᠠᠪᠠᠭ ᠲᠠᠢ ᠪᠤᠭᠤᠷᠰᠤᠭ᠂ ᠰᠢᠬᠢᠷ ᠦᠵᠦᠮ᠂ ᠳᠤᠰᠤᠨ | ᠱᠦᠬᠦᠷᠮᠡᠭ ᠢᠶᠠᠨ ᠳᠠᠯᠪᠢᠳᠠᠭ᠃ ᠢᠩᠭᠢᠵᠦ ᠴᠠᠢ ᠤᠤᠭᠤᠬᠤ ᠵᠠᠭᠤᠷ᠎ᠠ ᠬᠤᠯᠠ ᠦᠢᠷ᠎ᠡ ᠪᠠᠨ ᠰᠤᠷᠠᠯᠴᠠᠨ᠂ ᠰᠠᠶᠢᠨ | ᠰᠠᠶᠢᠬᠠᠨ ᠢᠶᠠᠨ ᠮᠡᠳᠡᠯᠴᠡᠵᠦ᠂ ᠳᠡᠷᠠ ᠠᠶᠢᠯ ᠤᠨ ᠬᠦᠮᠦᠰ ᠲᠤ ᠳᠠᠮ ᠪᠤᠯᠵᠦ ᠠᠴᠢᠶ᠎ᠡ ᠶᠢ ᠨᠢ ᠪᠠᠭᠤᠯᠭᠠᠯᠴᠠᠵᠦ᠂ | ᠠᠵᠢᠯ ᠳᠤᠨᠢ ᠬᠠᠪᠰᠤᠷᠤᠯᠴᠠᠨ ᠬᠡᠷ ᠡᠷᠦᠬᠡ ᠶᠢ ᠨᠢ ᠪᠤᠰᠬᠠᠵᠦ᠂ ᠠᠴᠢᠶ᠎ᠡ ᠪᠠᠷᠠᠭ᠎ᠠ ᠶᠢ ᠨᠢ ᠠᠬᠤᠶᠢᠯᠠᠵᠦ ᠦᠭᠳᠡᠭ | ᠵᠠᠩᠰᠢᠯ ᠲᠠᠢ ᠶᠤᠮ᠃ | ︽ᠭᠠᠯ ᠬᠦᠷᠬᠡᠬᠦ︾ ᠬᠡᠳᠡᠭ ᠦᠬᠡ ᠠᠴᠠ ᠦᠵᠡᠪᠡᠯ᠂ ᠡᠷᠳᠡ ᠳᠡᠬᠡᠳᠦ ᠦᠶ᠎ᠡ ᠳᠤ ᠭᠠᠯ ᠴᠤᠭ ᠬᠦᠷᠬᠡᠵᠦ | ᠪᠠᠶᠢᠭᠰᠠᠨ ᠪᠠᠶᠢᠳᠠᠯ ᠢᠯᠡ ᠮᠡᠳᠡᠭᠳᠡᠳᠡᠭ᠃ ᠶᠠᠭᠤᠨ ᠳᠤ ᠬᠡᠪᠡᠯ᠂ ᠡᠷᠳᠡ ᠤ ᠦᠶ᠎ᠡ ᠳᠤ ᠬᠦᠮᠦᠰ ᠭᠠᠯ ᠭᠠᠷᠭᠠᠬᠤ | ᠪᠠᠭᠠᠵᠢ ᠵᠡᠪᠰᠡᠭ ᠳᠤᠳᠠᠮᠠᠭ ᠳᠡᠬᠡᠷ᠎ᠡ ᠪᠠᠨ ᠨᠡᠬᠦᠳᠡᠯ ᠤᠨ ᠠᠶᠠᠨ ᠳᠤ ᠭᠠᠯ ᠳᠡᠬᠡᠬᠡᠵᠦ ᠶᠠᠪᠤᠬᠤ ᠪᠤᠯᠤᠮᠵᠢ ᠪᠠᠶᠢᠬᠤ | ᠦᠬᠡᠢ ᠪᠤᠯᠬᠤᠷ ᠡᠷᠬᠡᠪᠰᠢ ᠤᠳᠤᠭᠰᠠᠨ ᠭᠠᠵᠠᠷ ᠪᠤᠶᠤ ᠪᠠᠭᠤᠭᠰᠠᠨ ᠭᠠᠵᠠᠷ ᠤᠨ ᠢᠶᠠᠨ ᠠᠶᠢᠯ ᠬᠤᠷᠰᠢᠶ᠎ᠡ ᠠᠴᠠ ᠭᠠᠯ | ᠵᠠᠯᠭᠠᠬᠤ ᠵᠠᠶᠢᠯᠠᠰᠢ ᠦᠬᠡᠢ ᠱᠠᠭᠠᠷᠳᠠᠯᠭ᠎ᠠ ᠭᠠᠷᠳᠠᠭ ᠪᠠᠶᠢᠵᠠᠢ᠃ ᠡᠶᠢᠮᠦ ᠠᠴᠠ ᠡᠨᠡᠬᠦ ᠪᠤᠳᠠᠳᠠᠢ ᠤᠶᠢᠯᠡ ᠠᠵᠢᠯᠯᠠᠭ᠎ᠠ ᠨᠢ | ᠶᠠᠪᠠᠭᠠᠨ ᠳᠠᠭᠠᠨ ᠬᠤᠪᠢᠷᠠᠵᠦ ᠰᠢᠭᠤᠳ ᠭᠠᠯ ᠴᠤᠭ ᠬᠦᠷᠬᠡᠬᠦ ᠪᠢᠰᠢ᠂ ᠬᠠᠷᠢᠨ ᠳᠡᠷᠡ ᠶᠤᠰᠤᠨ ᠤ ᠨᠡᠷ᠎ᠡ ᠳᠡᠬᠡᠷ᠎ᠡ ᠴᠠᠢ | ᠪᠤᠭᠤᠷᠰᠤᠭ ᠬᠦᠷᠬᠡᠵᠦ᠂ ᠨᠡᠬᠦᠵᠦ ᠢᠷᠡᠭᠰᠡᠨ ᠠᠶᠢᠯ ᠤᠨ ᠮᠡᠨᠳᠦ ᠶᠢ ᠮᠡᠳᠡᠵᠦ ᠰᠠᠶᠢᠨ ᠰᠠᠶᠢᠬᠠᠨ ᠶᠠᠪᠤᠯᠴᠠᠬᠤ | ᠨᠠᠶᠢᠷ ᠲᠠᠢ ᠰᠡᠳᠬᠢᠯᠬᠡ ᠪᠠᠷ ᠨᠢᠬᠡ ᠤᠷᠴᠢᠨ ᠳᠤ ᠬᠠᠮᠳᠤ ᠶᠢᠨ ᠠᠮᠢᠳᠤᠷᠠᠯ ᠢᠶᠠᠨ ᠵᠤᠬᠢᠶᠠᠬᠤ ᠶᠢᠨ ᠡᠬᠢᠯᠡᠯ ᠪᠤᠶᠤ ᠳᠡᠷᠡ | ᠤᠳᠬ᠎ᠠ ᠶᠢᠨ ᠦᠢᠯᠡ ᠠᠵᠢᠯᠯᠠᠭ᠎ᠠ ᠶᠢᠨ ᠳᠡᠬᠡᠷᠡᠬᠢ ᠢᠯᠡᠷᠡᠯ ᠪᠤᠯᠤᠭᠰᠠᠨ ᠪᠠᠶᠢᠨ᠎ᠠ᠃ | ︽ᠭᠠᠯ ᠬᠦᠷᠬᠡᠬᠦ︾ ᠳᠤ ᠤᠭ ᠤᠨ ᠪᠠᠶᠢᠷᠢᠰᠢᠵᠦ ᠪᠠᠶᠢᠭᠰᠠᠨ ᠠᠶᠢᠯ ᠠᠴᠠ ᠬᠡᠳᠦᠨ ᠬᠦᠮᠦᠨ ᠤᠳᠤᠭᠰᠠᠨ ᠪᠤᠯᠳᠠᠭ | ᠪᠤᠯᠪᠠᠴᠤ ᠶᠡᠷᠦ ᠶᠢᠨ ᠪᠠᠶᠢᠳᠠᠯ ᠳᠤ ᠤᠭ ᠬᠡᠷ ᠤᠨ ᠡᠵᠡᠨ ᠡᠮᠡᠭᠳᠠᠢ ᠬᠠᠵᠠᠭᠤ ᠳᠠᠭᠠᠨ ᠪᠠᠭ᠎ᠠ ᠬᠦᠪᠡᠬᠦᠳ ᠠᠴᠠ | ᠨᠢᠬᠡ ᠶᠢ ᠳᠠᠭᠠᠭᠤᠯᠤᠭᠠᠳ ᠤᠳᠳᠠᠭ᠃ ᠬᠡᠬᠦ ᠳᠡᠭᠡᠨ ᠡᠷᠬᠡᠪᠰᠢ ᠠᠶᠢᠯ ᠨᠡᠬᠦᠵᠦ ᠢᠷᠡᠬᠦ ᠲᠠᠢ ᠵᠡᠷᠬᠡ ᠠᠮᠵᠢᠵᠦ | ᠤᠳᠬᠤ ᠠᠴᠠ ᠪᠢᠰᠢ᠂ ᠬᠠᠷᠢᠨ ᠢᠷᠡᠵᠦ ᠪᠠᠭᠤᠭᠠᠳ ᠬᠡᠷ ᠢᠶᠠᠨ ᠪᠠᠷᠢᠵᠦ ᠠᠴᠢᠶ᠎ᠡ ᠪᠠᠷᠠᠭ᠎ᠠ ᠪᠠᠨ ᠳᠢᠭᠯᠡᠵᠦ᠂ ᠭᠠᠯ | ᠳᠦᠯᠡᠵᠦ ᠬᠠᠶᠢᠰᠤ ᠪᠠᠨ ᠨᠡᠷᠡᠭᠰᠡᠨ ᠤ ᠬᠤᠶᠢᠨ᠎ᠠ ᠤᠳᠳᠠᠭ ᠦᠬᠡᠢ᠃ ᠬᠡᠷᠪᠡ ᠬᠤᠯᠠ ᠠᠴᠠ ᠠᠶᠢᠯ ᠠᠮᠢᠳᠠᠨ ᠨᠡᠬᠦᠵᠦ | ᠢᠷᠡᠮᠡᠭᠴᠡ ᠦᠢᠷ᠎ᠡ ᠬᠤᠰᠢᠶ᠎ᠡ ᠠᠶᠢᠯ ᠨᠢ ︽ᠭᠠᠯ ᠬᠦᠷᠬᠡᠬᠦ︾ ᠦᠬᠡᠢ ᠪᠤᠯᠪᠠᠯ ︽ᠴᠠᠢ ᠴᠤ ᠦᠬᠡᠢ᠂ ᠴᠢᠷᠡᠢ ᠴᠤ | ᠦᠬᠡᠢ ᠶᠠᠮᠠᠷ ᠠᠶᠢᠯ ᠪᠤᠢ︖︾ ᠬᠡᠵᠦ ᠬᠡᠯᠡᠳᠡᠭ ᠪᠤᠯᠬᠤᠷ ᠡᠨᠡ ᠦᠢᠯᠡ ᠶᠢ ᠶᠡᠬᠡᠳᠡ ᠬᠦᠨᠳᠦᠳᠬᠡᠨ ᠦᠵᠡᠵᠦ᠂ | ᠴᠠᠭ ᠳᠡᠬᠡᠷ᠎ᠡ ᠨᠢ ᠠᠮᠵᠢᠨ᠂ ᠴᠢᠳᠠᠬᠤ ᠶᠢᠨ ᠳᠤᠳᠤᠷ᠎ᠠ ᠠᠮᠵᠢᠵᠦ ᠬᠦᠢᠴᠡᠳᠬᠡᠳᠡᠭ ᠶᠤᠰᠤ ᠲᠠᠢ᠂ ᠬᠡᠷᠪᠡ ᠶᠠᠮᠠᠷ ᠨᠢᠬᠡ | ᠤᠴᠢᠷ ᠰᠢᠯᠳᠠᠭᠠᠨ ᠠᠴᠠ ᠪᠤᠯᠤᠭᠠᠳ ᠴᠠᠭ ᠳᠠᠷᠤᠢ ᠨᠢ ︽ᠭᠠᠯ ᠬᠦᠷᠬᠡᠵᠦ︾ ᠴᠢᠳᠠᠭᠰᠠᠨ ᠦᠬᠡᠢ ᠪᠤᠯᠪᠠᠯ ᠨᠡᠬᠦᠵᠦ | ᠢᠷᠡᠭᠰᠡᠨ ᠠᠶᠢᠯ ᠪᠦᠷᠢᠨ ᠳᠦᠪᠭᠢᠨᠡᠵᠦ ᠪᠤᠯᠤᠭᠰᠠᠨ ᠤ ᠳᠠᠷᠠᠭ᠎ᠠ ᠠᠷᠢᠬᠢ ᠴᠡᠭᠡ᠂ ᠠᠯᠴᠢᠭᠤᠷ ᠢᠶᠠᠨ ᠠᠪᠤᠭᠠᠳ ᠳᠡᠷᠡ | ᠠᠶᠢᠯ ᠳᠤ ᠵᠤᠯᠭᠠᠵᠦ᠂ ᠴᠠᠭ ᠳᠠᠷᠤᠢ ᠨᠢ ︽ᠭᠠᠯ ᠬᠦᠷᠬᠡᠵᠦ︾ ᠤᠴᠢᠷ ᠰᠢᠯᠳᠠᠭᠠᠨ ᠢᠶᠠᠨ ᠬᠡᠯᠡᠬᠡᠳ ᠠᠭᠤᠴᠢᠯᠠᠯ | ᠭᠤᠶᠤᠳᠠᠭ ᠪᠠ ᠶᠤᠰᠤᠨ ᠶᠠᠪᠤᠳᠠᠯ ᠢᠶᠠᠨ ᠨᠦᠬᠦᠪᠦᠷᠢᠯᠡᠨ ᠬᠦᠢᠴᠡᠳᠬᠡᠳᠡᠭ ᠵᠠᠩᠰᠢᠯ ᠲᠠᠢ ᠪᠠᠶᠢᠳᠠᠭ᠃ ︽ᠭᠠᠯ | ᠬᠦᠷᠬᠡᠬᠦ︾ ᠶᠤᠰᠤ ᠶᠢ ᠦᠢᠯᠡᠳᠬᠦ ᠳᠤ ᠳᠡᠨᠢᠳᠠᠭ ᠦᠬᠡᠢ ᠠᠶᠢᠯ ᠬᠡᠵᠦ ᠢᠯᠭᠠᠳᠠᠭ ᠦᠬᠡᠢ ᠪᠦᠬᠡᠳ ᠬᠡᠷᠪᠡ ᠲᠠᠨᠢᠵᠦ | ᠮᠡᠳᠡᠬᠦ ᠠᠶᠢᠯ ᠪᠤᠶᠤ ᠬᠤᠰᠢᠶ᠎ᠡ ᠪᠠᠭᠤᠷᠢ ᠲᠠᠢ ᠬᠤᠯᠪᠤᠭ᠎ᠠ ᠨᠢᠬᠡ ᠲᠠᠢ ᠶᠠᠪᠤᠭᠰᠠᠨ ᠠᠶᠢᠯ ᠪᠤᠯᠪᠠᠯ ︽ᠳᠦᠷᠦᠯ ᠳᠦᠷᠦᠯ | ᠪᠢᠰᠢ ᠪᠠᠭᠤᠷᠢ ᠳᠦᠷᠦᠯ︾᠂ ︽ᠠᠬ᠎ᠠ ᠳᠡᠬᠦᠦ ᠠᠯᠳᠠᠨ ᠬᠠᠰᠢᠶ᠎ᠡ︾᠂ ︽ᠬᠤᠰᠢᠶ᠎ᠡ ᠬᠤᠯᠪᠤᠭ᠎ᠠ︾ ᠬᠡᠵᠦ᠂ ᠳᠡᠷᠡ | ᠠᠶᠢᠯ ᠤᠨ ᠨᠡᠬᠦᠵᠦ ᠢᠷᠡᠬᠦ ᠠᠴᠠ ᠨᠢ ᠡᠮᠦᠨ᠎ᠡ ᠡᠷᠳᠡ ᠠᠮᠵᠢᠨ᠂ ᠪᠠᠭᠤᠬᠤ ᠪᠠᠭᠤᠷᠢ ᠶᠢᠨ ᠬᠢᠨᠢ ᠴᠢᠯᠠᠭᠤ ᠰᠢᠷᠤᠢ ᠶᠢ | ᠳᠡᠭᠰᠢᠯᠡᠨ᠂ ᠳᠦᠷ ᠵᠠᠭᠤᠷ᠎ᠠ ᠳᠦᠯᠡᠬᠦ ᠳᠦᠯᠡᠭᠡ᠂ ᠮᠦᠰᠦ ᠴᠠᠰᠣ ᠶᠢ ᠨᠢ ᠪᠠᠯᠡᠳᠬᠡᠵᠦ ᠲᠠᠯᠪᠢᠳᠠᠭ ᠪᠠ ᠢᠷᠡᠵᠦ | ᠶᠠᠪᠤᠬᠤ ᠴᠢᠮᠡᠭᠡ ᠶᠢ ᠨᠢ ᠮᠡᠳᠡᠪᠡᠯ ᠡᠮᠦᠨ᠎ᠡ ᠠᠴᠠ ᠨᠢ ᠳᠤᠰᠴᠤ ᠤᠳᠤᠭᠠᠳ ᠬᠠᠮᠵᠢᠯᠴᠠᠨ ᠨᠡᠬᠦᠯᠬᠡᠵᠦ ᠢᠷᠡᠳᠡᠭ | ᠶᠠᠪᠤᠳᠠᠯ ᠴᠤ ᠪᠠᠶᠢᠳᠠᠭ᠃ | ︽ᠭᠠᠯ ᠬᠦᠷᠬᠡᠬᠦ ᠶᠤᠰᠤᠨ︾ ᠢ ᠦᠵᠡᠬᠦ ᠳᠤ ᠳᠦᠬᠦᠮᠬᠡᠨ ᠦᠢᠯᠡ ᠠᠵᠢᠯᠯᠠᠭ᠎ᠠ ᠪᠠᠷ ᠪᠡᠶᠡᠯᠡᠭᠳᠡᠬᠦ ᠡᠩ ᠤᠨ ᠨᠢᠬᠡ | ᠶᠤᠰᠤᠨ ᠪᠤᠯᠪᠠᠴᠤ ᠨᠡᠶᠢᠬᠡᠮ ᠤᠨ ᠬᠠᠷᠢᠴᠠᠭ᠎ᠠ᠂ ᠠᠶᠢᠯ ᠠᠶᠢᠯ ᠤᠨ ᠬᠤᠭᠤᠷᠤᠨᠳᠠᠬᠢ ᠡᠪ ᠵᠤᠬᠢᠴᠠᠯ ᠤᠨ ᠳᠠᠯ᠎ᠠ ᠪᠠᠷ | ᠳᠤᠩ ᠴᠤ ᠬᠦᠨ ᠬᠦᠨᠵᠡᠬᠡᠢ ᠤᠳᠬ᠎ᠠ ᠠᠭᠤᠯᠭ᠎ᠠ ᠲᠠᠢ ᠶᠤᠰᠤᠨ ᠪᠤᠯᠤᠨ᠎ᠠ᠃ ᠡᠬᠦᠨ ᠳᠤ ︽ᠠᠶᠢᠯ ᠬᠦᠮᠦᠨ ᠤ ᠠᠮᠢᠨ | ᠨᠢᠬᠡ᠂ ᠬᠤᠰᠢᠶ᠎ᠡ ᠬᠦᠮᠦᠨ ᠤ ᠬᠤᠯᠪᠤᠭ᠎ᠠ ᠨᠢᠬᠡ︾ ᠬᠡᠳᠡᠭ ᠰᠠᠶᠢᠬᠠᠨ ᠦᠬᠡ ᠪᠠᠶᠢᠳᠠᠭ ᠪᠤᠯᠬᠤᠷ ᠮᠠᠯᠴᠢᠨ ᠠᠵᠠ ᠪᠠᠷ | ᠠᠮᠢ ᠳᠦᠷᠦᠵᠤ᠂ ᠨᠡᠬᠦᠳᠡᠯ ᠰᠠᠭᠤᠳᠠᠯ ᠢᠶᠠᠷ ᠪᠠᠭᠤᠷᠢ ᠰᠡᠯᠪᠢᠵᠦ ᠶᠠᠪᠤᠬᠤ ᠤᠯᠤᠰ ᠲᠤ ᠬᠠᠷᠢᠯᠴᠠᠨ ᠨᠢᠬᠡ | ᠨᠢᠬᠡᠨ ᠤ ᠪᠠᠨ ᠮᠠᠯ ᠬᠠᠷ᠎ᠠ ᠳᠤ ᠨᠢᠳᠦᠨ ᠠᠮᠠᠨ ᠪᠤᠯᠬᠤ᠂ ᠨᠢᠬᠡ ᠨᠢᠬᠡᠨ ᠤ ᠪᠠᠨ ᠠᠵᠢᠯ ᠠᠬᠤᠢ ᠳᠤ ᠳᠤᠰᠠ ᠳᠡᠮ | ᠪᠤᠯᠬᠤ ᠶᠠᠪᠤᠳᠠᠯ ᠳᠤᠩ ᠴᠢᠬᠤᠯᠠ ᠪᠠᠶᠢᠳᠠᠭ᠃ ᠡᠶᠢᠮᠦ ᠠᠴᠠ ᠡᠨᠡᠬᠦ ᠶᠤᠰᠤᠨ ᠨᠢ ᠮᠠᠯᠴᠢᠨ ᠬᠦᠮᠦᠰ ᠤᠨ | ᠬᠤᠭᠤᠷᠤᠨᠳᠤ ᠪᠠᠨ ᠳᠡᠮᠵᠢᠯᠴᠡᠬᠦ᠂ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠵᠦ ᠨᠢᠠᠠᠳᠡᠷᠡᠬᠤ ᠰᠠᠶᠢᠨ ᠰᠠᠶᠢᠬᠠᠨ | ᠤᠯᠠᠮᠵᠢᠯᠠᠯ ᠪᠤᠯᠬᠤ ᠪᠦᠬᠡᠳ ᠬᠠᠮᠳᠤ ᠶᠢᠨ ᠬᠠᠷᠢᠴᠠᠭ᠎ᠠ ᠬᠤᠯᠪᠤᠭ᠎ᠠ ᠶᠢ ᠶᠠᠭᠠᠬᠢᠭᠰᠠᠨ ᠴᠤ ᠠᠯᠳᠠᠵᠦ ᠪᠤᠯᠬᠤ ᠦᠬᠡᠢ | ᠬᠡᠰᠡᠨ ᠦᠵᠡᠯ ᠪᠤᠳᠤᠯ ᠤᠨ ᠤᠳᠬ᠎ᠠ ᠤᠴᠢᠷ ᠢ ᠵᠠᠩ ᠦᠢᠯᠡ ᠶᠢᠨ ᠶᠤᠰᠤᠨ ᠶᠠᠪᠤᠳᠠᠯ ᠢᠶᠠᠷ ᠢᠷᠡᠵᠦ ᠳᠤᠰᠬᠠᠨ | ᠬᠠᠷᠠᠭᠤᠯᠵᠦ ᠪᠠᠶᠢᠭ᠎ᠠ ᠵᠦᠢᠯ ᠪᠤᠯᠤᠨ᠎ᠠ᠃ ᠦᠬᠡᠷ᠎ᠡ ᠪᠠᠷ ᠬᠡᠯᠡᠪᠡᠯ᠂ ᠭᠠᠯ ᠬᠦᠷᠬᠡᠬᠦ ᠶᠤᠰᠤ ᠬᠢᠬᠦ ᠶᠢᠨ ᠵᠤᠷᠢᠯᠭ᠎ᠠ ᠨᠢ | ᠠᠶᠢᠯ ᠬᠤᠰᠢᠶ᠎ᠡ ᠪᠠᠷ ᠢᠶᠠᠨ ᠰᠠᠶᠢᠨ ᠰᠠᠶᠢᠬᠠᠨ ᠶᠠᠪᠤᠯᠴᠠᠬᠤ ᠶᠢ ᠬᠦᠰᠡᠭᠰᠡᠨ ᠨᠢᠬᠡ ᠳᠠᠯ᠎ᠠ ᠪᠠᠶᠢᠬᠤ ᠮᠦᠷᠳᠡᠬᠡᠨ ᠨᠦᠬᠦᠬᠡ | ᠳᠠᠯ᠎ᠠ ᠪᠠᠷ ᠮᠠᠯᠴᠢᠨ ᠠᠵᠦ ᠪᠠᠷ ᠠᠮᠢᠳᠤᠷᠠᠬᠤ ᠬᠦᠮᠦᠰ ᠲᠤ ᠨᠢᠬᠡ ᠨᠢᠬᠡᠨ ᠤ ᠪᠠᠨ ᠮᠠᠯ ᠳᠤ ᠨᠢᠳᠦᠨ ᠠᠮᠠᠨ ᠪᠤᠯᠬᠤ᠂ | ᠠᠵᠢᠯ ᠬᠦᠳᠡᠯᠮᠦᠷᠢ ᠳᠤ ᠬᠠᠪᠰᠤᠷᠤᠮᠵᠢ ᠪᠤᠯᠬᠤ ᠶᠢᠨ ᠳᠠᠭᠠᠤ ᠶᠠᠮᠠᠷ ᠨᠢᠬᠡᠨ ᠬᠡᠨᠡᠳᠳᠡ ᠶᠢᠨ ᠤᠴᠢᠷ ᠶᠠᠪᠤᠳᠠᠯ | ᠳᠤᠬᠢᠶᠠᠯᠳᠤᠬᠤ ᠦᠶ᠎ᠡ ᠳᠤ ᠬᠤᠭᠤᠷᠤᠨᠳᠤ ᠪᠠᠨ ᠤᠬᠠᠭᠠᠨ ᠰᠠᠨᠠᠭᠠᠨ ᠤ ᠦᠢᠯᠡ ᠠᠵᠢᠯᠯᠠᠭ᠎ᠠ ᠶᠢᠨ ᠰᠠᠯᠠᠮᠵᠢ ᠪᠤᠯᠬᠤ | ᠮᠡᠳᠦ ᠤᠯᠠᠨ ᠳᠠᠯ᠎ᠠ ᠶᠢᠨ ᠠᠰᠢᠭᠳᠠᠢ ᠪᠠᠶᠢᠳᠠᠭ᠃ ᠳᠡᠶᠢᠮᠦ ᠪᠤᠯᠬᠤᠷ ᠡᠨᠠ ᠶᠤᠰᠤᠨ ᠳᠤ ︽ᠬᠠᠭᠠᠷᠬᠠᠢ ᠪᠠᠨ | ᠬᠠᠳᠬᠤᠪᠠᠯ ᠤᠷᠠᠨ᠂ ᠬᠤᠶᠢᠨᠠᠬᠢ ᠢᠶᠠᠨ ᠪᠤᠳᠤᠪᠠᠯ ᠰᠡᠴᠡᠨ︾ ᠬᠡᠳᠡᠭ ᠢᠶᠠᠷ ᠬᠤᠶᠠᠷ ᠠᠶᠢᠯ ᠤᠨ ᠠᠯᠢ ᠠᠯᠢ ᠨᠢ ᠴᠤ | ᠦᠢᠷᠡᠬᠢ ᠪᠠᠨ ᠬᠤᠯᠪᠤᠵᠦ᠂ ᠬᠤᠶᠢᠨᠠᠬᠢ ᠪᠠᠨ ᠪᠤᠳᠤᠭᠰᠠᠨ ᠤᠴᠢᠷ ᠬᠤᠯᠪᠤᠭᠳᠠᠵᠦ ᠪᠠᠶᠢᠳᠠᠭ᠃ ᠨᠡᠬᠦᠵᠦ ᠢᠷᠡᠭᠰᠡᠨ | ᠠᠶᠢᠯ ᠴᠤ ᠪᠠᠭᠤᠬᠤ ᠪᠠᠭᠤᠷᠢ᠂ ᠰᠠᠭᠤᠬᠤ ᠰᠠᠭᠤᠷᠢ ᠪᠠᠨ ᠤᠯᠵᠦ᠂ ᠬᠡᠷ ᠡᠷᠦᠬᠡ ᠠᠮᠢᠳᠤᠷᠠᠯ ᠠᠬᠤᠢ ᠪᠠᠨ | ᠳᠤᠬᠢᠷᠠᠭᠤᠯᠵᠦ ᠪᠤᠯᠤᠭᠠᠳ ᠦᠢᠷ᠎ᠡ ᠬᠤᠰᠢᠶ᠎ᠠ ᠠᠶᠢᠯ ᠠᠮᠢᠳᠠᠳ ᠢᠶᠠᠨ ᠳᠠᠭᠤᠳᠠᠵᠦ ︽ᠭᠠᠯ ᠤᠨ ᠴᠠᠢ︾᠂ ︽ᠰᠢᠨ᠎ᠡ | ᠪᠠᠭᠤᠷᠢ ᠶᠢᠨ ᠴᠠᠢ︾ ᠦᠭᠴᠦ ᠬᠡᠶᠢᠴᠢᠯᠡᠳᠡᠭ᠃ ᠳᠡᠬᠡᠬᠦ ᠳᠡᠭᠡᠨ ︽ᠪᠠᠭᠤᠷᠢ ᠶᠢᠨ ᠰᠠᠶᠢᠨ ᠢᠶᠠᠷ ᠪᠠᠶᠠᠵᠢᠨ᠎ᠠ᠂ | ᠪᠤᠶᠠᠨ ᠤ ᠰᠠᠶᠢᠨ ᠢᠶᠠᠷ ᠳᠦᠯᠵᠢᠨᠠ︾ ᠬᠡᠬᠦ ᠪᠤᠶᠤ ︽ᠪᠠᠭᠤᠷᠢ ᠶᠢᠨ ᠰᠠᠶᠢᠨ ᠢᠶᠠᠷ ᠪᠠᠶᠠᠵᠢᠵᠦ᠂ ᠪᠤᠷᠤᠭᠠᠨ ᠤ | ᠮᠠᠭᠤ ᠪᠠᠷ ᠦᠬᠡᠶᠢᠷᠡᠨᠡ︾ ᠬᠡᠵᠦ᠂ ᠮᠠᠯ ᠭᠠᠷᠭᠠᠵᠦ ᠠᠷᠢᠬᠢ ᠳᠠᠷᠠᠰᠤ ᠪᠠᠨ ᠪᠡᠯᠡᠳᠬᠡᠨ ︽ᠭᠠᠯ ᠤᠨ ᠴᠠᠢ︾ ᠶᠢᠨ | ᠳᠠᠩᠭᠠᠷᠠᠢ ᠬᠡᠳᠡᠭ ᠪᠦᠬᠡᠳ ᠳᠡᠷᠡ ᠴᠠᠶᠢᠯᠠᠯᠭ᠎ᠠ ᠳᠡᠬᠡᠷ᠎ᠡ ᠦᠢᠷ᠎ᠡ ᠬᠠᠪᠢ ᠶᠢᠨ ᠠᠬᠠᠮᠠᠳ ᠨᠠᠰᠤᠳᠠᠨ ᠪᠤᠶᠤ ᠨᠠᠷ᠎ᠡ | ᠬᠦᠨᠳᠦᠲᠠᠢ ᠬᠦᠮᠦᠰ ᠢ ᠵᠠᠯᠠᠵᠦ᠂ ᠪᠠᠭᠤᠭᠰᠠᠨ ᠪᠠᠭᠤᠷᠢ ᠪᠠᠨ ᠢᠷᠦᠬᠡᠯᠬᠡᠳᠡᠭ ᠪᠠ ᠭᠠᠯ ᠬᠦᠷᠬᠡᠭᠰᠡᠨ ᠠᠶᠢᠯ | ᠠᠮᠢᠳᠠᠨ ᠳᠤ ᠠᠴᠢᠯᠠᠯ ᠤᠨ ᠰᠡᠳᠬᠢᠯ ᠢᠶᠠᠨ ᠢᠯᠡᠳᠬᠡᠳᠡᠭ ᠵᠠᠩᠰᠢᠯ ᠲᠠᠢ᠃ |