ᠬᠠᠷᠠᠱᠠᠷ᠎ᠠ ᠶᠢᠨ ᠬᠤᠱᠣᠳ ᠳᠠᠬᠢ ᠵᠠᠭᠠᠵᠢ ᠶᠢᠨ ᠲᠦᠴᠢᠨ ᠤ ᠭᠠᠯ ᠲᠠᠬᠢᠯᠭ᠎ᠠ ᠶᠢᠨ ᠵᠠᠩ ᠦᠢᠯᠨ ᠶᠢᠨ ᠲᠣᠬᠠᠢ
ᠨᠡᠶᠢᠲᠡᠯᠡᠭᠰᠡᠨ ᠴᠠᠭ᠄
2019/12/11
ᠮᠣᠩᠭᠤᠯᠴᠣᠳ ᠪᠣᠯ ᠪᠣᠯᠪᠠᠰᠣᠨ ᠰᠣᠶᠣᠯ ᠲᠠᠢ ᠡᠷᠳᠠᠨ ᠤ ᠦᠨᠳᠦᠰᠦᠳᠠᠨ ᠪᠣᠯᠬᠤ ᠪᠦᠬᠡᠳ ᠣᠯᠠᠨ ᠠᠷᠪᠢᠨ ᠦᠪᠡᠷᠮᠢᠴᠨ ᠣᠨᠴᠠᠯᠢᠭ ᠪᠦᠬᠦᠢ ᠰᠢᠯᠢᠳᠡᠭ ᠰᠠᠶᠢᠬᠠᠨ ᠵᠠᠩ ᠵᠠᠩᠰᠢᠯ ᠢᠶᠠᠨ ᠬᠠᠳᠠᠭᠠᠯᠠᠨ ᠢᠷᠠᠵᠠᠢ᠃ ᠲᠡᠬᠦᠨ ᠤ ᠵᠠᠷᠢᠮ ᠵᠠᠩ ᠵᠠᠩᠰᠢᠯ ᠳᠤ ᠨᠠᠯᠢᠶᠠᠳ ᠡᠷᠳᠠᠨ ᠤ ᠪᠠᠯᠠᠷᠯᠢᠭ ᠦᠶ᠎ᠡ ᠶᠢᠨ ᠣᠯᠨ ᠮᠦᠷ ᠢᠯᠨ ᠲᠣᠳᠣ ᠬᠠᠷᠠᠭᠳᠠᠳᠠᠭ ᠲᠣᠯᠨ ᠲᠡᠬᠦᠨ ᠢ ᠨᠠᠷᠢᠪᠴᠢᠯᠨ ᠰᠢᠨᠵᠢᠯᠡᠬᠦ ᠨᠢ ᠨᠠᠯᠢᠶᠠᠳ ᠡᠷᠳᠠᠨ ᠤ ᠲᠡᠦᠬᠡ ᠶᠢ ᠲᠣᠳᠣᠷᠠᠭᠤᠯᠬᠤ ᠳᠤ ᠴᠢᠬᠤᠯᠨ ᠣᠴᠢᠷ ᠬᠤᠯᠪᠣᠭᠳᠠᠯ ᠲᠠᠢ ᠪᠠᠶᠢᠳᠠᠭ᠃ ᠭᠠᠯ ᠲᠠᠬᠢᠯᠭ᠎ᠠ ᠪᠣᠯ ᠲᠠᠷᠣᠢ ᠡᠶᠢᠮᠥᠷᠬᠦ ᠵᠠᠩᠰᠢᠯ ᠤᠨ ᠬᠢᠨᠢ ᠨᠢᠬᠡ ᠮᠦᠨ᠃ ᠪᠢ ᠲᠣᠰ ᠦᠬᠦᠯᠡᠯ ᠳᠡᠭᠡᠨ᠂ ᠭᠠᠯ ᠲᠠᠬᠢᠯᠭ᠎ᠠ ᠶᠢᠨ ᠡᠬᠦᠰᠦᠯ ᠬᠦᠭᠵᠢᠯ ᠪᠠ ᠵᠡᠬᠦᠨ ᠮᠣᠩᠭᠤᠯᠴᠣᠳ ᠤᠨ ᠭᠠᠯ ᠲᠠᠬᠢᠯᠭ᠎ᠠ ᠶᠢᠨ ᠵᠠᠩ ᠦᠢᠯᠨ ᠶᠢ ᠲᠦᠢᠮᠦᠴᠢᠯᠠᠨ ᠦᠬᠦᠯᠡᠭᠰᠡᠨ ᠤ ᠰᠠᠭᠤᠷᠢᠨ ᠲᠡᠬᠡᠷ᠎ᠡ᠂ ᠰᠢᠨᠵᠢᠶᠠᠩ ᠤᠨ ᠦᠢᠷᠠᠳᠴᠥᠳ ᠤᠨ ᠭᠠᠯ ᠲᠠᠬᠢᠬᠦ ᠵᠠᠩ ᠦᠢᠯᠨ ᠵᠠᠷᠢᠮ ᠲᠠᠯ᠎ᠠ ᠪᠠᠷ ᠵᠡᠬᠦᠨ ᠮᠣᠩᠭᠤᠯ ᠤᠨ ᠭᠠᠯ ᠲᠠᠬᠢᠬᠤ ᠵᠠᠩ ᠦᠢᠯᠨ ᠲᠠᠢ ᠵᠦᠷᠢᠶ᠎ᠡ ᠪᠠᠶᠢᠭ᠎ᠠ ᠶᠢ ᠨᠣᠳᠠᠯᠠᠨ᠂ ᠨᠠᠩ ᠴᠢᠨᠠᠭᠰᠢᠳᠠ ᠬᠠᠷᠠᠱᠠᠷ᠎ᠠ ᠶᠢᠨ ᠬᠤᠱᠣᠳ ᠤᠨ ᠵᠠᠭᠠᠵᠢ ᠶᠢᠨ ᠲᠦᠴᠢᠨ ᠤ ᠭᠠᠯ ᠢᠶᠠᠨ ᠲᠠᠬᠢᠬᠦ ᠵᠠᠩᠰᠢᠯ ᠤᠨ ᠦᠪᠡᠷᠮᠢᠴᠨ ᠲᠠᠯ᠎ᠠ ᠶᠢ ᠬᠡᠬᠡᠷ᠎ᠡ ᠶᠢᠨ ᠰᠢᠨᠵᠢᠯᠡᠬᠡᠨ ᠢᠶᠠᠷ ᠣᠯᠣᠭᠰᠠᠨ ᠮᠠᠲ᠋ᠧᠷᠢᠶᠠᠯ ᠳᠠᠭᠠᠨ ᠲᠦᠰᠢᠭᠯᠡᠨ ᠦᠬᠦᠯᠡᠵᠥ᠂ ᠡᠴᠣᠰ ᠲᠤ ᠨᠢ ᠲᠠᠳᠠᠨ ᠤ ᠭᠠᠯ ᠤᠨ ᠰᠣᠳᠣᠷ ᠢ ᠲᠠᠭᠠᠯᠳᠣᠭᠤᠯᠵᠠᠢ᠃ ᠡᠷᠳᠠᠮᠳᠠᠳ ᠤᠨ ᠰᠣᠳᠣᠯᠭᠠᠨ ᠤ ᠦᠷ᠎ᠡ ᠪᠦᠳᠦᠬᠡᠯ ᠢ ᠦᠨᠳᠦᠰᠦᠯᠡᠪᠡᠯ᠂ ᠭᠠᠯ ᠢ ᠲᠠᠬᠢᠬᠤ ᠨᠢ ᠪᠦᠬᠡ ᠮᠦᠷᠬᠦᠯ ᠤᠨ ᠴᠢᠬᠤᠯᠨ ᠨᠢᠬᠡ ᠠᠭᠤᠯᠭ᠎ᠠ ᠪᠣᠯᠣᠨ᠎ᠠ 【1】᠃ ᠬᠡᠪᠡᠴᠦ ᠨᠠᠶᠢᠬᠡᠮ ᠤᠨ ᠬᠦᠭᠵᠢᠯᠳᠠ ᠶᠢᠨ ᠵᠢᠮ᠎ᠠ ᠶᠣᠰᠣᠨ ᠠᠴᠠ ᠠᠪᠴᠣ ᠦᠵᠡᠪᠡᠯ᠂ ᠭᠠᠯ ᠢ ᠡᠬᠢᠯᠡᠨ ᠬᠡᠷᠡᠭᠯᠡᠵᠥ ᠰᠢᠳᠦᠭᠰᠡᠨ ᠨᠢ ᠨᠠᠯᠢᠶᠠᠳ ᠡᠷᠳᠠᠨ ᠤ ᠶᠠᠪᠣᠳᠠᠯ ᠪᠣᠯᠬᠤ ᠨᠢ ᠢᠯᠡᠷᠬᠡᠢ ᠃ ᠪᠦᠷᠢᠶᠠᠳ ᠤᠨ ᠡᠷᠳᠠᠮᠳᠠᠳ ᠲᠣᠷᠵᠢ᠂ ᠪᠠᠨᠵᠠᠷᠣᠸ᠋ ᠠᠴᠠ ᠭᠠᠯ ᠰᠢᠳᠥᠯᠬᠡ ᠨᠢ ᠫᠧᠷᠰ ᠠᠴᠠ ᠲᠦᠷᠺ ᠳᠤ᠂ ᠲᠦᠷᠺ ᠎ ᠠᠴᠠ ᠮᠣᠩᠭᠤᠯ ᠳᠤ ᠲᠠᠮᠵᠢᠵᠣ ᠣᠷᠣᠭᠰᠠᠨ 【2】 ᠬᠡᠮᠡᠬᠦ ᠦᠵᠡᠯᠳᠠ ᠶᠢ ᠲᠣᠷᠠᠳᠣᠭᠰᠠᠨ ᠴᠦ ᠬᠤᠵᠢᠮ ᠤᠨ ᠡᠷᠳᠠᠮᠳᠠᠳ ᠲᠤ ᠪᠣᠷᠣᠭᠤᠰᠢᠶᠠᠭᠳᠠᠭᠰᠠᠨ ᠶᠣᠮ 【3】᠃ ᠦᠨᠡᠨᠳᠡᠬᠡᠨ ᠮᠣᠩᠭᠤᠯ ᠤᠨ ᠦᠨᠳᠦᠷᠯᠢᠭ ᠲᠤ ᠣᠨ ᠲᠣᠭᠠᠯᠠᠯ ᠠᠴᠠ ᠡᠮᠦᠨ᠎ᠡ ᠡᠾᠦ᠋ᠩᠨᠣ ᠨᠠᠷ ᠭᠠᠯ ᠢ ᠡᠷᠬᠢᠮᠨᠠᠨ ᠰᠢᠳᠥᠵᠣ ᠠᠭᠰᠠᠨ ᠪᠣᠶᠣ ᠲᠡᠬᠦᠨ ᠠᠴᠠ ᠬᠤᠶᠢᠰᠢ ᠡᠾᠦ᠋ᠩᠨᠣ ᠶᠢ ᠵᠠᠯᠭᠠᠮᠵᠢᠯᠠᠨ ᠪᠣᠰᠣᠭᠰᠠᠨ ᠳ᠋ᠦᠩᠬᠤ᠂ ᠰᠢᠶᠠᠨᠪᠢ ᠨᠠᠷ ᠴᠦ ᠭᠠᠯ ᠢ ᠲᠠᠬᠢᠵᠣ ᠪᠠᠶᠢᠭᠰᠠᠨ ᠮᠡᠳᠡᠭᠡ ᠪᠠᠷᠢᠮᠳᠠ ᠪᠣᠢ 【4】᠃ ᠡᠶᠢᠮᠥ ᠠᠴᠠ ᠲᠠᠳᠠᠨ ᠲᠠᠢ ᠣᠭᠰᠠᠭ᠎ᠠ ᠰᠦᠯᠵᠢᠶ᠎ᠡ ᠲᠠᠢ ᠮᠣᠩᠭᠤᠯ ᠭᠠᠯ ᠢ ᠲᠠᠬᠢᠵᠣ ᠪᠠᠶᠢᠭᠰᠠᠨ ᠴᠠᠭ ᠨᠢ ᠨᠠᠯᠢᠶᠠᠳ ᠡᠷᠳᠠ ᠪᠠᠶᠢᠪᠠᠯ ᠵᠣᠬᠢᠨ᠎ᠠ 【5】᠃ ᠮᠣᠩᠭᠤᠯ ᠬᠠᠭᠠᠨᠳᠣ ᠣᠯᠣᠰ ᠤᠨ ᠦᠶ᠎ᠡ ᠎ ᠳᠠᠬᠢ ᠵᠠᠷᠢᠮ ᠭᠠᠳᠠᠭᠠᠳᠣ ᠶᠢᠨ ᠵᠢᠭᠤᠯᠴᠢᠳ ᠤᠨ ᠲᠡᠮᠳᠡᠭᠯᠡᠯ ᠢ ᠦᠨᠳᠦᠰᠦᠯᠡᠪᠡᠯ᠂ ᠲᠣᠬᠠᠢ ᠶᠢᠨ ᠦᠶ᠎ᠡ ᠮᠣᠩᠭᠤᠯᠴᠣᠳ ᠤᠨ ᠭᠠᠯ ᠢ ᠲᠠᠬᠢᠬᠤ ᠵᠠᠩ ᠦᠢᠯᠨ ᠨᠢᠬᠡᠨᠳᠠ ᠲᠣᠭᠳᠠᠪᠣᠷᠢᠵᠢᠭᠰᠠᠨ ᠨᠢᠬᠡ ᠵᠠᠩᠰᠢᠯ ᠪᠣᠯᠣᠨ ᠪᠦᠷᠢᠯᠳᠦᠭᠰᠡᠨ ᠪᠠᠶᠢᠨ᠎ᠠ 【6】᠃ ᠭᠠᠯ ᠨᠢ ᠨᠢᠬᠡ ᠵᠦᠢᠯ ᠤᠨ ᠰᠢᠳᠦᠯᠬᠡ ᠪᠢᠰᠢᠷᠡᠯ ᠪᠣᠯᠣᠭᠰᠠᠨ ᠤ ᠬᠤᠪᠢ ᠳᠤ᠂ ᠮᠣᠩᠭᠤᠯᠴᠣᠳ ᠤᠨ ᠭᠠᠯ ᠢᠶᠠᠨ ᠲᠠᠬᠢᠬᠤ ᠵᠠᠩ ᠦᠢᠯᠨ ᠨᠢ ᠬᠤᠭᠤᠷᠣᠨᠳᠣ ᠪᠠᠨ ᠣᠨᠴᠨ ᠵᠠᠷᠢᠮ ᠵᠦᠷᠢᠶᠠᠨ ᠲᠠᠢ ᠪᠠᠶᠢᠬᠤ ᠶᠢ ᠭᠠᠷᠭᠠᠪᠠᠯ ᠪᠣᠰᠣᠳ ᠨᠢ ᠠᠳᠠᠯᠢᠬᠠᠨ ᠪᠠᠶᠢᠳᠠᠭ᠃ ᠲᠣᠣᠷ᠎ᠠ ᠪᠢᠳᠠ ᠵᠦᠪᠬᠡᠨ ᠢᠯᠭᠠᠭ᠎ᠠ ᠲᠠᠢ ᠵᠦᠢᠯ ᠢ ᠬᠠᠷᠢᠴᠠᠭᠤᠯᠣᠨ ᠦᠬᠦᠯᠡᠬᠦ ᠪᠣᠯᠣᠨ᠎ᠠ᠃ ᠬᠡᠯᠡᠯᠬᠡᠨ ᠦᠬᠡᠢ ᠦᠯᠡᠳᠡᠭᠰᠡᠨ ᠨᠢ ᠪᠦᠷ ᠠᠳᠠᠯᠢ ᠪᠣᠰᠣ ᠨᠢ ᠭᠠᠷᠴᠠᠭ᠎ᠠ ᠦᠬᠡᠢ᠃ ᠭᠠᠯ ᠨᠢ ᠡᠰᠨᠢᠨ ᠮᠠᠨᠳᠣᠬᠤ᠂ ᠦᠷᠠᠵᠢᠨ ᠬᠦᠭᠵᠢᠬᠦ ᠶᠢᠨ ᠪᠡᠯᠬᠡ ᠲᠡᠮᠳᠡᠭ ᠪᠠᠶᠢᠵᠣ᠂ ᠣᠨᠳᠠᠷᠠᠭᠠᠵᠣ ᠪᠣᠯᠣᠰᠢ ᠦᠬᠡᠢ ᠠᠷᠢᠭᠤᠨ ᠵᠦᠢᠯ ᠪᠣᠯᠣᠨ᠎ᠠ᠃ ᠡᠶᠢᠮᠥ ᠠᠴᠠ ᠮᠣᠩᠭᠤᠯᠴᠣᠳ ᠡᠳᠥᠷ ᠡᠳᠥᠷ᠂ ᠴᠠᠭ ᠴᠠᠭ ᠭᠠᠯ ᠢᠶᠠᠨ ᠬᠦᠨᠳᠦᠳᠬᠡᠨ ᠲᠠᠬᠢᠳᠠᠭ᠃ ᠵᠠᠷᠢᠮ ᠬᠦᠮᠦᠰ ᠭᠠᠯ ᠲᠠᠬᠢᠬᠤ ᠲᠦᠷᠦᠯ ᠵᠦᠢᠯ ᠪᠥᠯᠥᠨ ᠴᠠᠭ ᠬᠤᠭᠤᠴᠠᠭ᠎ᠠ ᠲᠠᠬᠢᠯᠭ᠎ᠠ ᠬᠢᠬᠦ ᠬᠡᠪᠴᠢᠶ᠎ᠡ ᠶᠢᠨ ᠲᠠᠯ᠎ᠠ ᠪᠠᠷ ᠡᠩ ᠤᠨ ᠲᠠᠬᠢᠯᠭ᠎ᠠ᠂ ᠰᠠᠷ᠎ᠠ ᠶᠢᠨ ᠲᠠᠬᠢᠯᠭ᠎ᠠ᠂ ᠣᠯᠠᠷᠢᠯ ᠤᠨ ᠲᠠᠬᠢᠯᠭ᠎ᠠ᠂ ᠶᠡᠭᠡ ᠲᠠᠬᠢᠯᠭ᠎ᠠ ᠬᠡᠮᠡᠨ ᠬᠤᠪᠢᠶᠠᠵᠠᠢ 【7】᠃ ᠡᠨ᠋ᠨ ᠦᠵᠠᠯᠳᠠ ᠶᠢ ᠪᠢᠳᠠ ᠴᠦ ᠵᠦᠪᠰᠢᠶᠠᠷᠠᠵᠣ ᠪᠠᠶᠢᠭ᠎ᠠ ᠪᠦᠬᠡᠳ ᠲᠣᠰ ᠦᠬᠦᠯᠡᠯ ᠳᠤ ᠶᠠᠷᠢᠵᠣ ᠭᠠᠯ ᠲᠠᠬᠢᠬᠤ ᠬᠡᠳᠡᠭ ᠪᠣᠯ ᠪᠠᠷᠤᠭ ᠪᠦᠷ ᠶᠡᠭᠡ ᠲᠠᠬᠢᠯᠭ᠎ᠠ ᠶᠢ ᠵᠢᠭᠠᠵᠣ ᠪᠣᠢ᠃ ᠮᠣᠩᠭᠤᠯᠴᠣᠳ ᠤᠨ ᠣᠯᠠᠩᠬᠢ ᠭᠠᠵᠠᠷ ᠬᠠᠷᠠᠴᠥ ᠠᠷᠠᠳ ᠬᠠᠭᠤᠴᠢᠨ ᠣᠯᠠᠷᠢᠯ ᠤᠨ 12 ᠰᠠᠷ᠎ᠠ ᠶᠢᠨ 23᠎ ᠳᠤ᠂ ᠲᠠᠶᠢᠵᠢ ᠢᠵᠠᠭᠤᠷᠳᠠᠨ 24᠎ ᠳᠤ ᠭᠠᠯ ᠢᠶᠠᠨ ᠲᠠᠬᠢᠬᠤ ᠵᠠᠩᠰᠢᠯ ᠲᠠᠢ 【8】᠃ ᠢᠩᠬᠢᠬᠡᠳ 23᠎ ᠤ ᠡᠳᠣᠷ ᠢ ︽ᠪᠠᠭ᠎ᠠ ᠰᠢᠨ᠎ᠠ︾᠂ ︽ᠪᠠᠭ᠎ᠠ ᠴᠠᠭᠠᠨ ᠰᠠᠷ᠎ᠠ︾ ᠬᠡᠮᠡᠳᠡᠭ 【9】᠂ ᠪᠠᠰᠨ ᠵᠠᠷᠢᠮ ᠭᠠᠵᠠᠷ ᠬᠠᠷᠠᠭᠴᠢᠨ ᠭᠠᠭ᠋ᠠᠢ ᠡᠳᠥᠷ ᠭᠠᠯ ᠢᠶᠠᠨ ᠲᠠᠬᠢᠬᠤ 【10】 ᠴᠠᠭᠠᠨ ᠰᠠᠷ᠎ᠠ ᠶᠢᠨ ᠨᠢᠬᠡ ᠪᠣᠶᠣ ᠲᠦᠷᠪᠡᠨ ᠳᠤ ᠲᠠᠬᠢᠬᠤ 【11】 ᠪᠣᠶᠣ ᠪᠢᠳᠡᠬᠦᠨ ᠤ ᠣᠷᠣᠢ ᠲᠠᠬᠢᠬᠤ ᠴᠦ ᠪᠣᠢ 【12】᠃ ᠲᠠᠬᠢᠯᠭ᠎ᠠ ᠶᠢᠨ ᠡᠳ᠋ ᠳᠤ ᠣᠯᠠᠩᠬᠢ ᠭᠠᠵᠠᠷ ᠴᠦᠮ ᠬᠤᠨᠢ ᠶᠢᠨ ᠡᠪᠴᠢᠬᠦᠦ᠂ ᠰᠢᠷ᠎ᠠ ᠲᠣᠰᠣ᠂ ᠠᠮᠣᠰᠣ ᠵᠡᠷᠬᠡ ᠶᠢ ᠬᠡᠷᠡᠭᠯᠡᠳᠡᠭ ᠴᠣ᠋ ᠣᠨᠴᠠᠭᠠᠢ ᠵᠠᠷᠢᠮ ᠭᠠᠵᠠᠷ ᠱᠠᠭᠠᠳᠣ ᠪᠣᠶᠣ ᠪᠦᠳᠦᠷᠬᠡᠢ ᠬᠡᠷᠡᠭᠯᠡᠳᠡᠭ 【13】᠃ ᠰᠢᠨᠵᠢᠶᠠᠩ ᠤᠨ ᠦᠢᠷᠠᠳᠴᠣᠳ ᠠᠴᠠ ᠪᠣᠰᠣᠳ ᠣᠯᠠᠩᠬᠢ ᠮᠣᠩᠭᠤᠯ ᠬᠦᠮᠦᠰ ᠬᠡᠷ ᠤᠨ ᠡᠵᠡᠨ ᠠᠴᠠ ᠦᠪᠡᠷᠳᠡᠬᠡᠨ ᠭᠠᠯ ᠤᠨ ᠰᠣᠳᠣᠷ ᠢᠶᠠᠨ ᠣᠩᠰᠢᠵᠣ᠂ ᠲᠠᠬᠢᠯᠭ᠎ᠠ ᠶᠣᠰᠣᠯᠠᠯ ᠢᠶᠠᠨ ᠡᠷᠬᠢᠯᠡᠨ ᠶᠠᠪᠣᠭᠤᠯᠳᠠᠭ ᠴᠦ ᠵᠠᠷᠢᠮ ᠭᠠᠵᠠᠷ ᠲᠤ ᠯᠠᠮᠨ ᠶᠢ ᠵᠠᠯᠠᠵᠣ ᠭᠠᠯ ᠤᠨ ᠰᠣᠳᠣᠷ ᠢᠶᠠᠨ ᠣᠩᠰᠢᠭᠤᠯᠣᠨ ᠭᠠᠯ ᠢᠶᠠᠨ ᠲᠠᠬᠢᠳᠠᠭ 【14】᠃ ᠡᠬᠦᠨ ᠠᠴᠠ ᠦᠵᠡᠬᠦ ᠳᠤ ᠲᠠᠳᠠ ᠭᠠᠯ ᠲᠠᠬᠢᠬᠤ ᠯᠠᠮᠨ ᠴᠦ ᠵᠠᠯᠠᠵᠣ ᠪᠣᠯᠳᠠᠭ ᠪᠠ ᠬᠡᠷ ᠤᠨ ᠡᠵᠡᠨ ᠦᠪᠡᠷᠳᠡᠬᠡᠨ ᠴᠦ ᠡᠷᠬᠢᠯᠠᠵᠣ ᠪᠣᠯᠬᠤ ᠶᠣᠮ ᠪᠠᠶᠢᠨ᠎ᠠ᠃ ᠬᠡᠬᠦ ᠳᠡᠭᠡᠨ ᠨᠠᠶᠢᠳᠠ ᠮᠣᠩᠭᠤᠯᠴᠣᠳ ᠤᠨ ᠭᠠᠯ ᠢᠶᠠᠨ ᠲᠠᠬᠢᠬᠤ ᠵᠠᠩ ᠦᠢᠯᠨ ᠨᠢ ᠣᠭ ᠎ ᠲᠠᠭᠠᠨ ᠪᠦᠷ ᠯᠨ ᠠᠳᠠᠯᠢ ᠪᠠᠶᠢᠵᠣ᠂ ᠬᠤᠵᠢᠮ ᠹᠸᠣᠳᠠᠯ ᠤᠨ ᠪᠣᠳᠠᠷᠠᠯ ᠪᠠ ᠰᠢᠷ᠎ᠠ ᠶᠢᠨ ᠱᠠᠰᠢᠨ ᠤ ᠨᠦᠯᠦᠬᠡᠯᠡᠯ ᠲᠣᠣᠷ᠎ᠠ ᠵᠣᠬᠢᠬᠤ ᠬᠡᠮᠵᠢᠶᠠᠨ ᠤ ᠵᠦᠷᠢᠶᠠᠨ ᠲᠠᠢ ᠪᠣᠯᠵᠠᠢ᠃ ᠰᠢᠨᠵᠢᠶᠠᠩ ᠤᠨ ᠦᠢᠷᠠᠳᠴᠣᠳ ᠤᠨ ᠭᠠᠯ ᠢᠶᠠᠨ ᠲᠠᠬᠢᠬᠤ ᠵᠠᠩ ᠦᠢᠯᠨ ᠨᠢ ᠪᠣᠰᠣᠳ ᠮᠣᠩᠭᠤᠯᠴᠣᠳ ᠲᠠᠢ ᠬᠠᠷᠢᠴᠠᠭᠤᠯᠪᠠᠯ ᠪᠠᠭ᠎ᠠ ᠢᠯᠭᠠᠭ᠎ᠠ ᠲᠠᠢ ᠪᠠᠶᠢᠨ᠎ᠠ᠃ ᠲᠡᠬᠦᠨ ᠤ ᠢᠯᠭᠠᠭ᠎ᠠ ᠨᠢ ᠲᠣᠣᠷᠠᠬᠢ ᠬᠤᠶᠠᠷ ᠵᠦᠢᠯ ᠲᠡᠬᠡᠷ᠎ᠡ ᠢᠯᠠᠷᠠᠨ᠎ᠠ᠃ ᠨᠢᠬᠡ ᠨᠢ ᠭᠠᠯ ᠢᠶᠠᠨ ᠲᠠᠬᠢᠬᠤ ᠴᠠᠭ ᠨᠢ ᠠᠳᠠᠯᠢ ᠦᠬᠡᠢ᠃ ᠦᠢᠷᠠᠳᠴᠣᠳ ᠤᠨ ᠭᠠᠯ ᠢᠶᠠᠨ ᠲᠠᠬᠢᠬᠤ ᠴᠠᠭ ᠤᠨ ᠲᠣᠬᠠᠢ ᠪᠣᠰᠣᠳ ᠤᠨ ᠦᠬᠦᠯᠡᠬᠦ ᠪᠠᠷ᠂ ᠵᠠᠷᠢᠮ ᠨᠢ ᠲᠠᠪᠣᠨ ᠰᠠᠷ᠎ᠠ᠂ ᠲᠣᠯᠣᠭᠠᠨ ᠰᠠᠷ᠎ᠠ᠂ ᠶᠢᠰᠣᠨ ᠰᠠᠷ᠎ᠠ ᠬᠡᠮᠡᠮᠦᠢ᠃ ᠬᠡᠪᠡᠴᠦ ᠨᠣᠳᠤᠭ ᠤᠨ ᠪᠣᠭᠤᠷᠣᠯᠴᠣᠳ ᠤᠨ ᠬᠡᠯᠡᠬᠦ ᠪᠠᠷ ︽ᠴᠢᠨ᠋ᠸ᠎ᠠ ᠨᠣᠬᠠᠢ ᠲᠣᠭᠰᠢᠷᠠᠨ᠂ ᠡᠪᠡᠳᠴᠢᠨ ᠲᠠᠬᠤᠯ ᠲᠡᠯᠬᠡᠷᠡᠵᠣ᠂ ᠭᠠᠩ ᠭᠠᠴᠢᠭ ᠪᠣᠯᠬᠤ ᠳᠤ ᠠᠭᠤᠯᠨ ᠣᠰᠣᠨ ᠢ ᠲᠠᠬᠢᠬᠤ ᠶᠢᠨ ᠬᠠᠮᠳᠣ ᠭᠠᠯ ᠢᠶᠠᠨ ᠴᠦ ᠲᠠᠭᠠᠯᠳᠣᠭᠤᠯᠣᠨ ᠲᠠᠬᠢᠳᠠᠭ ᠵᠠᠩᠰᠢᠯ ᠲᠠᠢ ᠪᠢᠯᠨ᠃ ᠴᠣᠬᠤᠮ ᠳᠠᠭᠠᠨ ᠪᠠᠶᠠᠨ ᠨᠠᠮᠣᠷ ᠤᠨ ᠣᠯᠠᠷᠢᠯ ᠳᠤ ᠭᠠᠯ ᠢᠶᠠᠨ ᠲᠠᠬᠢᠵᠣ ᠲᠠᠶᠢᠳᠠᠭ ᠪᠦᠬᠡᠳ ᠬᠠᠷᠠᠭᠴᠢᠨ ᠡᠳᠣᠷ ᠭᠠᠯ ᠲᠠᠶᠢᠬᠤ ᠶᠢ ᠴᠢᠬᠤᠯᠠᠴᠢᠯᠠᠳᠠᠭ︾ 【15】 ᠬᠡᠨ᠎ᠡ᠃ ᠣᠯᠠᠩᠬᠢ ᠭᠠᠵᠠᠷ ᠨᠠᠮᠣᠷ ᠤᠨ ᠰᠡᠬᠦᠯᠴᠢ ᠡᠪᠦᠯ ᠤᠨ ᠡᠬᠢᠨ ᠢᠶᠠᠷ ᠭᠠᠯ ᠲᠠᠬᠢᠬᠤ ᠮᠦᠷᠳᠡᠬᠡᠨ ᠪᠣᠳᠠᠳᠠᠢ ᠡᠳᠣᠷ ᠢᠶᠠᠨ ᠯᠠᠮᠨ ᠵᠠᠯᠠᠵᠣ ᠦᠵᠡᠬᠦᠯᠳᠡᠭ 【16】᠃ ᠲᠡᠮᠳᠡᠭᠯᠡᠯ ᠢ ᠦᠨᠳᠦᠰᠦᠯᠡᠪᠡᠯ ᠵᠡᠬᠦᠨ ᠮᠣᠩᠭᠤᠯ ᠤᠨ ᠵᠠᠷᠢᠮ ᠭᠠᠵᠠᠷ ᠭᠠᠯ ᠢᠶᠠᠨ ᠲᠠᠬᠢᠵᠣ ᠪᠠᠷᠠᠭᠠᠳ ᠮᠠᠯ ᠰᠡᠳᠡᠷᠯᠡᠬᠦ ᠵᠠᠩᠰᠢᠯ ᠲᠠᠢ ᠪᠠᠶᠢᠨ᠎ᠠ 【17】᠃ ᠬᠡᠪᠡᠴᠦ ᠰᠢᠨᠵᠢᠶᠠᠩ ᠤᠨ ᠦᠢᠷᠠᠳᠴᠣᠳ ᠣᠷᠢᠳᠠ ᠪᠠᠷ ᠮᠠᠯ ᠢᠶᠠᠨ ᠰᠠᠳᠠᠷᠯᠠᠨ᠎ᠠ 【18】᠃ ᠬᠤᠶᠠᠷ ᠲᠤ ᠲᠠᠬᠢᠯᠭ᠎ᠠ ᠳᠤ ᠭᠤᠣᠯ ᠦᠢᠯᠠᠳᠣᠯ ᠦᠵᠡᠬᠦᠯᠦᠭᠴᠢ ᠨᠢ ᠠᠳᠠᠯᠢ ᠦᠬᠡᠢ᠃ ᠦᠢᠷᠠᠳᠴᠣᠳ ᠭᠠᠯ ᠢᠶᠠᠨ ᠲᠠᠬᠢᠬᠤ ᠳᠠᠭᠠᠨ ᠵᠠᠪᠠᠯ ᠯᠠᠮᠨ ᠵᠠᠯᠠᠵᠣ᠂ ᠯᠠᠮᠨ ᠎ ᠠᠴᠠ ᠲᠦᠪᠡᠳ ᠢᠶᠠᠷ ᠭᠠᠯ ᠤᠨ ᠰᠣᠳᠣᠷ ᠢ ᠣᠩᠰᠢᠳᠠᠭ 【19】᠃ ᠬᠡᠷ ᠤᠨ ᠡᠵᠡᠨ ᠠᠴᠠ ᠬᠡᠳᠦᠶᠢᠬᠡᠨ ᠠᠮᠠᠨ ᠬᠡᠰᠢᠭ ᠲᠠᠯᠠᠯᠠᠭ᠎ᠠ ᠶᠢᠨ ᠢᠷᠦᠬᠡᠯ ᠬᠡᠯᠡᠨ᠎ᠡ᠃ ᠡᠶᠢᠮᠥ ᠠᠴᠠ ᠰᠢᠨᠵᠢᠶᠠᠩ ᠤᠨ ᠦᠢᠷᠠᠳ ᠨᠣᠳᠤᠭ ᠲᠤ ᠮᠣᠩᠭᠤᠯ ᠢᠶᠠᠷ ᠪᠢᠴᠢᠭᠳᠡᠭᠰᠡᠨ ᠭᠠᠯ ᠤᠨ ᠰᠣᠳᠣᠷ ᠬᠤᠪᠣᠷᠬᠠᠨ ᠪᠠᠶᠢᠭ᠎ᠠ ᠶᠣᠮ᠃ ᠮᠢᠨᠥ ᠪᠦᠷᠢᠨ ᠪᠣᠰᠣ ᠪᠠᠶᠢᠴᠠᠭᠠᠯᠳᠠ ᠪᠠᠷ ᠭᠠᠯ ᠤᠨ ᠰᠣᠳᠣᠷ ᠣᠳᠣ ᠬᠦᠷᠳᠡᠯ᠎ᠡ ᠨᠠᠶᠢᠳᠡᠯᠡᠭᠰᠡᠨ ᠨᠢ ᠲᠦᠢᠯ ᠤᠨ ᠣᠯᠠᠨ ᠪᠠᠶᠢᠭ᠎ᠠ ᠴᠦ ᠰᠢᠨᠵᠢᠶᠠᠩ ᠤᠨ ᠦᠢᠷᠠᠳ ᠨᠣᠳᠤᠭ ᠎ ᠠᠴᠠ ᠣᠯᠳᠠᠭᠰᠠᠨ ᠭᠠᠯ ᠤᠨ ᠰᠣᠳᠣᠷ ᠪᠠᠷᠤᠭ ᠪᠠᠶᠢᠳᠠᠭ ᠦᠬᠡᠢ ᠪᠠᠶᠢᠨ᠎ᠠ᠃ ᠬᠠᠷᠠᠱᠠᠷ᠎ᠠ ᠶᠢᠨ ᠬᠤᠱᠣᠳᠴᠣᠳ ᠪᠣᠯ ᠪᠠᠰᠨ ᠴᠦ ᠰᠢᠨᠵᠢᠶᠠᠩ ᠤᠨ ᠦᠢᠷᠠᠳᠴᠣᠳ ᠤᠨ ᠴᠢᠬᠤᠯᠨ ᠪᠦᠷᠢᠯᠳᠦᠬᠦᠨ ᠪᠣᠯᠣᠨ᠎ᠠ᠃ ᠲᠠᠷᠨ ᠨᠢ ᠵᠡᠬᠦᠨ᠂ ᠲᠣᠮᠳᠠ᠂ ᠪᠠᠷᠠᠭᠤᠨ ᠭᠤᠷᠪᠠᠨ ᠬᠤᠰᠢᠭᠤ ᠬᠤᠪᠢᠶᠠᠭᠳᠠᠳᠠᠭ ᠪᠦᠬᠡᠳ ᠵᠡᠬᠦᠨ ᠬᠤᠰᠢᠭᠤ ᠨᠢ ᠰᠢᠷ᠎ᠠ ᠶᠢᠨ ᠰᠣᠮᠣᠨ᠂ ᠱᠠᠪᠢᠨᠠᠷ ᠰᠣᠮᠣᠨ᠂ ᠪᠠᠭᠠᠳᠣᠳ ᠰᠣᠮᠣᠨ᠂ ᠲᠣᠮᠳᠠᠶᠢᠬᠠᠨ ᠰᠣᠮᠣᠨ ᠵᠡᠷᠬᠡ ᠲᠦᠷᠪᠡᠨ ᠰᠣᠮᠣ ᠲᠠᠢ᠃ ᠲᠣᠮᠳᠠ ᠬᠤᠰᠢᠭᠤ ᠨᠢ ᠦᠵᠢ ᠶᠢᠨ ᠰᠣᠮᠣᠨ᠂ ᠪᠣᠷᠭᠤᠭ ᠰᠣᠮᠣᠨ᠂ ᠬᠠᠷ᠎ᠠ ᠶᠢᠨ ᠰᠣᠮᠣᠨ᠂ ᠬᠦᠷᠦᠬᠡᠴᠢᠨ ᠰᠣᠮᠣᠨ ᠵᠡᠷᠬᠡ ᠲᠦᠷᠪᠡᠨ ᠰᠣᠮᠣ ᠲᠠᠢ᠃ ᠪᠠᠷᠠᠭᠤᠨ ᠬᠤᠰᠢᠭᠤ ᠨᠢ ᠪᠣᠷᠣ ᠶᠢᠨ ᠰᠣᠮᠣᠨ᠂ ᠵᠠᠪᠰᠠᠷ ᠰᠣᠮᠣᠨ ᠵᠡᠷᠬᠡ ᠬᠤᠶᠠᠷ ᠰᠣᠮᠣ ᠲᠠᠢ 【20】᠃ ᠬᠤᠱᠣᠳ ᠤᠨ ᠭᠠᠯ ᠢᠶᠠᠨ ᠲᠠᠬᠢᠬᠤ ᠵᠠᠩᠰᠢᠯ ᠨᠢ ᠪᠦᠬᠦᠶᠢᠯᠨ ᠰᠢᠨᠵᠢᠶᠠᠩ ᠤᠨ ᠦᠢᠷᠠᠳᠴᠣᠳ ᠲᠠᠢ ᠠᠳᠠᠯᠢ ᠪᠠᠶᠢᠭ᠎ᠠ ᠴᠦ᠂ ᠵᠡᠬᠦᠨ ᠬᠤᠰᠢᠭᠤᠨ ᠤ ᠱᠠᠪᠢᠨᠠᠷ ᠰᠣᠮᠣ ᠶᠢᠨ ᠵᠠᠭᠠᠵᠢ ᠎ ᠶᠢᠨ ᠲᠦᠴᠢᠨ ᠨᠢ ᠭᠠᠯ ᠢᠶᠠᠨ ᠲᠠᠬᠢᠬᠤ ᠵᠠᠩᠰᠢᠯ ᠨᠢ ᠰᠢᠨᠵᠢᠶᠠᠩ ᠦᠢᠷᠠᠳ ᠤᠨ ᠲᠣᠳᠣᠷ᠎ᠠ ᠣᠨᠴᠠᠭᠠᠢ ᠪᠠᠶᠢᠳᠠᠭ᠃ ᠨᠣᠳᠤᠭ ᠤᠨ ᠬᠦᠮᠦᠰ ᠤᠨ ᠬᠡᠯᠡᠬᠦ ᠪᠠᠷ᠂ ᠲᠠᠳᠠᠨ ᠤ ᠭᠠᠯ ᠢᠶᠠᠨ ᠲᠠᠬᠢᠬᠤ ᠶᠣᠰᠣ ᠶᠢ ︽ᠬᠠᠷ᠎ᠠ ᠪᠠᠷ ᠭᠠᠯ ᠢᠶᠠᠨ ᠲᠠᠬᠢᠬᠤ︾ ᠬᠡᠳᠡᠭ 【21】᠃ ᠲᠠᠳᠠᠨ ᠯᠠᠮᠨ ᠵᠠᠯᠠᠵᠣ ᠡᠳᠣᠷ ᠦᠵᠡᠬᠦᠯᠬᠦ ᠶᠢᠨ ᠬᠠᠮᠳᠣ ᠯᠠᠮᠨ ᠢᠶᠠᠷ ᠪᠣᠷᠬᠠᠨ ᠰᠢᠳᠦᠬᠡᠨ ᠢᠶᠠᠨ ᠣᠷᠢᠳᠠ ᠪᠠᠷ ᠲᠠᠬᠢᠭᠤᠯᠵᠣ ᠪᠠᠷᠠᠭᠠᠳ ᠯᠠᠮᠨ ᠶᠢ ᠪᠣᠴᠠᠭᠠᠨ᠎ᠠ᠃ ᠲᠠᠷᠠᠭ᠎ᠠ ᠨᠢ ᠣᠳᠣᠨ ᠮᠠᠴᠢᠳ ᠪᠦᠷᠢᠯᠳᠦᠭᠰᠡᠨ ᠤ ᠬᠤᠶᠢᠨ᠎ᠠ ᠬᠡᠷ ᠤᠨ ᠡᠵᠡᠨ ᠠᠴᠠ ᠭᠠᠯ ᠤᠨ ᠰᠣᠳᠣᠷ ᠢᠶᠠᠨ ᠮᠣᠩᠭᠤᠯ ᠢᠶᠠᠷ ᠣᠩᠰᠢᠵᠣ ᠭᠠᠯ ᠢᠶᠠᠨ ᠲᠠᠬᠢᠨ᠎ᠠ᠃ ᠬᠡᠷᠪᠡ ᠬᠡᠷ ᠤᠨ ᠡᠵᠡᠨ ᠭᠠᠯ ᠤᠨ ᠰᠣᠳᠣᠷ ᠢ ᠰᠠᠶᠢᠨ ᠣᠩᠰᠢᠵᠣ ᠴᠢᠳᠠᠬᠤ ᠦᠬᠡᠢ ᠪᠣᠯ ᠲᠣᠰ ᠲᠦᠴᠢᠨ 【22】᠎ ᠤ ᠲᠣᠳᠣᠷᠠᠬᠢ ᠭᠠᠯ ᠤᠨ ᠰᠣᠳᠣᠷ ᠭᠡᠵᠤ ᠰᠠᠶᠢᠬᠠᠨ ᠣᠩᠰᠢᠵᠣ ᠴᠢᠳᠠᠬᠤ ᠠᠬᠠᠮᠠᠳ ᠬᠦᠮᠦᠨ ᠢᠶᠠᠷ ᠭᠠᠯ ᠎ ᠤᠨ ᠰᠣᠳᠣᠷ ᠢ ᠣᠩᠰᠢᠭᠤᠯᠵᠣ ᠭᠠᠯ ᠢᠶᠠᠨ ᠲᠠᠬᠢᠨ᠎ᠠ᠃ ᠡᠶᠢᠮᠦᠷᠬᠦ ᠮᠣᠩᠭᠤᠯ ᠢᠶᠠᠷ ᠭᠠᠯ ᠤᠨ ᠰᠣᠳᠣᠷ ᠢᠶᠠᠨ ᠣᠩᠰᠢᠵᠣ ᠭᠠᠯ ᠢᠶᠠᠨ ᠲᠠᠬᠢᠳᠠᠭ ᠦᠵᠡᠭᠳᠡᠯ ᠰᠢᠨᠵᠢᠶᠠᠩ ᠤᠨ ᠦᠢᠷᠠᠳᠴᠥᠳ ᠤᠨ ᠲᠣᠮᠳᠠ ᠬᠤᠱᠣᠳ ᠤᠨ ᠵᠠᠭᠠᠵᠢ ᠎ ᠶᠢᠨ ᠲᠦᠴᠢᠨ ᠢ ᠭᠠᠷᠭᠠᠪᠠᠯ ᠪᠣᠰᠣᠳ ᠶᠠᠮᠠᠷ ᠴᠦ ᠣᠪᠣᠭ ᠶᠠᠰᠣᠳᠠᠨ ᠳᠤ ᠪᠠᠶᠢᠭ᠎ᠠ ᠦᠬᠡᠢ᠃ ᠲᠣᠣᠷ᠎ᠠ ᠲᠣᠰ ᠲᠦᠴᠢᠨ ᠤ ᠭᠠᠯ ᠤᠨ ᠰᠣᠳᠣᠷ ᠢ ᠰᠡᠶᠢᠷᠡᠬᠦᠯᠪᠡᠯ᠄ ᠬᠦᠬᠡ ᠮᠦᠩᠬᠦᠨ ᠤᠭᠲᠠᠷᠭᠤᠢ ᠶᠢ ᠲᠠᠪᠰᠢ ᠶᠢᠨ ᠴᠢᠨᠡᠬᠡᠨ ᠪᠠᠶᠢᠬᠤ ᠴᠠᠭ ᠲᠤ ᠲᠣᠣᠷ᠎ᠠ ᠬᠦᠷᠦᠰᠦᠳᠦ ᠠᠯᠳᠠᠨ ᠲᠡᠯᠡᠬᠡᠢ ᠶᠢ ᠦᠯᠮᠠᠢ ᠶᠢᠨ ᠴᠢᠨᠡᠬᠡᠨ ᠪᠠᠶᠢᠬᠤ ᠴᠠᠭ ᠲᠤ ᠰᠦᠮᠠᠷ ᠠᠭᠤᠯᠨ ᠶᠢ ᠲᠣᠪᠣᠩ ᠪᠠᠶᠢᠬᠤ ᠴᠠᠭ ᠲᠤ ᠰᠦᠨ ᠲᠠᠯᠠᠢ ᠶᠢ ᠴᠠᠯᠴᠢᠭ ᠪᠠᠶᠢᠬᠤ ᠴᠠᠭ ᠲᠤ ᠭᠠᠯᠪᠢᠷ ᠽᠠᠨᠳᠠᠨ ᠪᠣᠷᠠᠭ᠎ᠠ ᠪᠠᠶᠢᠬᠤ ᠴᠠᠭ ᠲᠤ ᠭᠠᠳᠠᠭᠠᠳᠣ ᠲᠠᠯᠠᠢ ᠴᠠᠯᠴᠢᠭ ᠪᠠᠶᠢᠬᠤ ᠴᠠᠭ ᠲᠤ ᠬᠠᠩᠭᠠᠢ ᠬᠠᠨ ᠢ ᠲᠣᠪᠣᠩ ᠪᠠᠶᠢᠬᠤ ᠴᠠᠭ ᠲᠤ ᠬᠠᠳᠣᠨ ᠲᠠᠯᠠᠢ ᠴᠠᠯᠴᠢᠭ ᠪᠠᠶᠢᠬᠤ ᠴᠠᠭ ᠲᠤ ᠬᠠᠶᠢᠯᠠᠰᠣ ᠮᠣᠳᠣ ᠨᠠᠶᠢᠭᠤᠯᠵᠠᠭᠤᠷ ᠪᠠᠶᠢᠬᠤ ᠴᠠᠭ ᠲᠤ ᠬᠠᠷᠴᠠᠭ᠎ᠠ ᠰᠢᠪᠠᠭᠤᠨ ᠲᠡᠭᠳᠡᠬᠡᠮᠡᠯ ᠪᠠᠶᠢᠬᠤ ᠴᠠᠭ ᠲᠤ ᠪᠣᠷᠬᠠᠨ ᠬᠠᠨ ᠢ ᠲᠣᠪᠣᠩ ᠪᠠᠶᠢᠬᠤ ᠴᠠᠭ ᠲᠤ ᠪᠣᠶᠠᠨᠳᠣ ᠲᠠᠯᠠᠢ ᠶᠢ ᠴᠠᠯᠴᠢᠭ ᠪᠠᠶᠢᠬᠤ ᠴᠠᠭ ᠲᠤ ᠪᠣᠷᠭᠠᠰᠣᠨ ᠮᠣᠳᠣᠨ ᠭᠡᠵᠤ ᠨᠠᠶᠢᠭᠤᠯᠵᠠᠭᠤᠷ ᠪᠠᠶᠢᠬᠤ ᠴᠠᠭ ᠲᠤ ᠪᠣᠯᠵᠣᠮᠣᠷ ᠰᠢᠪᠠᠭᠤᠨ ᠲᠡᠭᠳᠡᠬᠡᠮᠡᠯ ᠪᠠᠶᠢᠬᠤ ᠴᠠᠭ ᠲᠤ ᠬᠠᠭᠠᠨ ᠡᠵᠡᠨ ᠤ ᠴᠠᠬᠢᠵᠣ ᠰᠢᠳᠠᠭᠠᠭᠰᠠᠨ ᠬᠠᠳᠣᠨ ᠡᠬᠡ ᠶᠢᠨ ᠦᠯᠢᠶᠠᠵᠣ ᠡᠬᠦᠰᠬᠡᠭᠰᠡᠨ ᠰᠣᠳᠣ ᠪᠣᠭᠳᠠ ᠶᠢᠨ ᠴᠠᠬᠢᠭᠰᠠᠨ ᠰᠣᠳᠠᠢ ᠬᠠᠳᠣᠨ ᠤ ᠦᠯᠢᠶᠡᠭᠰᠡᠨ ᠡᠬᠦᠯᠡᠨ ᠨᠠᠪᠳᠠ ᠦᠨᠦᠷᠳᠦ ᠡᠬᠦᠳᠠᠨ ᠨᠠᠪᠳᠠ ᠢᠯᠴᠢᠳᠠᠢ ᠭᠠᠯ ᠭᠤᠯᠣᠮᠳᠠ ᠮᠢᠨᠥ︕ ᠡᠨ᠋ᠨ ᠦᠯᠵᠠᠶᠢᠳᠠᠢ ᠡᠳᠣᠷ ᠲᠤ ᠴᠢᠨᠢ ᠦᠨᠳᠦᠰᠦ ᠶᠢ ᠴᠢᠨᠢ ᠲᠠᠭᠤᠳᠠᠵᠣ ᠡᠬᠦᠰᠬᠦ ᠶᠢ ᠴᠢᠨᠢ ᠲᠣᠭᠠᠴᠢᠬᠤ ᠶᠢᠨ ᠰᠢᠯᠳᠠᠭᠠᠨ ᠶᠠᠭᠤ ᠪᠣᠢ ᠬᠡᠪᠡᠯ᠄ ᠬᠠᠭᠠᠨ ᠪᠣᠭᠳᠠ ᠶᠢᠨ ᠰᠣᠷᠭᠠᠯ ᠪᠢᠯᠨ ᠬᠠᠳᠣᠨ ᠡᠬᠡ ᠶᠢᠨ ᠦᠯᠢᠬᠡᠷ ᠪᠢᠯᠨ ᠬᠡᠵᠦ ᠭᠠᠯ ᠭᠠᠯᠠᠶᠢᠬᠠᠨ ᠡᠬᠡ ᠳᠡᠭᠡᠨ ᠦᠬᠡᠬᠦᠨ ᠲᠣᠰᠣ ᠪᠠᠨ ᠡᠷᠬᠦᠨ᠎ᠡ ᠪᠢᠳᠠ ᠡᠰᠦᠭ ᠲᠠᠷᠠᠰᠣ ᠶᠢ ᠲᠣᠰᠣᠭᠠᠨ᠎ᠠ ᠪᠢᠳᠠ ᠦᠬᠡᠳᠡᠯᠡᠬᠦ ᠶᠡᠭᠡ ᠪᠣᠶᠠᠨ ᠤ ᠲᠣᠮᠳᠠ ᠢᠩᠬᠢᠵᠣ ᠵᠢᠷᠭᠠᠬᠤ ᠵᠠᠶᠠᠭ᠎ᠠ ᠪᠣᠯᠳᠣᠭᠠᠢ ᠬᠠᠭᠠᠨ ᠪᠣᠭᠳᠠ ᠶᠢᠨ ᠴᠠᠬᠢᠵᠣ ᠬᠠᠩᠭᠠᠶᠢᠭᠰᠠᠨ ᠬᠠᠳᠣᠨ ᠡᠬᠡ ᠶᠢᠨ ᠦᠯᠢᠶᠠᠵᠣ ᠡᠬᠦᠰᠬᠡᠭᠰᠡᠨ ᠭᠠᠯ ᠭᠤᠯᠣᠮᠳᠠ ᠮᠢᠨᠥ︕ ᠬᠠᠯᠢᠮ ᠦᠬᠡᠬᠦ ᠶᠢ ᠠᠯᠠᠭ᠎ᠠ ᠪᠠᠷ ᠢᠶᠠᠨ ᠡᠷᠬᠦᠨ᠎ᠠ ᠪᠢ ᠬᠠᠷ᠎ᠠ ᠠᠷᠢᠬᠢ ᠶᠢ ᠠᠶᠠᠭ᠎ᠠ ᠪᠠᠷ ᠢᠶᠠᠨ ᠡᠷᠬᠦᠨ᠎ᠡ ᠪᠢ ᠬᠠᠶᠢᠷᠠᠯᠠᠬᠦ ᠮᠠᠳᠥ ᠡᠩᠬᠡ ᠵᠢᠷᠭᠠᠯᠠᠩ ᠢ ᠠᠳᠠ ᠦᠭᠬᠦ ᠪᠣᠯᠳᠣᠭᠠᠢ ᠬᠤᠷᠣᠢ︕ ᠬᠤᠷᠣᠢ︕ ᠬᠡᠰᠢᠭ ᠪᠣᠶᠠᠨ ᠢᠷᠡᠪᠡ ᠤᠤ︕ ᠡᠵᠡᠨ ᠪᠣᠭᠳᠠ ᠶᠢᠨ ᠴᠠᠬᠢᠭᠰᠠᠨ ᠡᠰᠢ ᠬᠠᠳᠣᠨ ᠤ ᠦᠯᠢᠶᠡᠭᠰᠡᠨ ᠰᠢᠷ᠎ᠠ ᠬᠢᠯᠠᠭᠠᠨ᠎ᠠ ᠠᠮᠢᠳᠥ ᠰᠢᠷ᠎ᠠ ᠲᠣᠰᠣᠨ ᠢᠳᠡᠰᠢ ᠲᠠᠢ ᠰᠢᠷ᠎ᠠ ᠲᠣᠯᠣᠭᠠᠢ ᠲᠠᠢ ᠴᠠᠭᠠᠨ ᠬᠤᠨᠢ ᠶᠢᠨ ᠲᠠᠬᠢᠯᠭ᠎ᠠ ᠲᠠᠢ ᠭᠠᠯ ᠭᠤᠯᠣᠮᠳᠠ ᠭᠠᠯ ᠭᠠᠯᠠᠶᠢᠬᠠᠨ ᠡᠬᠡ ᠳᠡᠭᠡᠨ ᠦᠬᠡᠬᠦᠨ ᠲᠣᠰᠣ ᠶᠢ ᠡᠷᠬᠦᠨ᠎ᠡ ᠪᠢ ᠡᠰᠦᠭ ᠳᠠᠷᠠᠰᠥ ᠶᠢ ᠳᠤᠰᠤᠭᠠᠨ᠎ᠠ ᠪᠢ ᠰᠢᠯᠢ ᠰᠠᠶᠢᠳᠠᠢ ᠬᠦᠪᠡᠬᠦᠳ ᠲᠠᠢ ᠪᠤᠯᠭᠠᠬᠤ ᠴᠢ ᠰᠢᠪᠢᠷᠯᠢᠭ ᠰᠠᠶᠢᠳᠠᠢ ᠪᠠᠷᠢ ᠲᠠᠢ ᠪᠤᠯᠭᠠᠬᠤ ᠴᠢ ᠰᠢᠡᠵᠢ ᠰᠠᠶᠢᠳᠠᠢ ᠦᠬᠢᠴᠥᠥᠨ ᠲᠠᠢ ᠪᠤᠯᠭᠠᠬᠤ ᠴᠢ ᠤᠤᠭᠠᠨ ᠦᠷ᠎ᠠ ᠪᠠᠨ ᠦᠰᠬᠡᠵᠥ ᠨᠤᠳᠤᠭ ᠤᠰᠥ ᠪᠠᠨ ᠰᠤᠷᠭᠠᠵᠥ ᠬᠡᠨ᠎ᠠ᠃ ᠳᠤᠭ᠎ᠠ ᠦᠬᠡᠢ ᠳᠤᠷᠭ᠎ᠠ ᠶᠢ ᠬᠠᠶᠢᠴᠢᠯᠠᠵᠥ ᠲᠣᠪᠴᠢ ᠪᠦᠴᠨ ᠶᠢ ᠨᠢ ᠬᠠᠳᠠᠵᠥ ᠡᠩ ᠦᠬᠡᠢ ᠳᠤᠷᠭ᠎ᠠ ᠶᠢ ᠬᠠᠶᠢᠴᠢᠯᠠᠵᠥ ᠡᠩᠭᠢᠷ ᠮᠦᠡᠭᠭᠡ ᠵᠢᠷᠭᠠᠬᠤ ᠪᠤᠯᠳᠥᠭᠠᠢ ᠬᠠᠭᠠᠨ ᠠᠪᠤ ᠶᠢᠨ ᠴᠠᠬᠢᠵᠣ ᠬᠠᠩᠭᠠᠶᠢᠭᠰᠠᠨ ᠬᠠᠳᠣᠨ ᠡᠬᠡ ᠶᠢᠨ ᠦᠯᠢᠶᠠᠵᠥ ᠡᠬᠦᠰᠬᠡᠭᠰᠡᠨ ᠲᠣᠰᠣᠨ ᠢᠳᠡᠰᠢᠳᠦ ᠲᠣᠷᠭᠠᠨ ᠴᠢᠷᠠᠶᠢᠳᠣ ᠦᠬᠡᠬᠦᠨ ᠢᠳᠡᠰᠢᠳᠣ ᠦᠷᠬᠡᠨ ᠴᠢᠷᠠᠶᠢᠳᠣ ᠭᠠᠯ ᠭᠤᠯᠣᠮᠳᠠ ᠮᠢᠨᠣ︕ ᠦᠬᠡᠬᠦᠨ ᠲᠣᠰᠣ ᠶᠢ ᠡᠷᠬᠦᠨ᠎ᠡ ᠪᠢᠳᠠ ᠡᠰᠦᠭ ᠲᠠᠷᠠᠰᠣ ᠶᠢ ᠲᠣᠰᠣᠭᠠᠨ᠎ᠠ ᠪᠢᠳᠠ ᠦᠬᠡᠳᠡᠯᠡᠬᠦ ᠶᠡᠭᠡ ᠵᠢᠷᠭᠠᠯᠠᠩ ᠢ ᠠᠳᠠ ᠦᠭᠬᠦ ᠪᠣᠯᠳᠣᠭᠠᠢ ᠣᠷᠳᠣ ᠬᠠᠨᠴᠣᠢ ᠶᠢ ᠣᠳᠣᠷᠢᠭᠤᠯᠣᠨ ᠰᠠᠭᠤᠨᠠᠮ ᠣᠭᠤᠴᠨ ᠡᠪᠴᠢᠬᠦᠦ ᠪᠠᠷ ᠢᠶᠠᠨ ᠮᠢᠯᠢᠶᠠᠨ ᠰᠠᠭᠤᠨᠠᠮ ᠲᠣᠷᠭᠠᠨ ᠬᠠᠨᠴᠣᠢ ᠶᠢ ᠣᠳᠣᠷᠢᠭᠤᠯᠣᠨ ᠰᠠᠭᠤᠨᠠᠮ ᠲᠣᠰᠣ ᠦᠬᠡᠬᠦ ᠪᠠᠷ ᠮᠢᠯᠢᠶᠠᠨ ᠰᠠᠭᠤᠨᠠᠮ ᠨᠠᠭᠤᠷ ᠲᠤ ᠵᠣᠭᠰᠣᠬᠤ ᠣᠯᠠᠨ ᠠᠯᠠᠭ ᠠᠳᠣᠭᠤ ᠲᠠᠢ ᠪᠣᠯᠭᠠᠬᠤ ᠲᠠ ᠨᠣᠶᠠᠨ ᠬᠦᠮᠦᠨ ᠢ ᠲᠠᠭᠠᠬᠤ ᠮᠡᠷᠬᠡᠨ ᠰᠠᠶᠢᠨ ᠬᠦᠪᠡᠬᠦᠨ ᠲᠠᠢ ᠪᠣᠯᠭᠠᠬᠤ ᠲᠠ ᠵᠠᠳᠠᠭᠠᠢ ᠳᠤ ᠲᠠᠭᠤᠵᠣ ᠣᠰᠣᠯᠠᠬᠤ ᠣᠯᠠᠨ ᠴᠠᠭᠠᠨ ᠬᠤᠨᠢ ᠲᠠᠢ ᠪᠣᠯᠭᠠᠬᠤ ᠲᠠ ᠵᠠᠩ ᠰᠠᠶᠢᠳᠠᠢ ᠦᠬᠢᠴᠣᠳ ᠲᠠᠢ ᠪᠣᠯᠭᠠᠬᠤ ᠲᠠ ᠵᠠᠶᠠᠭᠠᠳᠣ ᠪᠣᠰᠣᠳ ᠲᠤ ᠴᠢᠨᠣ ᠪᠦᠳᠦᠷᠢᠬᠦᠯᠦᠨ ᠰᠠᠭᠤᠨᠠᠮ ᠲᠦᠴᠢᠨ ᠲᠠᠪᠣᠨ ᠲᠣᠯᠣᠭᠠᠢ ᠲᠠᠢ ᠨᠠᠢᠮᠠᠨ ᠦᠳᠡᠬᠡᠷᠢ ᠲᠠᠢ ᠬᠡᠷ ᠢ ᠣᠪᠣᠯᠵᠠᠭᠤᠯᠣᠨ ᠪᠠᠷᠢᠵᠣ ᠬᠠᠷᠢ ᠬᠦᠮᠦᠨ ᠠᠴᠠ ᠬᠠᠪᠢᠷᠭ᠎ᠠ ᠬᠠᠭᠠᠯᠵᠣ ᠵᠠᠶᠠᠭᠠᠳᠣ ᠪᠣᠰᠣᠳ ᠴᠢᠨᠣ ᠪᠦᠷᠦᠳᠢᠷᠬᠦᠯᠦᠨ ᠰᠠᠭᠤᠬᠤ ᠶᠢᠨ ᠰᠢᠯᠳᠠᠭᠠᠨ ᠡᠨ᠋ᠨ ᠪᠣᠢ ᠬᠠᠭᠠᠨ ᠠᠪᠤ ᠶᠢᠨ ᠴᠠᠬᠢᠭᠰᠠᠨ ᠭᠠᠯ ᠭᠤᠯᠣᠮᠳᠠ ᠮᠢᠨᠣ︕ ᠡᠨ᠋ᠨ ᠦᠯᠵᠠᠶᠢᠳᠣ ᠡᠳᠣᠷ ᠲᠤ ᠨᠢ ᠶᠡᠭᠡ ᠰᠢᠷ᠎ᠠ ᠲᠣᠯᠣᠭᠠᠢ ᠲᠠᠢ ᠴᠠᠭᠠᠨ ᠬᠤᠨᠢ ᠶᠢᠨ ᠡᠪᠴᠢᠬᠦᠦ ᠪᠠᠷ ᠲᠠᠬᠢᠨ᠎ᠠ ᠪᠢ ᠡᠨ᠋ᠨ ᠪᠦᠬᠦᠢ ᠠᠮᠢᠳᠠᠨ ᠲᠤᠨᠢ ᠠᠳᠡᠬᠦᠷᠡᠯ ᠦᠬᠡᠢ ᠪᠣᠷᠬᠠᠨ ᠤ ᠬᠤᠳᠤᠭ ᠣᠯᠬᠤ ᠪᠣᠯᠳᠣᠭᠠᠢ ᠪᠣᠶᠠᠨᠳᠣ ᠵᠢᠯ ᠣᠷᠣᠪᠠ ᠪᠣᠯᠠᠭᠠᠨ ᠤ ᠵᠢᠰᠦ ᠵᠢᠰᠦᠯᠡᠪᠡᠢ ᠪᠣᠷᠳᠠᠭ ᠨᠢᠬᠦᠯ ᠬᠢᠯᠢᠨᠴᠨ ᠠᠷᠢᠯᠳᠣᠭᠠᠢ ᠪᠣᠷᠬᠠᠨ ᠪᠠᠭᠰᠢ ᠶᠢᠨ ᠦᠷᠦᠰᠢᠶᠡᠭᠰᠡᠨ ᠪᠣᠶᠠᠨ ᠬᠡᠰᠢᠭ ᠠᠳᠠ ᠲᠣᠭᠳᠠᠳᠣᠭᠠᠢ ᠬᠠᠭᠤᠴᠢᠨ ᠵᠢᠯ ᠬᠠᠩᠬᠢᠰ ᠬᠡᠵᠦ ᠬᠠᠷᠢᠬᠤ ᠳᠤ ᠬᠠᠯᠢᠭᠤᠨ ᠤ ᠵᠢᠰᠦ ᠵᠢᠰᠦᠯᠡᠬᠦᠢ ᠳᠤ ᠬᠠᠷ᠎ᠠ ᠲᠣᠯᠣᠭᠠᠢ ᠲᠠᠢ ᠴᠠᠭᠠᠨ ᠬᠤᠨᠢ ᠶᠢᠨ ᠡᠪᠴᠢᠬᠦᠦ ᠪᠠᠷ ᠲᠠᠬᠢᠨ᠎ᠠ ᠪᠢ᠃ ᠬᠠᠷᠠᠴᠣ ᠵᠣᠪᠠᠯᠠᠩ ᠠᠷᠢᠯᠳᠣᠭᠠᠢ ᠬᠠᠮᠤᠭ ᠠᠳᠠ ᠴᠢᠳᠬᠦᠷ ᠲᠠᠷᠣᠭᠳᠠᠳᠣᠭᠠᠢ ᠬᠠᠮᠤᠭ ᠬᠦᠮᠦᠨ ᠠᠮᠢᠳᠠᠨ ᠲᠠ ᠬᠦᠰᠡᠬᠦ ᠵᠢᠷᠭᠠᠯᠠᠩ ᠢᠶᠠᠷ ᠬᠠᠶᠢᠷ᠎ᠠ ᠬᠠᠯᠠᠭᠤᠨ ᠬᠠᠮᠳᠣ ᠪᠠᠷ ᠵᠢᠷᠭᠠᠳᠣᠭᠠᠢ ᠰᠢᠨ᠎ᠠ ᠳᠤ ᠰᠢᠯᠵᠢᠵᠥ ᠢᠷᠡᠬᠦ ᠳᠤ ᠰᠢᠯᠦᠬᠦᠰᠦ ᠨᠢ ᠵᠢᠰᠦ ᠵᠢᠰᠦᠯᠡᠬᠦᠢ ᠳᠤ ᠰᠢᠷ᠎ᠠ ᠲᠣᠯᠣᠭᠠᠢ ᠲᠠᠢ ᠴᠠᠭᠠᠨ ᠬᠤᠨᠢ ᠶᠢᠨ ᠡᠪᠴᠢᠬᠦᠦ ᠪᠠᠷ ᠲᠠᠬᠢᠨ᠎ᠠ ᠪᠢ᠃ ᠰᠢᠪᠰᠢᠭ ᠵᠣᠪᠠᠯᠠᠩ ᠠᠷᠢᠯᠳᠣᠭᠠᠢ ᠰᠢᠯᠣᠭᠤᠨ ᠰᠠᠶᠢᠬᠠᠨ ᠱᠠᠰᠢᠨ ᠲᠦᠷᠦ ᠬᠤᠶᠠᠷ ᠠᠳᠠ ᠲᠣᠭᠳᠠᠳᠣᠭᠠᠢ ᠬᠡᠰᠢᠭᠳᠡᠢ ᠵᠢᠯ ᠣᠷᠣᠬᠤ ᠳᠤ ᠬᠡᠷᠡᠮᠣᠨ ᠤ ᠵᠢᠰᠣ ᠵᠢᠰᠣᠯᠡᠬᠦᠢ ᠳᠤ ᠬᠡᠬᠦᠶᠢᠬᠦ ᠴᠠᠭᠠᠨ ᠲᠣᠯᠣᠭᠠᠢ ᠲᠠᠢ ᠬᠤᠨᠢ ᠶᠢᠨ ᠬᠠᠮᠤᠭ ᠪᠦᠬᠦ ᠠᠮᠢᠳᠠᠨ ᠳᠤ ᠡᠪᠴᠢᠬᠦᠦ ᠪᠠᠷ ᠲᠠᠬᠢᠨ᠎ᠠ ᠪᠢ᠃ ᠬᠢᠮᠥᠷ ᠴᠢᠮᠥᠷ ᠲᠠᠷᠣᠭᠳᠠᠳᠣᠭᠠᠢ ᠬᠡᠢ ᠬᠤᠣᠷ ᠬᠢᠵᠢᠭ ᠡᠪᠡᠳᠴᠢᠨ ᠠᠷᠢᠯᠳᠣᠭᠠᠢ ᠬᠡᠯᠡᠬᠦ ᠪᠦᠬᠦᠳᠡᠬᠡᠷ ᠢᠶᠠᠨ ᠵᠢᠷᠭᠠᠨ ᠰᠠᠭᠤᠳᠣᠭᠠᠢ ᠬᠠᠭᠠᠨ ᠪᠣᠭᠳᠠ ᠶᠢᠨ ᠭᠠᠯ ᠭᠤᠯᠣᠮᠳᠠ ᠬᠠᠷᠠᠩᠭᠤᠢ ᠶᠢ ᠬᠡᠬᠡᠨ ᠪᠣᠯᠭᠠᠬᠤ ᠲᠠ ᠬᠠᠳᠠᠭᠤ ᠶᠢ ᠵᠦᠬᠡᠯᠡᠨ ᠪᠣᠯᠪᠠᠰᠣᠨ ᠪᠣᠯᠭᠠᠬᠤ ᠲᠠ ᠠᠷᠰᠢ ᠣᠪᠠᠳᠢᠰ ᠢᠶᠠᠷ ᠪᠦᠳᠦᠭᠰᠡᠨ ᠠᠷᠢᠭᠤᠨ ᠬᠡᠬᠡᠨ ᠴᠢᠨᠠᠷᠳᠣ ᠭᠠᠯ ᠭᠤᠯᠣᠮᠳᠠ ᠮᠢᠨᠥ︕ ᠲᠡᠬᠡᠷ᠎ᠡ ᠬᠦᠬᠡ ᠣᠭᠳᠠᠷᠭᠤᠢ ᠳᠤ ᠬᠦᠷᠦᠮᠠᠷ ᠣᠯᠠᠭᠠᠨ ᠬᠡᠷᠡᠯ ᠪᠣᠯᠣᠭᠳᠣᠨ ᠲᠣᠣᠷ᠎ᠠ ᠬᠦᠷᠦᠰᠦᠳᠦ ᠠᠯᠳᠠᠨ ᠲᠡᠯᠡᠬᠡᠢ ᠳᠤ ᠨᠠᠪᠳᠠᠷᠠᠮᠠᠷ ᠠᠷᠢᠭᠤᠨ ᠴᠢᠨᠠᠷ ᠪᠣᠯᠣᠭᠳᠣᠨ ᠭᠠᠯ ᠤᠨ ᠬᠠᠭᠠᠨ ᠪᠣᠷᠬᠠᠨ ᠮᠢᠨᠥ ᠶᠠᠷᠥ ᠪᠦᠬᠦ ᠠᠮᠢᠳᠠᠨ ᠳᠤ ᠦᠯᠵᠠᠢ ᠬᠤᠳᠤᠭ ᠲᠣᠭᠳᠠᠳᠣᠭᠠᠢ ᠬᠤᠷᠣᠢ︕ ᠬᠤᠷᠣᠢ︕ ᠬᠡᠰᠢᠭ ᠪᠣᠶᠠᠨ ᠢᠷᠡᠪᠡ ᠤᠤ︖ ᠬᠠᠭᠠᠨ ᠲᠩᠷᠢ ᠶᠢᠨ ᠵᠠᠶᠠᠭ᠎ᠠ ᠪᠠᠷ ᠡᠬᠦᠳᠦᠭᠰᠡᠨ ᠬᠠᠭᠠᠨ ᠪᠣᠭᠳᠠ ᠶᠢᠨ ᠭᠠᠯ ᠭᠤᠯᠣᠮᠳᠠ ᠦᠯᠵᠠᠢ ᠬᠤᠳᠤᠭ ᠲᠣᠭᠳᠠᠳᠣᠭᠠᠢ ᠡᠷᠬᠡᠳᠦ ᠲᠩᠷᠢ ᠶᠢ ᠡᠬᠢᠯᠡᠬᠦ ᠪᠠᠷ ᠡᠬᠦᠰᠦᠭᠰᠡᠨ ᠡᠵᠡᠨ ᠪᠣᠭᠳᠠ ᠶᠢᠨ ᠭᠠᠯ ᠭᠤᠯᠣᠮᠳᠠ ᠢᠨᠠᠭ ᠪᠠᠶᠢᠬᠤ ᠠᠮᠢᠳᠠᠨ ᠳᠤ ᠦᠯᠵᠠᠢ ᠬᠤᠳᠤᠭ ᠲᠣᠭᠳᠠᠳᠣᠭᠠᠢ ᠬᠤᠰᠣᠨ ᠮᠣᠳᠣᠨ ᠦᠯᠦᠬᠡᠢ ᠲᠠᠢ ᠬᠤᠷᠠᠭᠠᠨ ᠤ ᠠᠷᠠᠰᠣᠨ ᠬᠤᠴᠢᠯᠭ᠎ᠠ ᠲᠠᠢ ᠬᠡᠦᠬᠡᠳ ᠤᠨ ᠬᠡᠰᠢᠭ ᠪᠣᠶᠠᠨ ᠭᠡᠵᠤ ᠭᠤᠶᠣᠨ᠎ᠠ ᠪᠢ ᠰᠢᠯᠦᠭᠤᠨ ᠮᠣᠳᠣᠨ ᠦᠯᠦᠬᠡᠢ ᠲᠠᠢ ᠰᠢᠯᠦᠬᠦᠰᠦᠨ ᠤ ᠠᠷᠠᠰᠣᠨ ᠬᠤᠴᠢᠯᠭ᠎ᠠ ᠲᠠᠢ ᠬᠡᠰᠢᠭ ᠮᠣᠳᠣᠨ ᠦᠯᠦᠬᠡᠢ ᠲᠠᠢ ᠬᠡᠷᠡᠮᠣ ᠶᠢᠨ ᠠᠷᠠᠰᠣᠨ ᠬᠤᠴᠢᠯᠭ᠎ᠠ ᠲᠠᠢ ᠬᠦᠪᠡᠬᠦᠳ ᠥ ᠬᠡᠰᠢᠭ ᠪᠣᠶᠠᠨ ᠢ ᠭᠤᠶᠣᠨ᠎ᠠ ᠪᠢ᠂ ᠠᠯᠳᠠᠨ ᠲᠠᠢ ᠶᠢ ᠡᠮᠦᠰᠴᠦ ᠠᠮᠳᠠ ᠲᠠᠢ ᠶᠢ ᠢᠳᠠᠵᠥ ᠠᠰᠢᠳᠠ ᠶᠢᠨ ᠰᠠᠶᠢᠬᠠᠨ ᠵᠢᠷᠭᠠᠯᠠᠩ ᠤᠨ ᠲᠣᠮᠳᠠ ᠪᠠᠶᠢᠬᠤ ᠪᠣᠯᠳᠣᠭᠠᠢ ᠨᠠᠷᠠᠨ ᠮᠠᠳᠣ ᠣᠷᠭᠤᠳᠣᠭᠠᠢ ᠨᠠᠪᠴᠢ ᠮᠠᠳᠣ ᠲᠡᠯᠬᠡᠷᠡᠳᠦᠬᠡᠢ ᠨᠠᠷᠮᠠᠢ ᠣᠯᠣᠰ ᠤᠨ ᠱᠠᠰᠢᠨ ᠲᠦᠷᠦ ᠬᠤᠶᠠᠷ ᠲᠣᠳᠠᠭᠤ ᠶᠢ ᠮᠢᠨᠦ ᠬᠦᠢᠴᠡᠳᠬᠡᠬᠦ ᠠᠳᠠ ᠲᠣᠳᠠᠳᠣᠭᠠᠢ ᠸᠴᠢᠷ ᠴᠢᠨᠳᠠᠮᠣᠨᠢ ᠮᠠᠳᠣ ᠪᠠᠳᠣᠵᠢᠳᠣᠭᠠᠢ ᠣᠯᠠᠨ ᠮᠣᠩᠭᠤᠯ ᠤᠨ ᠱᠠᠰᠢᠨ ᠲᠦᠷᠦ ᠠᠳᠠ ᠲᠣᠭᠳᠠᠳᠣᠭᠠᠢ ᠪᠣᠷᠬᠠᠨ ᠪᠣᠳᠢᠰᠳᠠᠷ᠎ᠠ ᠮᠠᠳᠣ ᠪᠣᠶᠠᠨ ᠲᠠᠢ ᠪᠣᠯᠳᠣᠭᠠᠢ ᠨᠣᠮ ᠮᠠᠳᠣ ᠪᠣᠶᠠᠨ ᠲᠠᠢ ᠪᠣᠯᠳᠣᠭᠠᠢ ᠨᠣᠭᠤᠭᠠᠨ ᠲᠠᠷᠢᠶ᠎ᠠ ᠮᠠᠳᠣ ᠢᠳᠡᠬᠡᠨ ᠲᠠᠢ ᠪᠣᠯᠳᠣᠭᠠᠢ ᠨᠣᠶᠠᠳ ᠰᠠᠶᠢᠳ ᠤᠨ ᠵᠡᠷᠬᠡ ᠶᠢᠨ ᠣᠯᠠᠨ ᠨᠦᠬᠦᠳ ᠲᠠᠢ ᠪᠣᠯᠳᠣᠭᠠᠢ ᠨᠠᠭᠤᠷ ᠲᠠᠯᠠᠢ ᠮᠠᠳᠣ ᠲᠦᠬᠦᠷᠡᠩ ᠪᠣᠯᠳᠣᠭᠠᠢ ᠰᠦᠮᠠᠷ ᠠᠭᠤᠯᠨ ᠮᠠᠳᠣ ᠡᠪᠳᠡᠷᠡᠰᠢ ᠦᠬᠡᠢ ᠪᠣᠶᠠᠨ ᠬᠡᠰᠢᠭ ᠲᠠᠢ ᠪᠣᠯᠳᠣᠭᠠᠢ ᠰᠦᠨ ᠲᠠᠯᠠᠢ ᠮᠠᠳᠣ ᠰᠢᠷᠬᠢᠰᠢ ᠦᠬᠡᠢ ᠪᠤᠠᠨ ᠬᠡᠰᠢᠭ ᠭᠤᠶᠣᠨ᠎ᠠ ᠪᠢ᠂ ᠲᠠᠰᠣᠷᠠᠭᠰᠠᠨ ᠢ ᠮᠢᠨᠣ ᠵᠠᠯᠭᠠᠵᠣ ᠲᠠᠮᠳᠣᠷᠬᠠᠢ ᠶᠢ ᠮᠢᠨᠥ ᠨᠦᠬᠦᠬᠦ ᠪᠣᠶᠠᠨ ᠬᠡᠰᠢᠭ ᠢ ᠭᠤᠶᠣᠨ᠎ᠠ ᠪᠢ᠂ ᠦᠬᠡᠶᠢᠷᠡᠭᠰᠡᠨ ᠢ ᠪᠠᠶᠠᠵᠢᠭᠤᠯᠬᠤ ᠦᠬᠦᠭᠰᠡᠨ ᠢ ᠮᠢᠨᠥ ᠲᠦᠯᠦᠬᠦ ᠪᠣᠶᠠᠨ ᠬᠡᠰᠢᠭ ᠢ ᠭᠤᠶᠣᠨ᠎ᠠ ᠪᠢ᠂ ᠲᠣᠮᠳᠠ ᠶᠢ ᠮᠢᠨᠦ ᠲᠦᠬᠦᠷᠬᠡᠬᠦ ᠪᠣᠶᠠᠨ ᠬᠡᠰᠢᠭ ᠢ ᠭᠤᠶᠣᠨ᠎ᠠ ᠪᠢ᠂ ᠬᠦᠪᠴᠢ ᠶᠢᠨ ᠲᠠᠶᠠᠭᠠᠷ ᠡᠩᠬᠡ ᠮᠠᠨᠳᠥ ᠵᠢᠷᠭᠠᠬᠤ ᠬᠡᠰᠢᠭ ᠪᠣᠶᠠᠨ ᠢ ᠭᠤᠶᠣᠨ᠎ᠠ ᠪᠢ ᠬᠦᠳᠡᠭᠡ ᠳᠤ ᠪᠠᠶᠢᠬᠤ ᠲᠠᠪᠣᠨ ᠬᠤᠰᠢᠭᠤ ᠮᠠᠯ ᠤᠨ ᠬᠡᠰᠢᠭ ᠪᠣᠶᠠᠨ ᠢ ᠭᠤᠶᠣᠨ᠎ᠠ ᠪᠢ ᠵᠣᠭᠳᠣᠷ ᠶᠡᠬᠡᠳᠦ ᠪᠣᠣᠷ᠎ᠠ ᠶᠢᠨ ᠬᠡᠰᠢᠭ ᠪᠣᠶᠠᠨ ᠢ ᠭᠤᠶᠣᠨ᠎ᠠ ᠪᠢ ᠲᠠᠭᠤ ᠶᠡᠬᠡᠳᠦ ᠪᠣᠬ᠎ᠠ ᠶᠢᠨ ᠬᠡᠰᠢᠭ ᠪᠣᠶᠠᠨ ᠢ ᠭᠤᠶᠣᠨ᠎ᠠ ᠪᠢ ᠲᠠᠯ ᠰᠠᠶᠢᠳᠠᠢ ᠠᠵᠢᠷᠭ᠎ᠠ ᠶᠢᠨ ᠬᠡᠰᠢᠭ ᠪᠣᠶᠠᠨ ᠢ ᠭᠤᠶᠣᠨ᠎ᠠ ᠪᠢ ᠲᠠᠯᠠᠩ ᠰᠠᠶᠢᠳᠠᠢ ᠬᠡᠬᠦᠦ ᠦᠨᠢᠶ᠎ᠡ ᠶᠢᠨ ᠬᠡᠰᠢᠭ ᠪᠣᠶᠠᠨ ᠢ ᠭᠤᠶᠣᠨ᠎ᠠ ᠪᠢ ᠰᠡᠷᠡᠭᠡ ᠪᠦᠬᠦᠳᠠᠢ ᠠᠳᠠᠨ ᠤ ᠬᠡᠰᠢᠭ ᠪᠣᠶᠠᠨ ᠢ ᠭᠤᠶᠣᠨ᠎ᠠ ᠪᠢ ᠰᠡᠷᠳᠡᠬᠡᠷ ᠴᠢᠬᠢ ᠲᠠᠢ ᠶᠦᠸᠠᠨᠪᠥᠥ ᠶᠢᠨ ᠬᠡᠰᠢᠭ ᠪᠣᠶᠠᠨ ᠢ ᠭᠤᠶᠣᠨ᠎ᠠ ᠪᠢ ᠰᠢᠯᠢ ᠰᠠᠶᠢᠳᠠᠢ ᠵᠠᠯᠠᠭᠤᠴᠣᠳ ᠤᠨ ᠪᠣᠯᠳᠠᠷᠠᠭᠰᠠᠨ ᠪᠢᠷᠠᠭᠤ ᠶᠢᠨ ᠬᠡᠰᠢᠭ ᠪᠣᠶᠠᠨ ᠢ ᠭᠤᠶᠣᠨ᠎ᠠ ᠪᠢ ᠰᠢᠪᠢᠷᠯᠢᠭ ᠰᠠᠶᠢᠳᠠᠢ ᠪᠠᠷᠢᠴᠣᠳ ᠤᠨ ᠬᠡᠰᠢᠭ ᠪᠣᠶᠠᠨ ᠢ ᠭᠤᠶᠣᠨ᠎ᠠ ᠪᠢ ᠰᠢᠨᠵᠢ ᠰᠠᠶᠢᠳᠠᠢ ᠦᠬᠢᠳ ᠤᠨ ᠬᠡᠰᠢᠭ ᠪᠣᠶᠠᠨ ᠢ ᠭᠤᠶᠣᠨ᠎ᠠ ᠪᠢ ᠣᠷᠣ ᠪᠠᠷ ᠲᠦᠬᠦᠷᠡᠩ ᠦᠬᠢᠳ ᠲᠠᠢ ᠬᠦᠨᠵᠢᠯᠨ ᠪᠠᠷ ᠲᠦᠬᠦᠷᠡᠩ ᠬᠦᠪᠡᠬᠦᠳ ᠤᠨ ᠬᠡᠰᠢᠭ ᠪᠣᠶᠠᠨ ᠢ ᠭᠤᠶᠣᠨ᠎ᠠ ᠪᠢ ᠠᠳᠠᠷᠠᠭ ᠢᠶᠠᠷ ᠲᠦᠬᠦᠷᠡᠩ ᠠᠳᠣᠭᠤ ᠲᠠᠢ ᠬᠤᠳᠣᠭᠤᠷ ᠢᠶᠠᠷ ᠲᠦᠬᠦᠷᠡᠩ ᠬᠤᠨᠢ ᠲᠠᠢ ᠲᠠᠰᠬᠢᠨ᠎ᠠ ᠪᠠᠷ ᠲᠦᠬᠦᠷᠡᠩ ᠲᠡᠮᠡᠭᠡ ᠲᠠᠢ ᠵᠠᠯ᠎ᠠ ᠪᠠᠷ ᠲᠦᠬᠦᠷᠡᠩ ᠦᠬᠡᠷ ᠤᠨ ᠬᠡᠰᠢᠭ ᠪᠣᠶᠠᠨ ᠢ ᠭᠤᠶᠣᠨ᠎ᠠ ᠪᠢ ᠰᠠᠨᠰᠠᠷ ᠶᠡᠬᠡᠳᠡᠢ ᠨᠣᠬᠠᠢ ᠶᠢᠨ ᠬᠡᠰᠢᠭ ᠪᠣᠶᠠᠨ ᠢ ᠭᠤᠶᠣᠨ᠎ᠠ ᠪᠢ ᠲᠠᠯᠳᠠᠷᠠᠭᠰᠠᠨ ᠲᠠᠭ᠎ᠠ ᠶᠢᠨ ᠬᠡᠰᠢᠭ ᠪᠣᠶᠠᠨ ᠢ ᠭᠤᠶᠣᠨ᠎ᠠ ᠪᠢ ᠡᠯᠳᠡᠷᠡᠭᠰᠡᠨ ᠢᠰᠢᠬᠡ ᠶᠢᠨ ᠬᠡᠰᠢᠭ ᠪᠣᠶᠠᠨ ᠢ ᠭᠤᠶᠣᠨ᠎ᠠ ᠪᠢ ᠲᠦᠬᠡᠷᠢᠭᠰᠡᠨ ᠲᠦᠯᠦᠬᠡ ᠶᠢᠨ ᠬᠡᠰᠢᠭ ᠪᠣᠶᠠᠨ ᠢ ᠭᠤᠶᠣᠨ᠎ᠠ ᠪᠢ ᠬᠡᠰᠢᠭ ᠪᠣᠶᠠᠨ ᠢ ᠭᠤᠶᠣᠨ᠎ᠠ ᠪᠢ ᠢᠷ᠎ᠡ︕ ᠢᠷ᠎ᠡ︕ ᠬᠤᠷᠣᠢ︕ ᠬᠤᠷᠣᠢ︕ ᠬᠡᠰᠢᠭ ᠪᠣᠶᠠᠨ ᠢᠷᠡᠪᠡ ᠤᠤ︖ ᠲᠡᠬᠡᠷᠡᠬᠢ ᠭᠠᠯ ᠤᠨ ᠰᠣᠳᠣᠷ ᠢ ᠲᠣᠰ ᠲᠦᠴᠢᠨ ᠤ ᠨᠡᠷ᠎ᠡ ᠬᠦᠨᠳᠦᠳᠦ ᠠᠬᠠᠮᠠᠳ ᠨᠦᠬᠦᠷ ᠴᠠᠳᠠᠨ ᠭᠤᠸᠠᠢ 【23】᠎ ᠠᠴᠠ ᠨᠠᠳᠠ ᠳᠤ ᠦᠭᠬᠦᠭᠰᠡᠨ ᠶᠣᠮ᠃ ᠲᠣᠰ ᠬᠦᠮᠦᠨ ᠤ ᠬᠡᠯᠡᠬᠦ ᠪᠠᠷ᠂ ᠡᠨ᠋ᠨ ᠬᠦ ᠵᠠᠩᠰᠢᠯ ᠪᠣᠯ ᠪᠦᠬᠡ ᠮᠦᠷᠬᠦᠯ ᠠᠴᠠ ᠢᠷᠠᠯᠳᠠ ᠲᠠᠢ ᠪᠦᠬᠡᠳ ᠵᠠᠭᠠᠵᠢ ᠶᠢᠨ ᠲᠦᠴᠢᠨ ᠤ ᠬᠦᠮᠦᠰ ᠡᠪᠦᠭᠡ ᠲᠡᠬᠡᠳᠦᠰ ᠠᠴᠠ ᠪᠠᠨ ᠠᠪᠣᠭᠠᠳ ᠣᠯᠠᠮᠵᠢᠯᠠᠨ ᠵᠢᠷᠣᠮᠯᠠᠵᠣ ᠪᠠᠶᠢᠭᠰᠠᠨ ᠶᠣᠰᠣ ᠬᠡᠨ᠎ᠡ᠃ ᠭᠤᠴᠢᠭᠠᠳ ᠵᠢᠯ ᠤᠨ ᠡᠮᠦᠨ᠎ᠡ ᠵᠠᠭᠠᠵᠢ ᠶᠢᠨ ᠲᠦᠴᠢᠨ ᠤ ᠨᠢᠬᠡ ᠠᠶᠢᠯ ᠤᠨ ᠬᠢᠨ ᠯᠠᠮᠨ ᠵᠠᠯᠠᠵᠣ᠂ ᠯᠠᠮᠨ ᠢᠶᠠᠷ ᠭᠠᠯ ᠢᠶᠠᠨ ᠲᠠᠬᠢᠭᠤᠯᠣᠭᠰᠠᠨ ᠠᠴᠠ ᠭᠠᠯ ᠭᠤᠯᠣᠮᠳᠠ ᠎ ᠪᠠᠨ ᠵᠠᠯᠭᠠᠮᠵᠢᠯᠠᠬᠤ ᠦᠷᠡᠨ ᠦᠬᠡᠢ ᠪᠣᠯᠣᠭᠰᠠᠨ ᠬᠡᠨ᠎ᠡ 【24】᠃ ᠲᠣᠰ ᠰᠣᠳᠣᠷ ᠢ ᠲᠠᠳᠠᠨ ᠤ ᠣᠭ ᠦᠶ᠎ᠡ ᠣᠯᠠᠷᠢᠨ ᠵᠠᠯᠭᠠᠮᠵᠢᠯᠠᠵᠣ ᠢᠷᠡᠭᠰᠡᠨ ᠪᠦᠬᠡᠳ ᠭᠠᠯ ᠲᠠᠬᠢᠬᠤ ᠳᠠᠭᠠᠨ ᠴᠡᠬᠡᠵᠢ ᠪᠠᠷ ᠣᠩᠰᠢᠳᠠᠭ ᠶᠣᠰᠣ ᠲᠠᠢ ᠪᠠᠶᠢᠭᠰᠠᠨ ᠃ ᠣᠭ ᠡᠬᠢ ᠨᠢ ᠰᠣᠶᠣᠯ ᠤᠨ ᠬᠤᠪᠢᠰᠬᠠᠯ ᠤᠨ ᠲᠦᠢᠮᠠᠷ ᠲᠤ ᠣᠷᠣᠭᠰᠠᠨ ᠲᠣᠯᠨ ᠴᠡᠬᠡᠵᠢᠯᠡᠭᠰᠡᠨ ᠢᠶᠠᠨ ᠦᠨᠳᠦᠰᠦᠯᠠᠨ ᠲᠠᠬᠢᠨ ᠪᠠᠭᠤᠯᠭᠠᠵᠣ ᠪᠢᠴᠢᠭᠰᠡᠨ ᠪᠠᠶᠢᠵᠠᠢ᠃ ᠣᠭ ᠡᠬᠢ ᠲᠠᠢ ᠪᠠᠨ ᠶᠠᠮᠠᠷ ᠴᠦ ᠵᠦᠷᠢᠶᠠᠨ ᠦᠬᠡᠢ ᠬᠡᠨ᠎ᠡ᠃ ᠪᠢ ᠲᠣᠰ ᠭᠠᠯ ᠤᠨ ᠰᠣᠳᠣᠷ ᠢ ᠪᠣᠰᠣᠳ ᠮᠣᠩᠭᠤᠯ ᠣᠷᠣᠨ ᠠᠴᠠ ᠣᠯᠳᠠᠭᠰᠠᠨ ᠭᠠᠯ ᠤᠨ ᠰᠣᠳᠣᠷ ᠤᠳ ᠎ ᠲᠠᠢ ᠬᠠᠷᠢᠴᠠᠭᠤᠯᠣᠨ ᠦᠵᠡᠭᠰᠡᠨᠳ᠂ ᠵᠢᠷᠢᠮ ᠤᠨ ᠬᠤᠷᠴᠢᠨ ᠨᠣᠳᠤᠭ ᠠᠴᠠ ᠣᠯᠳᠠᠭᠰᠠᠨ ︽ᠭᠠᠯ ᠲᠠᠬᠢᠬᠤ ᠢᠷᠦᠬᠡᠯ ︾ 【25】᠎ ᠲᠠᠢ ᠶᠡᠭᠡ ᠯᠨ ᠦᠢᠷᠠᠯᠴᠠᠭ᠎ᠠ ᠪᠠᠶᠢᠵᠣ᠂ ᠪᠠᠭ᠎ᠠ ᠯᠨ ᠲᠦᠬᠦᠮᠴᠢᠯᠠᠨ ᠦᠢᠷᠠᠳ ᠤᠨ ᠦᠪᠡᠷ ᠤᠨ ᠬᠢᠨᠢ ᠬᠡᠯᠨ ᠬᠡᠯᠡᠯᠬᠡ ᠳᠤ ᠵᠣᠬᠢᠴᠠᠭᠤᠯᠣᠭᠰᠠᠨ ᠰᠢᠭ᠋ ᠪᠠᠶᠢᠨ᠎ᠠ᠃ ᠡᠨ᠋ᠨ ᠨᠢ ᠸ᠊᠂ ᠡᠾᠠᠶᠢᠰᠰᠢᠭ᠌ ᠪᠠᠭᠰᠢ ᠠᠴᠠ᠄ ︽ᠡᠶᠢᠮᠥ ᠢᠷᠦᠬᠡᠯ ᠤᠳ ᠪᠣᠯ ᠬᠡᠳᠦᠨ ᠵᠠᠭᠤᠨ ᠣᠨ ᠤ ᠲᠡᠷᠳᠡᠭᠡ ᠣᠷᠣᠰᠢᠵᠣ ᠪᠠᠶᠢᠭᠰᠠᠨ ᠨᠢᠬᠡ ᠵᠠᠭᠪᠣᠷ ᠠᠴᠠ ᠡᠬᠦᠰᠦᠯ ᠲᠠᠢ ᠬᠡᠳᠡᠭ ᠢ ᠪᠢᠳᠠ ᠬᠠᠷᠢᠴᠠᠭᠤᠯᠵᠣ᠂ ᠲᠠᠷᠠᠴᠢᠯᠠᠨ ᠶᠠᠮᠠᠷ ᠨᠢᠬᠡᠨ ᠬᠡᠨᠡᠳᠳᠠ ᠶᠢᠨ ᠲᠣᠬᠢᠶᠠᠯᠳᠣᠯ ᠳᠤ ᠪᠠᠷᠢᠭᠳᠠᠯ ᠦᠬᠡᠢ ᠎ ᠪᠠᠷ ᠠᠮᠠᠨ ᠵᠣᠬᠢᠶᠠᠯ ᠤᠨ ᠶᠠᠷᠢᠶ᠎ᠡ ᠬᠡᠯᠡᠯᠬᠡ ᠪᠣᠯᠣᠨ ᠪᠦᠳᠦᠴᠨ ᠶᠢᠨ ᠠᠳᠠᠯᠢᠬᠠᠨ ᠪᠦᠷᠢᠯᠳᠦᠬᠦᠨ ᠲᠠᠢ ᠬᠠᠷᠢᠴᠠᠭᠤᠯᠵᠣ ᠦᠵᠡᠵᠣ ᠪᠠᠶᠢᠭᠠᠳ ᠮᠠᠳᠠᠵᠣ ᠪᠣᠯᠣᠨ᠎ᠠ︾ 【26】 ᠬᠡᠮᠡᠭᠰᠡᠨ ᠮᠡᠷᠬᠡᠨ ᠰᠠᠨᠠᠯ ᠢ ᠪᠣᠳᠣᠭᠳᠠᠭᠤᠯᠣᠨ᠎ᠠ᠃ ᠬᠡᠬᠦ ᠎ ᠳᠡᠭᠡᠨ ᠬᠤᠷᠴᠢᠨ ᠤ ᠭᠠᠯ ᠲᠠᠬᠢᠬᠤ ᠢᠷᠦᠬᠡᠯ ᠲᠠᠢ ᠢᠩᠬᠢᠵᠥ ᠠᠳᠠᠯᠢᠬᠠᠨ ᠪᠠᠶᠢᠭ᠎ᠠ ᠨᠢ ᠲᠡᠦᠬᠡᠨ ᠦᠨᠳᠦᠰᠦ ᠲᠠᠢ ᠶᠣᠮ᠃ ᠬᠤᠱᠣᠳ ᠪᠣᠯᠣᠨ ᠬᠤᠷᠴᠢᠨ ᠪᠣᠯ ᠭᠠᠷᠣᠯ ᠨᠢᠬᠡᠳᠡᠢ᠃ ᠪᠦᠷ ᠴᠢᠩᠬᠢᠰ ᠤᠨ ᠲᠡᠬᠦᠦ ᠬᠠᠪᠣᠳᠣ ᠬᠠᠰᠠᠷ ᠤᠨ ᠣᠣᠭᠠᠨ ᠠᠯᠪᠠᠳᠣ ᠪᠣᠯᠬᠤ ᠶᠣᠮ᠃ ᠬᠤᠵᠢᠮ ᠠᠭᠰᠠᠭᠠᠯᠳᠠᠢ ᠶᠢᠨ ᠬᠦᠪᠡᠬᠦᠨ ᠠᠷᠣᠭᠳᠠᠮᠣᠷ᠂ ᠦᠷᠦᠭᠳᠡᠮᠦᠷ ᠤᠨ ᠦᠶ᠎ᠡ ᠰᠠᠯᠵᠣ᠂ ᠦᠷᠦᠭᠳᠡᠮᠦᠷ ᠨᠢᠬᠡ ᠬᠡᠰᠡᠭ ᠬᠠᠷᠢᠶᠠᠳᠣ ᠪᠠᠨ ᠲᠠᠭᠠᠭᠤᠯᠣᠨ ᠦᠢᠷᠠᠳ ᠤᠨ ᠬᠤᠯᠪᠣᠭᠠᠨ ᠳᠤ ᠣᠷᠣᠯᠴᠠᠵᠣ ︽ᠬᠤᠱᠣᠳ︾ ᠴᠣᠯᠨ ᠲᠠᠢ ᠪᠣᠯᠵᠠᠢ 【27】᠃ ᠡᠶᠢᠮᠥ ᠠᠴᠠ ᠭᠠᠯ ᠲᠠᠬᠢᠯᠭ᠎ᠠ ᠶᠢᠨ ᠰᠣᠳᠣᠷ ᠠᠳᠠᠯᠢ ᠪᠠᠶᠢᠭ᠎ᠠ ᠨᠢ ᠰᠣᠨᠢᠨ ᠣᠴᠢᠷ ᠪᠢᠰᠢ ᠪᠠᠶᠢᠭ᠎ᠠ ᠶᠣᠮ᠃ ᠡᠷᠳᠠᠨ ᠦᠶ᠎ᠡ ᠳᠤ ᠭᠠᠯ ᠲᠠᠬᠢᠯᠭ᠎ᠠ ᠶᠢᠨ ᠰᠣᠳᠣᠷ ᠪᠣᠶᠣ ᠦᠴᠢᠭ ᠨᠢ ᠴᠢᠩᠬᠢᠰ ᠤᠨ ᠠᠯᠳᠠᠨ ᠣᠷᠣᠭᠳᠠᠨ ᠤ ᠭᠠᠯ ᠭᠤᠯᠣᠮᠳᠠ ᠤᠨ ᠦᠴᠢᠭ ᠪᠠ ᠬᠠᠷᠠᠴᠣ ᠠᠷᠠᠳ ᠤᠨ ᠭᠤᠯᠣᠮᠳᠠ ᠲᠠᠬᠢᠬᠤ ᠦᠴᠢᠭ ᠬᠡᠮᠡᠨ ᠬᠤᠶᠠᠷ ᠵᠦᠢᠯ ᠪᠠᠶᠢᠭᠰᠠᠨ ᠪᠠᠶᠢᠨ᠎ᠠ 【28】᠃ ᠬᠤᠱᠣᠳ ᠤᠨ ᠵᠠᠭᠠᠵᠢ ᠎ ᠶᠢᠨ ᠭᠠᠯ ᠲᠠᠬᠢᠯᠭ᠎ᠠ ᠨᠢ ᠵᠠᠷᠢᠮ ᠲᠠᠯ᠎ᠠ ᠪᠠᠷ ᠨᠠᠯᠢᠶᠠᠳ ᠡᠷᠳᠠᠨ ᠤ ᠶᠣᠰᠣ ᠪᠠᠨ ᠣᠭ ᠬᠡᠪ ᠢᠶᠠᠷ ᠨᠢ ᠬᠠᠳᠠᠭᠠᠯᠠᠵᠣ ᠪᠠᠶᠢᠭ᠎ᠠ ᠰᠢᠭ᠋ ᠪᠠᠶᠢᠨ᠎ᠠ᠃ ᠡᠬᠦᠨ ᠲᠠᠢ ᠬᠤᠯᠪᠣᠭᠳᠠᠭᠤᠯᠣᠨ ᠪᠢᠳᠠ ᠵᠠᠭᠠᠵᠢ ᠬᠡᠳᠡᠭ ᠪᠣᠯ ᠨᠠᠯᠢᠶᠠᠳ ᠡᠷᠳᠠᠨ ᠤ ᠣᠪᠣᠭ ᠶᠠᠰᠣᠳᠠᠨ ᠪᠣᠯᠬᠤ ᠶᠢ ᠲᠠᠭᠠᠮᠠᠭᠯᠠᠨ ᠪᠣᠳᠣᠵᠣ ᠪᠣᠯᠬᠤ ᠶᠤᠮ᠃ ᠪᠠᠭᠴᠠᠯᠠᠪᠠᠯ᠂ ᠮᠣᠩᠭᠤᠯᠴᠣᠳ ᠤᠨ ᠣᠯᠠᠨ ᠠᠶᠢᠮᠠᠭ ᠤᠳ ᠤᠨ ᠭᠠᠯ ᠲᠠᠬᠢᠬᠤ ᠵᠠᠩ ᠵᠠᠩᠰᠢᠯ ᠶᠡᠭᠡ ᠲᠦᠯᠦᠪ ᠠᠳᠠᠯᠢ ᠪᠠᠶᠢᠭ᠎ᠠ ᠪᠣᠯᠪᠠᠴᠥ ᠨᠠᠷᠢᠪᠴᠢᠯᠠᠨ ᠰᠢᠨᠵᠢᠬᠦ ᠳᠤ ᠵᠦᠷᠢᠶᠠᠨ ᠲᠠᠢ ᠵᠦᠢᠯ ᠪᠠᠰᠨ ᠪᠠᠭ᠎ᠠ ᠦᠬᠡᠢ ᠪᠠᠶᠢᠳᠠᠭ ᠠᠵᠣᠭᠤ᠃ ᠡᠨ᠋ᠨ ᠨᠢ ᠣᠷᠴᠢᠨ ᠲᠣᠭᠤᠷᠢᠨ ᠤ ᠨᠦᠯᠦᠬᠡ ᠪᠠᠶᠢᠬᠤ ᠠᠴᠠ ᠭᠠᠳᠠᠨ᠎ᠠ ᠰᠢᠷ᠎ᠠ ᠶᠢᠨ ᠱᠠᠰᠢᠨ ᠮᠣᠩᠭᠤᠯ ᠳᠤ ᠲᠡᠯᠬᠡᠷᠡᠭᠰᠡᠨ ᠲᠠᠢ ᠰᠢᠭᠤᠳ ᠬᠠᠷᠢᠴᠠᠭ᠎ᠠ ᠲᠠᠢ ᠣᠯᠠᠩᠬᠢ ᠮᠣᠩᠭᠤᠯᠴᠣᠳ ᠰᠢᠷ᠎ᠠ ᠶᠢᠨ ᠱᠠᠰᠢᠨ ᠤ ᠨᠦᠯᠦᠬᠡ ᠪᠠᠷ ︽ᠭᠠᠯ ᠢᠶᠠᠨ ᠰᠢᠷ᠎ᠡ ᠪᠠᠷ ᠲᠠᠬᠢᠬᠤ︾ 【29】 ᠪᠣᠯᠣᠭᠰᠠᠨ ᠴᠦ ᠵᠠᠭᠠᠵᠢ ᠮᠠᠳᠣ ᠶᠢᠨ ᠣᠭ ᠶᠣᠰᠣ ᠪᠠᠷ ᠢᠶᠠᠨ ᠭᠠᠯ ᠎ ᠢᠶᠠᠨ ᠲᠠᠬᠢᠳᠠᠭ ᠣᠪᠣᠭ ᠶᠠᠰᠣᠳᠠᠨ ᠴᠦ ᠴᠦᠬᠡᠨ ᠦᠬᠡᠢ᠃ ᠲᠡᠶᠢᠯᠪᠥᠷᠢ ᠵᠡᠬᠦᠯᠳᠠ᠄ 【1】 ᠴ᠊᠂ ᠲᠠᠯᠠᠢ᠄ ︽ᠮᠣᠩᠭᠤᠯ ᠤᠨ ᠪᠦᠬᠡ ᠮᠦᠷᠬᠦᠯ︾᠎ ᠤᠨ ᠲᠣᠪᠴᠢ ᠲᠡᠦᠬᠡ ᠳᠤ᠃ 【2】 ᠲᠣᠷᠵᠢ᠂ ᠪᠠᠨᠵᠠᠷᠣᠸ᠋᠄ ︽ᠬᠠᠷ᠎ᠠ ᠶᠢᠨ ᠱᠠᠰᠢᠨ ᠪᠠ ᠮᠣᠩᠭᠤᠯ ᠤᠨ ᠪᠦᠬᠡ ᠮᠦᠷᠬᠦᠯ︾᠂ 载蒙古史研究参考资料》第十七辑,1965年3月, 内蒙古大学历史研究室编印。 【3】 ᠴ᠊᠂ ᠲᠠᠯᠠᠢ ᠶᠢᠨ ᠨᠣᠮ᠃ ᠯ᠊᠂ ᠬᠤᠷᠴᠠᠪᠠᠭᠠᠳᠣᠷ᠂ ᠴ᠊᠂ ᠦᠵᠦᠮ᠎ᠠ᠄ ︽ᠮᠣᠩᠭᠤᠯ ᠤᠨ ᠪᠦᠬᠡ ᠮᠦᠷᠬᠦᠯ ᠤᠨ ᠲᠠᠶᠢᠯᠭ᠎ᠠ ᠲᠠᠬᠢᠯᠭ᠎ᠠ ᠶᠢᠨ ᠰᠣᠶᠣᠯ︾᠂ ᠦᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠡ᠂ 1991 ᠣᠨ᠂ 1 ᠳ᠋ᠣᠬᠡᠷ ᠨᠢᠭᠤᠷ᠃ ᠪᠠᠰᠨ ᠰᠠᠶᠢᠨᠵᠢᠷᠭᠠᠯ᠄ ︽ᠮᠣᠩᠭᠤᠯᠴᠣᠳ ᠤᠨ ᠭᠠᠯ ᠲᠠᠬᠢᠯᠭ᠎ᠠ ᠶᠢᠨ ᠰᠣᠶᠣᠯ︾᠂ ︽ᠦᠪᠦᠷ ᠮᠣᠩᠭᠤᠯ ᠤᠨ ᠨᠠᠶᠢᠬᠡᠮ ᠤᠨ ᠰᠢᠨᠵᠢᠯᠡᠬᠦ ᠣᠬᠠᠭᠠᠨ︾᠂ 1995 ᠣᠨ ᠤ ᠵᠢᠷᠭᠤᠳᠣᠭᠠᠷ ᠬᠤᠭᠤᠴᠠᠭ᠎ᠠ᠃ ᠵᠢᠮᠪᠠ᠄ ︽ᠮᠣᠩᠭᠤᠯᠴᠣᠳ ᠤᠨ ᠭᠠᠯ ᠤᠨ ᠰᠢᠳᠥᠯᠬᠡ︾᠂ ︽ᠦᠪᠦᠷ ᠮᠣᠩᠭᠤᠯ ᠤᠨ ᠨᠠᠶᠢᠬᠡᠮ ᠤᠨ ᠰᠢᠨᠵᠢᠯᠡᠬᠦ ᠣᠬᠠᠭᠠᠨ︾᠂ 1991 ᠣᠨ ᠤ ᠨᠢᠬᠡᠳᠦᠬᠡᠷ ᠬᠤᠭᠤᠴᠠᠭ᠎ᠠ᠃ 【4】林翰著《匈奴史》,内蒙古人民出版社,1979年。 ᠯᠢᠨ ᠭᠠᠨ᠄ ︽ᠲᠦᠷᠬᠦᠳ ᠤᠨ ᠲᠡᠦᠬᠡ︾᠂ ᠮᠣᠩᠭᠤᠯ ᠣᠷᠴᠢᠭᠤᠯᠭ᠎ᠠ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1998 ᠣᠨ᠂ 283 ᠳ᠋ᠣᠭᠠᠢ ᠨᠢᠭᠤᠷ᠃ ︽ᠪᠦᠬᠦᠳᠠ ᠨᠠᠶᠢᠷᠠᠮᠳᠠᠬᠤ ᠮᠣᠩᠭᠤᠯ ᠠᠷᠠᠳ ᠣᠯᠣᠰ ᠤᠨ ᠲᠡᠦᠬᠡ︾᠂ ᠲᠡᠬᠡᠳᠦ ᠲᠡᠪᠳᠡᠷ᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1986 ᠣᠨ᠃ 【5】 ᠰᠠᠶᠢᠨᠵᠢᠷᠭᠠᠯ ᠤᠨ ᠦᠬᠦᠯᠡᠯ᠃ ᠵᠢᠮᠪᠠ ᠶᠢᠨ ᠦᠬᠦᠯᠡᠯ ᠳᠤ ᠦᠵᠨ᠃ 【6】 ᠫᠠᠯᠠᠨ ᠺᠠᠷᠫᠢᠨ᠂ ᠸᠢᠯᠢᠶᠠᠮ ᠷᠦᠪᠷᠦᠭ ︽ᠮᠣᠩᠭᠤᠯ ᠳᠤ ᠵᠢᠭᠤᠯᠴᠢᠯᠠᠭᠰᠠᠨ ᠲᠡᠮᠳᠡᠭᠯᠡᠯ︾᠂ ᠦᠪᠦᠷ ᠮᠣᠩᠭᠤᠯ ᠤᠨ ᠰᠣᠷᠭᠠᠨ ᠬᠦᠮᠦᠵᠢᠯ ᠤᠨ ᠬᠡᠪᠯᠡᠯ ᠤᠨ ᠬᠤᠷᠢᠶ᠎ᠡ᠂ 1983 ᠣᠨ᠂ 64 — 69 ᠳ᠋ᠣᠬᠡᠷ ᠨᠢᠭᠤᠷ᠂ 279᠂ 512 ᠳ᠋ᠣᠭᠠᠷ ᠨᠢᠭᠤᠷ᠃ 【7】 ᠰᠠᠶᠢᠨᠵᠢᠷᠭᠠᠯ ᠤᠨ ᠡᠮᠦᠨ᠎ᠡ ᠦᠬᠦᠯᠡᠭᠰᠡᠨ ᠵᠣᠬᠢᠶᠠᠯ ᠳᠤ᠃ 【8】 ᠬᠠ᠊᠂ ᠨᠠᠴᠢᠨ᠄ ︽ᠣᠩᠨᠢᠭᠤᠳ ᠤᠨ ᠭᠠᠯ ᠲᠠᠬᠢᠬᠤ ᠶᠣᠰᠣᠨ︾᠂ ︽ᠪᠣᠭᠤᠳᠣ ᠶᠢᠨ ᠣᠴᠢ︾ 1987 ᠣᠨ ᠤ ᠨᠢᠬᠡᠳᠦᠬᠡᠷ ᠬᠤᠭᠤᠴᠠᠭ᠎ᠠ᠃ ᠴᠦᠢᠳᠠᠷ᠄ ︽ᠦᠦᠰᠢᠨ ᠮᠣᠩᠭᠤᠯᠴᠣᠳ ᠤᠨ ᠭᠠᠯ ᠲᠠᠬᠢᠬᠤ ᠵᠠᠩᠰᠢᠯ︾᠂ ︽ᠠᠯᠳᠠᠨ ᠭᠠᠨᠳᠠᠷᠢ︾᠂ 1988 ᠣᠨ ᠤ ᠲᠠᠪᠣᠳᠣᠭᠠᠷ ᠬᠤᠭᠤᠴᠠᠭ᠎ᠠ ᠳᠤ᠃ ᠷᠠᠪᠬᠠᠬᠤᠳᠽᠠᠷ᠄ ︽ᠣᠩᠨᠢᠭᠤᠳ ᠤᠨ ᠵᠠᠩ ᠦᠢᠯᠨ︾ ᠬᠡᠬᠦ ᠨᠣᠮ ᠳᠠᠬᠢ ᠭᠠᠯᠰᠠᠩᠨᠢᠮ᠎ᠠ᠂ ᠨᠠᠰᠣᠨ ᠨᠠᠷ ᠤᠨ ︽ᠣᠩᠨᠢᠭᠤᠳ ᠤᠨ ᠭᠠᠯ ᠲᠠᠬᠢᠯᠭ᠎ᠠ︾᠎ ᠳᠤ᠂ ᠦᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠡ᠂ 1998 ᠣᠨ᠃ ᠨᠠᠷᠠᠰᠣ᠂ ᠠᠯᠮᠠᠰ᠄ ︽ᠣᠷᠠᠳ ᠤᠨ ᠵᠠᠩ ᠠᠭᠠᠯᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1994 ᠣᠨ᠂ 202 — 214 ᠳ᠋ᠣᠬᠡᠷ ᠨᠢᠭᠤᠷ᠃ ᠳ᠋᠊᠂ ᠴᠠᠭᠠᠨ᠄ ︽ᠰᠦᠨᠢᠳ ᠤᠨ ᠵᠠᠩ ᠠᠭᠠᠯᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠎ ᠤᠨ ᠬᠤᠷᠢᠶ᠎ᠡ᠂ 1992 ᠣᠨ᠂ 128 — 130 ᠳ᠋ᠣᠭᠠᠷ ᠨᠢᠭᠤᠷ᠃ 【9】 ᠭᠠ᠊᠂ ᠪᠣᠶᠠᠨᠳᠣ᠂ ᠶᠢᠨ ᠱᠠᠨ᠄ ︽ᠪᠠᠭᠠᠷᠢᠨ ᠤ ᠭᠠᠯ ᠲᠠᠬᠢᠯᠭ᠎ᠠ ᠶᠢᠨ ᠲᠣᠬᠠᠢ︾᠂ ︽ᠵᠣᠣ ᠣᠳᠠ ᠶᠢᠨ ᠮᠣᠩᠭᠤᠯ ᠦᠨᠳᠦᠰᠦᠳᠠᠨ ᠤ ᠪᠠᠭᠰᠢ ᠶᠢᠨ ᠲᠣᠰᠬᠠᠢ ᠮᠡᠷᠬᠡᠵᠢᠯ ᠤᠨ ᠰᠣᠷᠭᠠᠭᠤᠯᠢ︾᠂ 1998 ᠣᠨ ᠤ ᠲᠦᠷᠪᠡᠳᠦᠬᠡᠷ ᠬᠤᠭᠤᠴᠠᠭ᠎ᠠ᠃ ᠰᠠᠮᠫᠢᠯᠨᠣᠷᠪᠦ᠄ ︽ᠬᠡᠰᠢᠭᠳᠡᠨ ᠨᠣᠳᠤᠭ ᠤᠨ ᠴᠠᠭᠠᠨ ᠰᠠᠷ᠎ᠠ︾᠂ ︽ᠪᠣᠭᠤᠳᠣ ᠶᠢᠨ ᠣᠴᠢ︾᠂ 1982 ᠣᠨ ᠤ ᠲᠣᠯᠣᠳᠣᠭᠠᠷ ᠬᠤᠭᠤᠴᠠᠭ᠎ᠠ᠃ ᠬᠦᠷᠡᠯᠪᠠᠭᠠᠳᠣᠷ᠂ ᠣᠷᠠᠨᠴᠢᠮᠡᠭ᠄ ︽ᠬᠤᠷᠴᠢᠨ ᠤᠨ ᠵᠠᠩ ᠠᠭᠠᠯᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1988 ᠣᠨ᠂ 247 — 248 ᠳ᠋ᠣᠭᠠᠷ ᠨᠢᠭᠤᠷ᠃ 【10】 ᠯᠣᠪᠰᠠᠩᠴᠥᠶᠢᠳᠠᠨ᠄ ︽ᠮᠣᠩᠭᠤᠯ ᠤᠨ ᠵᠠᠩ ᠠᠭᠠᠯᠢ ᠶᠢᠨ ᠦᠢᠯᠠᠪᠥᠷᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1981 ᠣᠨ᠂ 127 — 129 ᠳ᠋ᠣᠬᠡᠷ ᠨᠢᠭᠤᠷ᠃ ᠣᠷᠳᠣ᠄ ︽ᠴᠠᠬᠠᠷ ᠨᠣᠳᠤᠭ ᠤᠨ ᠣᠯᠠᠮᠵᠢᠯᠠᠯᠳᠣ ᠰᠢᠨᠡᠯᠡᠬᠦ ᠶᠣᠰᠣ︾᠂ ︽ᠪᠣᠭᠤᠳᠣ ᠶᠢᠨ ᠣᠴᠢ︾᠂ 1987 ᠣᠨ ᠤ ᠨᠢᠬᠡᠳᠦᠬᠡᠷ ᠬᠤᠭᠤᠴᠠᠭ᠎ᠠ᠃ 【11】 ᠨᠠᠮᠵᠢᠯ᠄ ︽ᠣᠷᠳᠣᠰ ᠤᠨ ᠭᠠᠯ ᠲᠠᠬᠢᠯᠭ᠎ᠠ ᠶᠢᠨ ᠲᠣᠬᠠᠢ︾᠂ ︽ᠪᠣᠭᠤᠳᠣ ᠶᠢᠨ ᠣᠴᠢ︾᠂ 1982 ᠣᠨ ᠤ ᠲᠣᠯᠣᠳᠣᠭᠠᠷ ᠬᠤᠭᠤᠴᠠᠭ᠎ᠠ᠃ ᠰᠠᠭᠷᠠᠵᠠᠪ᠂ ᠡᠣ ᠶᠢᠨ ᠪᠣᠣ᠄ ︽ᠮᠣᠩᠭᠤᠯᠵᠢᠨ ᠵᠠᠩ ᠲᠠᠳᠬᠠᠯ︾᠂ ᠦᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠡ᠂ 1993 ᠣᠨ᠂ 492 — 496 ᠳ᠋ᠣᠭᠠᠷ ᠨᠢᠭᠤᠷ᠃ 【12】 ᠰᠡᠴᠡᠨᠮᠦ᠋ᠩᠬᠡ᠄ ︽ᠦᠢᠷᠠᠳ ᠤᠨ ᠲᠠᠶᠢᠯᠠᠯᠭ᠎ᠠ ᠶᠣᠰᠣᠯᠠᠯ ᠤᠨ ᠵᠠᠩ ᠦᠢᠯᠨ ᠵᠢᠴᠢ ᠲᠡᠬᠦᠨ ᠳᠤ ᠬᠤᠯᠪᠣᠭᠳᠠᠬᠤ ᠢᠷᠦᠬᠡᠯ ᠮᠠᠭᠳᠠᠭᠠᠯ ᠤᠨ ᠲᠣᠬᠠᠢ︾᠂ ︽ᠪᠠᠷᠠᠭᠤᠨ ᠬᠤᠶᠢᠳᠣ ᠶᠢᠨ ᠦᠨᠳᠦᠰᠦᠳᠠᠨ ᠤ ᠲᠡᠬᠡᠳᠦ ᠰᠣᠷᠭᠠᠭᠤᠯᠢ ᠶᠢᠨ ᠡᠷᠳᠠᠮ ᠰᠢᠨᠵᠢᠯᠡᠬᠡᠨ ᠤ ᠰᠡᠳᠬᠦᠯ︾᠂ 1992 ᠣᠨ ᠤ ᠨᠢᠬᠡᠳᠦᠬᠡᠷ ᠬᠤᠭᠤᠴᠠᠭ᠎ᠠ᠂ ᠰᠠᠷᠠᠨᠬᠡᠷᠡᠯ ᠄ ︽ᠲᠡᠬᠡᠳᠦ ᠮᠣᠩᠭᠤᠯ ᠤᠨ ᠵᠠᠩ ᠠᠭᠠᠯᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1990 ᠣᠨ᠂ 99 — 102 ᠳ᠋ᠣᠭᠠᠷ ᠨᠢᠭᠤᠷ᠃ ᠰᠦᠩᠷᠦᠪ᠂ ᠰᠠᠴᠠᠨᠪᠢᠯᠢᠭ᠌᠂ ︽ᠠᠯᠠᠱᠠᠨ ᠤ ᠵᠠᠩ ᠠᠭᠠᠯᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1983 ᠣᠨ᠂ 179 — 190 ᠳ᠋ᠣᠬᠡᠷ ᠨᠢᠭᠤᠷ᠃ 【13】 ᠪᠣᠶᠠᠨᠬᠡᠰᠢᠭ᠄ ︽ᠪᠠᠭᠠᠷᠢᠨ ᠤ ᠵᠠᠩ ᠠᠭᠠᠯᠢ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1999 ᠣᠨ᠂ 198 — 201 ᠳ᠋ᠣᠬᠡᠷ ᠨᠢᠭᠤᠷ᠃ ᠣᠯᠠᠭᠠᠨᠴᠡᠴᠡᠭ᠄ ︽ᠪᠠᠭᠠᠷᠢᠨᠴᠣᠳ ᠤᠨ ᠭᠠᠯ ᠲᠠᠬᠢᠯᠭ᠎ᠠ︾᠂ ︽ᠦᠨᠢᠷ ᠴᠡᠴᠡᠭ︾᠂ 1989 ᠣᠨ ᠤ ᠠᠷᠪᠠᠨ ᠨᠢᠬᠡᠳᠦᠬᠡᠷ ᠬᠤᠭᠤᠴᠠᠭ᠎ᠠ᠃ 【14】 ᠪᠠᠶᠠᠨᠳᠡᠬᠦᠰ᠄ ︽ᠬᠡᠰᠢᠭᠳᠡᠨ ᠮᠣᠩᠭᠤᠯᠴᠣᠳ ᠤᠨ ᠵᠠᠩ ᠠᠭᠠᠯᠢ︾᠂ ᠦᠪᠦᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ ᠮᠡᠷᠬᠡᠵᠢᠯ ᠤᠨ ᠬᠡᠪᠯᠡᠯ ᠤᠨ ᠬᠤᠷᠢᠶ᠎ᠡ᠂ 1996 ᠤᠨ᠂ 24 — 30 ᠳ᠋ᠤᠭᠠᠷ ᠨᠢᠭᠤᠷ᠂ ᠰᠠᠮᠫᠢᠯᠨᠤᠷᠪᠤ 《 ᠮᠤᠩᠭᠤᠯ ᠤᠨ ᠵᠠᠩ ᠠᠭᠠᠯᠢ ᠶᠢᠨ ᠳᠤᠶᠢᠮᠤ 》᠂ ᠯᠢᠶᠤᠤᠨᠢᠩ ᠤᠨ ᠦᠠᠳᠤᠰᠤᠳᠠᠨ ᠤ ᠬᠡᠪᠯᠠᠯ ᠤᠨ ᠬᠤᠷᠢᠶ᠎ᠠ᠂ 1990᠃ ᠮᠦᠡᠭᠭᠡ᠄ 《 ᠤᠷᠠᠳ ᠨᠤᠳᠤᠭ ᠤᠨ ᠭᠠᠯ ᠳᠠᠬᠢᠬᠤ 》᠂ 《 ᠪᠤᠭᠤᠳᠥ ᠶᠢᠨ ᠤᠴᠢ 》᠂ 1982 ᠤᠨ ᠤ ᠨᠠᠶᠢᠮᠠᠳᠥᠭᠠᠷ ᠬᠤᠭᠤᠴᠠᠭ᠎ᠠ᠃ 【15】 ᠠᠯᠳᠠᠠᠴᠢᠮᠡᠭ᠄ 《 ᠤᠶᠢᠷᠠᠳᠴᠣᠤᠨ ᠤᠨ ᠭᠠᠯ ᠰᠢᠳᠥᠯᠬᠡ ᠶᠢᠨ ᠵᠠᠷᠢᠮ ᠤᠠᠴᠠᠯᠢᠭ 》᠂ 《 ᠤᠶᠢᠷᠠᠳ ᠤᠨ ᠰᠤᠳᠤᠯᠤᠯ 》᠂ 1995 ᠤᠨ ᠤ ᠭᠤᠷᠪᠡᠳᠤᠭᠠᠷ ᠬᠤᠭᠤᠴᠠᠭ᠎ᠠ ᠳᠤ ᠃ ᠰᠢᠡᠵᠢᠶᠠᠩ ᠤᠨ ᠠᠯᠳᠠᠢ ᠶᠢᠨ ᠮᠤᠩᠭᠤᠯᠴᠥᠥᠨ ᠤᠨ ᠭᠠᠯ ᠢᠶᠠᠨ ᠳᠠᠬᠢᠬᠤ ᠴᠠᠭ ᠨᠢ ᠨᠠᠩ ᠴᠤ ᠦᠪᠡᠷᠮᠢᠴᠨ ᠪᠠᠶᠢᠳᠠᠭ᠃ ᠳᠠᠳᠠ ᠵᠤᠨ ᠤ ᠡᠬᠢᠨ ᠪᠤᠶᠤ ᠳᠤᠮᠳᠠ ᠰᠠᠷ᠎ᠠ ᠶᠢᠨ 1᠂ 3᠂ 7᠂ 8᠂ 18᠂ 28 ᠬᠡᠬᠦ ᠡᠳᠥᠷ ᠤᠨ ᠨᠢᠬᠡ ᠶᠢ ᠰᠤᠩᠭᠤᠳᠠᠭ ᠰᠦ᠊᠂ ᠨᠠᠶᠠᠠᠳᠠᠢ᠄ 《 ᠠᠯᠳᠠᠢ ᠤᠷᠢᠶᠠᠩᠬᠠᠢ ᠶᠢᠨ ᠭᠠᠯ ᠳᠠᠬᠢᠬᠤ ᠶᠤᠰᠤᠨ 》᠂ 《 ᠤᠶᠢᠷᠠᠳ ᠤᠨ ᠰᠤᠳᠤᠯᠤᠯ 》᠂ 1998 ᠤᠨ ᠤ ᠬᠤᠶᠠᠳᠤᠭᠠᠷ ᠬᠤᠭᠤᠴᠠᠭ᠎ᠠ︶᠃ 【16】 ᠪᠤᠯᠠᠭ᠄ 《 ᠮᠤᠩᠭᠤᠯᠴᠤᠤᠨ ᠤᠨ ᠭᠠᠯ ᠳᠠᠬᠢᠯᠭ᠎ᠠ ᠶᠢᠨ ᠰᠤᠳᠤᠷ ᠤᠷᠤᠰᠢᠪᠠᠢ 》᠂ ᠦᠪᠤᠷ ᠮᠤᠩᠭᠤᠯ ᠤᠨ ᠠᠷᠠᠳ ᠤᠨ ᠬᠡᠪᠯᠡᠯ ᠎ ᠤᠨ ᠬᠤᠷᠢᠶ᠎ᠠ᠂ 1993 ᠤᠨ᠂ 586 ᠳ᠋ᠤᠭᠠᠷ ᠨᠢᠭᠤᠷ ᠲᠤ᠂ ᠰᠠᠴᠠᠠᠮᠦᠩᠭᠡ ᠶᠢᠨ ᠡᠮᠤᠨ᠎ᠠ ᠦᠬᠦᠯᠡᠭᠰᠠᠨ ᠵᠤᠬᠢᠶᠠᠯ 《 ᠤᠶᠢᠷᠠᠳ ᠤᠨ ᠳᠠᠶᠢᠯᠠᠯᠭ᠎ᠠ ᠶᠢᠨ ᠶᠤᠰᠤᠯᠠᠯ ᠤᠨ ᠵᠠᠩ ᠤᠶᠢᠯᠠ ᠵᠢᠴᠢ ᠳᠠᠬᠦᠨ ᠳᠤ ᠬᠤᠯᠪᠤᠠᠠᠳᠠᠬᠤ ᠢᠷᠤᠬᠡᠯ ᠮᠬᠠᠳᠠᠭᠠᠯ ᠤᠨ ᠳᠤᠬᠠᠢ 》᠎ ᠤᠨ ᠳᠤᠳᠤᠷᠠᠬᠢ ᠤᠶᠢᠷᠠᠳ ᠤᠨ ᠭᠠᠯ ᠳᠠᠶᠢᠬᠤ ᠵᠠᠩᠰᠢᠯ ᠢ ᠰᠤᠩᠭᠤᠨ ᠠᠰᠢᠠᠠᠯᠠᠬᠤ ᠎ ᠳᠠᠭᠠᠨ 《 ᠰᠢᠡᠵᠢᠶᠠᠩ ᠤᠶᠢᠷᠠᠳ ᠮᠤᠩᠭᠤᠯᠴᠤᠤᠨ ᠤᠨ ᠭᠠᠯ ᠳᠠᠬᠢᠯᠭ᠎ᠠ ᠶᠢᠨ ᠶᠤᠰᠤᠨ 》 ︵ᠬᠤᠶᠠᠷ︶ ᠬᠡᠮᠠᠨ ᠪᠢᠴᠢᠭᠰᠡᠨ ᠶᠡᠭᠡ ᠯᠠ ᠪᠤᠷᠤᠭᠤ ᠪᠤᠯᠵᠠᠢ᠃ ᠦᠨᠠᠳᠠᠬᠡᠨ ᠰᠠᠴᠠᠠᠮᠦᠩᠭᠡ ᠶᠢᠨ ᠪᠢᠴᠢᠩᠰᠠᠨ ᠨᠢ ᠠᠯᠠᠱᠠᠨ ᠪᠤᠯᠤᠨ ᠬᠦᠬᠡᠨᠠᠭᠤᠷ ᠤᠨ ᠤᠶᠢᠷᠠᠳ ᠪᠦᠯᠤᠬᠡ᠃ ᠢᠡᠭᠭᠢᠭᠰᠡᠨ ᠠᠴᠠ ᠵᠠᠷᠢᠮ ᠬᠦᠮᠤᠨ ᠠᠯᠠᠱᠠᠨ᠂ ᠬᠦᠬᠡᠨᠠᠭᠤᠷ ᠤᠨ ᠭᠠᠯ ᠳᠠᠬᠢᠯᠭ᠎ᠠ ᠶᠢᠨ ᠶᠤᠰᠥ ᠶᠢ ᠰᠢᠡᠵᠢᠶᠠᠩ ᠤᠨ ᠤᠶᠢᠷᠠᠳᠴᠥᠥᠨ ᠤᠨ ᠭᠠᠯ ᠳᠠᠬᠢᠯᠭ᠎ᠠ ᠶᠢᠨ ᠵᠠᠩᠰᠢᠯ ᠬᠡᠮᠠᠨ ᠦᠵᠠᠬᠦ ᠠᠳᠠᠬᠦᠷᠠᠯ ᠢ ᠪᠤᠢ ᠪᠤᠯᠭᠠᠵᠠᠢ᠃ 【17】 ᠤᠷᠠᠠᠴᠢᠮᠡᠭ᠄ 《 ᠭᠠᠯ ᠳᠠᠬᠢᠯᠭ᠎ᠠ ᠶᠢᠨ ᠣᠴᠢᠷ 》᠂ 《 ᠮᠤᠩᠭᠤᠯ ᠬᠡᠯᠨ ᠤᠤᠠᠬ᠎ᠠ ᠵᠤᠬᠢᠶᠠᠯ 》᠂ 1987 ᠤᠨ ᠤ ᠭᠤᠷᠪᠡᠳᠤᠭᠠᠷ ᠬᠤᠭᠤᠴᠠᠭ᠎ᠠ᠃ 【18】 ᠮᠤ᠂ ᠨᠢᠮ᠎ᠠ᠄ 《 ᠬᠠᠷᠱᠠᠷ᠎ᠠ ᠶᠢᠨ ᠬᠤᠱᠤᠤᠨ ᠤᠨ ᠵᠠᠩ ᠳᠠᠳᠬᠠᠯ 》᠂ ᠨᠠ᠊᠂ ᠪᠠᠰᠠᠩ᠂ ᠪᠤ᠂ ᠮᠦᠡᠭᠭᠡ᠂ ᠬᠡ᠊᠂ ᠯᠢᠵᠠᠢ ᠨᠠᠷ ᠤᠨ᠄ 《 ᠬᠤᠱᠤᠤᠨ ᠤᠨ ᠳᠠᠤᠬᠡ ᠰᠤᠶᠤᠯ ᠤᠨ ᠰᠤᠳᠤᠯᠤᠯ 》᠂ ᠰᠢᠡᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1999 ᠤᠨ᠃ 【19】 ᠮᠢᠨᠤ ᠬᠢᠭᠰᠡᠨ ᠬᠡᠬᠡᠷ᠎ᠠ ᠶᠢᠨ ᠪᠠᠶᠢᠴᠠᠭᠠᠯᠳᠠ ᠳᠤ᠃ 【20】 ᠳᠤᠤᠷ᠎ᠠ ᠪᠢᠳᠠ ᠰᠢᠡᠵᠢᠶᠠᠩ ᠤᠨ ᠡᠮᠤᠨ᠎ᠠ ᠵᠠᠮ ᠤᠨ ᠪᠠᠳᠥ ᠰᠠᠳᠬᠢᠯᠳᠥ ᠬᠤᠱᠥᠥᠨ ᠠᠶᠢᠮᠠᠭ ᠤᠨ ᠬᠤᠰᠢᠭᠤ ᠰᠤᠮᠤ ᠶᠢᠨ ᠳᠤᠳᠥᠷᠠᠬᠢ ᠳᠦᠴᠢᠨ ᠠᠩᠭᠢ ᠶᠢᠨ ᠨᠠᠷᠢᠨ ᠪᠠᠶᠢᠳᠠᠯ ᠢ ᠵᠢᠠᠠᠰᠠᠭᠠᠪᠠᠯ᠄ ᠵᠠᠬᠦᠨ ᠬᠤᠰᠢᠭᠤᠨ ᠤ ᠰᠢᠷ᠎ᠠ ᠶᠢᠨ ᠰᠤᠮᠤᠨ ᠳᠤ ᠱᠠᠪᠢᠨᠠᠷ᠂ ᠬᠠᠳᠠᠭᠠᠮᠤᠤᠨ᠂ ᠬᠠᠷᠠᠨᠤᠤᠨ᠂ ᠴᠤᠬᠤᠷ ᠵᠠᠷᠬᠡ ᠳᠦᠷᠪᠡᠨ ᠠᠩᠭᠢ ᠲᠠᠢ᠃ ᠱᠠᠪᠢᠨᠠᠷ ᠰᠤᠮᠤᠨ ᠳᠤ ᠱᠠᠪᠢᠨᠠᠷ ᠳᠤ᠂ ᠵᠠᠭᠠᠵᠢ᠂ ᠪᠤᠷᠳᠤ᠂ ᠰᠢᠷᠬᠡᠶᠢᠨᠥᠭ ᠵᠠᠷᠬᠡ ᠳᠦᠷᠪᠡᠨ ᠳᠦᠴᠢᠨ ᠲᠠᠢ᠃ ᠪᠠᠭᠠᠳᠤᠤᠨ ᠰᠤᠮᠤᠨ ᠳᠤ ᠪᠠᠭᠠᠳᠤᠤᠨ᠂ ᠬᠠᠳᠠᠭᠠᠮᠤᠤᠨ᠂ ᠵᠠᠪᠰᠠᠷ᠂ ᠨᠠᠶᠢᠳᠠᠭ ᠵᠠᠷᠬᠡ ᠳᠦᠷᠪᠡᠨ ᠳᠦᠴᠢᠨ ᠲᠠᠢ᠃ ᠳᠤᠮᠳᠠᠶᠢᠬᠠᠨ ᠰᠤᠮᠤᠨ ᠳᠤ ᠳᠠᠶᠢᠭᠠᠳ᠂ ᠱᠠᠪᠢᠨᠠᠷ᠂ ᠡᠷᠬᠡᠳᠠᠨ ᠵᠠᠷᠬᠡ ᠳᠦᠷᠪᠡᠨ ᠳᠦᠴᠢᠨ ᠲᠠᠢ᠃ ᠳᠤᠮᠳᠠ ᠬᠤᠰᠢᠭᠤᠨ ᠤ ᠦᠵᠢ ᠶᠢᠨ ᠰᠤᠮᠤᠨ ᠳᠤ ᠴᠠᠭᠠᠳ ᠂ ᠬᠦᠳᠤᠴᠢ᠂ ᠶᠡᠭᠡ ᠬᠦᠬᠡᠨᠦᠭ᠂ ᠪᠠᠭ᠎ᠠ ᠬᠦᠬᠡᠨᠦᠭ ᠵᠠᠷᠬᠡ ᠳᠦᠷᠪᠡᠨ ᠳᠦᠴᠢᠨ ᠲᠠᠢ᠃ ᠬᠦᠷᠤᠬᠡᠴᠢᠨ ᠰᠤᠮᠤᠨ ᠳᠤ ᠰᠠᠶᠢᠳᠤᠤᠨ᠂ ᠬᠠᠷᠠᠴᠢᠨ᠂ ᠬᠠᠰᠠᠯᠠᠭ᠂ ᠴᠤᠬᠤᠷ ᠵᠠᠷᠬᠡ ᠳᠦᠷᠪᠡᠨ ᠳᠦᠴᠢᠨ ᠲᠠᠢ᠂ ᠵᠠᠪᠰᠠᠷ ᠰᠤᠮᠤᠨ ᠳᠤ ᠶᠡᠭᠡ ᠵᠠᠪᠰᠠᠷ᠂ ᠪᠠᠭ᠎ᠠ ᠵᠠᠪᠰᠠᠷ᠂ ᠶᠡᠭᠡ ᠬᠠᠷᠠᠨᠤᠤᠨ᠂ ᠪᠠᠭ᠎ᠠ ᠬᠠᠷᠠᠨᠤᠤᠨ ᠵᠠᠷᠬᠡ ᠳᠦᠷᠪᠡᠨ ᠠᠡᠡᠭᠢ ᠲᠠᠢ᠃ ᠵᠢᠠᠠᠰᠠᠭᠠᠯᠳᠠ ᠶᠢ ᠮᠢᠨᠥ ᠬᠢᠭᠰᠡᠨ ᠨᠠᠶᠢᠬᠡᠮ ᠤᠨ ᠪᠠᠶᠢᠴᠠᠭᠠᠯᠳᠠ ᠪᠤᠯᠤᠨ ᠠ᠊᠂ ᠫᠤᠷᠪᠠᠢ ︵ᠬᠠᠷᠠᠱᠠᠷ᠎ᠠ ᠶᠢᠨ ᠬᠤᠱᠤᠤᠨ ᠠᠷᠪᠡᠨ ᠰᠤᠮᠤᠨ ᠤ ᠳᠤᠳᠤᠷᠠᠬᠢ ᠳᠦᠴᠢᠨ ᠪᠠ ᠠᠩᠭᠢ ᠤᠨ ᠳᠤᠬᠠᠢ 》᠂ 《 ᠬᠤᠱᠤᠤᠨ ᠰᠤᠶᠤᠯ ᠳᠠᠤᠬᠡ ᠶᠢᠨ ᠳᠤᠬᠠᠢ ᠮᠠᠲ᠋ᠧᠷᠢᠶᠠᠯ 》᠂ ᠨᠢᠬᠡᠳᠤᠬᠡᠷ ᠳᠠᠪᠳᠠᠷ᠂ 1994 ᠤᠨ᠂ ᠬᠤᠱᠤᠤᠨ ᠰᠢᠶ᠋ᠨ ᠤ ᠤᠯᠤᠰ ᠳᠦᠷᠤ ᠶᠢᠨ ᠵᠦᠪᠯᠡᠯᠬᠡᠨ ᠤ ᠭᠠᠵᠠᠷ ᠎ ᠠᠴᠠ ᠨᠠᠶᠢᠷᠠᠭᠤᠯᠪᠠ︶᠎ ᠶᠢᠨ ᠦᠬᠦᠯᠠᠯ ᠢ ᠦᠠᠳᠤᠰᠤᠯᠠᠨ ᠵᠤᠬᠢᠶ᠋ᠬᠠᠰᠠᠨ ᠶᠤᠮ᠃ 【21】 ᠮᠤ᠂ ᠨᠢᠮ᠎ᠠ ᠨᠦᠬᠦᠷ ᠎ ᠠᠴᠠ᠄ 《 ᠪᠠᠶᠠᠭᠠᠥᠥᠯ ᠤᠨ ᠮᠤᠩᠭᠤᠯ ᠬᠡᠬᠡᠳ ᠳᠠᠳᠠᠨ ᠤ ᠵᠠᠩ ᠠᠭᠠᠯᠢ ᠶᠢᠨ ᠳᠤᠬᠠᠢ ᠳᠠᠮᠳᠡᠭᠯᠡᠯ 》 ︵《 ᠦᠷ ᠎ ᠤᠨ ᠴᠤᠯᠮᠤᠨ 》᠂ 1989 ᠤᠨ ᠤ 11 ᠳ᠋ᠤᠬᠡᠷ ᠬᠤᠭᠤᠴᠠᠭ᠎ᠠ︶᠎ ᠳᠤ ᠪᠢᠴᠢᠬᠦ ᠳᠡᠭᠡᠨ᠂ ᠪᠠᠶᠠᠭᠠᠤᠤᠯ ᠤᠨ ᠮᠤᠩᠭᠤᠯᠴᠤᠤᠨ ᠭᠠᠯ ᠢᠶᠠᠨ 《 ᠬᠠᠷ᠎ᠠ ᠪᠠᠷ ᠳᠠᠶᠢᠬᠤ 》 ᠬᠡᠮᠠᠵᠠᠢ᠃ ᠦᠨᠠᠳᠠᠬᠡᠨ ᠡᠨᠠ ᠬᠦ ᠵᠠᠩᠰᠢᠯ ᠨᠢ ᠪᠦᠬᠦ ᠪᠠᠶᠠᠭᠠᠤᠤᠯ ᠤᠨ ᠮᠤᠩᠭᠤᠯᠴᠤᠤᠨ ᠲᠤ ᠨᠠᠶᠢᠳᠠᠮ ᠳᠤᠨᠢ ᠪᠠᠶᠢᠳᠠᠭ ᠪᠢᠰᠢ᠂ ᠭᠠᠭᠴᠠᠬᠦ ᠬᠤᠱᠤᠤᠨ ᠤᠨ ᠱᠠᠪᠢᠨᠠᠷ ᠰᠤᠮᠤ ᠎ ᠶᠢᠨ ᠵᠠᠭᠠᠵᠢ ᠶᠢᠨ ᠳᠦᠴᠢᠨ ᠳᠤ ᠯᠨ ᠪᠠᠶᠢᠳᠠᠭ᠃ ᠳᠠᠬᠦᠨ ᠤ ᠡᠨᠠ ᠬᠦ ᠳᠠᠮᠳᠡᠭᠯᠡᠯ ᠢ ᠴᠢ᠊᠂ ᠢᠷᠠᠠᠼᠠᠢ᠂ ᠲ᠊᠂ ᠨᠠᠮᠵᠢᠯ ᠠᠴᠠ ︽ᠦᠢᠷᠠᠳ ᠤᠨ ᠵᠠᠩ ᠵᠠᠩᠰᠢᠯ︾ ︵ᠲᠣᠳᠣ ᠦᠰᠦᠭ᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠡ᠂ 1995 ᠣᠨ᠂ 37 — 39 ᠳ᠋ᠣᠬᠡᠷ ᠨᠢᠭᠤᠷ︶ ᠬᠡᠮᠡᠬᠦ ᠨᠣᠮ ᠳᠠᠭᠠᠨ᠂ ᠦᠢᠷᠠᠳ ᠤᠨ ᠵᠠᠩᠰᠢᠯ ᠪᠣᠯᠭᠠᠨ ᠪᠢᠴᠢᠵᠠᠢ᠃ ᠡᠶᠢᠮᠥᠷᠬᠦ ᠠᠳᠡᠬᠦᠷᠡᠯ ᠵᠠᠩ ᠵᠠᠩᠰᠢᠯ ᠤᠨ ᠪᠢᠴᠢᠯᠬᠡ ᠲᠡᠮᠳᠡᠭᠯᠡᠯ ᠳᠤ ᠲᠦᠬᠡᠮᠡᠯ ᠣᠷᠣᠰᠢᠵᠣ ᠪᠠᠶᠢᠳᠠᠭ᠃ ᠡᠬᠦᠨ ᠠᠴᠠ ᠬᠤᠶᠢᠰᠢ᠂ ᠵᠠᠩ ᠵᠠᠩᠰᠢᠯ ᠢ ᠴᠣᠭᠯᠠᠭᠤᠯᠣᠨ ᠡᠮᠬᠢᠳᠬᠡᠭ᠊ ᠨᠦᠬᠦᠳ ᠰᠢᠨᠵᠢᠯᠡᠬᠦ ᠣᠬᠠᠭᠠᠴᠢ ᠨᠠᠷᠢᠨ ᠬᠢᠨᠠᠮᠠᠭᠠᠢ ᠣᠪᠣᠷ ᠢᠶᠠᠷ ᠬᠡᠨ ᠠᠴᠠ ᠰᠣᠨᠣᠰᠣᠭᠰᠠᠨ᠂ ᠲᠣᠰ ᠬᠦᠮᠦᠨ ᠬᠡᠳᠣ ᠨᠠᠰᠣᠳᠠᠢ᠂ ᠶᠠᠮᠠᠷ ᠣᠪᠣᠷ ᠶᠠᠰᠣᠳᠠᠢ ᠪᠠᠶᠢᠬᠤ᠂ ᠬᠡᠵᠢᠶ᠎ᠡ ᠰᠣᠷᠪᠣᠯᠵᠢᠯᠠᠭᠰᠠᠨ᠂ ᠡᠨ᠋ᠨ ᠬᠦ ᠵᠠᠩᠰᠢᠯ ᠨᠢ ᠭᠤᠣᠯᠳᠠᠭᠤ ᠶᠠᠮᠠᠷ ᠠᠶᠢᠮᠠᠭ ᠶᠠᠰᠣᠳᠠᠨ ᠳᠤ ᠬᠡᠷᠡᠭᠯᠡᠭᠳᠡᠵᠣ ᠪᠠᠶᠢᠭ᠎ᠠ ᠶᠢ ᠲᠣᠳᠣᠷᠬᠠᠶᠢᠯᠠᠨ ᠲᠡᠮᠳᠡᠭᠯᠡᠬᠦ ᠶᠢ ᠰᠠᠨᠠᠭᠤᠯᠣᠮᠵᠢ ᠪᠣᠯᠭᠠᠵᠣ ᠪᠠᠶᠢᠨ᠎ᠠ᠃ 【22】 ᠲᠦᠴᠢᠨ᠂ ᠠᠩᠬᠢ᠂ ᠬᠤᠷᠢᠨ ᠬᠡᠳᠡᠭ ᠪᠣᠯ ᠵᠡᠬᠦᠠᠭᠠᠷ ᠬᠠᠭᠠᠨᠳᠣ ᠣᠯᠣᠰ ᠤᠨ ᠦᠶ᠎ᠡ ᠪᠠ ᠢᠵᠢᠯ ᠳᠤ ᠪᠠᠶᠢᠭᠰᠠᠨ ᠦᠶ᠎ᠡ ᠶᠢᠨ ᠨᠢᠬᠡ ᠵᠦᠢᠯ ᠤᠨ ᠨᠠᠶᠢᠬᠡᠮ ᠤᠨ ᠪᠠᠶᠢᠭᠤᠯᠣᠯ ᠤᠨ ᠬᠡᠯᠪᠡᠷᠢ ᠪᠣᠯᠣᠨ᠎ᠠ᠃ ᠬᠡᠳᠠᠳ ᠰᠤᠷᠪᠤᠯᠵᠢ ᠳᠠᠬᠢ ᠳᠠᠮᠳᠡᠭᠯᠡᠯ ᠢ ᠦᠠᠳᠤᠰᠤᠯᠠᠪᠠᠯ᠄ 《 ᠤᠳᠤᠭ ᠪᠤᠯᠪᠰᠥ ᠬᠠᠭᠠᠨ ᠤ ᠬᠠᠷᠢᠶ᠎ᠠ ᠠᠶᠢᠮᠠᠭ ᠪᠤᠶᠤ᠃ ᠠᠩᠭᠢ ᠪᠤᠯᠪᠰᠥ ᠳᠠᠶᠢᠵᠢ ᠶᠢᠨ ᠬᠠᠷᠢᠶ᠎ᠠ ᠡᠷᠤᠬᠡ ᠪᠤᠯᠠᠢ 》 ︵傅恒《钦定皇舆西域图志》,卷二十九《官制一》︶ ᠬᠡᠵᠠᠢ᠃ ᠢᠵᠢᠯ ᠠᠴᠠ ᠨᠤᠳᠤᠭ ᠲᠠᠭᠠᠨ ᠪᠤᠴᠠᠵᠥ ᠢᠷᠡᠭᠰᠠᠨ ᠤ ᠳᠠᠷᠠᠭ᠎ᠠ ᠠᠩᠭᠢ ᠨᠢ ᠰᠤᠮᠤ ᠶᠢᠨ ᠳᠤᠳᠤᠷᠠᠬᠢ ᠨᠢᠬᠡ ᠵᠤᠶᠢᠯ ᠤᠨ ᠦᠠᠳᠤᠰᠤᠨ ᠵᠤᠬᠢᠶᠠᠨ ᠪᠠᠶᠢᠭᠤᠯᠤᠯᠳᠠ ᠪᠤᠯᠵᠠᠢ᠃ ᠳᠦᠴᠢᠨ ᠪᠤᠯ ᠤᠭ ᠲᠠᠭᠠᠨ ᠤᠳᠤᠭ ᠤᠨ ᠳᠠᠷᠠᠭᠠᠬᠢ ᠨᠢᠬᠡ ᠵᠤᠶᠢᠯ ᠤᠨ ᠵᠠᠰᠠᠭ ᠵᠠᠬᠢᠷᠭᠠᠨ ᠤ ᠪᠠᠶᠢᠭᠤᠯᠤᠯ ᠪᠤᠯᠬᠤ ᠪᠦᠬᠡᠳ ᠳᠠᠬᠦᠨ ᠤ ᠠᠬᠠᠯᠬᠠᠴᠢ ᠨᠤᠶᠠᠨ ᠢ ᠳᠠᠮᠴᠢ ᠬᠡᠳᠡᠭ ᠪᠠᠶᠢᠵᠠᠢ᠃ ᠳᠦᠴᠢᠨ ᠤ ᠲᠤᠤᠷ᠎ᠠ ᠬᠤᠷᠢᠨ ᠬᠡᠬᠦ ᠵᠤᠬᠢᠶᠠᠨ ᠪᠠᠶᠢᠭᠤᠯᠤᠯᠳᠠ ᠪᠠᠶᠢᠵᠥ᠂ ᠳᠠᠬᠦᠨ ᠤ ᠠᠬᠠᠯᠬᠠᠴᠢ ᠨᠤᠶᠠᠨ ᠢ ᠰᠢᠬᠦᠯᠠᠩᠭᠡ ᠬᠡᠳᠡᠭ᠃ 《 ᠤᠶᠢᠷᠠᠳ ᠴᠠᠭᠠᠵᠨ 》 ︵ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠤᠨ᠂ 17᠂ 34᠂ 65 ᠳ᠋ᠤᠭᠠᠷ ᠨᠢᠭᠤᠷ︶ ᠎ ᠳᠤ ᠡᠨᠠ ᠳᠤᠬᠠᠢ ᠨᠠᠷᠢᠨ ᠳᠠᠮᠳᠡᠭᠯᠡᠯ ᠲᠠᠢ᠂ ᠳᠦᠴᠢᠨ ᠪᠤᠯ ᠡᠷᠤᠬᠡ ᠪᠤᠶᠤ ᠬᠦᠮᠤᠨ ᠠᠮᠨ ᠶᠢᠨ ᠳᠤᠭ᠎ᠠ ᠶᠢ ᠢᠯᠠᠳᠬᠡᠵᠥ ᠪᠠᠶᠢᠭ᠎ᠠ ᠪᠢᠰᠢ᠂ ᠬᠠᠷᠢᠨ ᠨᠢᠬᠡ ᠵᠦᠢᠯ ᠤᠨ ᠬᠠᠮᠤᠭ ᠤᠨ ᠦᠠᠳᠤᠰᠤᠨ ᠱᠠᠳᠤ ᠶᠢᠨ ᠵᠠᠰᠠᠭ ᠵᠠᠬᠢᠷᠭᠠᠨ ᠤ ᠨᠢᠬᠡᠴᠢ ᠮᠦᠨ᠃ ᠳᠠᠷᠨ ᠨᠢ ᠶᠠᠮᠠᠷ ᠨᠢᠬᠡᠨ ᠰᠠᠳᠤᠨ ᠳᠦᠷᠤᠯ ᠤᠨ ᠬᠠᠷᠢᠴᠠᠭ᠎ᠠ ᠪᠦᠬᠦᠢ ᠤᠪᠤᠭ ᠶᠠᠰᠤᠳᠠᠨ ᠢᠶᠠᠷ ᠪᠦᠷᠢᠯᠳᠤᠳᠡᠭ᠃ ᠡᠶᠢᠮᠥ ᠠᠴᠠ ᠳᠦᠴᠢᠨ ᠪᠤᠯ ᠪᠠᠶ᠎ᠠ ᠪᠠᠨ ᠳᠠᠭᠠᠭᠠᠠᠠᠰᠠᠨ ᠤᠪᠤᠭ ᠶᠠᠰᠤᠳᠠᠨ ᠪᠤᠯᠬᠤ ᠶᠤᠮ ︵ᠬᠡ᠊᠂ ᠯᠢᠵᠠᠢ᠄ 《 ᠬᠠᠯᠢᠮᠬᠠᠴᠢᠳ ᠤᠨ ᠢᠵᠢᠯ ᠳᠤ ᠪᠠᠶᠢᠠᠠᠰᠠᠨ ᠦᠶ᠎ᠠ ᠶᠢᠨ ᠨᠠᠶᠢᠬᠡᠮ ᠤᠨ ᠪᠠᠶᠢᠭᠤᠯᠤᠯ ᠤᠨ ᠤᠠᠠᠰᠠᠭᠠᠨ ᠤ ᠵᠦᠢ 》᠂ 《 ᠤᠶᠢᠷᠠᠳ ᠤᠨ ᠰᠤᠳᠤᠯᠤᠯ 》᠂ 1998 ᠤᠨ ᠤ ᠬᠤᠶᠠᠳᠤᠭᠠᠷ ᠬᠤᠭᠤᠴᠠᠭ᠎ᠠ ᠳᠤ︶᠃ 【23】【24】 ᠮᠢᠨᠥ ᠴᠠᠳᠠᠨ ᠢ ᠰᠣᠷᠪᠣᠯᠵᠢᠯᠠᠭᠰᠠᠨ ᠰᠢᠩᠬᠡᠬᠡᠯᠳᠠ ᠪᠢᠴᠢᠯᠬᠡ᠃ ᠴᠠᠳᠠᠨ᠂ ᠡᠷᠡᠭᠳᠡᠢ᠂ ᠡᠨ᠋ᠨ ᠵᠢᠯ 64 ᠨᠠᠰᠣᠳᠠᠢ᠃ ᠬᠤᠱᠣᠳ ᠤᠨ ᠱᠠᠪᠢᠨᠠᠷ ᠰᠣᠮᠣᠨ ᠤ ᠵᠠᠭᠠᠵᠢ ᠶᠢᠨ ᠲᠦᠴᠢᠨ ᠤ ᠬᠦᠮᠦᠨ ᠲᠣᠳᠣ ᠪᠢᠴᠢᠭ ᠮᠠᠳᠠᠨ᠎ᠠ᠃ ᠣᠳᠣ ᠰᠢᠨᠵᠢᠶᠠᠩ ᠤᠨ ᠬᠤᠱᠣᠳ ᠰᠢᠶᠠᠨ ᠲᠡᠬᠡᠷ᠎ᠡ ᠰᠭᠤᠵᠣ ᠪᠣᠢ᠃ 2000 ᠣᠨ ᠤ 7 ᠰᠠᠷ᠎ᠠ ᠶᠢᠨ 28᠎ ᠤ ᠡᠳᠣᠷ ᠰᠣᠷᠪᠣᠯᠵᠢᠯᠭ᠎ᠠ ᠬᠢᠪᠠ᠃ 【25】 ᠪᠣᠯᠠᠭ᠄ ︽ᠮᠣᠩᠭᠤᠯᠴᠣᠳ ᠤᠨ ᠭᠠᠯ ᠲᠠᠬᠢᠯᠭ᠎ᠠ ᠶᠢᠨ ᠰᠣᠳᠣᠷ ᠣᠷᠣᠰᠢᠪᠠᠢ︾᠎ ᠶᠢᠨ 281 ᠳ᠋ᠣᠬᠡᠷ ᠨᠢᠭᠤᠷ ᠲᠤ ︽ᠭᠠᠯ ᠲᠠᠬᠢᠬᠤ ᠢᠷᠦᠬᠡᠯ︾ ︵ᠨᠢᠬᠡ︶᠎ ᠳᠤ᠃ ᠪᠣᠯᠠᠭ ᠨᠦᠬᠦᠷ ᠲᠣᠰ ᠢᠷᠦᠬᠡᠯ ᠢᠶᠠᠨ ︽ᠵᠢᠷᠢᠮ ᠤᠨ ᠢᠷᠦᠬᠡᠯ ᠮᠠᠭᠳᠠᠭᠠᠯ︾᠎ ᠠᠴᠠ ᠠᠰᠢᠭᠯᠠᠭᠰᠠᠨ ᠪᠠᠶᠢᠨ᠎ᠠ᠃ 【26】 ᠸ᠊᠂ ᠡᠾᠠᠶᠢᠰᠰᠢᠭ᠌᠄ ︽ᠮᠣᠩᠭᠤᠯ ᠤᠨ ᠱᠠᠰᠢᠨ ᠰᠣᠷᠳᠠᠬᠤᠨ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠡ᠂ 1998 ᠣᠨ᠂ 119 ᠳ᠋ᠣᠬᠡᠷ ᠨᠢᠭᠤᠷ᠃ 【27】 ᠬᠤᠷᠴᠨ᠄ ︽ᠬᠤᠷᠴᠢᠨ ᠬᠢᠬᠡᠳ ᠬᠤᠱᠣᠳ ᠎ ᠤᠨ ᠢᠵᠠᠭᠤᠷ ᠡᠬᠦᠰᠦᠯ︾᠂ ︽ᠰᠢᠨᠵᠢᠶᠠᠩ ᠤᠨ ᠪᠠᠭᠰᠢ ᠶᠢᠨ ᠶᠡᠭᠡ ᠰᠣᠷᠭᠠᠭᠤᠯᠢ ᠶᠢᠨ ᠡᠷᠳᠠᠮ ᠰᠢᠨᠵᠢᠯᠡᠬᠡᠨ ᠤ ᠰᠡᠳᠬᠦᠯ ︵ᠨᠠᠮᠠᠯᠳᠠ︶︾᠂ 1989 ᠣᠨ ᠤ ᠬᠤᠶᠠᠳᠣᠭᠠᠷ ᠬᠤᠭᠤᠴᠠᠭ᠎ᠠ᠃ ᠣᠶᠣᠨᠪᠢᠯᠢᠭ᠌᠄ ︽ᠬᠤᠱᠣᠳ ᠲᠣᠪᠴᠢᠶᠠᠨ︾᠂ ᠦᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠡ᠂ 1991 ᠣᠨ᠂ 44 — 50 ᠳ᠋ᠣᠭᠠᠷ ᠨᠢᠭᠤᠷ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号