| ᠠᠷᠪᠠᠨ ᠳᠤᠯᠤᠳᠤᠭᠠᠷ ᠵᠠᠭᠤᠨ ᠤ ᠡᠬᠢᠨ ᠤ ᠦᠶ᠎ᠠ ᠪᠠᠷ ᠳᠦᠷᠪᠠᠨ ᠤᠶᠢᠷᠠᠳ ᠶᠠᠬᠡᠪᠠᠷ ᠬᠦᠴᠤᠷᠬᠡᠨ ᠬᠦᠮᠤᠨ ᠠᠮᠠ | ᠨᠡᠮᠡᠭᠳᠠᠨ᠂ ᠮᠠᠯ ᠰᠦᠷᠤᠭ᠌ ᠶᠠᠬᠡᠪᠠᠷ ᠨᠡᠮᠡᠭᠳᠠᠨ ᠲᠠᠷᠢᠶᠠᠯᠠᠩ ᠤᠨ ᠭᠠᠵᠠᠷ᠂ ᠪᠡᠯᠴᠢᠬᠡᠷ ᠡᠪᠠᠰᠤ ᠬᠦᠷᠤᠯᠴᠠᠬᠦ ᠦᠬᠡᠢ | ᠬᠡᠮᠵᠢᠶᠠᠨ ᠳᠤ ᠬᠦᠷᠤᠭ᠍ᠰᠠᠨ ᠪᠠᠶᠢᠨ᠎ᠠ᠃ ᠡᠨᠠ ᠦᠶ᠎ᠠ ᠳᠤ ᠳᠠᠷᠤᠢ 1607 ᠤᠨ ᠳᠤ ᠦᠢᠷᠠᠳ ᠤᠨ ᠲᠤᠷᠭᠤᠳ | ᠠᠶᠢᠮᠠᠭ ᠤᠨ ᠠᠬᠠᠯᠠᠴᠢ ᠨᠤᠶᠠᠨ ᠬᠤ ᠦᠷᠯᠤᠭ᠌᠄ ︽ᠬᠤᠪᠤᠭᠰᠠᠶᠢᠷᠢ ᠶᠢᠨ ᠭᠠᠵᠠᠷ ᠨᠤᠲᠤᠭ ᠠᠬᠢᠷ ᠴᠢᠬᠢᠷ ᠬᠠᠭᠰᠠᠭᠤ | ᠮᠦᠷᠲᠠᠬᠡᠨ ᠬᠦᠮᠤᠨ ᠠᠮᠠ ᠪᠠᠰᠠ ᠦᠰᠴᠤ ᠪᠠᠶᠢᠨ᠎ᠠ᠂ ᠠᠯᠪᠠᠲᠤ ᠬᠠᠷᠢᠶᠠᠲᠤ ᠮᠢᠨᠢ ᠠᠩ ᠬᠦᠷᠤᠬᠡ ᠬᠡᠬᠦ ᠶᠢ | ᠪᠠᠶᠢᠲᠤᠭᠠᠢ᠂ ᠠᠳᠤᠭᠤ ᠮᠠᠯ ᠴᠤ ᠬᠠᠷᠢᠭᠤᠯᠬᠤ ᠭᠠᠵᠠᠷ ᠤᠯᠳᠠᠬᠤ ᠦᠬᠡᠢ ᠪᠠᠶᠢᠨ᠎ᠠ᠃ ᠲᠠᠬᠦᠨᠴᠢᠯᠠᠨ ᠲᠠᠷᠢᠶ᠎ᠠ | ᠲᠦᠮᠤᠰᠤ ᠲᠠᠷᠢᠵᠤ ᠠᠮᠢ ᠭᠤᠤᠯ ᠪᠠᠨ ᠲᠡᠵᠢᠬᠡᠶᠠ ᠬᠡᠬᠦ ᠳᠤ ᠴᠤ ᠬᠦᠴᠢᠷ ᠪᠤᠯᠤᠭᠠᠳ ᠪᠤᠢ᠃ ᠡᠶᠢᠮᠤ ᠠᠴᠠ ᠭᠠᠵᠠᠷ | ᠨᠤᠲᠤᠭ ᠪᠤᠯᠢᠶᠠᠯᠳᠤᠵᠤ ᠨᠢᠬᠡ ᠨᠢ ᠨᠢᠬᠡᠨ ᠠᠯᠠᠵᠤ ᠬᠢᠳᠤᠭᠠᠳ᠂ ᠠᠯᠪᠠᠲᠤ ᠢᠷᠬᠡᠳ ᠢᠶᠠᠨ ᠬᠤᠷᠤᠭᠠᠭᠰᠠᠨ ᠠᠴᠠ | ᠬᠤᠯᠠ ᠭᠠᠵᠠᠷ ᠤᠳᠴᠤ᠂ ᠬᠠᠷᠢ ᠶᠠᠰᠤᠲᠤ ᠤᠯᠤᠰ ᠤᠨ ᠤᠶᠢᠷ᠎ᠠ ᠰᠠᠭᠤᠨ᠂ ᠲᠡᠳᠡᠨ ᠯᠦᠭᠡ ᠳᠠᠶᠢᠯᠠᠯᠳᠤᠨ ᠤᠯᠵᠠ | ᠠᠰᠢᠭ ᠠᠪᠴᠤ ᠶᠠᠪᠤᠪᠠᠯ ᠳᠡᠬᠡᠷ᠎ᠠ ᠪᠠᠶᠢᠬ᠎ᠠ᠃ ᠰᠤᠨᠤᠰᠬᠤᠯᠠᠷ ᠬᠤᠶᠢᠳ ᠤᠨ ᠬᠤᠶᠢᠲᠤ ᠵᠠᠬ᠎ᠠ ᠳᠤ ᠤᠷᠤ ᠶᠢᠨ | ᠭᠠᠭᠴᠠ ᠮᠤᠲᠤ ᠬᠡᠳᠡᠭ ᠡᠵᠠᠬᠦᠢ ᠰᠤᠯᠠ ᠭᠠᠵᠠᠷ ᠪᠠᠶᠢᠬᠤ ᠶᠤᠮ ᠬᠡᠨ᠎ᠠ᠃ ᠪᠢᠳᠠᠨ ᠲᠡᠨᠳᠠ ᠬᠦᠷᠴᠤ ᠮᠠᠯ ᠮᠠᠯᠠᠯᠠᠨ᠂ | ᠲᠠᠷᠢᠶ᠎ᠠ ᠲᠠᠷᠢᠵᠤ᠂ ᠠᠷᠠᠳ ᠢᠷᠬᠡᠳ ᠢᠶᠠᠨ ᠲᠡᠩᠬᠡᠷᠠᠬᠦᠯᠤᠨ ᠠᠪᠤᠶ᠎ᠠ ᠬᠡᠮᠠᠨ ᠪᠤᠳᠤᠵᠤ ᠪᠤᠢ︾ ᠬᠡᠵᠤ ᠳᠦᠷᠪᠠᠨ | ᠤᠶᠢᠷᠠᠳ ᠤᠨ ᠴᠢᠭᠤᠯᠭᠠᠨ ᠳᠠᠷᠤᠭ᠎ᠠ ᠪᠠᠶᠢᠭᠰᠠᠨ ᠡᠷᠳᠡᠨᠢ ᠪᠠᠭᠠᠲᠤᠷ ᠬᠤᠩ ᠲᠠᠶᠢᠵᠢ ᠳᠤ ᠠᠶᠢᠯᠠᠳᠬᠠᠪᠠ᠃ ᠡᠷᠳᠡᠨᠢ | ᠪᠠᠭᠠᠲᠤᠷ ᠬᠤᠩ ᠲᠠᠶᠢᠵᠢ ᠵᠦᠪᠰᠢᠶᠠᠷᠠᠭᠰᠠᠨ ᠲᠤᠯᠠ᠂ ᠬᠤ ᠦᠷᠯᠤᠭ᠌ ᠬᠠᠭᠠᠨᠲᠤ ᠤᠷᠤᠰ ᠤᠨ ᠵᠠᠰᠠᠭ ᠤᠨ ᠭᠠᠵᠠᠷ ᠲᠤ | ᠡᠯᠴᠢ ᠲᠤᠮᠢᠯᠠᠨ ᠶᠠᠪᠤᠭᠤᠯᠵᠤ ᠡᠪ ᠨᠠᠶᠢᠷ ᠲᠠᠢ ᠵᠡᠷᠬᠡᠴᠠᠨ ᠤᠷᠤᠰᠢᠬᠤ᠂ ᠬᠦᠷᠰᠢ ᠵᠡᠷᠬᠡᠯᠳᠡᠭᠡ ᠤᠯᠤᠰ ᠪᠤᠯᠵᠤ | ᠠᠮᠢᠳᠤᠷᠬᠤ ᠶᠢ ᠬᠦᠰᠡᠭᠰᠠᠨ ᠪᠠᠶᠢᠨ᠎ᠠ᠃ ᠲᠡᠬᠡᠬᠡᠳ ᠬᠤ ᠦᠷᠯᠤᠭ᠌ ᠦᠪᠠᠷ ᠤᠨ ᠠᠯᠪᠠᠲᠤ ᠲᠤᠷᠭᠤᠳ ᠢ ᠨᠡᠬᠦᠯᠬᠡᠨ | ᠶᠠᠪᠤᠬᠤ ᠪᠤᠯᠤᠭᠰᠠᠨ ᠳᠤ ᠬᠠᠮᠲᠤ ᠬᠤᠰᠢᠶ᠎ᠠ ᠪᠠᠶᠢᠭᠰᠠᠨ ᠬᠡᠰᠡᠭ ᠬᠤᠱᠤᠳ᠂ ᠳᠦᠷᠪᠠᠳ ᠤᠨ ᠠᠷᠠᠳ ᠴᠤ ᠬᠠᠮᠲᠤ | ᠨᠠᠬᠦᠭᠰᠠᠨ ᠪᠠᠶᠢᠨ᠎ᠠ᠃ ᠲᠡᠳᠡᠨ ᠬᠤᠪᠤᠭᠰᠠᠶᠢᠷᠢ᠂ ᠡᠮᠠᠬᠡᠯ ᠠᠴᠠ ᠬᠦᠨᠳᠠᠯᠤᠨ ᠭᠠᠷᠤᠭᠠᠳ᠂ ᠤᠳᠤ ᠶᠢᠨ ᠭᠠᠭᠴᠠ | ᠮᠤᠲᠤ ᠬᠡᠳᠡᠭ ᠭᠠᠵᠠᠷ ᠨᠡᠬᠦᠳᠠᠯᠠᠨ ᠬᠦᠷᠴᠤ ᠨᠤᠲᠤᠭᠯᠠᠨ ᠰᠠᠭᠤᠷᠢᠰᠢᠭᠠᠳ᠂ ᠮᠠᠯ ᠮᠠᠯᠠᠯᠠᠨ᠂ ᠲᠠᠷᠢᠶ᠎ᠠ ᠲᠠᠷᠢᠵᠤ ᠠᠮᠤᠷ | ᠵᠢᠮᠠᠷ ᠠᠮᠢᠳᠤᠷᠴᠤ ᠡᠬᠢᠯᠠᠪᠠ᠃ ᠡᠨᠠᠬᠦ ᠴᠢᠮᠡᠭᠡ ᠶᠢ ᠦᠢᠷᠠᠳ ᠤᠨ ᠪᠤᠰᠤᠳ ᠬᠦᠮᠤᠰ ᠤᠯᠵᠤ ᠰᠤᠨᠤᠰᠠᠭᠠᠳ᠂ ᠠᠷᠤ | ᠠᠷᠤ ᠠᠴᠠ ᠪᠠᠨ ᠬᠤ ᠦᠷᠯᠤᠭ᠌ ᠤᠨ ᠬᠤᠶᠢᠨ᠎ᠠ ᠠᠴᠠ ᠨᠠᠬᠦᠳᠠᠯᠠᠨ ᠤᠴᠢᠵᠤ ᠨᠠᠶᠢᠯᠡᠭᠰᠠᠬᠡᠷ ᠬᠡᠳᠤᠨ ᠵᠢᠯ ᠤᠨ | ᠳᠤᠲᠤᠷ᠎ᠠ ᠳᠦᠷᠪᠠᠨ ᠲᠦᠮᠠ ᠢᠯᠠᠬᠦᠦ ᠡᠷᠤᠬᠡ ᠪᠤᠯᠵᠤ ᠦᠰᠤᠭ᠍ᠰᠠᠨ ᠪᠠᠶᠢᠵᠠᠢ᠃ | 1608 ᠤᠨ ᠳᠤ ᠬᠤ ᠦᠷᠯᠤᠭ᠌ ᠡᠷᠴᠢᠰ ᠭᠤᠤᠯ ᠤᠨ ᠳᠤᠮᠳᠠ ᠤᠷᠤᠰᠬᠠᠯ ᠳᠠᠭᠠᠬᠤ ᠲᠠᠯ᠎ᠠ ᠬᠤᠳᠠ ᠶᠢᠨ ᠤᠷᠴᠢᠨ | ᠳᠤ ᠬᠦᠷᠬᠡᠳ᠂ ᠢᠵᠢᠯ — ᠵᠠᠢ ᠳᠤ ᠬᠦᠮᠤᠨ ᠶᠠᠪᠤᠭᠤᠯᠵᠤ ᠬᠠᠶᠢᠨ ᠪᠠᠶᠢᠴᠠᠭᠠᠯᠭᠠᠪᠠ᠃ ᠬᠤ ᠦᠷᠯᠤᠭ᠌ ᠡᠷᠴᠢᠰ | ᠭᠤᠤᠯ ᠤᠨ ᠳᠤᠮᠳᠠ ᠤᠷᠤᠰᠬᠠᠯ ᠳᠠᠭᠠᠠᠤ ᠲᠠᠯ᠎ᠠ ᠬᠤᠲᠠ ᠳᠤ ᠨᠠᠬᠦᠵᠤ ᠤᠳᠬᠤ ᠠᠴᠠ ᠡᠮᠤᠨ᠎ᠠ᠂ ᠳᠦᠷᠪᠠᠳ ᠤᠨ | ᠳᠠᠯᠠᠢ ᠲᠠᠶᠢᠱᠢ ᠪᠤᠯᠤᠨ ᠲᠠᠬᠦᠨ ᠤ ᠵᠠᠬᠢᠷᠭᠠᠨ ᠳᠤᠤᠷᠠᠬᠢ ᠬᠤᠶᠢᠳ ᠤᠨ ᠰᠠᠶᠢᠨ ᠬᠢᠶ᠎ᠠ ᠶᠢᠨ ᠬᠠᠷᠢᠶᠠᠲᠤ ᠠᠶᠢᠮᠠᠭ ᠤᠳ | ᠲᠡᠨᠳᠠ ᠮᠠᠯᠵᠢᠵᠤ ᠪᠠᠶᠢᠭᠰᠠᠨ ᠪᠢᠯᠠ᠃ ᠬᠤ ᠦᠷᠯᠤᠭ᠌ ᠢ ᠨᠡᠬᠡᠵᠤ ᠤᠳᠤᠭᠰᠠᠨ ᠤ ᠳᠠᠷᠠᠭ᠎ᠠ᠂ ᠲᠤᠷᠭᠤᠳ ᠤᠨ ᠡᠵᠠᠨᠢ | ᠲᠠᠶᠢᠱᠢ ᠶᠢᠨ ᠬᠠᠲᠤᠨ᠂ ᠲᠠᠬᠦᠨ ᠤ ᠬᠦᠪᠠᠬᠦᠳ ᠪᠤᠯᠤᠨ ᠴᠤᠷᠤᠰ ᠤᠨ ᠬᠠᠷ᠎ᠠ ᠬᠤᠯᠠᠨ ᠤ ᠬᠦᠪᠠᠬᠦᠨ ᠴᠦᠬᠦᠷ | ᠤᠪᠠᠰᠢ ᠴᠤ ᠠᠷᠤ ᠠᠷᠤ ᠨᠠᠬᠦᠵᠤ ᠤᠳᠤᠭᠰᠠᠨ ᠶᠤᠮ᠃ ᠢᠩᠬᠢᠬᠡᠳ ᠡᠳᠡᠬᠡᠷ ᠠᠶᠢᠮᠠᠭ ᠤᠨ ᠬᠦᠮᠤᠰ ᠢ ᠳᠦᠷᠪᠠᠳ | ᠤᠨ ᠳᠠᠯᠠᠢ ᠲᠠᠶᠢᠱᠢ ᠪᠤᠯᠤᠨ ᠲᠤᠷᠭᠤᠳ ᠤᠨ ᠡᠵᠡᠨᠠᠢ ᠲᠠᠶᠢᠱᠢ ᠶᠢᠨ ᠬᠠᠲᠤᠨ ᠠᠴᠠ ᠵᠠᠬᠢᠷᠠᠬᠤ ᠪᠤᠯᠵᠠᠢ᠃ ᠲᠤᠬᠠᠢ | ᠶᠢᠨ ᠦᠶ᠎ᠠ ᠳᠤ᠂ ᠤᠶᠢᠷᠠᠳ ᠤᠨ ᠡᠳᠡᠬᠡᠷ ᠠᠶᠢᠮᠠᠭ ᠤᠨ ᠬᠦᠮᠤᠰ ᠬᠡᠳᠤᠶᠢᠪᠠᠷ ᠳᠤᠲᠤᠭᠠᠳᠤ ᠳᠠᠭᠠᠨ ᠴᠤᠷᠤᠰ ᠤᠨ | ᠴᠤᠬᠦᠷ ᠤᠪᠠᠰᠢ ᠶᠢᠨ ᠤᠶᠢᠮᠠᠬᠡᠨ ᠳᠤ ᠤᠴᠠᠷᠠᠵᠤ᠂ ᠭᠠᠳᠠᠭᠠᠳᠤ ᠪᠠᠨ ᠬᠠᠭᠠᠨᠲᠤ ᠤᠷᠤᠰ ᠪᠤᠯᠤᠨ ᠬᠠᠯᠬ᠎ᠠ ᠶᠢᠨ | ᠵᠠᠰᠠᠭᠲᠤ ᠬᠠᠨ ᠠᠶᠢᠮᠠᠭ ᠤᠨ ᠤᠮᠪᠤ ᠡᠷᠳᠡᠨᠢ ᠶᠢᠨ ᠰᠦᠷᠳᠠᠬᠦᠯᠤᠯ ᠳᠤ ᠲᠤᠬᠢᠶᠠᠯᠳᠤᠵᠤ ᠪᠠᠶᠢᠭᠰᠠᠨ ᠪᠤᠯᠪᠠᠴᠤ᠂ | ᠲᠤᠷᠭᠤᠳ ᠤᠨ ᠬᠤ ᠦᠷᠯᠤᠭ᠌ ᠪᠤᠯᠤᠨ ᠴᠤᠷᠤᠰ ᠤᠨ ᠬᠠᠷ᠎ᠠ ᠬᠤᠯᠠᠨ ᠲᠠᠬᠦᠨ ᠤ ᠬᠦᠪᠠᠬᠦᠨ ᠪᠠᠭᠠᠲᠤᠷ ᠬᠤᠩ ᠲᠠᠶᠢᠵᠢ | ᠶᠢᠨ ᠤᠳᠤᠷᠢᠳᠤᠯᠭ᠎ᠠ ᠳᠤᠤᠷ᠎ᠠ᠂ ᠡᠯᠳᠡᠪ ᠵᠤᠶᠢᠯ ᠤᠨ ᠬᠦᠴᠢᠷ ᠪᠡᠷᠬᠡᠰᠢᠶᠠᠯ ᠢ ᠴᠦᠮ ᠳᠠᠶᠢᠯᠤᠨ ᠳᠠᠪᠠᠭᠠᠳ᠂ ᠲᠤᠰ | ᠭᠠᠵᠠᠷ ᠤᠷᠤᠨ ᠳᠤ ᠪᠠᠨ ᠲᠠᠷᠢᠶᠠᠯᠠᠩ ᠮᠠᠯ ᠠᠵᠤ ᠠᠬᠤᠢ ᠶᠢ ᠶᠠᠬᠡᠪᠠᠷ ᠬᠦᠭᠵᠢᠬᠦᠯᠵᠤ ᠪᠠᠶᠢᠭᠰᠠᠨ ᠪᠠᠶᠢᠨ᠎ᠠ᠃ | 1628 ᠤᠨ ᠳᠤ᠂ ᠬᠤ ᠦᠷᠯᠤᠭ᠌ ᠦᠪᠠᠷ ᠤᠨ ᠠᠯᠪᠠᠲᠤ ᠲᠤᠷᠭᠤᠳ ᠪᠠ ᠬᠤᠱᠤᠳ᠂ ᠳᠦᠷᠪᠠᠳ ᠤᠨ ᠲᠠᠪᠤᠨ | ᠲᠦᠮᠠᠨ ᠡᠷᠤᠬᠡ ︵ᠭᠤᠴᠢᠨ ᠲᠦᠮᠠᠨ ᠬᠦᠮᠤᠨ ᠠᠮᠢᠨ︶ ᠨᠤᠲᠤᠭ ᠪᠠᠨ ᠳᠠᠭᠠᠭᠤᠯᠠᠵᠤ ᠤᠷᠤ ᠶᠢᠨ ᠭᠠᠭᠴᠠ ᠮᠤᠲᠤ | ᠠᠴᠠ ᠨᠠᠬᠦᠵᠤ᠂ ᠲᠦᠷᠤᠯᠬᠢ ᠨᠤᠲᠤᠭ ᠵᠠᠬᠦᠠᠭᠠᠷ ᠠᠴᠠ ᠰᠠᠯᠵᠤ ᠨᠠᠷᠠᠨ ᠰᠢᠩᠬᠡᠬᠦ ᠪᠠᠷᠠᠭᠤᠨ ᠵᠦᠭ ᠲᠤ ᠬᠦᠷᠴᠤ | ᠲᠡᠨᠳᠠ ᠪᠠᠶᠢᠭᠰᠠᠨ ᠴᠦᠬᠡᠨ ᠲᠠᠲ᠋ᠠᠷᠴᠤᠳ ᠢ ᠳᠠᠶᠢᠯᠳᠤᠨ ᠳᠠᠭᠠᠭᠤᠯᠤᠭᠠᠳ᠂ ᠢᠵᠢᠯ ᠮᠦᠷᠢᠨ ᠤ ᠬᠦᠪᠡᠭᠡ ᠳᠤ | ᠬᠦᠷᠴᠤ ᠨᠤᠲᠤᠭᠰᠢᠪᠠ᠃ ᠡᠨᠠ ᠭᠠᠵᠠᠷ ᠠᠭᠤᠳᠠᠮ ᠲᠠᠯ᠎ᠠ ᠪᠦᠬᠡᠳ ᠡᠪᠠᠰᠤ ᠤᠰᠤ ᠡᠯᠪᠡᠭ᠂ ᠮᠠᠯ ᠤᠨ ᠪᠡᠯᠴᠢᠬᠡᠷ | ᠠᠭᠤᠵᠢᠮ᠂ ᠮᠠᠯᠴᠢᠨ ᠬᠦᠮᠤᠨ ᠠᠮᠢᠳᠤᠷᠬᠤ ᠮᠠᠰᠢ ᠲᠤᠬᠢᠷᠠᠮᠵᠢᠲᠠᠢ ᠨᠤᠲᠤᠭ ᠪᠠᠶᠢᠵᠠᠢ᠃ ᠡᠶᠢᠮᠤ ᠠᠴᠠ ᠬᠤ ᠦᠷᠯᠤᠭ᠌ | ᠵᠠᠢ ︵ᠤᠷᠠᠯ ᠭᠤᠤᠯ︶ ᠠᠴᠠ ᠢᠵᠢᠯ ᠬᠦᠷᠲᠠᠯ᠎ᠠ᠂ ᠠᠰᠲ᠋ᠠᠷᠬᠠᠨ ᠠᠴᠠ ᠰᠠᠮᠠᠷᠺᠠᠨ ᠬᠦᠷᠲᠠᠯ᠎ᠠ ᠪᠦᠬᠦ ᠭᠠᠵᠠᠷ ᠤᠷᠤᠨ | ᠢ ᠴᠦᠮ ᠢ ᠨᠢ ᠡᠵᠠᠯᠠᠨ ᠠᠪᠤᠭᠠᠳ ᠦᠪᠠᠷ ᠳᠠᠭᠠᠭᠤᠯᠵᠤ ᠢᠷᠡᠭᠰᠠᠨ ᠠᠯᠪᠠᠲᠤ ᠨᠠᠷ ᠤᠨ ᠮᠦᠩᠬᠡ ᠶᠢᠨ ᠨᠤᠲᠤᠭ | ᠪᠤᠯᠭᠠᠭᠰᠠᠨ ᠪᠠᠶᠢᠨ᠎ᠠ᠃ ᠡᠳᠡᠬᠡᠷ ᠭᠠᠵᠠᠷ ᠤᠷᠤᠨ ᠢ ᠬᠤ ᠦᠷᠯᠤᠭ᠌ ᠡᠵᠠᠯᠠᠬᠦ ᠬᠦᠷᠲᠠᠯ᠎ᠠ ᠬᠠᠭᠠᠨᠲᠤ ᠤᠷᠤᠰ ᠠᠴᠠ ᠡᠨᠠ | ᠭᠠᠵᠠᠷ ᠢ ᠪᠦᠷᠢᠮᠤᠰᠤᠨ ᠡᠷᠬᠡᠰᠢᠶᠠᠯ ᠳᠡᠭᠡᠨ ᠤᠷᠤᠭᠤᠯᠵᠤ ᠴᠢᠳᠠᠭᠠᠳ ᠦᠬᠡᠢ ᠪᠠᠶᠢᠵᠠᠢ᠃ ᠬᠤ ᠦᠷᠯᠤᠭ᠌ ᠡᠳᠡᠬᠡᠷ | ᠭᠠᠵᠠᠷ ᠢ ᠡᠵᠡᠯᠡᠭᠰᠠᠨ ᠠᠴᠠ ᠪᠤᠯᠵᠤ᠂ ᠬᠢᠷᠬᠢᠰ ᠨᠤᠲᠤᠭ ᠤᠨ ᠬᠤᠶᠢᠲᠤ ᠵᠠᠬ᠎ᠠ ᠠᠴᠠ ᠪᠠᠷᠠᠭᠤᠠᠰᠢ ᠡᠷᠴᠢᠰ ᠭᠤᠤᠯ | ᠤᠨ ᠳᠤᠮᠳᠠ ᠤᠷᠤᠰᠬᠠᠯ ᠲᠤᠪᠤᠯ ᠭᠤᠤᠯ ᠤᠨ ᠠᠭᠤᠯᠵᠠᠷ ᠵᠠᠢ ᠮᠦᠷᠢᠨ ᠤ ᠡᠬᠢ᠂ ᠢᠵᠢᠯ ᠮᠦᠷᠢᠨ ᠤ ᠳᠤᠮᠳᠠ | ᠤᠷᠤᠰᠬᠠᠯ ᠳᠠᠭᠠᠠᠤ ᠭᠠᠵᠠᠷ ᠤᠷᠤᠨ ᠳᠤ ᠬᠦᠷᠬᠦ ᠬᠡᠳᠤᠨ ᠮᠢᠩᠭᠠᠨ ᠺᠢᠯᠤᠮᠧᠲᠷ ᠤᠷᠲᠤ ᠭᠠᠵᠠᠷ ᠨᠢ ᠳᠦᠷᠪᠠᠨ | ᠦᠢᠷᠠᠳ ᠤᠨ ᠬᠤᠶᠢᠲᠤ ᠲᠠᠯ᠎ᠠ ᠶᠢᠨ ᠰᠢᠨ᠎ᠠ ᠬᠢᠯᠢ ᠬᠢᠵᠠᠭᠠᠷ ᠢ ᠪᠦᠷᠢᠯᠳᠤᠭ᠍ᠰᠠᠨ ᠶᠤᠮ᠃ ᠲᠤᠷᠭᠤᠳ ᠠᠶᠢᠮᠠᠭ | ᠬᠡᠳᠤᠶᠢᠬᠡᠷ ᠢᠵᠢᠯ — ᠵᠠᠢ ᠳᠤ ᠨᠠᠬᠦᠵᠤ ᠶᠠᠪᠤᠭᠰᠠᠨ ᠪᠤᠯᠪᠠᠴᠤ ᠳᠦᠷᠪᠠᠨ ᠤᠶᠢᠷᠠᠳ ᠤᠨ ᠬᠤᠯᠪᠤᠭ᠎ᠠ ᠶᠠᠷᠤ | ᠲᠠᠰᠤᠷᠠᠭᠰᠠᠨ ᠦᠬᠡᠢ ᠪᠠᠶᠢᠨ᠎ᠠ᠃ 1636 ᠤᠨ ᠳᠤ ᠳᠦᠷᠪᠠᠨ ᠤᠶᠢᠷᠠᠳ ᠬᠦᠬᠡᠨᠠᠭᠤᠷ ᠲᠦᠪᠠᠳ ᠲᠤ ᠴᠡᠷᠢᠭ | ᠤᠷᠤᠭᠤᠯᠬᠤ ᠦᠶ᠎ᠠ ᠳᠤ ᠠᠯᠤᠰ ᠬᠤᠯᠠ ᠪᠠᠶᠢᠭᠰᠠᠨ ᠲᠤᠷᠭᠤᠳ ᠠᠶᠢᠮᠠᠭ ᠤᠨ ᠠᠬᠠᠯᠠᠴᠢ ᠬᠤ ᠦᠷᠯᠤᠭ᠌ ᠦᠪᠠᠷ ᠤᠨ | ᠬᠦᠪᠠᠬᠦᠨ ᠭᠤᠮᠪᠤ ᠢᠯᠳᠡᠩ ᠢ ᠲᠤᠮᠢᠯᠠᠨ ᠶᠠᠪᠤᠭᠤᠯᠵᠤ ᠬᠠᠪᠰᠤᠷᠠᠭᠰᠠᠨ ᠪᠠᠶᠢᠪᠠ᠃ 1640 ᠤᠨ ᠳᠤ ᠡᠷᠴᠢᠰ | ᠭᠤᠤᠯ ᠤᠨ ᠮᠠᠨᠢᠲᠤ ᠭᠠᠲᠤᠯᠭᠠᠨ ᠤ ᠤᠷᠴᠢᠮ ᠭᠠᠵᠠᠷ ᠲᠤ ᠮᠤᠩᠭᠤᠯ — ᠤᠶᠢᠷᠠᠳ ᠤᠨ ᠶᠡᠭᠡ ᠬᠤᠷᠠᠯ ᠢ | ᠬᠤᠷᠠᠯᠳᠤᠭᠤᠯᠵᠤ᠂ ︽ᠮᠤᠩᠭᠤᠯ — ᠤᠶᠢᠷᠠᠳ ᠤᠨ ᠶᠡᠭᠡ ᠴᠠᠭᠠᠵᠠ︾ ᠶᠢ ᠲᠤᠭᠲᠠᠭᠠᠬᠤ ᠦᠶ᠎ᠠ ᠳᠤ᠂ ᠬᠤ | ᠦᠷᠯᠤᠭ᠌ ᠪᠠᠰᠠ ᠠᠯᠤᠰ ᠬᠤᠯᠠ ᠶᠢᠨ ᠢᠵᠢᠯ — ᠵᠠᠢ ᠠᠴᠠ ᠪᠠᠶ᠎ᠠ ᠪᠠᠷ ᠢᠶᠠᠨ ᠬᠦᠷᠤᠯᠴᠠᠨ ᠤᠷᠤᠯᠴᠠᠭᠰᠠᠨ | ᠪᠦᠬᠡᠳ ᠲᠤᠭᠲᠠᠭᠠᠭᠰᠠᠨ ᠴᠠᠭᠠᠵᠠ ᠶᠢ ᠨᠤᠲᠤᠭ ᠲᠠᠭᠠᠨ ᠠᠪᠴᠤ ᠬᠦᠷᠤᠬᠡᠳ ᠬᠡᠷᠡᠭᠵᠠᠬᠦᠯᠤᠭ᠍ᠰᠠᠨ ᠪᠠᠶᠢᠨ᠎ᠠ᠃ | 1644 ᠤᠨ ᠳᠤ ᠡᠷᠳᠡᠨᠢ ᠪᠠᠭᠠᠲᠤᠷ ᠬᠤᠩ ᠲᠠᠶᠢᠵᠢ᠂ ᠬᠤ ᠦᠷᠯᠤᠭ᠌ ᠲᠤ ᠪᠢᠴᠢᠭ ᠶᠠᠪᠤᠭᠤᠯᠵᠤ ᠬᠠᠰᠠᠭᠴᠤᠳ ᠢ | ᠵᠠᠬᠦᠨ ᠪᠠᠷᠠᠭᠤᠨ ᠬᠤᠶᠠᠷ ᠲᠠᠯ᠎ᠠ ᠠᠴᠠ ᠨᠢ ᠬᠠᠪᠴᠢᠨ ᠪᠠᠶᠢᠯᠳᠤᠬᠤ ᠪᠡᠯᠡᠳᠬᠡᠯ ᠬᠢᠵᠠᠢ᠃ ᠡᠨᠠ ᠦᠶ᠎ᠠ ᠳᠤ᠂ | ᠬᠠᠭᠠᠨᠲᠤ ᠤᠷᠤᠰ ᠠᠴᠠ ᠡᠷᠳᠡᠨᠢ ᠪᠠᠭᠠᠲᠤᠷ ᠬᠤᠩ ᠲᠠᠶᠢᠵᠢ ᠶᠢ ᠠᠰᠢᠭᠯᠠᠵᠤ᠂ ᠬᠤ ᠦᠷᠯᠤᠭ᠌ ᠤᠨ ᠨᠤᠲᠤᠭ ᠢ | ᠳᠠᠶᠢᠯᠠᠭᠤᠯᠬᠤ ᠪᠠᠷ ᠤᠷᠤᠯᠳᠤᠪᠠ᠃ ᠡᠬᠦᠨ ᠳᠤ ᠡᠷᠳᠡᠨᠢ ᠪᠠᠭᠠᠲᠤᠷ ᠬᠤᠩ ᠲᠠᠶᠢᠵᠢ᠄ ︽ᠬᠤ ᠦᠷᠯᠤᠭ᠌ ᠪᠤᠯ ᠮᠢᠨᠢ | ᠳᠠᠶᠢᠰᠤᠨ ᠪᠢᠰᠢ᠂ ᠬᠠᠷᠢᠨ ᠮᠢᠨᠤ ᠬᠠᠳᠠᠮ ᠡᠴᠢᠬᠡ ᠮᠦᠨ᠃ ᠨᠠᠳᠠ ᠪᠠᠷ ᠲᠠᠬᠦᠨ ᠢ ᠳᠠᠶᠢᠯᠠᠭᠤᠯᠬᠤ ᠬᠡᠳᠡᠭ ᠨᠢ | ᠬᠦᠪᠠᠬᠦᠨ ᠢᠶᠠᠷ ᠨᠢ ᠡᠴᠢᠬᠡ ᠶᠢ ᠨᠢ ᠳᠠᠶᠢᠯᠠᠭᠤᠯᠬᠤ ᠬᠡᠰᠠᠨ ᠬᠡᠷᠡᠭ ᠪᠤᠯᠤᠨ᠎ᠠ᠃ ᠮᠢᠨᠤ ᠨᠦᠬᠦᠳ ᠶᠠᠭᠠᠬᠢᠭᠰᠠᠨ ᠴᠤ | ᠲᠠᠬᠦᠨ ᠲᠠᠢ ᠳᠠᠶᠢᠯᠳᠤᠬᠤ ᠦᠬᠡᠢ ᠶᠤᠮ᠃︾ ᠬᠡᠵᠤ ᠬᠠᠭᠠᠨᠲᠤ ᠤᠷᠤᠰ ᠤᠨ ᠵᠠᠰᠠᠭ ᠤᠨ ᠭᠠᠵᠠᠷ ᠬᠠᠷᠢᠭᠤᠯᠵᠠᠢ᠃ | ᠬᠡᠲᠠᠯ᠎ᠠ ᠡᠨᠠ ᠬᠤᠭᠤᠷᠤᠨᠳᠤ ᠬᠤ ᠦᠷᠯᠤᠭ᠌ ᠬᠠᠨ ᠠᠰᠲ᠋ᠠᠷᠬᠠᠨ ᠶᠢ ᠳᠤᠪᠳᠤᠯᠬᠤ ᠳᠠᠶᠢᠨ ᠤ ᠳᠤᠮᠳᠠ ᠨᠠᠰᠤ ᠪᠠᠷᠠᠭᠰᠠᠨ | ᠪᠠᠶᠢᠨ᠎ᠠ᠃ |