ᠪᠠᠭᠠᠳᠤᠷ ᠬᠤᠩ ᠲᠠᠶᠢᠵᠢ
ᠨᠡᠶᠢᠲᠡᠯᠡᠭᠰᠡᠨ ᠴᠠᠭ᠄
2019/12/11
ᠤᠶᠢᠷᠠᠳ ᠠᠶᠢᠮᠠᠭ ᠤᠨ ᠴᠤᠷᠤᠰ ᠤᠪᠤᠭᠳᠠᠨ᠃ ᠲᠡᠭᠦᠨ ᠤ ᠡᠴᠢᠬᠡ ᠬᠠᠷ᠎ᠠ ᠬᠤᠯᠠᠨ ᠪᠤᠯ ᠲᠦᠷᠪᠡᠨ ᠤᠶᠢᠷᠠᠳ ᠢ ᠵᠠᠬᠢᠷᠤᠭᠰᠠᠨ ᠲᠠᠶᠢᠵᠢ ᠪᠠᠶᠢᠭᠰᠠᠨ ᠪᠦᠭᠡᠳ ᠤᠶᠢᠷᠠᠳ ᠤᠨ ᠤᠯᠠᠨ ᠵᠢᠵᠢᠭ ᠨᠤᠶᠠᠳ ᠤᠨ ᠬᠤᠭᠤᠷᠤᠨᠳᠤᠬᠢ ᠲᠠᠶᠢᠨ ᠲᠠᠵᠢᠨ ᠢ ᠨᠠᠮᠳᠠᠭᠠᠵᠤ ᠲᠡᠳᠡᠨ ᠢ ᠡᠷᠬᠡᠰᠢᠶᠡᠯ ᠳᠡᠭᠡᠨ ᠤᠷᠤᠭᠤᠯᠤᠨ᠂ ᠤᠶᠢᠷᠠᠳ ᠤᠨ ᠬᠤᠯᠪᠤᠭᠠᠨ ᠤ ᠨᠢᠭᠡᠳᠦᠮᠡᠯ ᠤᠯᠤᠰ ᠢ ᠪᠠᠶᠢᠭᠤᠯᠬᠤ ᠶᠢᠨ ᠲᠦᠯᠦᠬᠡ ᠴᠦᠭᠦᠷᠡᠯᠳᠡ ᠦᠭᠡᠢ ᠲᠡᠮᠡᠴᠡᠭᠰᠡᠨ ᠬᠦᠮᠦᠨ ᠪᠤᠯᠬᠤ ᠶᠤᠮ᠃ 1634 ᠣᠨ ᠳᠤ ᠬᠠᠷ᠎ᠠ ᠬᠤᠯᠠᠨ ᠨᠠᠰᠤ ᠪᠠᠷᠠᠭᠰᠠᠨ ᠤ ᠲᠠᠷᠠᠭ᠎ᠠ᠂ ᠲᠡᠭᠦᠨ ᠤ ᠬᠦᠪᠡᠭᠦᠨ ᠪᠠᠭᠠᠳᠤᠷ ᠬᠤᠩ ᠲᠠᠶᠢᠵᠢ ᠤᠶᠢᠷᠠᠳ ᠤᠨ ᠲᠠᠶᠢᠵᠢ ᠶᠢᠨ ᠲᠤᠰᠢᠶᠠᠯ ᠢ ᠵᠠᠯᠭᠠᠮᠵᠢᠯᠠᠭᠠᠳ ᠤᠶᠢᠷᠠᠳ ︵ᠵᠦᠩᠭᠠᠷ︶ ᠬᠠᠨ ᠤᠯᠤᠰ ᠢ ᠪᠠᠶᠢᠭᠤᠯᠵᠠᠢ᠃ 1636 ᠣᠨ ᠤ ᠨᠠᠮᠤᠷ᠂ ᠦᠭᠡᠯᠡᠳ ᠤᠨ ᠪᠠᠭᠠᠳᠤᠷ ᠬᠤᠩ ᠲᠠᠶᠢᠵᠢ᠂ ᠮᠡᠷᠭᠡᠨ ᠲᠠᠶᠢᠴᠢᠩ᠂ ᠬᠤᠱᠤᠳ ᠤᠨ ᠬᠦᠦᠰᠢ ᠬᠠᠨ᠂ ᠲᠦᠷᠦᠭᠦᠴᠢ ᠨᠤᠶᠠᠨ᠂ ᠲᠤᠷᠭᠤᠳ ᠠᠴᠠ ᠲᠧᠨᠠᠰ᠂ ᠮᠡᠷᠭᠡᠨ ᠵᠢᠨᠦᠩ᠂ ᠭᠤᠮᠪᠤ ᠢᠯᠳᠠᠩ᠂ ᠬᠤᠶᠢᠳ ᠎ ᠠᠴᠠ ᠰᠤᠯᠳᠠᠨ ᠲᠠᠶᠢᠵᠢ᠂ ᠰᠤᠮᠢᠷ ᠲᠠᠶᠢᠵᠢ᠂ ᠲᠦᠷᠪᠡᠳ ᠠᠴᠠ ᠲᠠᠯᠠᠢ ᠲᠠᠶᠢᠵᠢ᠂ ᠪᠤᠮ ᠢᠯᠳᠠᠩ ᠨᠠᠷ ᠲᠦᠷᠪᠡᠨ ᠤᠶᠢᠷᠠᠳ ᠤᠨ ᠬᠤᠯᠪᠤᠭᠠᠳᠤ ᠴᠡᠷᠢᠭ ᠢ ᠠᠪᠤᠭᠠᠳ ᠬᠦᠬᠡᠨᠠᠭᠤᠷ ᠢ ᠲᠠᠶᠢᠯᠠᠷ᠎ᠠ ᠮᠤᠷᠳᠠᠪᠠ᠃ ᠲᠡᠷᠡ ᠲᠤᠬᠠᠢ ᠭᠤᠤᠯ ᠲᠤᠮᠳᠠ ᠨᠢ ᠬᠤᠱᠤᠳ ᠴᠡᠷᠢᠭ᠂ ᠵᠡᠭᠦᠨ ᠭᠠᠷ ᠲᠤᠨᠢ ᠦᠭᠡᠯᠡᠳ ᠴᠡᠷᠢᠭ᠂ ᠪᠠᠷᠠᠭᠤᠨ ᠭᠠᠷ ᠲᠤᠨᠢ ᠲᠤᠷᠭᠤᠳ ᠴᠡᠷᠢᠭ ᠂ ᠰᠡᠭᠦᠯ ᠳᠤᠨᠢ ᠲᠦᠷᠪᠡᠳ ᠬᠤᠶᠢᠳ ᠬᠤᠶᠠᠷ ᠠᠶᠢᠮᠠᠭ ᠤᠨ ᠴᠡᠷᠢᠭ ᠶᠠᠪᠤᠵᠠᠢ᠃ ᠲᠡᠭᠦᠨ ᠠᠴᠠ ᠡᠬᠢᠯᠡᠭᠡᠳ ᠦᠭᠡᠯᠡᠳ ᠎ ᠲᠤ ᠵᠡᠭᠦᠨᠭᠠᠷ ︵ᠵᠦᠩᠭᠠᠷ︶ ᠭᠡᠳᠡᠭ ᠨᠡᠷ᠎ᠡ᠂ ᠲᠤᠷᠭᠤᠳ ᠲᠤ ᠪᠠᠷᠠᠭᠤᠨ ᠭᠠᠷ ᠭᠡᠳᠡ ᠨᠡᠷ᠎ᠡ ᠲᠤᠰ ᠲᠤᠰ ᠰᠢᠩᠭᠡᠭᠰᠡᠨ ᠶᠤᠮ᠃ 1637 ᠣᠨ ᠤ ᠴᠠᠭᠠᠨ ᠰᠠᠷ᠎ᠠ ᠳᠤ ᠲᠦᠷᠪᠡᠨ ᠤᠶᠢᠷᠠᠳ ᠤᠨ ᠬᠤᠯᠪᠤᠭᠠᠳᠤ ᠴᠡᠷᠢᠭ ᠪᠠᠭᠠᠳᠤᠷ ᠬᠤᠩ ᠲᠠᠶᠢᠵᠢ ᠶᠢᠨ ᠤᠳᠤᠷᠢᠳᠤᠯᠭ᠎ᠠ ᠲᠤᠤᠷ᠎ᠠ ᠪᠠᠷᠰ ᠬᠦᠯ᠂ ᠬᠠᠮᠢᠯ ᠢ ᠲᠠᠮᠵᠢᠵᠤ᠂ ᠬᠦᠬᠡᠨᠠᠭᠤᠷ ᠤᠨ ᠭᠠᠵᠠᠷ ᠲᠤ ᠴᠦᠮᠦᠷᠡᠨ ᠤᠷᠤᠭᠠᠳ ᠬᠠᠯᠬ᠎ᠠ ᠶᠢᠨ ᠴᠤᠭᠲᠤ ᠬᠤᠩ ᠲᠠᠶᠢᠵᠢ ᠶᠢ ᠤᠯᠠᠭᠠᠨ ᠬᠤᠰᠢᠭᠤ ᠬᠡᠮᠡᠬᠦ ᠭᠠᠵᠠᠷ ᠲᠤ ᠢᠯᠠᠵᠤ ᠬᠦᠬᠡᠨᠠᠭᠤᠷ ᠢ ᠡᠵᠡᠯᠡᠭᠰᠡᠨ ᠪᠠᠶᠢᠨ᠎ᠠ᠃ ᠪᠠᠭᠠᠳᠤᠷ ᠬᠤᠩ ᠲᠠᠶᠢᠵᠢ ᠶᠢᠨ ᠤᠳᠤᠷᠢᠳᠤᠭᠰᠠᠨ ᠤᠶᠢᠷᠠᠳ ᠤᠨ ᠴᠡᠷᠢᠭ ᠬᠦᠬᠡᠨᠠᠭᠤᠷ ᠠᠴᠠ ᠴᠢᠨᠠᠭᠰᠢ ᠲᠦᠪᠡᠳ ᠤᠨ ᠯᠾᠠᠰᠠ ᠳᠤ ᠬᠦᠷᠦᠭᠰᠡᠨ᠎ᠡ ︽ᠲᠠᠪᠤᠳᠤᠭᠠᠷ ᠲᠦᠷᠢ ᠶᠢᠨ ᠲᠠᠯᠠᠢ ᠯᠠᠮᠠ᠂ ᠬᠦᠦᠰᠢ ᠬᠠᠨ ᠢ ᠰᠠᠶᠢᠰᠢᠶᠠᠨ ᠡᠷᠭᠦᠮᠵᠢᠯᠡᠵᠤ᠂ ᠬᠦᠦᠰᠢ ᠲᠠᠨᠵᠢᠨᠴᠤᠶᠢᠵᠢᠯ ᠬᠠᠭᠠᠨ︾ ᠭᠡᠮᠡᠨ ᠴᠤᠯᠠ ᠬᠠᠶᠢᠷᠠᠯᠠᠪᠠᠢ᠃ ᠲᠤᠰ ᠵᠢᠯ ᠤᠨ ᠡᠪᠤᠯ᠂ ᠲᠦᠷᠪᠡᠨ ᠤᠶᠢᠷᠠᠳ ᠤᠨ ᠨᠤᠶᠠᠨ ᠯᠾᠠᠰᠠ ᠠᠴᠠ ᠬᠦᠬᠡᠨᠠᠭᠤᠷ ᠤᠨ ᠤᠷᠴᠢᠮ ᠪᠤᠴᠠᠵᠤ ᠢᠷᠡᠭᠡᠳ᠂ ᠤᠷᠤᠰ ᠤᠨ ᠵᠠᠬ᠎ᠠ ᠵᠡᠷᠬᠡᠯᠡᠳᠡᠭᠡ ᠮᠠᠯᠵᠢᠳᠠᠭ ᠤᠶᠢᠷᠠᠳ ᠤᠨ ᠬᠤᠶᠢᠳᠤ ᠬᠡᠰᠡᠭ ᠤᠨ ᠲᠦᠷᠪᠡᠳ᠂ ᠬᠤᠶᠢᠳ ᠤᠨ ᠴᠡᠷᠢᠭ ᠢ ᠨᠤᠲᠤᠭ ᠲᠤᠨᠢ ᠪᠤᠴᠠᠭᠤᠯᠤᠭᠰᠠᠨ ᠪᠠᠶᠢᠨ᠎ᠠ᠃ ᠵᠦᠩᠭᠠᠷ ᠤᠨ ᠪᠠᠭᠠᠳᠤᠷ ᠬᠤᠩ ᠲᠠᠶᠢᠵᠢ᠂ ᠬᠤᠱᠤᠳ ᠤᠨ ᠬᠦᠦᠰᠢ ᠬᠠᠨ᠂ ᠲᠤᠷᠭᠤᠳ ᠤᠨ ᠮᠡᠷᠭᠡᠨ ᠵᠢᠨᠦᠩ ᠪᠤᠯᠤᠨ ᠰᠤᠩᠭᠤᠷᠵᠠᠪ ᠪᠠᠭᠠᠳᠤᠷ ᠲᠦᠷᠪᠡᠭᠦᠯᠡ ᠬᠦᠬᠡᠨᠠᠭᠤᠷ ᠲᠤ ᠬᠤᠴᠤᠷᠴᠤ᠂ 1639 ᠣᠨ ᠤ 5 ᠰᠠᠷ᠎ᠠ ᠳᠤ ᠲᠠᠩᠭᠤᠳ ᠤᠨ ᠭᠠᠵᠠᠷ ᠤᠷᠤᠨ ᠢ ᠪᠠᠶᠢᠯᠳᠤᠨ ᠡᠵᠡᠯᠡᠭᠡᠳ ᠲᠤᠩᠶᠤᠳ ᠬᠠᠭᠠᠨ ᠢ ᠲᠠᠷᠠᠭ᠎ᠠ ᠵᠢᠯ ᠨᠢ ᠪᠠᠷᠢᠪᠴᠢᠯᠠᠨ ᠠᠪᠤᠭᠠᠳ ᠬᠢᠨᠳᠠᠨ ᠳᠤ ᠬᠤᠷᠢᠵᠠᠢ᠃ 1639 ᠣᠨ ᠳᠤ ᠪᠠᠭᠠᠳᠤᠷ ᠬᠤᠩ ᠲᠠᠶᠢᠵᠢ᠂ ᠮᠡᠷᠭᠡᠨ ᠵᠢᠨᠣᠩ ᠬᠤᠶᠠᠷ ᠴᠡᠷᠢᠭ ᠢᠶᠠᠨ ᠲᠠᠭᠠᠭᠤᠯᠤᠨ ᠬᠠᠷᠢᠬᠤ ᠴᠠᠭ ᠎ ᠲᠤ ᠬᠦᠦᠰᠢ ᠬᠠᠨ᠄ ︽ᠰᠢᠷᠭᠤᠯᠵᠢ ᠮᠡᠳᠣ ᠡᠨᠡ ᠤᠯᠠᠨ ᠲᠠᠩᠭᠤᠳ ᠤᠨ ᠲᠤᠳᠤᠷ᠎ᠠ ᠭᠠᠭᠴᠠ ᠪᠢ ᠶᠠᠭᠠᠬᠢᠵᠤ ᠰᠠᠭᠤᠬᠤ ᠪᠤᠢ᠃ ᠲᠠ ᠬᠤᠶᠠᠷ ᠬᠠᠷᠢᠭᠰᠠᠨ ᠤ ᠰᠡᠭᠦᠯᠡᠷ ᠮᠢᠨᠤ ᠬᠤᠪᠢ ᠶᠢᠨ ᠠᠯᠪᠠᠳᠤ ᠪᠠ ᠨᠦᠬᠦᠳ ᠪᠤᠯᠬᠤ ᠤᠯᠤᠰ ᠢ ᠶᠠᠪᠤᠭᠤᠯᠵᠤ ᠦᠭᠭᠦᠭᠳᠦᠨ︾ ᠭᠡᠵᠤ ᠬᠦᠰᠡᠪᠡ᠃ ᠲᠠᠶᠢᠨ ᠬᠦ ᠪᠠᠭᠠᠳᠤᠷ ᠬᠤᠩ ᠲᠠᠶᠢᠵᠢ ᠨᠤᠲᠤᠭ ᠲᠠᠭᠠᠨ ᠬᠠᠷᠢᠵᠤ ᠢᠷᠡᠮᠡᠭᠴᠡ᠂ ᠦᠪᠡᠷ ᠤᠨ ᠬᠦᠪᠡᠭᠦᠨ ᠦᠨᠦᠴᠢᠨ ᠰᠡᠴᠡᠨ ᠢ ᠠᠯᠪᠠᠳᠤ ᠨᠠᠷ ᠲᠠᠢ ᠨᠢ᠂ ᠲᠤᠷᠭᠤᠳ ᠤᠨ ᠮᠡᠷᠭᠡᠨ ᠵᠢᠨᠤᠩ ᠢ ᠠᠯᠪᠠᠳᠤ ᠨᠠᠷ ᠲᠠᠢ ᠨᠢ᠂ ᠬᠤᠱᠤᠳ ᠤᠨ ᠬᠦᠨᠳᠡᠯᠡᠨ ᠤᠪᠠᠰᠢ ᠶᠢ ᠠᠯᠪᠠᠳᠤ ᠨᠠᠷ ᠲᠠᠢ ᠨᠢ ᠬᠦᠦᠰᠢ ᠬᠠᠨ ᠤ ᠲᠡᠷᠭᠡᠳᠡ ᠶᠠᠪᠤᠭᠤᠯᠵᠤ ᠦᠭᠭᠦᠭᠰᠡᠨ ᠪᠠᠶᠢᠨ᠎ᠠ᠃ 1640 ᠣᠨ ᠤ ᠪᠢᠯᠢᠭ ᠤᠨ ᠤᠯᠠᠷᠢᠯ ᠤᠨ 8 ᠰᠠᠷ᠎ᠠ ᠶᠢᠨ ᠰᠢᠨ᠎ᠡ ᠶᠢᠨ 5᠎ ᠤ ᠡᠳᠦᠷ᠂ ᠵᠦᠩᠭᠠᠷ ᠤᠨ ᠪᠠᠭᠠᠳᠤᠷ ᠬᠤᠩ ᠲᠠᠶᠢᠵᠢ ᠶᠢᠨ ᠨᠤᠲᠤᠭ ᠪᠦᠭᠡᠳ ᠬᠠᠯᠬ᠎ᠠ ᠮᠤᠩᠭᠤᠯ ᠠᠴᠠ ᠲᠦᠷᠪᠡᠨ ᠤᠶᠢᠷᠠᠳ ᠤᠨ ᠨᠤᠲᠤᠭ ᠲᠤ ᠬᠦᠷᠬᠦ ᠵᠠᠮ ᠤᠨ ᠠᠭᠤᠯᠵᠠᠷ ᠪᠤᠯᠬᠤ ᠡᠷᠴᠢᠰ ᠮᠦᠷᠡᠨ ᠤ ᠮᠠᠨᠢᠳᠤ ᠭᠠᠳᠤᠯᠭᠠᠨ ᠤ ᠤᠷᠴᠢᠮ ᠭᠠᠵᠠᠷ ᠲᠤ᠂ ᠮᠤᠩᠭᠤᠯ ᠤᠶᠢᠷᠠᠳ ᠤᠨ ᠶᠡᠭᠡ ᠬᠤᠷᠠᠯ ᠢ ᠬᠢᠭᠰᠡᠨ ᠶᠤᠮ᠃ ᠡᠨᠡ ᠤᠳᠠᠭ᠎ᠠ ᠶᠢᠨ ᠬᠤᠷᠠᠯᠳᠤᠭᠠᠨ ᠳᠤ ᠪᠠᠭᠠᠳᠤᠷ ᠬᠤᠩ ᠲᠠᠶᠢᠵᠢ ᠎ ᠪᠠᠷ ᠲᠡᠷᠢᠬᠦᠯᠡᠭᠰᠡᠨ ᠤᠶᠢᠷᠠᠳ ᠤᠨ ᠶᠡᠬᠡᠰ ᠨᠤᠶᠠᠳ ᠪᠤᠯᠤᠨ ᠵᠠᠰᠠᠬᠳᠣ ᠬᠠᠨ ᠰᠤᠪᠠᠳᠠᠢ ᠪᠠᠷ ᠲᠡᠷᠢᠬᠦᠯᠡᠭᠰᠡᠨ ᠲᠤᠯᠤᠭᠠᠨ ᠤᠳᠤᠭ ᠬᠠᠯᠬ᠎ᠠ ᠶᠢᠨ ᠡᠷᠬᠡ ᠪᠠᠷᠢᠭᠴᠢᠳ ᠲᠤᠰ ᠪᠦᠷᠢ 13 ᠬᠦᠮᠦᠨ ᠪᠠ ᠬᠠᠯᠬ᠎ᠠ ᠶᠢᠨ ᠵᠢᠪᠽᠣᠩᠳᠠᠮᠪᠠ ᠬᠤᠳᠤᠭᠳᠤ ᠵᠢᠴᠢ ᠤᠶᠢᠷᠠᠳ ᠤᠨ ᠽᠠᠶ᠎ᠠ ᠪᠠᠨᠳᠢᠳᠠ ᠵᠡᠷᠭᠡ ᠬᠦᠮᠦᠰ ᠤᠷᠤᠯᠴᠠᠪᠠ᠃ ᠪᠠᠭᠠᠳᠤᠷ ᠬᠤᠩ ᠲᠠᠶᠢᠵᠢ ᠪᠠᠷ ᠤᠳᠤᠷᠢᠳᠤᠭᠤᠯᠤᠭᠰᠠᠨ ︽ᠮᠤᠩᠭᠤᠯ ᠤᠶᠢᠷᠠᠳ ᠤᠨ ᠵᠦᠩᠭᠠᠷ ᠤᠨ ᠶᠡᠭᠡ ᠬᠤᠷᠠᠯ︾ ᠪᠤᠯ ᠤᠶᠢᠷᠠᠳ ᠤᠨ ᠵᠠᠬᠢᠷᠭᠠᠨ ᠲᠤᠤᠷᠠᠬᠢ ᠬᠢᠷᠬᠢᠰ ᠲᠦᠮᠡᠨ ᠤ ᠵᠠᠷᠢᠮ ᠬᠡᠰᠡᠭ ᠭᠠᠵᠠᠷ ᠨᠤᠲᠤᠭ ᠪᠤᠯᠤᠨ ᠬᠠᠯᠬ᠎ᠠ ᠶᠢᠨ ᠵᠠᠬᠢᠷᠭᠠᠨ ᠲᠤᠤᠷᠠᠬᠢ ᠪᠠᠷᠭᠤ ᠪᠤᠷᠢᠶᠠᠳ ᠤᠨ ᠭᠠᠵᠠᠷ ᠨᠤᠲᠤᠭ ᠤᠷᠤᠰ ᠤᠯᠤᠰ ᠲᠤ ᠲᠦᠷᠢᠮᠡᠬᠡᠶᠢᠯᠡᠭᠳᠡᠵᠤ᠂ ᠭᠤᠪᠢ ᠶᠢᠨ ᠡᠮᠦᠨᠡᠬᠢ ᠦᠪᠦᠷ ᠮᠤᠩᠭᠤᠯ ᠤᠨ ᠭᠠᠵᠠᠷ ᠨᠤᠲᠤᠭ ᠴᠢᠩ ᠣᠯᠣᠰ ᠲᠤ ᠡᠵᠡᠯᠡᠭᠳᠡᠭᠰᠡᠨ ᠬᠦᠨᠳᠤ ᠰᠦᠷᠡᠬᠡᠢ ᠪᠠᠶᠢᠳᠠᠯ ᠤᠨ ᠲᠤᠤᠷ᠎ᠠ ᠬᠤᠷᠠᠯᠳᠤᠭᠰᠠᠨ ᠶᠤᠮ᠃ ᠡᠶᠢᠮᠤ ᠠᠴᠠ ᠡᠨᠡ ᠬᠦ ᠬᠤᠷᠠᠯ ᠨᠢ ᠮᠤᠩᠭᠤᠯ ᠤᠶᠢᠷᠠᠳ ᠤᠨ ᠡᠯ᠎ᠡ ᠠᠶᠢᠮᠠᠭ ᠤᠨ ᠬᠦᠴᠦᠨ ᠢ ᠨᠢᠭᠡᠳᠭᠡᠵᠤ ᠬᠠᠷᠢ ᠶᠢᠨ ᠲᠦᠷᠢᠮᠡᠬᠡᠶᠢᠯᠡᠯ ᠢ ᠡᠰᠡᠷᠬᠦᠴᠡᠬᠦ ᠪᠠᠷ ᠭᠤᠤᠯ ᠵᠤᠷᠢᠯᠳᠠ ᠪᠠᠨ ᠪᠤᠯᠭᠠᠭᠰᠠᠨ ᠪᠠᠶᠢᠵᠠᠢ᠃ ᠲᠤᠰ ᠬᠤᠷᠠᠯᠳᠤᠭᠠᠨ ᠠᠴᠠ ᠴᠠᠭᠠᠵᠠ ᠶᠢᠨ ᠪᠢᠴᠢᠭ ᠢ ᠰᠠᠨᠠᠯ ᠨᠢᠭᠡᠳᠡᠢ ᠪᠠᠳᠤᠯᠠᠭᠰᠠᠨ ᠪᠠᠶᠢᠨ᠎ᠠ᠃ ᠡᠨᠡ ᠴᠠᠭᠠᠵᠠ ᠨᠢ ᠲᠡᠦᠬᠡᠨ ᠎ ᠳᠤ ︽ᠮᠤᠩᠭᠤᠯ ᠤᠶᠢᠷᠠᠳ ᠤᠨ ᠬᠠᠤᠯᠢ︾᠂ ︽ᠲᠦᠴᠢᠨ ᠲᠦᠷᠪᠡᠨ ᠬᠤᠶᠠᠷ ᠤᠨ ᠶᠡᠭᠡ ᠴᠠᠭᠠᠵᠠ︾ ᠬᠡᠬᠦ ᠵᠡᠷᠭᠡ ᠎ ᠪᠠᠷ ᠨᠡᠷᠡᠯᠡᠭᠳᠡᠨ ᠠᠯᠳᠠᠷᠰᠢᠵᠠᠢ᠃ ᠲᠦᠴᠢᠨ ᠲᠦᠷᠪᠡᠨ ᠬᠤᠶᠠᠷ ᠤᠨ ᠴᠠᠭᠠᠵᠠ ᠬᠡᠰᠡᠨ ᠨᠢ ᠲᠦᠴᠢᠨ ᠲᠦᠮᠡᠨ ᠮᠤᠩᠭᠤᠯ᠂ ᠲᠦᠷᠪᠡᠨ ᠤᠶᠢᠷᠠᠳ ᠤᠨ ᠬᠠᠮᠳᠤᠷᠠᠨ ᠲᠤᠭᠳᠠᠭᠠᠭᠰᠠᠨ ᠴᠠᠭᠠᠵᠠ ᠬᠡᠰᠡᠨ ᠤᠳᠬ᠎ᠠ ᠲᠠᠢ ᠶᠤᠮ᠃ ︽ᠮᠤᠩᠭᠤᠯ ᠤᠶᠢᠷᠠᠳ ᠤᠨ ᠬᠠᠤᠯᠢ︾᠎ ᠨᠢ ᠨᠤᠶᠠᠳ ᠤᠨ ᠬᠤᠭᠤᠷᠤᠨᠳᠤᠬᠢ ᠬᠠᠷᠢᠴᠠᠭ᠎ᠠ ᠶᠢ ᠵᠤᠬᠢᠴᠠᠭᠤᠯᠵᠤ᠂ ᠬᠠᠷᠢᠶᠠᠳᠣ ᠬᠠᠮᠵᠢᠯᠭ᠎ᠠ ᠪᠠᠨ ᠵᠠᠬᠢᠷᠤᠨ ᠪᠠᠷᠢᠮᠳᠠᠯᠠᠬᠤ ᠡᠷᠬᠡ ᠬᠡᠮᠵᠢᠶ᠎ᠡ ᠶᠢ ᠬᠠᠤᠯᠢ ᠶᠢᠨ ᠶᠤᠰᠤᠭᠠᠷ ᠤᠯᠠᠮ ᠪᠠᠳᠤᠳᠬᠠᠬᠤ᠂ ᠬᠠᠷᠢ ᠶᠢᠨ ᠲᠦᠷᠢᠮᠡᠬᠡᠶᠢᠯᠡᠯ ᠤᠨ ᠡᠰᠡᠷᠬᠦ ᠮᠤᠩᠭᠤᠯᠴᠤᠳ ᠤᠨ ᠬᠠᠮᠳᠤᠷᠠᠭᠰᠠᠨ ᠬᠦᠴᠦ ᠶᠢ ᠵᠤᠬᠢᠶᠠᠨ ᠪᠠᠶᠢᠭᠤᠯᠬᠤ᠂ ᠰᠢᠷ᠎ᠠ ᠶᠢᠨ ᠱᠠᠰᠢᠨ ᠤ ᠡᠷᠬᠡ ᠨᠦᠯᠦᠬᠡᠨ ᠢ ᠲᠡᠯᠭᠡᠷᠡᠭᠦᠯᠭᠦ ᠵᠡᠷᠭᠡ ᠭᠤᠤᠯ ᠠᠭᠤᠯᠭ᠎ᠠ ᠲᠠᠢ ᠪᠤᠯᠬᠤᠷ ᠲᠤᠬᠠᠢ ᠶᠢᠨ ᠦᠶ᠎ᠡ ᠎ ᠳᠤ ᠮᠤᠩᠭᠤᠯ ᠤᠨ ᠨᠡᠶᠢᠭᠡᠮ ᠤᠨ ᠭᠦᠭᠵᠢᠯᠳᠡ ᠳᠤ ᠲᠤᠮᠤᠬᠠᠨ ᠦᠢᠯᠡᠳᠦᠯ ᠦᠵᠡᠭᠦᠯᠦᠭᠰᠡᠨ ᠢᠶᠠᠷ ᠦᠯᠦ ᠪᠠᠷᠠᠨ ᠤᠳᠤ ᠴᠦ ᠬᠡᠰᠡᠨ 17 ᠳ᠋ᠤᠭᠠᠷ ᠵᠠᠭᠤᠨ ᠤ ᠦᠶ᠎ᠡ ᠶᠢᠨ ᠮᠤᠩᠭᠤᠯ ᠤᠨ ᠨᠡᠶᠢᠭᠡᠮ — ᠤᠯᠤᠰ ᠲᠦᠷᠦ᠂ ᠡᠳ᠋ ᠤᠨ ᠵᠠᠰᠠᠭ᠂ ᠬᠦᠮᠦᠨ ᠠᠷᠠᠳ ᠤᠨ ᠠᠵᠤ ᠠᠮᠢᠳᠤᠷᠠᠯ᠂ ᠰᠤᠶᠤᠯ᠂ ᠵᠠᠩ ᠰᠤᠷᠳᠠᠬᠤᠨ᠂ ᠬᠠᠤᠯᠢ ᠵᠦᠢ ᠶᠢ ᠰᠤᠳᠤᠯᠬᠤ ᠳᠤ ᠴᠢᠬᠤᠯᠠ ᠦᠢᠯᠡᠳᠦᠯ ᠲᠠᠢ ᠪᠠᠶᠢᠭᠰᠠᠭᠠᠷ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号