ᠳᠥᠷᠪᠡᠨ ᠣᠶᠢᠷᠠᠳ ᠤᠨ ᠲᠤᠬᠠᠢ
ᠨᠡᠶᠢᠲᠡᠯᠡᠭᠰᠡᠨ ᠴᠠᠭ᠄
2019/12/11
ᠦᠢᠷᠠᠳ ᠬᠡᠰᠡᠨ ᠦᠬᠡ ᠠᠩᠬ᠎ᠠ ᠤᠲᠠᠭ᠎ᠠ ᠷᠠᠰᠢᠳ᠋ ᠳ᠋ᠢᠨ ᠤ ︽ᠰᠤᠲᠤᠷ ᠤᠨ ᠴᠢᠭᠤᠯᠭᠠᠨ︾᠎ ᠳᠤ ᠳᠡᠮᠳᠡᠭᠯᠡᠭᠳᠡᠭᠰᠡᠨ ᠶᠤᠮ᠃ ᠳᠤᠰ ᠨᠤᠮ ᠳᠤ ︽1201 ᠤᠨ ᠳᠤ ᠨᠠᠢᠮᠠᠨ ᠸᠡᠩ ᠤᠨ ᠲᠠᠬᠦᠤ ᠪᠦᠢᠷᠤᠭ ᠬᠠᠨ᠂ ᠮᠠᠷᠬᠢᠳ ᠸᠡᠩ ᠲᠤᠭᠲᠤᠭ᠎ᠠ ᠪᠠᠬᠢ᠂ ᠦᠢᠷᠠᠳ ᠸᠡᠩ ᠬᠤᠲᠤᠭ ᠪᠠᠬᠢ ᠨᠠᠷ ᠬᠡᠷᠡᠶᠢᠳ ᠤᠨ ᠸᠡᠩ ᠬᠠᠨ ᠤ ᠲᠠᠶᠢᠴᠢᠯᠠᠭ᠎ᠠ ᠪᠠᠷ ᠲᠠᠮᠤᠵᠢᠨ ᠢ ᠲᠤᠪᠲᠤᠯᠪᠠ︾ ᠬᠡᠵᠤ ᠪᠢᠴᠢᠵᠦ ᠪᠤᠢ᠃ ᠰᠠᠬᠦᠯᠠᠷ ᠨᠢ ᠦᠢᠷᠠᠳ ᠤᠨ ᠬᠤᠲᠤᠭ ᠪᠠᠬᠢ ᠲᠠᠮᠤᠵᠢᠨ ᠲᠠᠢ ᠤᠯᠠᠨ ᠤᠲᠠᠭ᠎ᠠ ᠲᠠᠶᠢᠲᠤᠵᠤ ᠦᠡᠭᠬᠡᠷᠡᠭᠰᠡᠨ ᠪᠦᠬᠡᠳ ᠡᠴᠤᠰ ᠲᠡᠭᠡᠨ ᠪᠠᠭᠤᠨ ᠦᠭᠴᠤ ᠮᠤᠩᠭᠤᠯ ᠤᠨ ᠲᠤᠯᠭᠤᠷ ᠲᠦᠷᠤ ᠳᠤ ᠮᠠᠰᠢ ᠶᠡᠭᠡ ᠬᠦᠴᠤᠨ ᠵᠢᠳᠬᠦᠯ ᠦᠵᠠᠬᠦᠯᠵᠠᠢ᠃ ᠲᠦᠷᠪᠠᠨ ᠦᠢᠷᠠᠳ ᠪᠤᠯ ᠬᠠᠯᠢᠮᠠᠭ ᠤᠨ ᠳᠡᠭᠡᠳᠦᠭᠦᠯᠡ ᠶᠤᠮ᠃ 2007 ᠤᠨ ᠤ ᠨᠠᠮᠤᠷ ᠨᠠᠮᠠᠶᠢ ᠬᠠᠯᠢᠮᠠᠭ ᠲᠤ ᠤᠴᠢᠬᠤ ᠳᠤ ᠲᠠᠨᠲᠠᠬᠢ ᠶᠢᠨ ᠬᠠᠯᠢᠮᠠᠭᠴᠤᠳ ᠬᠤᠱᠤᠳ᠂ ᠲᠤᠷᠭᠤᠳ᠂ ᠲᠦᠷᠪᠠᠳ᠂ ᠵᠠᠬᠦᠨᠭᠠᠷ ᠪᠤᠯ ᠲᠠᠲᠠᠨ ᠤ ᠲᠡᠬᠡᠲᠤᠰ ᠬᠡᠮᠡᠨ ᠵᠦᠪᠰᠢᠶᠠᠷᠠᠵᠤ ᠪᠠᠶᠢᠪᠠ᠃ ᠤᠷᠤᠰ ᠤᠨ ᠠᠯᠲᠠᠷᠲᠤ ᠡᠷᠲᠠᠮᠲᠠᠨ ᠸᠯᠠᠳᠢᠮᠢᠷᠼᠤᠪ ︽ᠲᠦᠷᠪᠠᠨ ᠦᠢᠷᠠᠳ ᠨᠢ ᠴᠢᠩᠬᠢᠰ ᠬᠠᠭᠠᠨ ᠤ ᠦᠶ᠎ᠠ ᠶᠢᠨ ᠦᠢᠷᠠᠳ ᠤᠨ ᠲᠦᠷᠪᠠᠨ ᠲᠦᠮᠠᠨ ᠡᠷᠤᠬᠡ ᠠᠴᠠ ᠡᠬᠦᠰᠤᠯᠲᠠᠢ︾ ᠬᠡᠮᠡᠨ ᠦᠬᠦᠯᠡᠭᠰᠡᠨ ᠪᠠᠶᠢᠳᠠᠭ᠃ ᠲᠤᠲᠤ ᠦᠰᠦᠭ ᠤᠨ ᠲᠤᠯᠭᠤᠷ ᠪᠢᠴᠢᠭ ︽ᠮᠤᠩᠭᠤᠯ ᠤᠨ ᠤᠭ ᠡᠬᠢᠨ ᠲᠤᠭᠤᠵᠢ︾᠎ ᠳᠤ᠄ ︽ᠬᠤᠱᠤᠳ᠂ ᠲᠤᠷᠭᠤᠳ᠂ ᠲᠦᠷᠪᠠᠳ᠂ ᠵᠠᠬᠦᠨᠭᠠᠷ ᠨᠠᠶᠢᠯᠡᠬᠡᠳ ᠨᠢᠬᠡ ᠦᠢᠷᠠᠳ᠂ ᠲᠦᠮᠠᠳ᠂ ᠬᠤᠶᠢᠳ᠂ ᠪᠠᠲᠤᠳ ᠨᠠᠶᠢᠯᠡᠬᠡᠳ ᠨᠢᠬᠡ ᠦᠢᠷᠠᠳ᠂ ᠪᠠᠷᠭᠤ ᠪᠤᠷᠢᠶᠠᠳ ᠨᠠᠶᠢᠯᠡᠬᠡᠳ ᠨᠢᠬᠡ ᠦᠢᠷᠠᠳ᠂ ᠪᠦᠬᠦ ᠮᠤᠩᠭᠤᠯ ᠨᠠᠶᠢᠯᠡᠬᠡᠳ ᠪᠠᠰᠠ ᠨᠢᠬᠡ ᠦᠢᠷᠠᠳ︾ ᠬᠡᠵᠤ ᠪᠢᠴᠢᠵᠠᠢ᠃ ᠲᠤᠮᠤᠭ ᠶᠠᠷᠢᠶᠠᠨ ᠳᠤ ︽ᠡᠷᠲᠠ ᠤᠷᠢᠲᠤ ᠶᠢᠨ ᠴᠠᠭ ᠲᠤ ᠠᠮᠤᠨᠢ ᠪᠠ ᠲᠤᠮᠤᠨᠢ ᠬᠡᠲᠡᠭ ᠬᠤᠶᠠᠷ ᠬᠦᠮᠤᠨ ᠡᠵᠡᠬᠦᠢ ᠡᠬᠡᠷᠡᠮ᠎ᠠ ᠴᠠᠭᠠᠨ ᠬᠦᠲᠡᠭᠡ ᠳᠤ ᠠᠵᠤ ᠲᠦᠷᠤᠨ ᠠᠮᠢᠲᠤᠷᠠᠵᠤ ᠪᠠᠶᠢᠪᠠ ᠬᠡᠨ᠎ᠠ᠃ ᠠᠮᠤᠨᠢ ᠶᠢᠨ 10 ᠬᠦᠪᠠᠬᠦᠨ ᠵᠠᠬᠦᠨᠭᠠᠷ ᠤᠨ ᠠᠯᠪᠠᠲᠤ ᠪᠤᠯᠪᠠ᠂ ᠲᠤᠮᠤᠨᠢ ᠶᠢᠨ ᠲᠦᠷᠪᠠᠨ ᠬᠦᠪᠠᠬᠦᠨ ᠲᠦᠷᠪᠠᠳ ᠤᠨ ᠠᠯᠪᠠᠲᠤ ᠪᠤᠯᠪᠠ᠃ ᠲᠠᠲᠠ ᠬᠦᠮᠤᠨ ᠪᠦᠷᠢ ᠠᠷᠪᠠᠨ ᠬᠦᠪᠠᠬᠦᠨ ᠲᠠᠢ ᠪᠤᠯᠵᠤ᠂ ᠬᠤᠵᠢᠮ ᠨᠢ ᠬᠦᠮᠤᠨ ᠠᠮᠠ ᠶᠡᠭᠡ ᠪᠠᠷ ᠦᠷᠠᠵᠢᠨ ᠦᠰᠴᠠᠢ᠃ ᠲᠠᠲᠠᠨ ᠤ ᠲᠤᠲᠤᠷᠡᠬᠢ ᠨᠢᠬᠡ ᠠᠩᠴᠢᠨ ᠤᠢ ᠰᠢᠭᠤᠢ ᠲᠤᠲᠤᠷ᠎ᠠ ᠠᠡᠭ ᠠᠩᠨᠠᠵᠤ ᠶᠠᠪᠤᠭᠠᠳ ᠨᠢᠬᠡ ᠨᠢᠯᠬ᠎ᠠ ᠬᠡᠤᠬᠡᠳ ᠮᠤᠲᠤᠨ ᠤ ᠤᠡᠭᠬᠢ ᠳᠤ ᠬᠡᠪᠲᠠᠵᠤ ᠪᠠᠶᠢᠬᠤ ᠶᠢ ᠤᠯᠵᠤ ᠦᠵᠠᠵᠤ ᠬᠡᠨ᠎ᠠ᠃ ᠦᠵᠠᠪᠠᠰᠤ ᠲᠠᠷᠠ ᠮᠤᠲᠤᠨ᠂ ᠴᠤᠷᠭᠤ ᠬᠡᠯᠪᠠᠷᠢ ᠲᠠᠢ ᠤᠷᠭᠤᠭᠰᠡᠨ ᠪᠦᠬᠡᠳ ᠴᠤᠷᠭᠤ ᠪᠠᠷ ᠮᠤᠲᠤᠨ ᠤ ᠰᠢᠬᠦᠰᠤᠨ ᠤᠷᠤᠰᠤᠨ ᠭᠠᠷᠴᠤ ᠢᠷᠡᠬᠡᠳ ᠨᠢᠯᠬ᠎ᠠ ᠬᠡᠤᠬᠡᠳ ᠤᠨ ᠠᠮᠠᠨ ᠳᠤ ᠲᠤᠰᠤᠯᠠᠨ ᠲᠠᠵᠢᠬᠡᠵᠤ᠂ ᠬᠠᠵᠠᠭᠤ ᠳᠤᠨᠢ ᠨᠢᠬᠡ ᠤᠭᠤᠯᠢ ᠰᠢᠪᠠᠭᠤᠨ ᠰᠠᠬᠢᠨ ᠰᠠᠭᠤᠵᠤ ᠪᠠᠶᠢᠵᠠᠢ᠃ ᠢᠡᠭᠬᠢᠬᠡᠳ ᠴᠤᠷᠭᠤ ᠬᠡᠯᠪᠠᠷᠢ ᠲᠠᠢ ᠮᠤᠲᠤ ᠨᠢ ᠡᠨᠡ ᠬᠦᠪᠠᠬᠦᠨ ᠤ ᠡᠬᠡ᠂ ᠤᠭᠤᠯᠢ ᠰᠢᠪᠠᠭᠤᠨ ᠨᠢ ᠲᠠᠬᠦᠨ ᠤ ᠡᠴᠢᠭᠡ ᠬᠡᠮᠡᠨ ᠶᠠᠷᠢᠭᠲᠠᠬᠤ ᠪᠤᠯᠵᠠᠢ᠃ ᠲᠠᠷᠠ ᠠᠩᠴᠢᠨ ᠨᠢᠯᠬ᠎ᠠ ᠬᠡᠤᠬᠡᠳ ᠢ ᠲᠠᠪᠠᠷᠢᠨ ᠬᠡᠷ ᠲᠤ ᠪᠠᠨ ᠠᠪᠠᠴᠢᠭᠠᠳ ᠴᠤᠷᠭᠤ ᠬᠡᠰᠡᠨ ᠨᠠᠷ᠎ᠠ ᠦᠭᠴᠤ᠂ ᠲᠠᠷᠠᠴᠢᠯᠠᠨ ᠲᠡᠭᠷᠢ ᠶᠢᠨ ᠵᠢᠬᠡ ᠬᠡᠮᠡᠨ ᠬᠦᠨᠲᠤᠯᠠᠨ ᠦᠰᠬᠡᠵᠤ᠂ ᠵᠠᠬᠦᠨᠭᠠᠷ ᠪᠠ ᠲᠦᠷᠪᠠᠳ ᠤᠨ ᠨᠤᠶᠠᠨ ᠢᠶᠠᠷ ᠡᠷᠬᠦᠮᠵᠢᠯᠠᠪᠠ ᠬᠡᠨ᠎ᠠ᠃ ᠲᠡᠬᠡᠬᠡᠳ ᠴᠤᠷᠭᠤ ︵chorgo︶᠎ ᠶᠢᠨ ᠤᠯᠠᠨ ᠲᠤᠭ᠎ᠠ ᠨᠢ ᠴᠤᠷᠭᠤᠰ ︵chorgos︶ ᠪᠤᠯᠵᠤ᠂ ᠬᠤᠶᠢᠨ᠎ᠠ ᠬᠡᠶᠢᠬᠦᠯᠦᠭᠴᠢ ᠠᠪᠢᠶ᠎ᠠ g᠎ ᠨᠢ ᠬᠡᠬᠡᠭᠲᠠᠬᠡᠳ ᠴᠤᠷᠤᠰ ᠬᠡᠲᠡᠭ ᠵᠠᠬᠦᠨᠭᠠᠷ ᠪᠠ ᠲᠦᠷᠪᠠᠳ ᠤᠨ ᠨᠤᠶᠠᠳ ᠤᠨ ᠤᠪᠤᠭ ᠪᠤᠯᠤᠭᠰᠡᠨ ᠬᠡᠨ᠎ᠠ︾ ᠬᠡᠮᠡᠨ ᠦᠬᠦᠯᠡᠳᠡᠭ ᠰᠠᠨ᠃ ᠮᠢᠩ ᠤᠯᠤᠰ ᠤᠨ ᠡᠴᠤᠰ᠂ ᠴᠢᠩ ᠤᠯᠤᠰ ᠤᠨ ᠡᠬᠢᠨ ᠢᠶᠠᠷ ᠪᠢᠴᠢᠭᠲᠡᠭᠰᠡᠨ ︽ᠮᠤᠩᠭᠤᠯ ᠤᠨ ᠬᠤᠰᠢᠭᠤ ᠨᠤᠲᠤᠭ ᠤᠨ ᠲᠡᠮᠲᠡᠭᠯᠠᠯ︾᠎ ᠳᠤ ︽ᠬᠤᠱᠤᠳ᠂ ᠵᠠᠬᠦᠨᠭᠠᠷ᠂ ᠲᠦᠷᠪᠠᠳ᠂ ᠲᠤᠷᠭᠤᠳ ᠪᠤᠯ ᠮᠢᠩ ᠤᠯᠤᠰ ᠠᠴᠠ ᠨᠠᠰᠢᠬᠢ ᠬᠠᠭᠤᠴᠢᠨ ᠲᠦᠷᠪᠠᠨ ᠦᠢᠷᠠᠳ ᠪᠤᠯᠤᠨ᠎ᠠ᠃ ᠬᠤᠱᠤᠳ᠂ ᠵᠠᠬᠦᠨᠭᠠᠷ᠂ ᠲᠦᠷᠪᠠᠳ᠂ ᠬᠤᠶᠢᠳ ᠪᠤᠯ ᠰᠢᠨᠵᠢᠶᠠᠩ ᠪᠠᠶᠢᠭᠤᠯᠤᠭᠲᠠᠬᠤ ᠠᠴᠠ ᠡᠮᠤᠨᠠᠬᠢ ᠲᠦᠷᠪᠠᠨ ᠦᠢᠷᠠᠳ ᠪᠤᠯᠤᠨ᠎ᠠ᠃ ᠲᠡᠭᠷᠢ ᠠᠭᠤᠯᠠ ᠶᠢᠨ ᠡᠮᠤᠨ᠎ᠠ ᠬᠤᠶᠢᠨ᠎ᠠ ᠲᠤᠭᠲᠠᠨᠢᠭᠰᠡᠨ ᠠᠴᠠ ᠬᠤᠶᠢᠰᠢ ᠤᠪᠰᠢ ᠬᠠᠨ ᠲᠠᠬᠢᠨ ᠪᠤᠴᠠᠵᠤ ᠢᠷᠠᠪᠠ᠃ ᠬᠠᠷᠢᠶᠠᠲᠤ ᠨᠠᠷ ᠲᠠᠭᠠᠨ ᠵᠡᠷᠬᠡ ᠬᠡᠷᠬᠡᠮ ᠤᠯᠠᠮᠵᠢᠯᠠᠨ ᠡᠷᠬᠦᠮᠵᠢᠯᠠᠵᠤ᠂ ᠠᠶᠢᠮᠠᠭ ᠰᠤᠮᠤ ᠬᠤᠪᠢᠶᠠᠨ ᠤᠯᠠᠨ ᠭᠠᠵᠠᠷ ᠢᠶᠠᠷ ᠨᠠᠬᠦᠲᠠᠯᠯᠠᠨ ᠮᠠᠯᠵᠢᠪᠠ᠃ ᠡᠲᠡᠬᠡᠷ ᠢ ᠲᠤᠷᠠᠳᠪᠠᠯ ᠵᠢᠷᠭᠤᠭᠠᠨ ᠪᠤᠢ᠂ ᠦᠬᠡᠯᠡᠳ᠂ ᠬᠤᠱᠤᠳ᠂ ᠬᠤᠶᠢᠳ᠂ ᠴᠤᠷᠤᠰ᠂ ᠲᠦᠷᠪᠠᠳ᠂ ᠲᠤᠷᠭᠤᠳ ᠪᠤᠯᠤᠨ᠎ᠠ᠃ ᠨᠠᠷᠢᠪᠴᠢᠯᠠᠨ ᠬᠡᠯᠡᠪᠠᠯ ᠭᠤᠷᠪᠠ ᠪᠤᠢ᠂ ᠬᠤᠱᠤᠳ᠂ ᠲᠦᠷᠪᠠᠳ᠂ ᠲᠤᠷᠭᠤᠳ ᠪᠤᠯᠤᠨ᠎ᠠ᠃ ᠦᠨᠲᠤᠰᠤ ᠤᠭᠰᠠᠭ᠎ᠠ ᠎ ᠠᠴᠠ ᠨᠢ ᠠᠪᠴᠤ ᠬᠡᠯᠡᠪᠠᠯ ᠨᠢᠬᠡᠬᠡᠨ ᠪᠦᠬᠡᠳ ᠮᠢᠩ ᠤᠯᠤᠰ ᠠᠴᠠ ᠡᠲᠤᠬᠡ ᠪᠤᠯᠲᠠᠯ᠎ᠠ ᠪᠦᠷ ᠦᠢᠷᠠᠳ ᠮᠤᠩᠭᠤᠯ ᠬᠡᠮᠡᠭᠲᠠᠵᠤ ᠢᠷᠠᠪᠠ︾ ᠬᠡᠵᠡᠢ᠃ ᠲᠡᠤᠬᠡ ᠲᠡᠮᠲᠡᠭᠯᠠᠯ ᠳᠤ ᠦᠨᠲᠤᠰᠤᠯᠠᠪᠠᠯ ᠡᠷᠲᠠᠨ ᠳᠡᠭᠡᠨ ᠦᠢᠷᠠᠳ ᠠᠶᠢᠮᠠᠭ ᠰᠠᠯᠠᠩᠬᠡ ᠮᠦᠷᠠᠨ ᠤ ᠬᠤᠶᠢᠲᠤ ᠪᠠᠶ᠎ᠠ᠂ ᠪᠠᠶᠢᠭᠠᠯ ᠨᠠᠭᠤᠷ ᠤᠨ ᠬᠦᠪᠡᠭᠡ ᠪᠠᠷ ᠠᠮᠢᠲᠤᠷᠠᠵᠤ ᠪᠠᠶᠢᠵᠠᠢ᠃ 1368 ᠤᠨ ᠎ ᠳᠤ ᠶᠡᠭᠡ ᠶᠤᠸᠠᠨ ᠤᠯᠤᠰ ᠨᠤᠷᠠᠵᠤ ᠮᠤᠩᠭᠤᠯᠴᠤᠳ ᠮᠤᠩᠭᠤᠯ ᠤᠨ ᠦᠨᠲᠦᠷᠯᠢᠭ ᠲᠡᠭᠡᠨ ᠪᠤᠴᠠᠭᠰᠡᠨ ᠠᠴᠠ ᠬᠤᠶᠢᠰᠢ ᠦᠢᠷᠠᠳ ᠮᠤᠩᠭᠤᠯ ᠮᠠᠨᠲᠤᠵᠤ᠂ ᠲᠤᠭᠤᠭᠠᠨ ᠲᠠᠶᠢᠱᠢ ᠪᠤᠯᠤᠨ ᠡᠰᠠᠨ ᠲᠠᠶᠢᠱᠢ ᠶᠢᠨ ᠦᠶ᠎ᠠ ᠳᠤ ᠦᠢᠷᠠᠳ ᠤᠨ ᠰᠦᠷ ᠬᠦᠴᠤᠨ ᠤᠷᠢᠳ ᠡᠮᠤᠨ᠎ᠠ ᠭᠠᠷᠤᠭ᠎ᠠ ᠦᠬᠡᠢ ᠬᠦᠴᠤᠷᠬᠡᠭᠵᠢᠵᠤ᠂ ᠨᠢᠬᠡ ᠦᠶ᠎ᠠ ᠮᠤᠩᠭᠤᠯ ᠤᠨ ᠪᠤᠲᠠᠲᠤ ᠡᠷᠬᠡ ᠶᠢ ᠠᠳᠬᠤᠪᠠ᠃ ᠬᠡᠲᠠᠯ᠎ᠠ ᠡᠰᠠᠨ ᠨᠠᠰᠤ ᠪᠠᠷᠠᠭᠰᠡᠨ ᠠᠴᠠ ᠬᠤᠶᠢᠰᠢ ᠨᠠᠶᠢᠬᠡᠮ ᠲᠤᠭᠲᠠᠭᠤᠨ ᠦᠬᠡᠢ ᠪᠤᠯᠵᠤ᠂ ᠮᠤᠩᠭᠤᠯ ᠤᠨ ᠡᠯ᠎ᠠ ᠠᠶᠢᠮᠠᠭ ᠪᠤᠯᠤᠨ ᠦᠢᠷᠠᠳ ᠮᠤᠩᠭᠤᠯ ᠤᠨ ᠡᠯ᠎ᠠ ᠠᠶᠢᠮᠠᠭ᠂ ᠮᠤᠩᠭᠤᠯ ᠪᠤᠯᠤᠨ ᠪᠤᠰᠤᠳ ᠦᠨᠲᠤᠰᠤᠲᠠᠨ ᠤᠯᠤᠰ ᠤᠨ ᠬᠤᠭᠤᠷᠤᠨᠲᠤᠬᠢ ᠵᠦᠷᠢᠴᠠᠯ ᠬᠤᠷᠴᠠᠲᠤᠨ᠂ 16 ᠳ᠋ᠤᠭᠠᠷ ᠵᠠᠭᠤᠨ ᠤ ᠰᠠᠬᠦᠯᠴᠢ᠂ 17 ᠳ᠋ᠤᠭᠠᠷ ᠵᠠᠭᠤᠨ ᠤ ᠡᠬᠢᠨ ᠳᠠᠬᠢ ᠦᠢᠷᠠᠳᠴᠤᠳ ᠤᠨ ᠪᠠᠷᠠᠭᠤᠨᠰᠢᠯᠠᠬᠤ ᠶᠡᠭᠡ ᠨᠠᠬᠦᠲᠠᠯ ᠴᠤᠭᠰᠢᠭᠰᠠᠭᠠᠷ ᠪᠠᠶᠢᠭ᠎ᠠ ᠶᠢ ᠬᠡᠨ ᠴᠤ ᠤᠯᠵᠤ ᠮᠠᠲᠡᠭᠡ ᠦᠬᠡᠢ ᠪᠠᠶᠢᠵᠠᠢ᠃ 16 ᠳ᠋ᠤᠭᠠᠷ ᠵᠠᠭᠤᠨ ᠤ ᠦᠶ᠎ᠠ ᠳᠤ᠂ ᠦᠢᠷᠠᠳ ᠤᠨ ᠭᠤᠤᠯ ᠭᠠᠵᠠᠷ ᠨᠤᠲᠤᠭ ᠨᠢ ᠵᠡᠬᠦᠨᠰᠢ ᠬᠦᠡᠭᠬᠦᠢ᠂ ᠬᠤᠶᠢᠰᠢ ᠲᠠᠩᠨᠤ ᠠᠭᠤᠯᠠ ᠳᠤ ᠬᠦᠷᠴᠤ᠂ ᠡᠮᠦᠨᠡᠰᠢ ᠴᠠᠭᠠᠲᠠᠢ ᠶᠢᠨ ᠤᠲᠤᠮ ᠤᠨ ᠬᠠᠭᠠᠳ ᠤᠨ ᠬᠠᠷᠢᠶᠠᠲᠤ ᠭᠠᠵᠠᠷ ᠲᠤ ᠲᠤᠯᠵᠤ ᠪᠠᠶᠢᠪᠠ᠃ ᠲᠠᠶᠢᠮᠤ ᠠᠴᠠ᠂ ᠭᠤᠪᠢ ᠶᠢᠨ ᠡᠮᠤᠨᠠᠬᠢ ᠲᠦᠮᠠᠳ᠂ ᠤᠷᠲᠤᠰ ᠪᠠ ᠭᠤᠪᠢ ᠶᠢᠨ ᠬᠤᠶᠢᠲᠤ ᠳᠠᠬᠢ ᠬᠠᠯᠬ᠎ᠠ ᠶᠢᠨ ᠢᠵᠠᠭᠤᠷᠲᠠᠳ ᠦᠢᠷᠠᠳ ᠢ ᠲᠠᠶᠢᠯᠠᠬᠤ ᠠᠴᠠ ᠡᠮᠤᠨ᠎ᠠ᠂ ᠦᠢᠷᠠᠳ ᠤᠨ ᠨᠠᠬᠦᠲᠠᠯᠯᠠᠨ ᠮᠠᠯᠵᠢᠯᠠᠬᠤ ᠨᠤᠲᠤᠭ ᠪᠠᠯᠴᠢᠬᠡᠷ ᠪᠠᠰᠠ ᠨᠠᠯᠢᠶᠠᠳ ᠦᠷᠬᠡᠨ ᠠᠭᠤᠲᠠᠮ ᠪᠠᠶᠢᠭᠰᠡᠨ ᠶᠤᠮ᠃ ᠡᠰᠠᠨ ᠲᠠᠶᠢᠱᠢ ᠨᠠᠰᠤ ᠪᠠᠷᠠᠭᠰᠡᠨ ᠠᠴᠠ ᠬᠤᠶᠢᠰᠢ ᠦᠢᠷᠠᠳᠴᠤᠳ ᠲᠠᠷᠠ ᠳᠤᠤᠷ᠎ᠠ ᠪᠠᠨ ᠪᠠᠷᠠᠭᠤᠨᠰᠢ ᠨᠠᠬᠦᠲᠠᠯᠯᠡᠭᠰᠡᠨ ᠦᠭᠡᠢ᠂ ᠲᠠᠲᠠᠨ ᠤ ᠨᠠᠯᠢᠶᠠᠳ ᠬᠡᠰᠡᠭ ᠬᠦᠴᠤ ᠨᠢ ᠭᠤᠪᠢ ᠶᠢᠨ ᠬᠤᠶᠢᠲᠤ ᠲᠠᠯ᠎ᠠ ᠶᠢᠨ ᠪᠠᠷᠠᠭᠤᠨ ᠬᠡᠰᠡᠭ ᠲᠠᠬᠢ ᠬᠠᠨᠭ᠍ᠭᠠᠢ ᠠᠭᠤᠯᠠ᠂ ᠬᠦᠡᠭᠬᠦᠢ᠂ ᠵᠠᠪᠠᠭ᠋ᠠᠨ ᠭᠤᠤᠯ ᠵᠡᠷᠬᠡ ᠭᠠᠵᠠᠷ ᠤᠷᠤᠨ ᠢᠶᠠᠷ ᠨᠠᠯᠢᠶᠠᠳ ᠬᠤᠭᠤᠴᠠᠭ᠎ᠠ ᠳᠤᠭᠳᠠᠨᠢᠵᠤ ᠪᠠᠶᠢᠭᠰᠠᠨ ᠳᠡᠳᠦᠢ ᠦᠭᠡᠢ᠂ 16 ᠳ᠋ᠤᠭᠠᠷ ᠵᠠᠭᠤᠨ ᠤ ᠡᠴᠤᠰ ᠬᠦᠷᠲᠠᠯ᠎ᠠ ᠮᠤᠩᠭᠤᠯ ᠤᠨ ᠠᠷᠢᠭᠤᠨ ᠭᠠᠵᠠᠷ — ᠬᠠᠷ᠎ᠠ ᠬᠤᠷᠢᠨ ᠦᠢᠷᠠᠳᠴᠤᠳ ᠤᠨ ᠵᠠᠬᠢᠷᠤᠯ ᠳᠤ ᠪᠠᠶᠢᠭᠰᠠᠨ ᠶᠤᠮ᠃ ᠡᠰᠠᠨ ᠨᠠᠰᠤ ᠪᠠᠷᠠᠭᠰᠡᠨ ᠤ ᠬᠤᠶᠠᠲᠤᠭᠠᠷ ᠵᠢᠯ ᠨᠢ᠂ ᠲᠠᠷᠤᠢ 1455 ᠤᠨ ᠳᠤ ᠲᠤᠭᠲᠠᠬᠤ ᠪᠤᠬ᠎ᠠ ᠶᠢᠨ ᠬᠡᠷᠬᠡᠢ ᠰᠠᠮᠤᠷ ᠲᠠᠶᠢᠬᠡᠤ ᠴᠡᠷᠢᠭ ᠲᠠᠶᠢᠴᠢᠯᠠᠨ ᠦᠢᠷᠠᠳ ᠢ ᠲᠠᠶᠢᠯᠠᠵᠤ᠂ ᠬᠦᠡᠭᠬᠦᠢ ᠵᠠᠪᠬᠠᠨ ᠭᠤᠤᠯ ᠤᠨ ᠰᠠᠪᠠ ᠭᠠᠵᠠᠷ ᠲᠤ ᠢᠯᠠᠯᠲᠠ ᠤᠯᠪᠠ᠃ ᠪᠠᠲᠤᠮᠦ᠋ᠡᠭᠬᠡ ᠲᠠᠶᠠᠨ ᠬᠠᠨ 1470 ᠤᠨ ᠳᠤ ᠰᠠᠭᠤᠷᠢᠨ ᠵᠠᠯᠭᠠᠮᠵᠢᠯᠠᠭᠰᠡᠨ ᠤ ᠲᠠᠷᠠᠭ᠎ᠠ ᠵᠠᠬᠦᠨ ᠮᠤᠩᠭᠤᠯ ᠤᠨ ᠬᠦᠴᠤᠨ ᠮᠠᠨᠲᠤᠭᠠᠳ᠂ ᠭᠤᠪᠢ ᠶᠢᠨ ᠡᠮᠤᠨ᠎ᠠ ᠬᠤᠶᠢᠨᠠᠬᠢ ᠶᠢ ᠨᠢᠬᠡ ᠦᠶ᠎ᠠ ᠨᠢᠬᠡᠳᠬᠡᠵᠤ᠂ 6 ᠲᠦᠮᠠᠨ ᠪᠠᠶᠢᠭᠤᠯᠪᠠ᠃ 1480 ᠤᠨ ᠳᠤ᠂ ᠦᠢᠷᠠᠳ ᠠᠴᠠ ᠢᠷᠠᠬᠦ ᠰᠦᠷᠲᠠᠬᠦᠯᠤᠯ ᠢ ᠠᠷᠢᠯᠭᠠᠬᠤ ᠶᠢᠨ ᠲᠦᠯᠤᠬᠡ ᠮᠠᠨᠲᠤᠬᠠᠢ ᠰᠠᠴᠠᠨ ᠬᠠᠲᠤᠨ ᠴᠡᠷᠢᠭ ᠲᠠᠶᠢᠴᠢᠯᠠᠨ᠂ ᠤᠲᠤ ᠶᠢᠨ ᠮᠤᠩᠭᠤᠯ ᠤᠯᠤᠰ ᠤᠨ ᠬᠢᠯᠢ ᠳᠤ ᠪᠠᠶᠢᠭ᠎ᠠ ᠤᠪᠰᠤ ᠨᠠᠭᠤᠷ ᠲᠤ ᠴᠢᠳᠬᠤᠲᠠᠭ ᠲᠠᠰ ᠭᠤᠤᠯ ᠪᠤᠯᠤᠨ ᠪᠦᠢᠷ ᠭᠤᠤᠯ ᠤᠨ ᠡᠷᠬᠢᠬᠡᠨ ᠳᠤ ᠪᠠᠶᠢᠭ᠎ᠠ ᠲᠠᠰ ᠪᠦᠷᠢᠳᠤ ᠳᠤ ᠦᠢᠷᠠᠳ ᠢ ᠶᠡᠭᠡ ᠪᠠᠷ ᠢᠯᠠᠵᠤ᠂ ᠵᠠᠩᠭᠢᠯᠠᠭ᠎ᠠ ᠶᠢᠨ ᠴᠢᠨᠠᠷᠲᠤ ᠢᠯᠠᠯᠲᠠ ᠤᠯᠤᠭᠠᠳ᠂ ᠦᠢᠷᠠᠳ ᠤᠨ ᠨᠤᠶᠠᠳ ᠲᠤ᠄ ︽ᠡᠬᠦᠨ ᠠᠴᠠ ᠬᠤᠶᠢᠰᠢ ᠬᠡᠷ ᠢᠶᠠᠨ ᠦᠷᠬᠦᠬᠡ ᠬᠡᠵᠤ ᠬᠡᠯᠡᠵᠤ ᠪᠤᠯᠬᠤ ᠦᠬᠡᠢ᠂ ᠮᠠᠯᠠᠭᠠᠢ ᠶᠢᠨ ᠵᠠᠯᠠᠭ᠎ᠠ ᠪᠠᠨ ᠲᠦᠷᠪᠠᠨ ᠬᠤᠷᠤᠭᠤᠨ ᠠᠴᠠ ᠲᠠᠪᠠᠭᠤᠯᠵᠤ ᠪᠤᠯᠬᠤ ᠦᠬᠡᠢ᠂ ᠰᠠᠭᠤᠬᠤ ᠎ ᠳᠠᠭᠠᠨ ᠡᠷᠬᠡᠪᠰᠢ ᠰᠦᠬᠦᠷᠠᠵᠤ ᠰᠠᠭᠤᠬᠤ ᠬᠡᠷᠡᠭᠲᠠᠢ᠃ ᠮᠢᠬ᠎ᠠ ᠢᠲᠠᠬᠦ ᠳᠡᠭᠡᠨ ᠬᠢᠲᠤᠭ᠎ᠠ ᠪᠠᠷ ᠤᠭᠲᠤᠯᠵᠤ ᠢᠲᠠᠵᠤ ᠪᠤᠯᠬᠤ ᠦᠬᠡᠢ᠂ ᠡᠰᠦᠭ ︵ᠰᠦ︶ ᠬᠡᠵᠤ ᠬᠡᠯᠡᠵᠤ ᠪᠤᠯᠬᠤ ᠦᠬᠡᠢ᠂ ᠴᠡᠭᠡ ᠬᠡᠵᠤ ᠬᠡᠯᠡᠬᠦ ᠬᠡᠷᠡᠭᠲᠠᠢ︾ ᠬᠡᠵᠤ ᠵᠠᠷᠯᠢᠭ ᠪᠠᠭᠤᠯᠭᠠᠵᠠᠢ᠃ ᠦᠢᠷᠠᠳ ᠮᠤᠩᠭᠤᠯ ᠲᠠᠶᠠᠨ ᠬᠠᠨ ᠤ ᠴᠤᠬᠢᠯᠲᠠ ᠲᠤᠤᠷ᠎ᠠ ᠠᠷᠭ᠎ᠠ ᠦᠬᠡᠢ ᠢᠲᠡᠭ ᠢᠲᠡᠭ ᠢᠶᠠᠷ ᠪᠠᠷᠠᠭᠤᠨ ᠬᠤᠶᠢᠰᠢ ᠨᠤᠲᠤᠭ ᠰᠢᠯᠵᠢᠵᠤ ᠨᠠᠬᠦᠭᠰᠡᠬᠡᠷ ᠪᠠᠶᠢᠯ᠎ᠠ᠃ ᠰᠠᠬᠦᠯᠠᠷ ᠨᠢ ᠲᠠᠶᠠᠨ ᠬᠠᠨ ᠤ ᠤᠮᠪᠤᠯᠤ ᠬᠦᠪᠠᠬᠦᠨ — ᠠᠯᠲᠠᠨ ᠬᠠᠭᠠᠨ ᠰᠠᠭᠤᠷᠢᠨ ᠳᠤ ᠭᠠᠷᠤᠨ᠂ ᠵᠠᠬᠦᠨ ᠮᠤᠩᠭᠤᠯ ᠤᠨ ᠪᠠᠷᠠᠭᠤᠨ ᠭᠠᠷ ᠤᠨ ᠭᠤᠷᠪᠠᠨ ᠲᠦᠮᠠᠨ ᠶᠡᠭᠡ ᠎ ᠪᠠᠷ ᠬᠦᠴᠤᠷᠬᠡᠭᠵᠢᠨ᠂ 1558 ᠤᠨ ᠳᠤ ᠠᠯᠲᠠᠨ ᠬᠠᠭᠠᠨ ᠶᠠᠯᠠᠮᠨᠨ ᠬᠠᠨ ᠠᠭᠤᠯᠠ᠂ ᠲᠠᠷᠤᠢ ᠦᠨᠤ ᠶᠢᠨ ᠬᠠᠮᠢᠯ ᠤᠨ ᠵᠠᠬᠦᠨ ᠬᠤᠶᠢᠲᠤ ᠪᠠᠶ᠎ᠠ ᠳᠠᠬᠢ ᠶᠠᠯᠠᠮᠨᠨ ᠬᠠᠨ ᠠᠭᠤᠯᠠ ᠪᠠᠷ ᠲᠤᠪᠲᠤᠯᠤᠨ ᠤᠷᠤᠵᠤ ᠦᠢᠷᠠᠳ ᠢ ᠳᠠᠭᠠᠷᠢᠨ ᠂ ᠨᠠᠢᠮᠠᠨ ᠮᠢᠩᠭᠠᠨ ᠬᠤᠶᠢᠳ ᠤᠨ ᠨᠢᠬᠡᠨ ᠪᠤᠯᠬᠤ ᠭᠤᠷᠪᠠᠨ ᠮᠢᠩᠭᠠᠨ ᠢ ᠤᠷᠤᠭᠤᠯᠵᠤ ᠠᠪᠤᠭᠠᠳ᠂ ᠦᠷᠬᠦᠯᠵᠢᠯᠠᠨ ᠬᠤᠶᠢᠰᠢ ᠪᠠᠨ ᠳᠠᠭᠠᠷᠢᠵᠤ᠂ ᠬᠦᠡᠭᠬᠦᠢ ᠠᠭᠤᠯᠠ ᠶᠢ ᠲᠠᠪᠠᠭᠠᠳ ᠦᠬᠡᠯᠡᠳ ᠪᠠ ᠪᠠᠭ᠋ᠠᠲᠤᠳ ᠬᠤᠶᠠᠷ ᠠᠶᠢᠮᠠᠭ ᠢ ᠪᠤᠲᠠ ᠨᠢᠷᠬᠡᠪᠠ᠃ ᠵᠠᠯᠠᠮᠠᠨ ᠬᠠᠨ ᠠᠭᠤᠯᠠᠨ ᠳᠤ ᠬᠤᠷᠤᠭ᠎ᠠ ᠪᠠᠶᠢᠭᠤᠯᠤᠨ ᠪᠠᠬᠢᠯᠠᠯᠲᠠ ᠪᠠᠷᠢᠵᠤ᠂ ᠠᠯᠲᠠᠨ ᠬᠠᠨ ᠡᠯᠴᠢ ᠲᠤᠮᠢᠯᠠᠨ ᠦᠢᠷᠠᠳ ᠤᠨ ᠵᠢᠬᠢᠬᠡᠨ ᠠᠭ᠎ᠠ ᠳᠤ ᠤᠴᠢᠭᠤᠯᠵᠤ ᠤᠷᠤᠭ ᠰᠠᠲᠤᠨ ᠪᠤᠯᠬᠤ ᠡᠷᠡᠮᠡᠯᠵᠡᠯᠡᠯ ᠲᠠᠯᠪᠢᠪᠠ᠃ ᠵᠢᠬᠢᠬᠡᠨ ᠠᠭ᠎ᠠ ᠠᠯᠪᠠᠲᠠᠯᠭ᠎ᠠ ᠶᠢᠨ ᠲᠤᠤᠷ᠎ᠠ ᠦᠬᠢᠨ ᠢᠶᠠᠨ ᠠᠯᠲᠠᠨ ᠬᠠᠭᠠᠨ ᠳᠤ ᠮᠤᠷᠳᠠᠭᠤᠯᠵᠠᠢ᠃ ᠡᠨᠡ ᠨᠢ ᠲᠠᠷᠤᠢ ᠶᠦᠡᠭᠭᠡᠨ ᠬᠠᠲᠤᠨ — ᠰᠠᠨ ᠨᠢᠶᠠᠩ ᠽᠢ ᠪᠢᠯᠠ᠃ 1568 ᠤᠨ ᠳᠤ᠂ ᠠᠯᠲᠠᠨ ᠬᠠᠨ ᠶᠦᠡᠭᠭᠡᠨ ᠬᠠᠲᠤᠨ ᠎ ᠯᠤᠭ᠎ᠠ ᠬᠠᠮᠲᠤ ᠬᠤᠶᠠᠲᠤᠭᠠᠷ ᠤᠲᠠᠭ᠎ᠠ ᠬᠤᠶᠢᠰᠢ ᠲᠠᠶᠢᠯᠠᠵᠤ᠂ ᠠᠯᠲᠠᠢ ᠶᠢᠨ ᠠᠭᠤᠯᠠ ᠶᠢ ᠲᠠᠭᠠᠵᠤ ᠤᠲᠤᠭᠠᠲᠤ ᠲᠤᠮ ᠬᠡᠲᠡᠭ ᠭᠠᠵᠠᠷ ᠲᠤ ᠬᠦᠷᠤᠬᠡᠳ ᠵᠢᠬᠢᠬᠡᠨ ᠠᠭ᠎ᠠ ᠳᠤ ᠪᠠᠷᠠᠭᠠᠯᠠᠪᠠ᠃ ᠪᠠᠭ ᠬᠡᠲᠡᠭ ᠭᠠᠵᠠᠷ ᠲᠤ ᠶᠦᠡᠭᠭᠡᠨ ᠬᠠᠲᠤᠨ ᠨᠢᠬᠡ ᠬᠦᠪᠠᠬᠦᠨ ᠲᠦᠷᠤᠵᠤ᠂ ᠠᠯᠲᠠᠨ ᠬᠠᠨ ᠲᠠᠬᠦᠨ ᠳᠤ ᠪᠤᠲᠢᠰᠢᠷᠢ ᠬᠡᠲᠡᠭ ᠨᠠᠷ᠎ᠠ ᠦᠭᠬᠦᠬᠡᠳ ᠦᠢᠷᠠᠳ ᠤᠨ ᠡᠵᠡᠨ ᠪᠤᠯᠭᠠᠵᠠᠢ᠃ ᠠᠯᠲᠠᠨ ᠬᠠᠨ ᠠᠴᠠ ᠬᠤᠶᠢᠰᠢ ᠤᠷᠲᠤᠰ ᠤᠨ ᠬᠤᠲᠤᠭᠲᠠᠢ ᠰᠠᠴᠠᠨ ᠬᠤᠨᠭ᠌ ᠲᠠᠶᠢᠵᠢ 1562 ᠤᠨ ᠳᠤ 23 ᠨᠠᠰᠤᠲᠠᠢ ᠳᠠᠭᠠᠨ ᠶᠡᠭᠡ ᠴᠡᠷᠢᠭ ᠲᠠᠶᠢᠴᠢᠯᠠᠨ ᠡᠷᠴᠢᠰ ᠭᠤᠤᠯ ᠳᠤ ᠬᠦᠷᠴᠤ ᠲᠦᠷᠪᠠᠨ ᠦᠢᠷᠠᠳ ᠢ ᠲᠠᠶᠢᠯᠠᠭᠠᠳ᠂ ᠲᠤᠷᠭᠤᠳ ᠢ ᠲᠠᠷᠤᠵᠤ᠂ ᠬᠠᠷ᠎ᠠ ᠪᠤᠭᠤᠷ᠎ᠠ ᠶᠢ ᠠᠯᠠᠭᠠᠳ᠂ ᠭᠤᠯᠤᠮᠲᠠ ᠳᠤᠨᠢ ᠬᠠᠷ᠎ᠠ ᠲᠤᠭ ᠢᠶᠠᠨ ᠬᠠᠳᠬᠤᠵᠤ᠂ ᠰᠢᠯᠪᠢᠰ᠂ ᠲᠤᠷᠭᠤᠳ ᠤᠨ ᠬᠠᠭᠠᠰ ᠢ ᠦᠯᠡᠲᠡᠬᠡᠨ ᠤᠭ ᠭᠠᠵᠠᠷ ᠲᠤᠨᠢ ᠪᠠᠶᠢᠷᠢᠰᠢᠭᠤᠯᠵᠤ ᠴᠡᠷᠢᠭ ᠢᠶᠠᠨ ᠲᠠᠲᠠᠪᠠ᠃ ᠰᠠᠬᠦᠯᠠᠷ ᠨᠢ ᠤᠷᠲᠤᠰ ᠤᠨ ᠪᠤᠶᠠᠨ ᠪᠠᠭᠠᠲᠤᠷ ᠬᠤᠨᠭ᠌ ᠲᠠᠶᠢᠵᠢ᠂ ᠰᠠᠴᠠᠨ ᠬᠤᠨᠭ᠌ ᠲᠠᠶᠢᠵᠢ ᠨᠠᠷ ᠪᠠᠰᠠ ᠤᠯᠠᠨ ᠤᠲᠠᠭ᠎ᠠ ᠦᠢᠷᠠᠳ ᠢ ᠲᠠᠶᠢᠯᠠᠵᠠᠢ᠃ ᠲᠤᠪᠴᠢᠯᠠᠭᠠᠳ ᠬᠡᠯᠡᠬᠦ ᠳᠤ᠂ 15 ᠳ᠋ᠤᠭᠠᠷ ᠵᠠᠭᠤᠨ ᠤ ᠰᠠᠬᠦᠯᠴᠢ ᠪᠤᠯᠤᠨ 16 ᠳ᠋ᠤᠭᠠᠷ ᠵᠠᠭᠤᠨ ᠤ ᠡᠬᠢ ᠪᠠᠷ ᠵᠠᠬᠦᠨ ᠮᠤᠩᠭᠤᠯ ᠤᠲᠠᠭ᠎ᠠ ᠲᠠᠷᠠᠭᠠᠯᠠᠨ ᠲᠦᠷᠪᠡᠨ ᠦᠢᠷᠠᠳ ᠢ ᠲᠠᠶᠢᠯᠠᠵᠤ᠂ ᠨᠤᠲᠤᠭ ᠲᠠᠪᠢᠰᠬᠡᠷ ᠢ ᠨᠢ ᠪᠤᠯᠢᠶᠠᠨ ᠡᠵᠡᠯᠡᠵᠤ ᠪᠠᠶᠢᠭᠰᠠᠨ ᠢᠶᠠᠷ ᠲᠠᠲᠠ ᠠᠷᠭ᠎ᠠ ᠪᠤᠰᠤ ᠰᠢᠬᠠᠭᠲᠠᠨ ᠡᠷᠴᠢᠰ ᠭᠤᠤᠯ ᠪᠠ ᠤᠪᠢ ᠭᠤᠤᠯ ᠤᠨ ᠲᠤᠮᠲᠠ ᠲᠡᠬᠡᠲᠤ ᠤᠷᠤᠰᠬᠠᠯ ᠪᠤᠯᠤᠨ ᠶᠧᠨᠢᠰᠠᠢ ᠭᠤᠤᠯ ᠤᠨ ᠲᠡᠬᠡᠲᠤ ᠤᠷᠤᠰᠬᠠᠯ ᠤᠨ ᠭᠠᠵᠠᠷ ᠤᠷᠤᠨ᠂ ᠤᠷᠤᠰ ᠤᠨ ᠬᠢᠯᠢ ᠤᠷᠴᠢᠮ ᠨᠠᠬᠦᠨ ᠤᠴᠢᠵᠤ ᠠᠮᠢᠲᠤᠷᠠᠬᠤ ᠪᠤᠯᠵᠤ᠂ ᠲᠠᠨᠲᠠ ᠤᠴᠢᠭᠰᠡᠨ ᠦᠢᠷᠠᠳ ᠤᠳ ᠢ ︽ᠬᠠᠯᠢᠮᠠᠭ︾ ᠬᠡᠮᠡᠨ ᠨᠠᠷᠠᠯᠠᠬᠦ ᠪᠤᠯᠵᠠᠢ᠃ ᠬᠠᠯᠢᠮᠠᠭ ᠬᠡᠲᠡᠭ ᠨᠢ ᠲᠦᠷᠺ ᠬᠡᠯᠡᠨ ᠤ ︽ᠦᠯᠡᠲᠡᠭᠰᠡᠳ ︵ᠵᠠᠷᠢᠮ ᠡᠷᠳᠡᠮᠳᠡᠳ ᠬᠠᠯᠢᠨ ᠨᠢᠰᠬᠦ ᠶᠢᠨ ᠬᠠᠯᠢ ᠬᠡᠰᠡᠨ ᠦᠭᠡᠨ ᠠᠴᠠ ᠢᠷᠡᠯᠳᠡᠢ ᠭᠡᠳᠡᠭ ︶︾ ᠬᠡᠰᠡᠨ ᠤᠳᠬ᠎ᠠ ᠲᠠᠢ ᠦᠬᠡ ᠭᠡᠳᠡᠭ ᠪᠢᠯᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号