| | ᠠᠪᠤᠯᠠᠢ ᠪᠤᠯ ᠤᠶᠢᠷᠠᠳ ᠤᠨ ᠬᠤᠱᠤᠳ ᠠᠶᠢᠮᠠᠭ ᠤᠨ ᠬᠦᠮᠤᠨ ᠪᠤᠯᠤᠨ᠎ᠠ᠃ ᠳᠡᠭᠦᠨ ᠤ ᠡᠴᠢᠭᠡ ᠨᠢ ᠪᠠᠶᠢᠪᠠᠭᠠᠰ | ᠪᠠᠭᠠᠳᠤᠷ ᠨᠤᠶᠠᠨ ᠪᠤᠯᠬᠤ ᠪᠦᠭᠡᠳ ᠡᠬᠡ ᠨᠢ ᠳᠠᠶᠢᠰᠦ᠋ᠡᠭ ᠠᠬ᠎ᠠ ︵ᠬᠠᠳᠤᠨ︶ ᠭᠡᠳᠡᠭ ᠶᠤᠮ᠃ ᠲᠡᠷᠡ ᠪᠤᠯ ᠸᠴᠢᠷᠳᠤ | ᠰᠡᠴᠡᠨ ᠬᠠᠨ ᠤ ᠡᠴᠢᠭᠡ ᠨᠢᠭᠡ᠂ ᠡᠬᠡ ᠦᠭᠡᠷ᠎ᠡ ᠳᠡᠭᠦᠦ ᠪᠤᠯᠤᠨ᠎ᠠ᠂ ᠦᠭᠡᠷ᠎ᠡ ᠪᠠᠷ ᠭᠡᠯᠡᠪᠡᠯ ᠪᠠᠶᠢᠪᠠᠭᠠᠰ ᠪᠠᠭᠠᠳᠤᠷ | ᠨᠤᠶᠠᠨ ᠤ ᠬᠤᠶᠠᠳᠤᠭᠠᠷ ᠬᠦᠪᠡᠭᠦᠨ ᠪᠤᠯᠬᠤ ᠶᠤᠮ᠃ | ᠪᠠᠶᠢᠪᠠᠭᠠᠰ ᠢ ᠨᠠᠰᠤ ᠨᠦᠭᠴᠢᠭᠰᠡᠨ ᠤ ᠳᠠᠷᠠᠭ᠎ᠠ᠂ ᠸᠴᠢᠷᠳᠤ ᠠᠬᠠᠮᠠᠳ ᠬᠦᠪᠡᠭᠦᠨ ᠤ ᠬᠤᠪᠢ ᠪᠠᠷ ᠡᠴᠢᠭᠡ ᠶᠢᠨ ᠢᠶᠠᠨ | ᠵᠡᠷᠭᠡ ᠭᠡᠷᠭᠡᠮ ᠢ ᠵᠠᠯᠭᠠᠮᠵᠢᠯᠠᠵᠤ ᠬᠤᠱᠤᠳ ᠠᠶᠢᠮᠠᠭ ᠤᠨ ᠬᠠᠨ ᠪᠤᠯᠤᠭᠰᠠᠨ ᠪᠦᠭᠡᠳ ᠳᠦᠷᠪᠡᠨ ᠤᠶᠢᠷᠠᠳ ᠤᠨ ᠴᠤ | ᠴᠢᠬᠤᠯᠠ ᠨᠢᠭᠡᠨ ᠤᠳᠤᠷᠢᠳᠤᠭᠴᠢ ᠪᠤᠯᠪᠠ᠃ ᠳᠡᠶᠢᠨ ᠬᠦ 1643 ᠤᠨ ᠳᠤ᠂ ᠸᠴᠢᠷᠳᠤ ᠰᠡᠴᠡᠨ ᠬᠠᠨ ᠪᠤᠯᠤᠨ | ᠪᠠᠭᠠᠳᠤᠷ ᠬᠤᠨᠭ᠌ ᠳᠠᠶᠢᠵᠢ ᠳᠦᠷᠪᠡᠨ ᠤᠶᠢᠷᠠᠳ ᠤᠨ ᠬᠤᠯᠪᠤᠭᠠᠳᠤ ᠴᠡᠷᠢᠭ ᠢ ᠠᠪᠴᠤ᠂ ᠬᠠᠰᠠᠭ ᠤᠨ ᠶᠠᠩᠵᠠᠷ | ᠰᠤᠯᠳᠠᠨ ᠢ ᠳᠠᠶᠢᠯᠠᠬᠤ ᠦᠶ᠎ᠡ ᠳᠤ᠂ ᠠᠪᠤᠯᠠᠢ ᠴᠤ ᠤᠷᠤᠯᠴᠠᠭᠰᠠᠨ ᠪᠠᠶᠢᠨ᠎ᠠ᠃ ᠳᠡᠭᠡᠭᠡᠳ ᠠᠪᠤᠯᠠᠢ ᠨᠠᠷ ᠶᠠᠩᠵᠠᠷ ᠤᠨ | ᠪᠦᠭᠭᠦᠭᠰᠡᠨ ᠴᠡᠷᠢᠭ ᠲᠤ ᠤᠴᠠᠷᠠᠭᠰᠠᠨ ᠪᠤᠯᠬᠤᠷ ᠰᠠᠨᠠᠮᠰᠠᠷ ᠦᠭᠡᠢ ᠪᠠᠷ ᠶᠡᠭᠡᠳᠡ ᠳᠡᠶᠢᠯᠦᠭᠳᠡᠭᠰᠡᠨ ᠪᠤᠴᠠᠵᠠᠢ᠃ | 1652 ᠤᠨ ᠳᠤ᠂ ᠸᠴᠢᠷᠳᠤ ᠰᠡᠴᠡᠡ ᠬᠠᠨ ᠬᠠᠰᠠᠭᠴᠤᠳ ᠠᠴᠠ ᠬᠠᠭᠤᠴᠢᠨ ᠦᠰᠢᠶ᠎ᠡ ᠪᠠᠨ ᠠᠪᠬᠤ ᠶᠢᠨ | ᠲᠦᠯᠦᠭᠡ᠂ ᠳᠡᠭᠦᠦ ᠠᠪᠤᠯᠠᠢ ᠳᠠᠭᠠᠨ ᠨᠢᠭᠡᠨ ᠰᠠᠯᠠᠭᠠᠨ ᠤ ᠴᠡᠷᠢᠭ ᠦᠭᠴᠤ᠂ ᠬᠠᠰᠠᠭ ᠤᠨ ᠶᠠᠩᠵᠠᠷ ᠰᠤᠯᠳᠠᠨ ᠲᠠᠢ | ᠳᠠᠬᠢᠨ ᠪᠠᠶᠢᠯᠳᠤᠭᠤᠯᠬᠤ ᠪᠠᠷ ᠮᠤᠷᠳᠠᠭᠤᠯᠤᠭᠰᠠᠨ ᠳᠤ ᠠᠪᠤᠯᠠᠢ ᠶᠡᠭᠡᠪᠡᠷ ᠳᠠᠶᠢᠯᠵᠤ ᠪᠤᠴᠠᠭᠰᠠᠨ ᠪᠠᠶᠢᠪᠠ᠃ | 1653 ᠤᠨ ᠳᠤ᠂ ᠪᠠᠭᠠᠳᠤᠷ ᠬᠤᠨᠭ᠌ ᠳᠠᠶᠢᠵᠢ ᠨᠠᠰᠤ ᠨᠦᠭᠴᠢᠭᠰᠡᠨ ᠪᠦᠭᠡᠳ ᠳᠡᠭᠦᠨ ᠤ ᠳᠠᠪᠤᠳᠤᠭᠠᠷ ᠬᠦᠪᠡᠭᠦᠨ | ᠰᠡᠩᠭᠡ ᠵᠡᠷᠭᠡ ᠭᠡᠷᠭᠡᠮ ᠢ ᠨᠢ ᠵᠠᠯᠭᠠᠮᠵᠢᠯᠠᠵᠤ᠂ ᠴᠤᠷᠤᠰ ᠠᠶᠢᠮᠠᠭ ᠤᠨ ᠬᠠᠨ ᠡᠷᠭᠦᠮᠵᠢᠯᠡᠭᠳᠡᠪᠡ᠃ ᠳᠡᠭᠦᠨᠴᠢᠯᠡᠨ ᠰᠡᠩᠭᠡ | ᠴᠤᠷᠤᠰ ᠠᠶᠢᠮᠠᠭ ᠢ ᠵᠠᠬᠢᠷᠬᠤ ᠶᠡᠭᠡ ᠡᠷᠭᠡ ᠶᠢ ᠠᠳᠬᠤᠭᠰᠠᠨ ᠢᠶᠠᠷ ᠪᠠᠷᠠᠬᠤ ᠦᠭᠡᠢ᠂ ᠡᠴᠢᠭᠡ ᠪᠠᠭᠠᠳᠤᠷ ᠬᠤᠨᠭ᠌ | ᠳᠠᠶᠢᠵᠢ ᠶᠢᠨ ᠢᠶᠠᠨ ᠵᠠᠬᠢᠷᠴᠤ ᠪᠠᠶᠢᠭᠰᠠᠨ ᠴᠡᠷᠢᠭ ᠠᠷᠠᠳ ᠪᠤᠯᠤᠨ ᠦᠮᠴᠢ ᠬᠦᠷᠤᠩᠭᠡ ᠶᠢᠨ ᠶᠡᠭᠡᠨᠭᠬᠢ ᠭᠡᠰᠡᠭ ᠢ ᠨᠢ | ᠬᠤᠪᠢᠶᠠᠨ ᠤᠯᠵᠠᠢ᠃ ᠡᠭᠦᠨ ᠳᠤ ᠠᠬ᠎ᠠ ᠰᠡᠴᠡᠨ ᠪᠤᠯᠤᠨ ᠵᠤᠳᠪᠠ ᠪᠠᠭᠠᠳᠤᠷ ᠳᠤᠷ᠎ᠠ ᠦᠭᠡᠶᠢᠴᠡᠵᠦ᠂ ᠦᠷᠭᠦᠯᠵᠢ | ᠭᠡᠷᠡᠭ ᠡᠭᠦᠰᠭᠡᠨ ᠰᠡᠩᠭᠡ ᠶᠢ ᠳᠠᠭᠠᠷᠢᠨ ᠳᠤᠪᠳᠤᠯᠬᠤ ᠪᠤᠯᠪᠠ᠃ ᠡᠨᠡ ᠦᠶ᠎ᠡ ᠳᠤ᠂ ᠸᠴᠢᠷᠳᠤ ᠰᠡᠴᠡᠨ ᠬᠠᠨ ᠪᠠᠭᠠᠳᠤᠷ | ᠬᠤᠨᠭ᠌ ᠳᠠᠶᠢᠵᠢ ᠶᠢᠨ ᠬᠠᠤᠯᠢ ᠶᠤᠰᠤᠨ ᠤ ᠵᠠᠯᠭᠠᠮᠵᠢᠯᠠᠭᠴᠢ ᠪᠤᠯᠬᠤ ᠰᠡᠩᠭᠡ ᠶᠢ ᠡᠷᠡᠰ ᠳᠡᠮᠵᠢᠵᠤ ᠪᠠᠶᠢᠭᠰᠠᠨ ᠶᠤᠮ᠃ | ᠸᠴᠢᠷᠳᠤ ᠰᠡᠴᠡᠨ ᠬᠠᠨ ᠰᠡᠩᠭᠡ ᠶᠢᠨ ᠳᠠᠯ᠎ᠠ ᠳᠤ ᠵᠤᠭᠰᠤᠵᠤ᠂ ᠰᠡᠴᠡᠨ ᠬᠢᠭᠡᠳ ᠵᠤᠳᠪᠠ ᠪᠠᠭᠠᠳᠤᠷ ᠢ ᠡᠰᠡᠷᠭᠦᠴᠡᠵᠤ | ᠪᠤᠢ ᠭᠡᠬᠦ ᠶᠢ ᠰᠤᠨᠤᠰᠤᠭᠠᠳ᠂ ᠠᠪᠤᠯᠠᠢ ᠨᠢ ᠰᠡᠴᠡᠨ ᠪᠤᠯᠤᠨ ᠵᠤᠳᠪᠠ ᠪᠠᠭᠠᠳᠤᠷ ᠲᠠᠢ ᠬᠤᠯᠪᠤᠭᠠᠯᠠᠵᠤ ᠸᠴᠢᠷᠳᠤ | ᠰᠡᠴᠡᠨ ᠬᠠᠨ᠂ ᠰᠡᠩᠭᠡ ᠨᠠᠷ ᠢ ᠡᠰᠡᠷᠭᠦᠴᠡᠵᠦ ᠡᠬᠢᠯᠡᠪᠡ᠃ ᠡᠨᠡᠬᠦ ᠲᠡᠮᠡᠴᠡᠯ ᠨᠢ ᠵᠡᠭᠦᠨᠭᠠᠷ ᠤᠨ ᠳᠠᠶᠢᠵᠢ ᠨᠠᠷ ᠤᠨ | ᠬᠤᠭᠤᠷᠤᠨᠳᠤᠬᠢ ᠳᠡᠮᠡᠴᠡᠯ ᠪᠠᠶᠢᠭᠰᠠᠨ ᠠᠴᠠ ᠪᠠᠨ ᠠᠯᠭᠤᠷ ᠠᠭᠠᠵᠢᠮ ᠢᠶᠠᠷ ︽ᠤᠶᠢᠷᠠᠳ ᠤᠨ ᠴᠢᠭᠤᠯᠭᠠᠨ︾ ᠤ ᠪᠦᠬᠦ | ᠳᠠᠯ᠎ᠠ ᠶᠢ ᠬᠠᠮᠤᠷᠤᠭᠰᠠᠨ ᠳᠠᠶᠢᠨ ᠪᠤᠯᠵᠤ ᠬᠤᠪᠢᠷᠠᠵᠠᠢ᠃ ᠲᠦᠷᠤᠭᠦᠨ ᠤᠳᠠᠭ᠎ᠠ ᠳᠤ᠂ ᠠᠪᠤᠯᠠᠢ ᠤᠯᠠᠨ ᠬᠦᠮᠤᠨ᠂ | ᠢᠯᠠᠩᠭᠤᠶ᠎ᠠ ᠽᠠᠶ᠎ᠠ ᠪᠠᠨᠳᠢᠳᠠ ᠪᠠᠷ ᠠᠬᠠᠯᠠᠭᠤᠯᠤᠭᠰᠠᠨ ᠳᠡᠭᠡᠳᠤ ᠯᠠᠮᠠ ᠨᠠᠷ ᠤᠨ ᠢᠳᠬᠠᠯ ᠬᠤᠷᠢᠭᠯᠠᠯ ᠢ ᠳᠠᠭᠠᠬᠤ | ᠦᠭᠡᠢ ᠪᠠᠷ ᠬᠤᠶᠠᠷ ᠡᠳᠡᠭᠡᠳ ᠢᠶᠠᠷ ᠢᠶᠠᠨ ᠡᠮᠡᠭᠡᠯ ᠭᠤᠤᠯ ᠤᠨ ᠬᠦᠪᠡᠭᠡ ᠳᠤ ᠴᠡᠷᠢᠭ ᠮᠤᠷᠢ ᠪᠠᠨ ᠴᠤᠭᠯᠠᠭᠤᠯᠵᠤ᠂ | ᠪᠠᠶᠢᠯᠳᠤᠨ ᠳᠡᠮᠡᠴᠡᠯᠳᠤᠬᠦ ᠪᠠᠷ ᠪᠤᠯᠵᠤ ᠪᠠᠶᠢᠳᠠᠯ᠎ᠠ᠂ ᠸᠴᠢᠷᠳᠤ ᠰᠡᠴᠡᠨ ᠬᠠᠨ ᠤ ᠬᠤᠶᠠᠳᠤᠭᠠᠷ ᠬᠦᠪᠡᠭᠦᠨ ᠭᠠᠯᠳᠠᠮᠪᠠ | ᠪᠤᠯᠤᠨ ᠠᠪᠤᠯᠠᠢ ᠶᠢᠨ ᠬᠦᠪᠡᠭᠦᠨ ᠴᠠᠭᠠᠨ ᠬᠤᠶᠠᠭᠤᠯᠠ ᠪᠠᠶᠢᠯᠳᠤᠭᠠᠨ ᠤ ᠳᠠᠯᠠᠪᠤᠷ ᠤᠨ ᠳᠤᠮᠳᠠ ᠰᠠᠭᠤᠵᠤ ᠰᠢᠳᠠᠷ᠎ᠠ | ᠳᠠᠯᠪᠢᠭᠰᠠᠨ ᠳᠤ ᠬᠤᠶᠠᠷ ᠡᠳᠡᠭᠡᠳ ᠢᠶᠠᠷ ᠢᠶᠠᠨ ᠰᠠᠶ᠋ᠢ ᠪᠠᠶᠢᠯᠳᠤᠭᠰᠠᠨ ᠦᠭᠡᠢ ᠪᠠᠷ ᠡᠪᠰᠡᠪᠡ᠃ ᠭᠡᠳᠡᠯ᠎ᠡ ᠳᠡᠮᠡᠢ | ᠤᠳᠠᠭᠰᠠᠨ ᠦᠭᠡᠢ ᠬᠤᠶᠠᠷ ᠡᠳᠡᠭᠡᠳ ᠲᠡᠭᠢᠨ ᠡᠪᠳᠡᠷᠡᠯᠴᠡᠵᠦ᠂ ᠳᠠᠶᠢᠨ ᠪᠠᠶᠢᠯᠳᠤᠭᠠᠨ ᠬᠢᠵᠤ ᠡᠬᠢᠯᠡᠭᠰᠡᠨ ᠪᠠᠶᠢᠵᠠᠢ᠃ | 1661 ᠤᠨ ᠤ ᠵᠤᠨ ᠤ ᠳᠡᠷᠢᠭᠦᠨ ᠰᠠᠷ᠎ᠠ ᠶᠢᠨ ᠰᠢᠨ᠎ᠡ ᠶᠢᠨ 3 ᠤ ᠡᠳᠤᠷ᠂ ᠠᠪᠤᠯᠠᠢ ᠭᠤᠷᠪᠠᠨ ᠲᠦᠮᠡᠨ ᠴᠡᠷᠢᠭ | ᠠᠪᠴᠤ ᠡᠮᠡᠭᠡᠯ ᠤᠨ ᠰᠢᠪᠡᠭᠡᠳᠤ ᠭᠤᠤᠯ ᠳᠤ ᠢᠷᠡᠵᠦ ᠸᠴᠢᠷᠳᠤ ᠰᠡᠴᠡᠨ ᠬᠠᠨ ᠤ ᠭᠤᠷᠪᠠᠨ ᠲᠦᠮᠡᠨ ᠴᠡᠷᠢᠭ ᠲᠠᠢ | ᠪᠠᠶᠢᠯᠳᠤᠬᠤ ᠪᠠᠷ ᠬᠤᠶᠠᠷ ᠪᠠᠶᠢᠷᠢ ᠪᠤᠯᠵᠤ ᠨᠢᠭᠤᠷᠠᠯᠳᠤᠪᠠ᠃ ᠸᠴᠢᠷᠳᠤ ᠰᠡᠴᠡᠨ ᠬᠠᠨ ᠢ ᠳᠡᠮᠵᠢᠬᠦ ᠪᠠᠷ ᠵᠡᠭᠦᠨᠭᠠᠷ ᠤᠨ | ᠰᠡᠩᠭᠡ ᠬᠤᠨᠭ᠌ ᠳᠠᠶᠢᠵᠢ ᠪᠤᠯᠤᠨ ᠠᠯᠤᠰ ᠬᠤᠯᠠ ᠶᠢᠨ ᠵᠤᠯᠳᠤᠰ᠂ ᠭᠤᠷᠪᠠᠨ ᠳᠠᠱᠬᠠᠢ ᠠᠴᠠ ᠬᠤᠶᠢᠳ ᠰᠤᠯᠳᠠᠨ | ᠳᠠᠶᠢᠱᠢ ᠪᠠᠰᠠ ᠡᠮᠡᠭᠡᠯ ᠤᠨ ᠰᠢᠪᠡᠭᠡᠳᠤ ᠳᠤ ᠬᠦᠷᠤᠯᠴᠡᠨ ᠢᠷᠡᠵᠡᠢ᠃ ᠬᠦᠨᠳᠡᠯᠡᠨ ᠤᠪᠠᠰᠢ᠂ ᠰᠡᠴᠡᠨ᠂ ᠵᠤᠳᠪᠠ | ᠪᠠᠭᠠᠳᠤᠷ ᠨᠠᠷ ᠮᠦᠨ ᠠᠪᠤᠯᠠᠢ ᠶᠢ ᠳᠡᠮᠵᠢᠬᠦ ᠪᠠᠷ ᠢᠷᠡᠪᠡ᠃ ᠬᠤᠶᠠᠷ ᠡᠳᠡᠭᠡᠳ ᠤᠨ ᠴᠡᠷᠢᠭ ᠠᠩᠬ᠎ᠠ ᠪᠠᠶᠢᠯᠳᠤᠵᠤ | ᠡᠬᠢᠯᠡᠬᠦ ᠳᠤ᠂ ᠭᠡᠳᠤᠨ ᠨᠤᠶᠠᠳ ᠦᠷᠡᠭᠳᠡᠭᠰᠡᠨ ᠠᠴᠠ ᠭᠠᠳᠠᠨ᠎ᠠ ᠳᠡᠮᠡᠢ ᠴᠡᠷᠢᠭ ᠬᠤᠬᠢᠷᠠᠭᠰᠠᠨ ᠦᠭᠡᠢ᠃ ᠭᠡᠳᠤᠨ | ᠬᠤᠨᠤᠭ ᠤᠨ ᠳᠠᠷᠠᠭ᠎ᠠ ᠠᠪᠤᠯᠠᠢ ᠶᠢᠨ ᠳᠠᠯ᠎ᠠ ᠶᠢᠨ ᠬᠢᠨ ᠳᠠᠷᠤᠭᠳᠠᠭᠰᠠᠨ ᠳᠤ᠂ ᠲᠡᠷᠡ ᠡᠮᠡᠭᠡᠯ ᠭᠤᠤᠯ ᠳᠤ ᠨᠡᠭᠦᠵᠦ | ᠤᠴᠢᠭᠠᠳ᠂ ᠸᠴᠢᠷᠳᠤ ᠰᠡᠴᠡᠨ ᠬᠠᠨ ᠤ ᠠᠯᠪᠠᠳᠤ ᠳᠤ ᠤᠤᠯᠠᠭᠠᠴᠢᠨ ᠢᠯᠡᠭᠡᠵᠦ ᠶᠡᠬᠡᠪᠡᠷ ᠳᠡᠭᠡᠷᠡᠮᠳᠡᠭᠦᠯᠪᠡ᠃ | ᠰᠡᠭᠦᠯᠡᠷ ᠨᠢ ᠬᠤᠶᠠᠷ ᠡᠳᠡᠭᠡᠳ ᠬᠠᠷᠢᠯᠴᠠᠨ ᠳᠡᠮᠡᠢ ᠬᠠᠯᠳᠠᠯᠴᠠᠬᠤ ᠦᠭᠡᠢ ᠪᠠᠶᠢᠭᠰᠠᠨ ᠪᠤᠯᠪᠠᠴᠤ ᠠᠪᠤᠯᠠᠢ ᠰᠢᠷ᠎ᠠ | ᠬᠤᠯᠤᠰᠤᠨ ᠳᠤ ᠪᠠᠶᠢᠭᠰᠠᠨ ᠸᠴᠢᠷᠳᠤ ᠰᠡᠴᠡᠨ ᠬᠠᠨ ᠤ ᠠᠯᠪᠠᠳᠤ ᠨᠠᠷ ᠢ ᠤᠷᠤᠭᠤᠯᠤᠨ ᠠᠪᠴᠤ᠂ ᠸᠴᠢᠷᠳᠤ ᠰᠡᠴᠡᠨ | ᠬᠠᠨ ᠤ ᠳᠠᠯ᠎ᠠ ᠶᠢᠨ ᠳᠡᠨᠵᠢᠨ ᠬᠤᠨᠭ᠌ ᠳᠠᠶᠢᠵᠢ ᠪᠤᠯᠤᠨ ᠡᠷᠭᠡ ᠳᠠᠶᠢᠴᠢᠩ ᠤᠭᠵᠤᠳᠪᠠ᠂ ᠠᠪᠤᠯᠠᠢ ᠶᠢᠨ ᠳᠠᠯ᠎ᠠ ᠳᠤ | ᠪᠠᠶᠢᠭᠰᠠᠨ ᠬᠦᠨᠳᠡᠯᠡᠨ ᠤᠪᠠᠰᠢ ᠶᠢᠨ ᠲᠤᠯᠤᠳᠤᠭᠠᠷ ᠬᠦᠪᠡᠭᠦᠨ ᠮᠦᠡᠭᠭᠡ ᠶᠢ ᠤᠯᠵᠠᠯᠠᠵᠤ᠂ ᠬᠤᠱᠤᠳ ᠨᠤᠶᠠᠨ ᠪᠤᠶᠠᠨ | ᠤᠳᠬᠤᠨ ᠤ ᠬᠦᠪᠡᠭᠦᠨ ᠬᠦᠮᠦᠰᠭᠡ ᠶᠢ ᠠᠯᠠᠵᠤ᠂ ᠠᠯᠪᠠᠳᠤ ᠪᠠᠨ ᠪᠤᠴᠠᠭᠠᠵᠤ ᠠᠪᠤᠭᠰᠠᠠ ᠠᠴᠠ ᠸᠴᠢᠷᠳᠤ ᠰᠡᠴᠡᠨ | ᠬᠠᠨ ᠤ ᠳᠠᠯ᠎ᠠ ᠳᠡᠶᠢᠯᠵᠡᠢ᠃ ᠠᠪᠤᠯᠠᠢ ᠳᠠᠶᠢᠵᠢ ᠰᠡᠩᠭᠡ ᠯᠦᠭᠡ ᠦᠵᠡᠯᠴᠡᠬᠦ ᠪᠠᠷ ᠳᠠᠬᠢᠨ ᠢᠷᠡᠭᠰᠡᠨ ᠳᠤ᠂ ᠰᠡᠩᠭᠡ | ᠴᠡᠷᠢᠭ ᠲᠠᠢ ᠪᠠᠨ ᠤᠶᠢᠰᠢᠶᠠᠯ ᠦᠭᠡᠢ ᠪᠠᠷ ᠮᠤᠷᠢᠨ ᠠᠴᠠ ᠪᠠᠨ ᠪᠠᠭᠤᠵᠤ ᠡᠰᠡ ᠬᠦᠳᠡᠯᠪᠡ᠃ ᠡᠭᠦᠨ ᠳᠤ ᠠᠪᠤᠯᠠᠢ | ᠸᠴᠢᠷᠳᠤ ᠰᠡᠴᠡᠨ ᠬᠠᠨ ᠤ ᠠᠷᠤ ᠳᠠᠯ᠎ᠠ ᠪᠠᠷ ᠳᠠᠭᠠᠷᠢᠭᠠᠳ ᠭᠡᠳᠡᠷᠬᠦ ᠪᠠᠨ ᠪᠦᠰᠡᠯᠡᠭᠳᠡᠵᠦ᠂ ᠭᠡᠰᠡᠭ ᠨᠤᠶᠠᠳ ᠢᠶᠠᠨ | ᠬᠤᠷᠤᠭᠳᠠᠭᠤᠯᠵᠠᠢ᠃ ᠲᠡᠷᠡ ᠰᠦᠨᠢ ᠬᠤᠶᠠᠷ ᠡᠳᠡᠭᠡᠳ ᠪᠠᠬᠢᠯᠡᠨ ᠬᠤᠨᠤᠵᠤ᠂ ᠦᠷ ᠴᠠᠶᠢᠬᠤ ᠶᠢᠨ ᠦᠶ᠎ᠡ ᠪᠠᠷ ᠰᠨᠩᠭᠡ | ᠴᠡᠷᠢᠭ ᠲᠠᠢ ᠪᠠᠨ ᠠᠪᠤᠯᠠᠢ ᠶᠢᠨ ᠴᠡᠷᠢᠭ ᠤᠨ ᠠᠷᠤ ᠪᠠᠷ ᠫᠤᠤ ᠬᠠᠷᠪᠤᠨ ᠰᠠᠨᠳᠤᠷᠭᠠᠵᠤ᠂ ᠸᠴᠢᠷᠳᠤ ᠰᠡᠴᠡᠨ ᠬᠠᠨ | ᠪᠠᠶᠢᠷᠢ ᠶᠢᠨ ᠡᠮᠤᠨ᠎ᠡ ᠡᠩᠨᠡᠭᠡ ᠠᠴᠠ ᠵᠠᠶᠢᠯᠠᠵᠤ ᠲᠦᠰᠤᠷ ᠪᠠᠭᠤᠵᠤ ᠠᠪᠤᠯᠠᠢ ᠶᠢ ᠰᠦᠷᠳᠡᠭᠦᠯᠵᠡᠢ᠃ ᠡᠭᠦᠨ ᠳᠤ | ᠠᠪᠤᠯᠠᠢ ᠶᠢᠨ ᠴᠡᠷᠢᠭ ᠪᠦᠷ ᠳᠡᠶᠢᠯᠦᠭᠳᠡᠵᠦ ᠳᠠᠬᠢᠨ ᠡᠮᠡᠭᠡᠯ ᠭᠤᠤᠯ ᠵᠦᠭ ᠵᠤᠯᠤᠨ ᠶᠠᠪᠤᠭᠰᠠᠨ ᠪᠠᠶᠢᠨ᠎ᠠ᠃ ᠸᠴᠢᠷᠳᠤ | ᠰᠡᠴᠡᠨ ᠬᠠᠨ ᠤ ᠴᠡᠷᠢᠭ ᠬᠤᠶᠢᠨ᠎ᠠ ᠠᠴᠠ ᠨᠢ ᠨᠡᠭᠡᠨ ᠶᠠᠪᠤᠵᠤ ᠪᠠᠶᠢᠳᠠᠯ᠎ᠠ᠂ ᠭᠠᠯᠳᠠᠮᠪᠠ ᠠᠪᠤᠯᠠᠢ ᠶᠢᠨ ᠴᠡᠷᠢᠭ ᠤᠨ | ᠠᠷᠤ ᠠᠴᠠ ᠰᠢᠷᠭᠤᠨ ᠳᠤᠪᠳᠤᠯᠤᠭᠠᠳ ᠭᠡᠳᠡᠷᠬᠦ ᠪᠠᠨ ᠠᠪᠤᠯᠠᠢ ᠳᠤ ᠪᠦᠰᠡᠯᠡᠭᠳᠡᠵᠦ ᠭᠡᠰᠡᠭ ᠨᠤᠶᠠᠳ ᠢᠶᠠᠨ | ᠦᠷᠡᠭᠳᠡᠭᠦᠯᠪᠡ᠃ ᠠᠪᠤᠯᠠᠢ ᠳᠠᠶᠢᠵᠢ ᠴᠡᠷᠢᠭ ᠲᠠᠢ ᠪᠠᠨ ᠦᠷᠭᠦᠯᠵᠢᠯᠡᠨ ᠡᠮᠡᠭᠡᠯ ᠭᠤᠤᠯ ᠤᠨ ᠤᠷᠴᠢᠮ ᠤᠨ ᠬᠠᠮᠠᠷ | ᠳᠠᠪᠠᠭᠠᠨ ᠢᠶᠠᠷ ᠳᠠᠪᠠᠵᠤ ᠪᠠᠶᠢᠳᠠᠯ᠎ᠠ ᠶᠡᠭᠡ ᠰᠢᠭᠤᠷᠭᠠᠨ ᠳᠤ ᠤᠴᠠᠷᠠᠵᠤ᠂ ᠴᠡᠷᠢᠭ ᠤᠨ ᠠᠭᠳᠠ ᠨᠢ ᠮᠠᠰᠢ ᠤᠯᠠᠨ | ᠬᠤᠬᠢᠷᠠᠵᠠᠢ᠃ ᠸᠴᠢᠷᠳᠤ ᠰᠡᠴᠡᠨ ᠬᠠᠨ ᠳᠠᠨᠵᠢᠨ ᠬᠤᠨᠭ᠌ ᠳᠠᠶᠢᠵᠢ ᠪᠠᠷ ᠠᠬᠠᠯᠠᠭᠤᠯᠤᠭᠰᠠᠨ ᠲᠦᠮᠡᠨ ᠤᠤᠯᠠᠭᠠᠴᠢᠨ ᠢ | ᠴᠦᠤᠯᠢ ᠶᠢᠨ ᠳᠠᠪᠠᠭᠠᠨ ᠢᠶᠠᠷ ᠠᠪᠤᠯᠠᠢ ᠶᠢᠨ ᠨᠤᠳᠤᠭ ᠲᠤ ᠳᠤᠮᠢᠯᠠᠵᠤ᠂ ᠠᠯᠪᠠᠳᠤ ᠢᠷᠭᠡᠳ ᠤᠨ ᠶᠡᠭᠡᠨᠭᠬᠢ ᠬᠠᠭᠠᠰ ᠢ | ᠨᠢ ᠤᠷᠤᠭᠤᠯᠤᠨ ᠠᠪᠤᠭᠰᠠᠨ ᠪᠠᠶᠢᠨ᠎ᠠ᠃ ᠠᠪᠤᠯᠠᠢ ᠠᠷᠭ᠎ᠠ ᠮᠤᠬᠤᠷᠳᠠᠨ ᠡᠷᠴᠢᠰ ᠭᠤᠤᠯ ᠢ ᠦᠭᠰᠤᠵᠤ ᠪᠢᠱᠢᠭᠡ | ᠭᠤᠤᠯ ᠳᠤ ᠪᠠᠶᠢᠭᠰᠠᠨ ᠰᠦᠮ᠎ᠡ ᠳᠡᠭᠡᠨ ᠬᠦᠷᠴᠤ ᠰᠢᠪᠡᠭᠡ ᠳᠡᠭᠡᠨ ᠤᠷᠤᠵᠠᠢ᠃ ᠸᠴᠢᠷᠳᠤ ᠰᠡᠴᠡᠨ ᠬᠠᠨ ᠤ ᠴᠡᠷᠢᠭ | ᠳᠡᠭᠦᠨ ᠤ ᠰᠢᠪᠡᠭᠡ ᠶᠢ ᠰᠠᠷ᠎ᠠ ᠢᠯᠡᠭᠦᠦ ᠪᠦᠰᠡᠯᠡᠭᠰᠡᠨ ᠳᠤ᠂ ᠠᠪᠤᠯᠠᠢ ᠶᠢᠨ ᠠᠯᠪᠠᠳᠤ ᠨᠠᠷ ᠤᠨ ᠮᠠᠯ ᠰᠦᠷᠦᠭ ᠶᠡᠭᠡᠳᠡ | ᠦᠭᠦᠵᠤ ᠬᠤᠷᠤᠭᠳᠠᠭᠠᠳ ᠭᠠᠢ ᠭᠠᠮᠰᠢᠭ ᠪᠤᠯᠤᠭᠰᠠᠨ ᠪᠠᠶᠢᠨ᠎ᠠ᠃ ᠡᠶᠢᠮᠤ ᠠᠴᠠ ᠠᠪᠤᠯᠠᠢ ᠠᠷᠭ᠎ᠠ ᠪᠤᠰᠤ ᠬᠤᠶᠢᠳᠤ | ᠡᠬᠡ ᠰᠠᠶᠢᠬᠠᠨᠵᠤᠯᠠ ᠪᠠᠨ ᠸᠴᠢᠷᠳᠤ ᠰᠡᠴᠡᠨ ᠬᠠᠨ ᠤ ᠳᠡᠷᠭᠡᠳᠡ ᠢᠯᠡᠭᠡᠵᠦ ᠤᠷᠤᠵᠤ ᠦᠭᠬᠦ ᠪᠠᠷ ᠪᠤᠯᠪᠠ᠃ | ᠰᠠᠶᠢᠬᠠᠨᠵᠤᠯᠠ ᠬᠠᠳᠤᠨ ᠰᠦᠮ᠎ᠡ ᠠᠴᠠ ᠭᠠᠷᠴᠤ ᠸᠴᠢᠷᠳᠤ ᠰᠡᠴᠡᠨ ᠬᠠᠨ ᠤ ᠳᠡᠷᠭᠡᠳᠡ ᠬᠦᠷᠤᠭᠡᠳ ᠤᠴᠢᠷ ᠶᠠᠪᠤᠳᠠᠯ ᠢ | ᠳᠡᠯᠭᠡᠨ ᠦᠭᠦᠯᠡᠭᠰᠡᠨ ᠪᠦᠭᠡᠳ ᠠᠬ᠎ᠠ ᠳᠡᠭᠦᠦ ᠬᠤᠶᠠᠭᠤᠯᠠ ᠶᠢᠨ ᠡᠪᠰᠡᠬᠦ ᠶᠢ ᠬᠦᠰᠡᠪᠡ᠃ ᠪᠠᠭ᠎ᠠ ᠡᠬᠡ | ᠰᠠᠶᠢᠬᠠᠨᠵᠤᠯᠠ ᠶᠢᠨ ᠦᠭᠡ ᠶᠢ ᠰᠤᠨᠤᠰᠤᠭᠠᠳ ᠸᠴᠢᠷᠳᠤ ᠰᠡᠴᠡᠨ ᠬᠠᠨ᠄ ︽ᠠᠪᠤᠯᠠᠢ ᠨᠠᠳᠠᠳᠤ ᠪᠤᠷᠤᠭᠤ ᠲᠠᠢ ᠠᠴᠠ | ᠪᠢᠰᠢ᠂ ᠪᠢ ᠠᠪᠤᠯᠠᠢ ᠳᠤ ᠪᠤᠷᠤᠭᠤ ᠦᠭᠡᠢ ᠪᠢᠯᠡ᠃ ᠭᠡᠳᠡᠯ᠎ᠡ ᠡᠬᠡ ᠮᠢᠨᠢ ᠭᠡᠯᠡᠵᠤ ᠪᠠᠶᠢᠭ᠎ᠠ ᠲᠤᠯᠠ ᠦᠭᠡᠨ ᠳᠤ ᠴᠢᠨᠢ | ᠤᠷᠤᠵᠤ᠂ ᠠᠪᠤᠯᠠᠢ ᠪᠢᠳᠡ ᠬᠤᠶᠠᠭᠤᠯᠠ ᠡᠪᠰᠡᠶᠡ︕︾ ᠭᠡᠪᠡ᠃ ᠳᠡᠭᠡᠭᠡᠳ ᠸᠴᠢᠷᠳᠤ ᠰᠡᠴᠡᠨ ᠬᠠᠨ ᠤᠯᠠᠨ | ᠨᠤᠶᠠᠳ ᠢᠶᠠᠨ ᠴᠤᠭᠯᠠᠭᠤᠯᠵᠤ᠂᠄ ︽ᠠᠪᠤᠯᠠᠢ ᠶᠢᠨ ᠤᠯᠤᠰ ᠢ ᠪᠤᠴᠠᠭᠠᠵᠤ ᠦᠭᠬᠦ ᠤᠤ︖ ᠦᠭᠡᠢ ᠤᠤ︖ | ᠦᠭᠬᠦ ᠳᠤ ᠬᠦᠷᠪᠡᠯ ᠶᠠᠭᠠᠬᠢᠵᠤ ᠦᠭᠬᠦ ᠪᠤᠢ︖︾ ᠭᠡᠮᠡᠨ ᠵᠦᠪᠳᠡᠪᠡ᠃ ᠡᠭᠦᠨ ᠳᠤ ᠵᠠᠷᠢᠮ ᠨᠢ ︽ᠠᠪᠤᠯᠠᠢ ᠳᠤ | ᠤᠯᠤᠰ ᠢ ᠨᠢ ᠦᠭᠪᠡᠴᠤ ᠬᠠᠭᠠᠰ ᠢ ᠨᠢ ᠦᠭᠭᠦᠶ᠎ᠡ︾ ᠭᠡᠰᠡᠨ ᠪᠦᠭᠡᠳ ᠵᠠᠷᠢᠮ ᠨᠢ ︽ᠦᠭᠡᠷ᠎ᠡ ᠤᠷᠤᠨ ᠳᠤ | ᠬᠦᠭᠡᠭᠡᠵᠦ ᠶᠠᠪᠤᠭᠤᠯᠤᠶ᠎ᠠ︾ ᠭᠡᠪᠡ᠃ ᠡᠨᠡ ᠦᠶ᠎ᠡ ᠳᠤ᠂ ᠮᠠᠯᠠᠢ ᠬᠠᠰᠬᠠ᠄ ︽ᠨᠢᠭᠡ ᠪᠤᠯ ᠠᠪᠤᠯᠠᠢ ᠶᠢ ᠠᠯᠠᠬᠤ | ᠶᠤᠰᠤᠳᠠᠢ᠂ ᠡᠰᠡᠪᠡᠯ ᠠᠯᠪᠠᠳᠤ ᠪᠠ ᠡᠳ᠋ ᠮᠠᠯ ᠢ ᠨᠢ ᠴᠦᠮ ᠪᠤᠴᠠᠭᠠᠵᠤ ᠦᠭᠬᠦ ᠶᠤᠰᠤᠳᠠᠢ︕︾ ᠭᠡᠪᠡ᠃ ᠡᠨᠡᠬᠦ | ᠰᠠᠨᠠᠯ ᠢ ᠰᠡᠩᠭᠡ᠂ ᠭᠠᠯᠳᠠᠮᠪᠠ᠂ ᠳᠠᠨᠵᠢᠨ ᠵᠡᠷᠭᠡ ᠶᠡᠭᠡᠰ ᠨᠤᠶᠠᠳ ᠴᠦᠮ ᠵᠦᠪᠰᠢᠶᠡᠷᠡᠭᠰᠡᠨ ᠪᠤᠯᠪᠠᠴᠤ᠂ ᠴᠤᠬᠤᠮ | ᠠᠯᠢ ᠪᠠᠷ ᠨᠢ ᠰᠢᠢᠳᠪᠤᠷᠢᠯᠡᠬᠦ ᠶᠢ ᠳᠤᠭᠳᠠᠭᠠᠵᠤ ᠴᠢᠳᠠᠬᠤ ᠦᠭᠡᠢ ᠪᠠᠶᠢᠭᠰᠠᠨ ᠪᠤᠯᠬᠤᠷ ᠸᠴᠢᠷᠳᠤ ᠰᠡᠴᠡᠨ ᠬᠠᠨ ᠡᠯᠴᠢ | ᠳᠤᠮᠢᠯᠠᠵᠤ ᠽᠠᠶ᠎ᠠ ᠪᠠᠨᠳᠢᠳᠠ ᠶᠢᠨ ᠰᠠᠨᠠᠯ ᠢ ᠠᠰᠠᠭᠤᠯᠭᠠᠪᠠ᠃ ᠽᠠᠶ᠎ᠠ ᠪᠠᠨᠳᠢᠳᠠ᠄ ︽ᠪᠤᠯᠬᠤ ᠳᠤ ᠬᠦᠷᠪᠡᠯ | ᠠᠪᠤᠯᠠᠢ ᠶᠢᠨ ᠠᠯᠪᠠᠳᠤ ᠪᠠ ᠡᠳ᠋ ᠮᠠᠯ ᠢ ᠴᠦᠮ ᠢ ᠪᠤᠴᠠᠭᠠᠵᠤ ᠦᠭ︕ ᠪᠤᠯᠬᠤ ᠦᠭᠡᠢ ᠴᠤ ᠭᠡᠰᠡᠨ ᠳᠡᠭᠦᠨ ᠢ | ᠪᠢᠳᠡᠭᠡᠢ ᠵᠤᠪᠠᠭ᠎ᠠ︕︾ ᠭᠡᠮᠡᠨ ᠭᠡᠯᠡᠵᠦ ᠢᠯᠡᠭᠡᠭᠰᠡᠨ ᠲᠤᠯᠠ ᠸᠴᠢᠷᠳᠤ ᠰᠡᠴᠡᠨ ᠬᠠᠨ ᠠᠪᠤᠯᠠᠢ ᠯᠤᠭ᠎ᠠ ᠡᠪᠰᠡᠭᠡᠳ | ᠤᠭ ᠨᠤᠳᠤᠭ ᠲᠠᠭᠠᠨ ᠪᠤᠴᠠᠵᠠᠢ᠃ | 1669 ᠤᠨ ᠳᠤ᠂ ᠠᠪᠤᠯᠠᠢ ᠬᠤᠱᠤᠳ᠂ ᠵᠡᠭᠦᠨᠭᠠᠷ᠂ ᠳᠦᠷᠪᠡᠳ᠂ ᠬᠤᠶᠢᠳ ᠵᠡᠷᠭᠡ ᠠᠶᠢᠮᠠᠭ ᠤᠨ ᠳᠦᠷᠪᠡᠨ | ᠲᠦᠮᠡᠨ ᠴᠡᠷᠢᠭ ᠢ ᠳᠠᠭᠠᠭᠤᠯᠤᠨ᠂ ᠳᠤᠷᠭᠤᠳᠴᠤᠳ ᠢ ᠵᠡᠭᠦᠨᠭᠠᠷ ᠲᠤ ᠨᠡᠭᠦᠯᠭᠡᠵᠦ ᠠᠪᠴᠢᠷᠠᠬᠤ ᠪᠠᠷ ᠢᠵᠢᠯ | ᠮᠦᠷᠡᠨ ᠤ ᠳᠡᠷᠭᠡᠳᠡ ᠬᠦᠷᠤᠭᠡᠳ᠂ ᠱᠦᠭᠦᠷ ᠳᠠᠶᠢᠴᠢᠩ ︵ᠢᠵᠢᠯ — ᠵᠠᠢ ᠶᠢᠨ ᠳᠤᠷᠭᠤᠳᠴᠤᠳ ᠤᠨ ᠲᠦᠷᠤᠭᠦᠦ | ᠪᠠᠶᠢᠵᠢ︶ ᠢ ᠠᠮᠢᠳᠤ ᠪᠠᠷ ᠪᠠᠷᠢᠪᠴᠢᠯᠠᠵᠤ᠂ ᠠᠬ᠎ᠠ ᠸᠴᠢᠷᠳᠤ ᠰᠡᠴᠡᠨ ᠬᠠᠨ ᠳᠠᠭᠠᠨ ᠬᠦᠷᠭᠡᠭᠰᠡᠨ ᠪᠦᠭᠡᠳ ᠱᠦᠭᠦᠷ | ᠳᠠᠶᠢᠴᠢᠩ ᠤᠨ ᠬᠦᠪᠡᠭᠦᠨ ᠫᠤᠩᠰᠤᠭ ᠢ ᠠᠯᠠᠵᠤ᠂ ᠳᠤᠷᠭᠤᠳ ᠤᠨ ᠨᠢᠭᠡ ᠭᠡᠰᠡᠭ ᠢ ᠡᠵᠡᠯᠡᠭᠡᠳ᠂ ᠢᠵᠢᠯ ᠮᠦᠷᠡᠨ ᠤ | ᠬᠠᠯᠢᠮᠠᠭᠴᠤᠳ ᠤᠨ ᠡᠵᠡᠨ ᠪᠤᠯᠬᠤ ᠰᠠᠨᠠᠭ᠎ᠠ ᠲᠠᠢ ᠪᠠᠶᠢᠵᠠᠢ᠃ | 1671 ᠤᠨ ᠳᠤ᠂ ᠠᠪᠤᠯᠠᠢ ᠵᠠᠢ ︵ᠤᠷᠠᠯ︶ ᠭᠤᠤᠯ ᠳᠤ ᠳᠤᠷᠭᠤᠳ ᠤᠨ ᠨᠤᠳᠤᠭ ᠲᠤ ᠡᠪᠤᠯᠵᠢᠵᠤ | ᠪᠠᠶᠢᠬᠤ ᠳᠠᠭᠠᠨ ᠬᠦᠨᠳᠡᠯᠡᠨ ᠤᠪᠠᠰᠢ ᠶᠢᠨ ᠬᠦᠪᠡᠭᠦᠨ ᠪᠠ ᠳᠦᠷᠪᠡᠳ ᠨᠤᠶᠠᠳ ᠲᠠᠢ ᠤᠯᠵᠠ ᠠᠰᠢᠭ ᠪᠤᠯᠢᠶᠠᠯᠳᠤᠨ | ᠡᠪᠳᠡᠷᠡᠯᠴᠡᠵᠦ ᠬᠠᠷᠢᠯᠴᠠᠨ ᠵᠠᠶᠢᠳᠠᠭᠰᠠᠨ ᠢ ᠠᠬ᠎ᠠ ᠸᠴᠢᠷᠳᠤ ᠰᠡᠴᠡᠨ ᠬᠠᠨ ᠮᠡᠳᠡᠭᠡᠳ ᠴᠡᠷᠢᠭ ᠳᠤᠮᠢᠯᠠᠨ ᠳᠠᠶᠢᠴᠢᠩ ︵ | ᠬᠦᠨᠳᠡᠯᠡᠨ ᠤᠪᠠᠰᠢ ᠶᠢᠨ ᠳᠦᠷᠪᠡᠳᠤᠭᠡᠷ ᠬᠦᠪᠡᠭᠦᠨ ᠡᠷᠭᠡ ᠳᠠᠶᠢᠴᠢᠩ ᠤᠭᠵᠤᠳᠪᠠ︶᠂ ᠲᠦᠭᠦᠷᠭᠡᠭᠴᠢ ︵ᠬᠦᠨᠳᠡᠯᠡᠨ | ᠤᠪᠠᠰᠢ ᠶᠢᠨ ᠠᠴᠢ ᠤᠪᠠᠰᠢ ᠬᠤᠨᠭ᠌ ᠳᠠᠶᠢᠵᠢ ᠶᠢᠨ ᠶᠡᠭᠡ ᠬᠦᠪᠡᠭᠦᠨ︶᠂ ᠳᠤᠷᠵᠢ ᠳᠠᠶᠢᠵᠢ ︵ᠬᠦᠨᠳᠡᠯᠡᠨ | ᠤᠪᠠᠰᠢ ᠶᠢᠨ ᠭᠤᠷᠪᠠᠳᠤᠭᠠᠷ ᠬᠦᠪᠡᠭᠦᠨ︶ ᠶᠢ ᠤᠷᠤᠭᠤᠯᠵᠤ ᠠᠪᠤᠭᠠᠳ᠂ ᠳᠠᠶᠢᠴᠢᠩ ᠪᠤᠯᠤᠨ ᠲᠦᠭᠦᠷᠭᠡᠭᠴᠢ | ᠬᠤᠶᠠᠷ ᠢ ᠪᠠᠷᠠᠭᠤᠨ ᠵᠤᠤ ᠳᠤ ᠢᠯᠡᠭᠡᠪᠡ᠃ 1671 ᠤᠨ ᠳᠤ᠂ ᠠᠪᠤᠯᠠᠢ ᠶᠢ ᠵᠠᠢ ᠭᠤᠤᠯ ᠳᠤ ᠡᠪᠤᠯᠵᠢᠵᠤ ᠪᠠᠶᠢᠳᠠᠯ᠎ᠠ | ᠴᠠᠭᠠᠨ ᠰᠠᠷ᠎ᠠ ᠶᠢᠨ ᠦᠶ᠎ᠡ ᠪᠠᠷ ᠳᠤᠷᠭᠤᠳ ᠠᠶᠤᠬᠢ ᠬᠠᠨ ᠳᠤᠷᠭᠤᠳ᠂ ᠳᠦᠷᠪᠡᠳ᠂ ᠬᠤᠱᠤᠳ ᠵᠡᠷᠭᠡ | ᠠᠶᠢᠮᠠᠭ ᠤᠨ ᠳᠠᠪᠤᠨ ᠲᠦᠮᠡᠨ ᠴᠡᠷᠢᠭ ᠢ ᠠᠪᠴᠤ ᠢᠵᠢᠯ ᠠᠴᠠ ᠵᠠᠢ ᠳᠤ ᠬᠦᠷᠴᠤ ᠢᠷᠡᠭᠡᠳ᠂ ᠠᠪᠤᠯᠠᠢ ᠶᠢ ᠠᠮᠢᠳᠤ | ᠪᠠᠷ ᠪᠠᠷᠢᠪᠴᠢᠯᠠᠨ ᠠᠪᠴᠤ ᠬᠤᠷᠤᠭᠠᠭᠰᠠᠨ ᠪᠠᠶᠢᠵᠠᠢ᠃ ᠠᠪᠤᠯᠠᠢ ᠶᠢᠨ ᠨᠤᠳᠤᠭ ᠪᠠ ᠰᠦᠮ᠎ᠡ ᠨᠢ ᠳᠦᠷᠪᠡᠨ | ᠤᠶᠢᠷᠠᠳ ᠤᠨ ᠬᠠᠮᠤᠭ ᠤᠨ ᠬᠤᠶᠢᠳᠤ ᠵᠠᠬ᠎ᠠ ᠳᠤ ᠪᠠᠶᠢᠭᠰᠠᠨ ᠤᠴᠢᠷ ᠠᠴᠠ ᠤᠷᠤᠰ ᠲᠠᠢ ᠶᠡᠭᠡ ᠳᠤᠳᠤᠨᠤ ᠬᠠᠷᠢᠴᠠᠭ᠎ᠠ | ᠲᠠᠢ ᠪᠠᠶᠢᠪᠠ᠃ ᠤᠷᠤᠰ ᠤᠨ ᠴᠠᠭᠠᠨ ᠬᠠᠭᠠᠨ ᠠᠴᠠ ᠴᠢᠩ ᠤᠯᠤᠰ ᠤᠨ ᠵᠠᠰᠠᠭ ᠤᠨ ᠭᠠᠵᠠᠷ ᠲᠤ ᠶᠠᠪᠤᠭᠤᠯᠤᠭᠰᠠᠨ | ᠬᠠᠮᠤᠭ ᠤᠨ ᠠᠩᠬᠠᠨ ᠤ ᠡᠯᠴᠢ ᠶᠢ ᠠᠪᠤᠯᠠᠢ ᠪᠡᠭᠡᠵᠢᠩ ᠬᠤᠳᠠ ᠳᠤ ᠬᠦᠷᠭᠡᠵᠦ ᠦᠭᠭᠦᠭᠰᠡᠨ ᠶᠤᠮ᠃ | | |