ᠣᠶᠢᠷᠠᠳ ᠤᠨ ᠨᠡᠷᠡᠶᠢᠳᠤᠯ ᠤᠨ ᠤᠳᠬ᠎ᠠ ᠠᠭᠤᠯᠭ᠎ᠠ
ᠨᠡᠶᠢᠲᠡᠯᠡᠭᠰᠡᠨ ᠴᠠᠭ᠄
2019/12/11
︿︿ᠣᠶᠢᠷᠡᠳ︶︶ ᠭᠡᠮᠡᠬᠦ ᠨᠡᠷᠡᠶᠢᠳᠤᠯ ᠤᠨ ᠤᠳᠬ᠎ᠠ ᠠᠭᠤᠯᠭ᠎ᠠ ᠶᠢᠨ ᠲᠤᠬᠠᠢ ᠮᠤᠩᠭᠤᠯ ᠤᠨ ᠲᠡᠤᠬᠡ ᠶᠢᠨ ᠡᠷᠳᠡᠮᠲᠡᠨ ᠲᠠᠶᠢᠯᠪᠤᠷᠢᠯᠠᠯ ᠬᠢᠬᠦ ᠨᠢ ᠠᠳᠠᠯᠢ ᠪᠤᠰᠣ ᠪᠤᠯᠠᠢ᠃ ᠨᠢᠭᠡ ᠳᠤ᠄ ᠣᠶᠢᠷᠠᠳ ᠶᠢᠨ ᠠᠳᠠᠯᠢ ᠪᠤᠰᠤ ᠨᠡᠷᠡᠶᠢᠳᠤᠯ ᠎ ᠨᠢ ᠠᠳᠠᠯᠢ ᠪᠤᠰᠤ ᠦᠰᠦᠭ ᠤᠨ ᠲᠡᠮᠳᠡᠭᠯᠡᠯ ᠠᠴᠠ ᠡᠭᠦᠰᠴᠡᠢ᠃ ᠮᠣᠩᠭᠤᠯ ᠰᠣᠷᠪᠤᠯᠵᠢ ᠪᠢᠴᠢᠭ ᠲᠤ ︿︿ᠣᠶᠢᠷᠠᠳ︶︶ ᠭᠡᠵᠤ᠂ ᠣᠷᠤᠰ ᠨᠣᠮ ᠢᠶᠠᠷ ᠦᠨᠳᠦᠰᠤ ᠪᠣᠯᠭᠠᠳᠠᠭ ᠢᠰᠯᠠᠮ ᠤᠨ ᠱᠠᠰᠢᠨ ᠤ ᠲᠡᠤᠬᠡ ᠶᠢᠨ ᠮᠠᠲ᠋ᠧᠷᠢᠶᠠᠯ ᠳᠤ ︿︿ᠬᠠᠯᠢᠮᠠᠭ︶︶ ᠭᠡᠵᠤ᠂ ᠬᠢᠳᠠᠳ ᠰᠣᠷᠪᠤᠯᠵᠢ ᠪᠢᠴᠢᠭ ᠲᠤ ︿︿ᠦᠭᠡᠯᠡᠳ︶︶ ᠭᠡᠳᠡᠭ ᠪᠢᠯᠡ᠃ ᠬᠤᠶᠠᠷ ᠲᠤ᠄ ᠣᠶᠢᠷᠡᠳ ᠭᠡᠮᠡᠬᠦ ᠦᠭᠡ ᠶᠢᠨ ᠢᠵᠠᠭᠤᠷ ᠨᠢ ᠣᠶᠢᠷ᠎ᠠ᠂ ᠡᠶᠢᠮᠤ ᠪᠣᠯᠬᠤᠷ ᠣᠶᠢᠷᠠᠳ ᠢ ︿︿ᠣᠶᠢᠷ᠎ᠠ ᠲᠦᠷᠦᠯ ᠬᠦᠮᠦᠰ ︶︶ ᠪᠤᠶᠤ ︿︿ᠣᠶᠢᠷ᠎ᠠ ᠵᠡᠷᠭᠡᠯᠡᠳᠡᠭᠡ ᠬᠤᠯᠪᠤᠭᠠᠳᠠᠨ︶︶ ᠭᠡᠮᠡᠨ ᠣᠶᠢᠯᠠᠭᠠᠵᠤ ᠪᠣᠯᠤᠨ᠎ᠠ᠃ ᠲᠡᠭᠦᠨ ᠢ ᠲᠦᠷᠪᠡᠨ ᠭᠡᠮᠡᠬᠦ ᠲᠣᠭᠠᠨ ᠤ ᠨᠡᠷ᠎ᠡ ᠳᠤ ᠬᠤᠯᠪᠤᠪᠠᠯ ︿︿ᠲᠦᠷᠪᠡᠨ ᠣᠶᠢᠷᠠᠳ︶︶᠂ ᠮᠣᠩᠭᠤᠯ ᠢᠶᠠᠷ ᠬᠡᠯᠡᠪᠡᠯ ︿︿ᠲᠦᠷᠪᠡᠨ ᠣᠶᠢᠷᠠᠳ ᠤᠨ ᠬᠤᠯᠪᠤᠭ᠎ᠠ ᠪᠣᠯᠤᠨ᠎ᠠ︶︶ ᠭᠡᠵᠡᠢ᠃ ᠭᠤᠷᠪᠠ ᠳᠤ᠄ ᠣᠶᠢᠷᠠᠳ ᠭᠡᠮᠡᠬᠦ ᠦᠭᠡ ᠪᠣᠯ ︿︿ᠣᠢ ᠶᠢᠨ ᠢᠷᠭᠡᠨ︶︶ ᠭᠡᠳᠡᠭ ᠦᠭᠡ ᠪᠠᠷ ᠪᠦᠷᠢᠯᠳᠦᠭᠰᠡᠨ ᠶᠤᠮ ᠭᠡᠵᠤ᠂ ︿︿ᠣᠢ ᠶᠢᠨ ᠠᠷᠠᠳ︶︶᠎ ᠨᠢ ᠷᠠᠰᠢᠳ᠋ — ᠠᠳ᠋ — ᠳ᠋ᠢᠨ ᠤ ᠬᠡᠯᠡᠳᠡᠭ ︿︿ᠣᠢ ᠶᠢᠨ ᠠᠷᠠᠳ ︵ᠢᠷᠭᠡᠳ﹀︶︶᠎ ᠠᠴᠠ ᠡᠭᠦᠰᠴᠡᠢ᠃ ᠣᠶᠢᠷᠠᠳ ᠭᠡᠳᠡᠭ ᠨᠡᠷ᠎ᠡ ᠪᠣᠯ ᠬᠠᠮᠤᠭ ᠤᠨ ᠡᠷᠳᠡ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ︿︿ᠮᠣᠩᠭᠤᠯ ᠎ ᠤᠨ ᠨᠢᠭᠤᠴᠠ ᠲᠣᠪᠴᠢᠶᠠᠨ︶︶᠎ ᠳᠤ ᠢᠯᠡᠷᠡᠵᠡᠢ᠃ ᠲᠡᠭᠦᠨ ᠠᠴᠠ ᠬᠤᠶᠢᠰᠢ᠂ ᠡᠨᠡᠬᠦ ᠦᠭᠡ ᠶᠢᠨ ᠬᠢᠳᠠᠳ ᠪᠢᠴᠢᠯᠭᠡ ᠎ ᠨᠢ ᠲᠡᠤᠬᠡ ᠶᠢᠨ ᠬᠤᠪᠢᠷᠠᠯᠳᠠ ᠲᠠᠢ ᠪᠠᠶᠢᠳᠠᠭ᠃ ᠶᠡᠷᠦᠩᠬᠡᠶᠢᠯᠡᠭᠡᠳ ᠬᠡᠯᠡᠪᠡᠯ᠂ ᠠᠷᠪᠠᠨ ᠭᠤᠷᠪᠠᠳᠤᠭᠠᠷ ᠵᠠᠭᠤᠨ ᠤ ᠡᠬᠢᠨ ᠤ ᠦᠶ᠎ᠡ ᠠᠴᠠ ᠠᠷᠪᠠᠨ ᠲᠦᠷᠪᠡᠳᠦᠭᠡᠷ ᠵᠠᠭᠤᠨ ᠤ ᠲᠤᠮᠳᠠᠴᠢ ᠦᠶ᠎ᠡ ᠳᠤ᠂ ᠣᠯᠠᠩᠬᠢ ᠰᠤᠳᠣᠷ ᠨᠣᠮ ᠳᠤ ︿︿ᠮᠣᠩᠭᠤᠯ ᠤᠨ ᠨᠢᠭᠤᠴᠠ ᠲᠣᠪᠴᠢᠶᠠᠨ︶︶᠎ ᠢ ᠦᠨᠳᠦᠰᠦᠯᠡᠵᠤ᠂ ᠣᠶᠢᠷᠠᠳ ᠭᠡᠵᠤ ᠪᠢᠴᠢᠳᠡᠭ᠃ ᠬᠡᠯᠡᠯᠭᠡᠨ ᠦᠭᠡᠢ ᠵᠠᠷᠢᠮ ᠳᠠᠭᠠᠨ ︿︿ᠸᠧᠶ᠋ᠢᠯᠠ︶︶᠂ ︿︿ᠸᠧᠯᠠ︶︶᠃ ︿︿ᠸᠠᠶᠢᠯᠠ︶︶ ᠭᠡᠬᠦ ᠮᠡᠳᠤ ᠲᠡᠮᠳᠡᠭᠯᠡᠯ ᠪᠠᠰᠠ ᠪᠤᠢ᠃ ᠠᠷᠪᠠᠨ ᠲᠦᠷᠪᠡᠳᠦᠭᠡᠷ ᠵᠠᠭᠤᠨ ᠤ ᠲᠣᠮᠳᠠᠴᠢ ᠦᠶ᠎ᠡ ᠠᠴᠠ ᠠᠷᠪᠠᠨ ᠲᠣᠯᠤᠳᠤᠭᠠᠷ ᠵᠠᠭᠤᠨ ᠤ ᠲᠣᠮᠳᠠᠴᠢ ᠦᠶ᠎ᠡ ᠬᠦᠷᠬᠦ ᠳᠤ ᠨᠣᠮ ᠪᠦᠷ ︿︿ᠸᠠᠯᠠ︶︶ ᠭᠡᠵᠤ ᠪᠢᠴᠢᠳᠡᠭ᠃ ᠠᠷᠪᠠᠨ ᠨᠠᠶᠢᠮᠠᠳᠤᠭᠠᠷ ᠵᠠᠭᠤᠨ ᠤ ᠲᠣᠮᠳᠠᠴᠢ ᠦᠶ᠎ᠡ ᠵᠢᠴᠢ ᠡᠭᠦᠨ ᠠᠴᠠ ᠬᠤᠶᠢᠰᠢ ᠲᠡᠤᠬᠡ ᠰᠤᠳᠤᠷ ᠲᠤ ︿︿ᠦᠭᠡᠯᠡᠳ︶︶ ᠭᠡᠵᠤ ᠲᠡᠮᠳᠡᠭᠯᠡᠭᠳᠡᠵᠤ ᠢᠷᠡᠵᠡᠢ᠃ ᠴᠢᠩ ᠤᠯᠤᠰ ᠤᠨ ᠰᠡᠭᠦᠯᠴᠢ ᠶᠢᠨ ᠦᠶ᠎ᠡ ᠠᠴᠠ ᠮᠣᠩᠭᠤᠯᠴᠤᠳ ᠡᠨᠡᠬᠦ ᠦᠭᠡ ᠶᠢ ᠠᠳᠠᠯᠢ ᠪᠣᠰᠤ ᠲᠠᠭᠤᠳᠠᠬᠤ ᠪᠣᠯᠵᠡᠢ᠃ ᠲᠡᠭᠷᠢ ᠠᠭᠤᠯᠠ ᠶᠢᠨ ᠬᠤᠶᠢᠳᠤ ᠬᠠᠪᠢ ᠪᠠᠷ ᠰᠠᠭᠤᠭ᠎ᠠ ᠮᠣᠩᠭᠤᠯᠴᠤᠳ ᠢ ᠣᠶᠢᠷᠠᠳ ᠭᠡᠮᠡᠨ᠂ ᠬᠠᠷᠢᠨ ᠡᠨᠡ ᠠᠶᠢᠮᠠᠭ ᠎ ᠲᠤ ᠡᠩ ᠤᠨ ᠮᠣᠩᠭᠤᠯᠴᠤᠳ ᠢ ᠦᠭᠡᠯᠡᠳ ᠭᠡᠮᠡᠨ ᠨᠡᠷᠡᠶᠢᠳᠪᠡ᠃ ︿︿ᠣᠶᠢᠷᠠᠳ︶︶ ᠪᠣᠯᠤᠨ ︿︿ᠦᠭᠡᠯᠡᠳ︶︶ ᠨᠢᠭᠡ ᠠᠶᠠᠯᠭᠤᠨ ᠤ ᠬᠤᠪᠢᠷᠠᠯ ᠪᠣᠯᠠᠢ᠃ ᠰᠡᠭᠦᠯᠡᠷ ᠨᠢ ᠣᠶᠢᠷᠠᠳ ᠭᠡᠳᠡᠭ ᠦᠭᠡ ᠶᠢ ᠦᠭᠡᠯᠡᠳ ᠢᠶᠠᠷ ᠣᠷᠤᠯᠠᠭᠤᠯᠵᠡᠢ ᠃ ᠡᠨᠡ ᠨᠢ ᠴᠢᠩ ᠤᠯᠤᠰ ᠤᠨ ᠦᠶ᠎ᠡ ᠶᠢᠨ ᠮᠠᠨᠵᠤ᠂ ᠮᠣᠩᠭᠤᠯ᠂ ᠬᠢᠳᠠᠳ ᠤᠨ ᠰᠣᠷᠪᠤᠯᠵᠢ ᠪᠢᠴᠢᠭ ᠲᠤ ᠲᠡᠮᠳᠡᠭᠯᠡᠯ ᠎ ᠲᠠᠢ ᠪᠢᠯᠡ᠃ ᠦᠭᠡᠯᠡᠳ ᠭᠡᠳᠡᠭ ᠨᠢ᠂ ᠮᠣᠩᠭᠤᠯ ᠬᠡᠯᠡᠨ ᠳᠤ ᠠᠪᠣᠷᠭᠤ ᠰᠦᠷᠯᠢᠭ ᠰᠠᠶᠢᠬᠠᠨ ᠭᠡᠰᠡᠨ ᠤᠳᠬ᠎ᠠ ᠲᠠᠢ᠃ ᠬᠢᠳᠠᠳ ᠬᠡᠯᠡᠨ ᠳᠤ᠂ ᠦᠭᠡᠯᠡᠳ ᠮᠣᠩᠭᠤᠯ ᠪᠣᠯ ᠠᠪᠤᠷᠭᠤ ᠦᠨᠳᠦᠷ᠂ ᠰᠦᠷᠯᠢᠭ ᠰᠠᠶᠢᠬᠠᠨ ᠮᠣᠩᠭᠤᠯᠴᠤᠳ ᠭᠡᠰᠡᠨ ᠲᠠᠶᠢᠯᠪᠤᠷᠢ ᠲᠠᠢ᠃ ᠦᠭᠡᠯᠡᠳ ᠭᠡᠮᠡᠬᠦ ᠦᠭᠡ ᠶᠢᠨ ᠢᠵᠠᠭᠤᠷ ᠨᠢ ᠦᠭᠡᠷ᠎ᠡ ᠪᠠᠷ ᠬᠡᠯᠡᠪᠡᠯ᠂ ᠲᠦᠷᠪᠡᠨ ᠣᠶᠢᠷᠠᠳ ᠤᠨ ᠲᠦᠷᠪᠡᠨ ᠶᠡᠭᠡ ᠠᠶᠢᠮᠠᠭ ᠭᠡᠰᠡᠨ ᠣᠳᠬ᠎ᠠ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号