| 1945 ᠤᠨ ᠤ 3 ᠰᠠᠷ᠎ᠠ ᠶᠢᠨ 3 ᠤ ᠡᠳᠦᠷ᠂ ᠠᠯᠠᠱᠠ ᠶᠢᠨ ᠬᠠᠮᠤᠭ ᠠᠩᠬᠠᠨ ᠤ ᠶᠡᠷᠥᠩᠬᠡᠶᠢᠯᠡᠭᠰᠡᠨ ᠴᠢᠨᠠᠷᠳᠠᠢ | ᠰᠤᠨᠢᠨ ᠪᠤᠯᠬᠤ ︽ᠠᠯᠠᠱᠠᠨ ᠬᠤᠰᠢᠭᠤᠨ ᠤ ᠳᠦᠭᠦᠮ ᠰᠡᠳᠬᠦᠯ︾ ᠬᠡᠪᠯᠡᠯ ᠡᠬᠢᠯᠡᠭᠰᠡᠨ ᠪᠠᠶᠢᠨ᠎ᠠ᠃ ᠲᠤᠬᠠᠢ ᠶᠢᠨ | ᠦᠶ᠎ᠡ ᠳᠤ ︽ᠰᠤᠨᠢᠨ︾ ᠭᠡᠬᠦ | ᠤᠬᠠᠭᠳᠠᠬᠤᠨ ᠬᠠᠷᠠᠬᠠᠨ ᠲᠦᠭᠡᠮᠡᠯᠵᠢᠵᠦ ᠪᠤᠯᠤᠭᠠᠳᠤᠢ ᠪᠠᠶᠢᠭᠰᠠᠨ ᠪᠤᠯᠬᠤᠷ ᠬᠡᠪᠯᠡᠬᠦ ᠴᠠᠭ ᠤᠨ ᠡᠭᠡᠯᠵᠢ ᠤᠬᠤᠷ | ᠬᠡᠪᠯᠡᠯ ᠤᠨ ᠵᠦᠢᠯᠡᠰ ᠢ ᠪᠠᠷᠤᠭ ᠲᠠᠭᠠᠨ ᠰᠡᠳᠬᠦᠯ ᠭᠡᠵᠦ ᠨᠡᠷᠡᠶᠢᠳᠴᠦ ᠪᠠᠶᠢᠵᠡᠢ᠃ ᠲᠡᠭᠡᠬᠦ ᠪᠠᠷ ᠬᠡᠷᠡᠭ ᠳᠡᠭᠡᠷ᠎ᠡ ᠪᠠᠨ | ︽ᠠᠯᠠᠱᠠᠨ ᠬᠤᠰᠢᠭᠤᠨ ᠤ ᠳᠦᠭᠦᠮ ᠰᠤᠨᠢᠨ︾ ᠭᠡᠮᠡᠨ ᠨᠡᠷᠡᠯᠡᠵᠦ ᠪᠤᠯᠬᠤ ᠤᠴᠢᠷ ᠲᠠᠢ ᠪᠠᠶᠢᠭᠰᠠᠨ ᠴᠦ | ᠲᠤᠬᠠᠢ ᠶᠢᠨ ᠴᠠᠭ ᠤᠨ ᠬᠡᠯᠡᠯᠭᠡ ᠵᠠᠩᠰᠢᠯ ᠠᠴᠠ ᠪᠤᠯᠵᠦ ᠡᠨᠡ ᠬᠦ ᠰᠤᠨᠢᠨ ᠨᠢ ︽ ᠠᠯᠠᠱᠠᠨ ᠬᠤᠰᠢᠭᠤᠨ ᠤ ᠳᠦᠭᠦᠮ | ᠰᠡᠳᠬᠦᠯ︾ ᠭᠡᠮᠡᠬᠦ ᠨᠡᠷᠡᠶᠢᠳᠦᠯ ᠢᠶᠠᠷ ᠤᠩᠰᠢᠭᠴᠢᠳ ᠲᠠᠢ ᠤᠴᠠᠷᠠᠭᠰᠠᠨ ᠪᠠᠶᠢᠨ᠎ᠠ᠃ ᠬᠤᠵᠢᠮ ᠨᠢ ᠰᠤᠨᠢᠨ ᠭᠡᠮᠡᠬᠦ | ᠬᠡᠯᠡᠯᠭᠡ ᠤᠬᠠᠭᠳᠠᠬᠤᠨ ᠤᠯᠠᠨ᠎ᠠ ᠬᠦᠯᠢᠶᠡᠭᠳᠡᠵᠦ ᠲᠦᠭᠡᠮᠡᠯᠵᠢᠭᠰᠡᠨ ᠤ ᠳᠠᠷᠠᠭ᠎ᠠ᠂ ᠤᠳᠤ ᠴᠤ ᠭᠡᠰᠡᠨ ᠰᠤᠨᠢᠨ ᠪᠤᠯᠤᠨ | ᠰᠡᠳᠬᠦᠯ ᠭᠡᠬᠦ ᠬᠤᠶᠠᠷ ᠤᠨᠳᠤᠤ ᠬᠡᠪᠯᠡᠯ ᠤᠨ ᠪᠦᠳᠦᠭᠡᠭᠳᠡᠭᠦᠨ ᠢ ᠲᠦᠯᠦᠭᠡᠯᠡᠭᠰᠡᠨ ᠨᠡᠷᠡᠰ ᠦᠭᠡ ᠶᠢ ᠬᠤᠯᠪᠤᠵᠦ | ᠬᠠᠮᠳᠤᠷᠠᠭᠤᠯᠵᠦ ᠰᠤᠨᠢᠨ ᠰᠡᠳᠬᠦᠯ ᠭᠡᠵᠦ ᠬᠡᠯᠡᠳᠡᠭ ᠵᠠᠩᠰᠢᠯ ᠳᠠᠳᠬᠠᠯ ᠢᠶᠠᠨ ᠢᠮᠠᠭᠳᠠ ᠬᠠᠳᠠᠭᠠᠯᠠᠭᠰᠠᠭᠠᠷ ᠪᠠᠶᠢᠭ᠎ᠠ᠃ | | ︽ᠠᠯᠠᠱᠠᠨ ᠬᠤᠰᠢᠭᠤᠨ ᠤ ᠳᠦᠭᠦᠮ ᠰᠡᠳᠬᠦᠯ︾ ᠭᠡᠬᠦ ᠰᠤᠨᠢᠨ ᠢ ᠲᠤᠬᠠᠢ ᠶᠢᠨ ᠦᠶ᠎ᠡ ᠳᠤ᠂ ᠠᠯᠠᠱᠠ | ᠬᠤᠰᠢᠭᠤᠨ ᠤ ᠬᠤᠯᠠᠳᠠᠬᠢᠨ ᠢ ᠲᠤᠭᠳᠠᠭᠠᠭᠴᠢ ᠬᠤᠷᠢᠶ᠎ᠠ ︵ᠤᠳᠤ ᠶᠢᠨ ᠪᠠᠶᠠᠨᠬᠤᠳᠠ︶ ᠶᠢᠨ ᠭᠤᠮᠢᠨᠳᠠᠩ ᠨᠠᠮ ᠤᠨ | ᠵᠢᠯᠤᠭᠤᠳᠬᠤ ᠬᠡᠯᠳᠡᠰ ᠠᠴᠠ ᠡᠷᠬᠢᠯᠡᠭᠰᠡᠨ᠂ ᠭᠤᠷᠪᠠᠨ ᠡᠳᠦᠷ ᠲᠤ ᠨᠢᠭᠡ ᠬᠤᠭᠤᠴᠠᠭ᠎ᠠ᠂ ᠳᠦᠷᠪᠡᠨ ᠵᠦᠰᠦᠮ ᠤᠨ | ᠬᠤᠶᠠᠷ ᠨᠢᠭᠤᠷ ᠢᠶᠠᠷ ᠭᠠᠷᠳᠠᠭ᠂ ᠮᠤᠩᠭᠤᠯ ᠬᠢᠳᠠᠳ ᠬᠡᠯᠡᠨ ᠤ ᠲᠤᠰ ᠲᠤᠰ ᠤᠨ ᠬᠡᠪᠯᠡᠯ ᠲᠠᠢ᠂ ᠠᠩᠬᠠᠨ ᠳᠠᠭᠠᠨ | ᠲᠤᠰᠤᠨ ᠳᠠᠷᠤᠮᠠᠯ ᠤᠨ᠂ ᠰᠡᠭᠦᠯ ᠢᠶᠠᠷ ᠨᠢ ᠴᠢᠯᠠᠭᠤᠨ ᠪᠠᠷ ᠢᠶᠠᠷ ᠬᠡᠪᠯᠡᠭᠳᠡᠵᠦ ᠪᠠᠶᠢᠵᠠᠢ᠃ | ︽ᠠᠯᠠᠱᠠᠨ ᠬᠤᠰᠢᠭᠤᠨ ᠤ ᠳᠦᠭᠦᠮ ᠰᠡᠳᠬᠦᠯ︾ ᠤᠨ ᠮᠤᠩᠭᠤᠯ ᠬᠡᠪᠯᠡᠯ ᠤᠨ ᠨᠠᠶᠢᠷᠠᠭᠤᠯᠬᠤ ᠠᠵᠢᠯ ᠢ ᠪᠤᠷᠵᠢᠬᠢᠨ | ᠡᠷᠬᠢᠮᠪᠠᠳᠦ ︵ᠯᠦᠸᠧ ᠷᠦᠢ ᠯᠢᠨ︶ ᠬᠠᠷᠢᠭᠤᠴᠠᠨ ᠬᠢᠵᠦ ᠪᠠᠶᠢᠪᠠ᠃ ᠲᠡᠷᠡ ᠠᠯᠠᠱᠠ ᠶᠢᠨ ᠵᠠᠰᠠᠭ ᠨᠤᠶᠠᠨ ᠤ | ᠲᠦᠷᠦᠯ ᠤᠭᠰᠠᠭᠠᠳᠠᠨ ᠪᠤᠯᠬᠤᠷ ᠪᠠᠭ᠎ᠠ ᠠᠴᠠ ᠪᠠᠨ ᠮᠠᠰᠢ ᠰᠠᠶᠢᠨ ᠪᠢᠴᠢᠭ ᠨᠤᠮ ᠤᠨ ᠬᠦᠮᠦᠵᠢᠯ ᠬᠦᠷᠳᠡᠵᠦ ᠂ | ᠮᠤᠩᠭᠤᠯ ᠬᠢᠳᠠᠳ ᠮᠠᠨᠵᠦ ᠪᠢᠴᠢᠭ ᠲᠤ ᠨᠡᠪᠳᠠᠷᠡᠭᠰᠡᠨ᠂ ᠵᠢᠷᠤᠭ ᠬᠦᠭᠵᠢᠮ ᠳᠤ ᠴᠠᠭᠠᠷᠠᠭᠰᠠᠨ᠂ ᠰᠢᠯᠥᠭ ᠵᠤᠬᠢᠶᠠᠯ | ᠬᠠᠪᠤᠯᠢᠭ ᠪᠢᠴᠢᠳᠡᠭ᠂ ᠤᠷᠠᠨ ᠵᠤᠬᠢᠶᠠᠯ ᠳᠤ ᠠᠪᠢᠶᠠᠰᠯᠢᠭ᠂ ᠹᠸᠤᠳᠠᠯ ᠤᠨ ᠶᠤᠰᠤ᠂ ᠱᠠᠰᠢᠨ ᠤ ᠮᠤᠩᠬᠠᠷᠠᠭᠤᠯᠤᠯ ᠢ | ᠮᠠᠰᠢᠳᠠ ᠡᠰᠡᠷᠭᠦᠴᠡᠨ ᠰᠢᠭᠦᠮᠵᠢᠯᠡᠳᠡᠭ ᠳᠠᠪᠰᠢᠩᠭᠤᠢ ᠠᠷᠠᠳᠴᠢᠯᠠᠯ ᠤᠨ ᠦᠵᠡᠯᠳᠡ ᠲᠠᠢ ᠬᠦᠮᠦᠨ ᠪᠠᠶᠢᠵᠡᠢ᠃ ᠲᠡᠷᠡ | ᠮᠠᠶᠢᠷᠠᠨ ᠵᠠᠩᠭᠢ ᠶᠢᠨ ᠬᠡᠷᠬᠡᠮ ᠲᠠᠢ᠂ ᠬᠤᠰᠢᠭᠤᠨ ᠤ ᠲᠠᠮᠠᠭ᠎ᠠ ᠶᠢᠨ ᠭᠠᠵᠠᠷ ᠤᠨ ᠪᠢᠴᠢᠭᠡᠴᠢ᠂ ︽ᠠᠯᠠᠱᠠ | ᠬᠤᠰᠢᠭᠤᠨ ᠤ ᠮᠤᠩᠭᠤᠯ ᠤᠳᠬ᠎ᠠ ᠶᠢᠨ ᠰᠤᠷᠭᠠᠭᠤᠯᠢ︾ ᠶᠢᠨ ᠳᠡᠳ᠋ ᠵᠠᠬᠢᠷᠤᠯ ᠵᠡᠷᠭᠡ ᠶᠢᠨ ᠲᠤᠰᠢᠶᠠᠯ ᠲᠠᠢ ᠡᠷᠳᠡᠮᠳᠡᠨ | ᠬᠦᠮᠦᠨ ᠪᠠᠶᠢᠵᠡᠢ᠃ ᠬᠠᠷᠠᠮᠰᠠᠯᠳᠠᠢ ᠨᠢ ᠲᠡᠭᠦᠨ ᠤ ︽ᠭᠤᠷᠪᠡᠨ ᠨᠠᠰᠤᠳᠠᠢ ᠱᠠᠯᠵᠠ ᠪᠤᠷᠬᠠᠨ︾᠂ ︽ᠴᠢᠩᠭᠢᠰ ᠤᠨ | ᠴᠡᠷᠢᠭ ᠤᠨ ᠳᠠᠭᠤᠤ︾ ᠭᠡᠬᠦ ᠵᠡᠷᠭᠡ ᠶᠢᠨ ᠴᠦᠭᠡᠪᠦᠷᠢ ᠰᠢᠯᠥᠭ ᠵᠤᠬᠢᠶᠠᠯ ᠠᠴᠠ ᠭᠠᠳᠠᠨ᠎ᠠ ᠠᠯᠢ ᠠᠷᠪᠢᠨ ᠵᠢᠷᠤᠭ | ᠵᠤᠬᠢᠶᠠᠯ ᠨᠢ ᠦᠯᠡᠳᠡᠵᠦ ᠬᠤᠴᠤᠷᠤᠭᠰᠠᠨ ᠦᠭᠡᠢ᠂ ᠨᠡᠩ ᠴᠦ 1948 ᠤᠨ ᠤ 1 ᠰᠠᠷ᠎ᠠ ᠳᠤ ᠭᠤᠴᠢᠨ ᠨᠢᠭᠡᠨ | ᠨᠠᠰᠤᠳᠠᠢ ᠳᠠᠭᠠᠨ ᠲᠤᠮᠤᠭᠤ ᠡᠪᠡᠳᠴᠢᠨ ᠳᠤ ᠳᠠᠭᠠᠷᠢᠭᠳᠠᠵᠦ ᠪᠡᠶ᠎ᠡ ᠦᠩᠭᠡᠷᠡᠵᠡᠢ᠃ | ︽ᠠᠯᠠᠱᠠᠨ ᠬᠤᠰᠢᠭᠤᠨ ᠤ ᠳᠦᠭᠦᠮ ᠰᠡᠳᠬᠦᠯ︾ ᠬᠡᠪᠯᠡᠯ ᠡᠬᠢᠯᠡᠬᠦ ᠳᠤ᠂ ᠲᠤᠬᠠᠢ ᠶᠢᠨ ᠦᠶ᠎ᠡ ᠳᠤ ᠠᠯᠠᠱᠠ | ᠬᠤᠱᠤᠳ ᠬᠤᠰᠢᠭᠤᠨ ᠤ ᠵᠠᠰᠠᠭ ᠨᠤᠶᠠᠨ ᠪᠠᠶᠢᠭᠰᠠᠨ ᠳ᠋ᠠᠨᠢᠵᠠᠨᠠ ᠪᠤᠯᠤᠨ ᠲᠡᠬᠦᠨ ᠤ ᠬᠠᠳᠤᠨ ᠶᠢᠨ ᠶᠥᠨ ᠴᠧᠩ | ᠲᠤᠰ ᠲᠤᠰ ᠪᠢᠴᠢᠭᠡᠰᠦ ᠪᠢᠴᠢᠭᠰᠡᠨ ᠪᠠᠶᠢᠨ᠎ᠠ᠃ | ᠳ᠋ᠠᠨᠢᠵᠠᠨᠠ ᠶᠢᠨ ᠪᠢᠴᠢᠭᠡᠰᠦ ᠨᠢ ︽ᠰᠠᠨᠮᠢᠨ ᠦᠵᠡᠯ ᠢ ᠰᠤᠷᠳᠠᠯᠴᠢᠯᠠᠨ ᠤᠬᠠᠭᠤᠯᠬᠤ ᠠᠵᠢᠯ ᠢ ᠡᠭᠦᠷᠭᠡᠯᠡᠵᠦ᠂ | ᠬᠢᠵᠠᠭᠠᠷ ᠤᠨ ᠳᠤᠳᠤᠷᠠᠬᠢ ᠰᠤᠶᠤᠯ ᠢ ᠦᠭᠦᠯᠡᠨ ᠲᠤᠳᠤᠷᠬᠠᠶᠢᠯᠠᠬᠤ ᠶᠢ ᠬᠠᠷᠢᠭᠤᠴᠠᠵᠦ᠂ ᠬᠢᠯᠢ ᠬᠢᠵᠠᠭᠠᠷ ᠢᠶᠠᠨ | ᠨᠡᠭᠡᠭᠡᠨ ᠬᠦᠭᠵᠢᠭᠦᠯᠵᠦ᠂ ᠤᠯᠤᠰ ᠤᠨ ᠪᠠᠳᠤᠯᠠᠨ ᠬᠠᠮᠠᠭᠠᠯᠠᠯᠳᠠ ᠶᠢ ᠪᠦᠳᠦᠭᠡᠨ ᠪᠠᠶᠢᠭᠤᠯᠰᠤᠭᠠᠢ︾︔ ᠶᠢᠨ ᠶᠥᠩ | ᠴᠧᠩ ᠤᠨ ᠪᠢᠴᠢᠭᠡᠰᠦ ᠨᠢ ︽ᠪᠤᠭᠤᠮᠳᠠ ᠶᠢᠨ ᠭᠠᠳᠠᠨᠠᠬᠢ ᠪᠦᠰᠡᠭᠦ᠋ᠢᠴᠦᠳ ᠢ ᠰᠡᠬᠡᠭᠡᠷᠡᠭᠦᠯᠵᠦ᠂ ᠬᠠᠯᠠᠮᠵᠢᠯᠠᠵᠤ | ᠲᠤᠰᠠᠯᠠᠬᠤ ᠠᠵᠢᠯ ᠢ ᠲᠡᠳᠬᠦᠰᠦᠭᠡᠢ︾ ᠭᠡᠰᠡᠨ ᠪᠠᠶᠢᠪᠠ᠃ | ︽ᠠᠯᠠᠱᠠᠨ ᠬᠤᠰᠢᠭᠤᠨ ᠤ ᠳᠦᠭᠦᠮ ᠰᠡᠳᠬᠦᠯ︾ ᠨᠢ ᠲᠤᠬᠠᠢ ᠶᠢᠨ ᠦᠶ᠎ᠡ ᠳᠤ ᠭᠤᠤᠯᠳᠠᠭᠤ ᠤᠯᠤᠰ ᠤᠨ | ᠳᠤᠲᠤᠭᠠᠳᠤ ᠭᠠᠳᠠᠭᠠᠳᠤ ᠶᠢᠨ ᠲᠠᠶᠢᠨ ᠳᠠᠵᠢᠨ ᠤ ᠲᠦᠷᠬᠡᠨ ᠮᠡᠳᠡᠭᠡ ᠪᠤᠯᠤᠨ ᠰᠠᠨᠮᠢᠨ ᠦᠵᠡᠯ ᠢ ᠤᠬᠠᠭᠤᠯᠵᠦ | ᠰᠤᠷᠳᠠᠯᠴᠢᠯᠠᠬᠤ ᠠᠴᠠ ᠭᠠᠳᠠᠨ᠎ᠠ᠂ ᠤᠯᠤᠰ ᠤᠨ ᠳᠤᠳᠤᠭᠠᠳᠦ ᠶᠢᠨ ᠴᠠᠭ ᠲᠦᠷᠦ ᠶᠢᠨ ᠪᠠᠶᠢᠳᠠᠯ᠂ ︽ᠪᠠᠶᠢᠯᠳᠤᠭᠠᠨ ᠤ | ᠮᠡᠳᠡᠭᠡ︾᠂ ︽ᠲᠣᠰ ᠭᠠᠵᠠᠷ ᠤᠨ ᠮᠡᠳᠡᠭᠡ︾᠂ ︽ᠮᠠᠨ ᠤ ᠤᠷᠤᠨ ᠤ ᠮᠡᠳᠡᠭᠡ︾᠂ ︽ᠡᠨᠡ ᠣᠷᠤᠨ ᠤ ᠰᠢᠨ᠎ᠡ | ᠰᠤᠨᠤᠰᠬᠠᠯ︾᠂ ︽ᠤᠷᠠᠨ ᠤᠳᠬ᠎ᠠ ᠶᠢᠨ ᠵᠦᠢᠯ︾᠂ ︽ᠲᠤᠰ ᠰᠤᠨᠢᠨ ᠤ ᠰᠢᠭᠦᠮᠵᠢ︾ ᠭᠡᠬᠦ ᠵᠡᠷᠬᠡ ᠶᠢᠨ ᠪᠤᠯᠤᠩ | ᠡᠷᠬᠢᠯᠡᠵᠦ᠂ ᠠᠯᠠᠱᠠ ᠬᠤᠰᠢᠭᠤᠨ ᠤ ᠬᠢᠵᠠᠭᠠᠷ ᠳᠤᠳᠤᠷ᠎ᠠ ᠡᠭᠦᠰᠦᠭᠰᠡᠨ ᠰᠤᠨᠢᠨ ᠮᠡᠳᠡᠭᠡ᠂ ᠮᠠᠯᠵᠢᠬᠤ ᠤᠷᠤᠨ ᠤ | ᠤᠶᠢᠯᠡᠳᠪᠦᠷᠢᠯᠡᠯ ᠤᠨ ᠪᠠᠶᠢᠳᠠᠯ᠂ ᠬᠤᠷ᠎ᠠ ᠤᠰᠤ ᠭᠠᠩ ᠭᠠᠴᠢᠭ ᠮᠡᠳᠦ ᠶᠢᠨ ᠠᠭᠤᠷ ᠠᠮᠢᠰᠬᠤᠯ ᠤᠨ ᠬᠤᠪᠢᠷᠠᠯᠳᠠ᠂ | ᠬᠦᠮᠦᠨ ᠮᠠᠯ ᠤᠨ ᠡᠪᠡᠳᠴᠢᠨ ᠡᠮᠬᠡᠭ ᠢ ᠰᠡᠷᠭᠡᠶᠢᠯᠡᠬᠦ ᠵᠢᠴᠢ ᠠᠮᠢᠳᠤᠷᠠᠯ ᠤᠨ ᠵᠢᠵᠢᠭ ᠰᠠᠵᠢᠭ ᠮᠡᠳᠡᠯᠭᠡ ᠶᠢ | ᠨᠡᠶᠢᠳᠡᠯᠡᠳᠡᠭ ᠪᠠᠶᠢᠵᠡᠢ᠃ ᠲᠤᠰ ᠰᠤᠨᠢᠨ ᠨᠢ ᠪᠠᠰᠠ ᠰᠢᠯᠥᠭ ᠵᠢᠷᠤᠭ ᠤᠨ ᠵᠦᠢᠯ ᠢ ᠨᠡᠶᠢᠳᠡᠯᠡᠳᠡᠭ ᠪᠤᠯᠬᠤᠷ ᠠᠭᠤᠯᠭ᠎ᠠ | ᠵᠠᠨᠠᠷ ᠨᠢ ᠤᠪᠤᠭ᠎ᠠ ᠪᠠᠶᠠᠯᠢᠭ ᠪᠦᠭᠡᠳ ᠠᠮᠢᠳᠤᠯᠢᠭ ᠡᠷᠬᠢᠯᠡᠭᠳᠡᠵᠦ ᠮᠠᠯᠴᠢᠳ ᠤᠨ ᠲᠠᠭᠠᠰᠢᠶᠠᠯ ᠢ ᠶᠠᠭᠡᠯᠨ ᠤᠯᠵᠦ | ᠪᠠᠶᠢᠭᠰᠠᠨ ᠠᠵᠢ᠃ | ︽ᠠᠯᠠᠱᠠᠨ ᠬᠤᠰᠢᠭᠤᠨ ᠤ ᠳᠦᠭᠦᠮ ᠰᠡᠳᠬᠦᠯ︾ 1945 ᠤᠨ ᠤ 3 ᠰᠠᠷ᠎ᠠ ᠠᠴᠠ 1947 ᠤᠨ ᠤ ᠡᠴᠦᠰ | ᠪᠤᠯᠳᠠᠯ᠎ᠠ ᠭᠤᠷᠪᠠᠨ ᠵᠢᠯ ᠵᠠᠪᠳᠤᠭᠤ ᠡᠷᠬᠢᠯᠡᠭᠳᠡᠵᠦ ᠪᠠᠶᠢᠭᠠᠳ ᠬᠡᠪᠯᠡᠯ ᠵᠤᠭᠰᠤᠭᠰᠠᠨ ᠪᠠᠶᠢᠨ᠎ᠠ᠃ ᠬᠡᠪᠯᠡᠯ | ᠵᠤᠭᠰᠤᠭᠰᠠᠨ ᠰᠢᠯᠳᠠᠭᠠᠨ ᠪᠤᠯᠤᠨ ᠪᠤᠳᠠᠳᠠᠢ ᠡᠳᠦᠷ ᠰᠠᠷ᠎ᠠ ᠨᠢ ᠲᠤᠳᠤᠷᠬᠠᠢ ᠦᠭᠡᠢ᠃ ᠶᠠᠭᠤ ᠴᠦ ᠭᠡᠰᠡᠨ ︽ᠠᠯᠠᠱᠠᠨ | ᠬᠤᠰᠢᠭᠤᠨ ᠤ ᠳᠦᠭᠦᠮ ᠰᠡᠳᠬᠦᠯ︾ ᠨᠢ ᠡᠨᠡ ᠬᠦ ᠮᠢᠩᠭᠠᠨ ᠭᠠᠯᠪᠠ ᠶᠢᠨ ᠦᠷᠭᠡᠨ ᠭᠤᠪᠢ ᠳᠤ ᠬᠠᠮᠤᠭ ᠠᠩᠬᠠᠨ ᠤ | ᠮᠤᠩᠭᠤᠯ ᠰᠤᠨᠢᠨ ᠤ ᠬᠤᠪᠢ ᠪᠠᠷ ᠮᠡᠨᠳᠦᠯᠡᠵᠦ᠂ ᠠᠯᠠᠱᠠ ᠨᠤᠳᠤᠭ ᠲᠤ ᠮᠤᠩᠭᠤᠯ ᠰᠤᠨᠢᠨ ᠮᠡᠳᠡᠭᠡᠨ ᠤ | ᠵᠠᠭᠤᠴᠢᠯᠠᠭᠤᠷ ᠲᠠᠢ ᠪᠤᠯᠤᠭᠰᠠᠨ ᠲᠡᠤᠬᠡ ᠶᠢ ᠲᠡᠮᠳᠡᠭᠯᠡᠵᠦ ᠲᠠᠯᠪᠢᠭᠰᠠᠨ ᠪᠠᠶᠢᠭ᠎ᠠ ᠶᠤᠮ᠃ | | |