| ᠪᠠᠶᠠᠨ ᠰᠦᠮᠪᠦᠷ ᠠᠯᠠᠱᠠ ᠶᠢᠨ ᠠᠭᠤᠯᠠ | ᠪᠠᠶᠠᠨ ᠰᠦᠮᠪᠦᠷ ᠠᠯᠠᠱᠠ ᠶᠢᠨ ᠠᠭᠤᠯᠠ | ᠪᠠᠶᠢᠳᠠᠯ ᠰᠠᠶᠢᠲᠠᠢ ᠠᠭᠤᠯᠠ ᠶᠤᠮ ᠰᠢᠤ | ᠪᠠᠭᠠᠲᠤᠷ ᠬᠦᠴᠦᠨ ᠲᠠᠢ ᠪᠢᠳᠠᠨ ᠴᠢᠨᠢ | ᠪᠠᠯᠠᠮᠠᠳ ᠳᠠᠶᠢᠰᠤᠨ ᠢᠶᠠᠨ ᠲᠠᠷᠤᠯᠠ ᠰᠢᠦ ᠭᠡᠵᠦ ᠵᠤᠬᠢᠶᠠᠨ ᠲᠠᠭᠤᠯᠠᠵᠦ ᠪᠠᠶᠢᠭᠰᠠᠨ ᠴᠠᠭ ᠦᠶ᠎ᠡ ᠪᠤᠯ ᠬᠤᠷᠢᠳᠤᠭᠠᠷ | ᠵᠠᠭᠤᠨ ᠤ ᠡᠬᠢ ᠪᠠᠷ ᠠᠯᠠᠱᠠ ᠬᠤᠱᠤᠳ ᠥᠬᠡᠯᠡᠳ ᠬᠤᠰᠢᠭᠤᠨ ᠤ ᠨᠠᠢᠮᠠᠳᠤᠭᠠᠷ ᠦᠶ᠎ᠡ ᠶᠢᠨ ᠶᠢᠰᠦᠳᠦᠭᠡᠷ ᠵᠠᠰᠠᠭ | ᠨᠤᠶᠠᠨ ᠯᠾᠠᠸᠠᠩᠪᠦ᠋ᠷᠢᠨᠵᠢᠯ ᠴᠢᠩ ᠸᠠᠩ ᠬᠡᠷᠬᠢᠮ ᠵᠠᠯᠭᠠᠮᠵᠢᠯᠠᠵᠦ᠂ ᠸᠠᠩ ᠤᠨ ᠰᠠᠭᠤᠷᠢᠨ ᠳᠤ ᠭᠠᠷᠴᠦ ᠪᠠᠶᠢᠬᠤ ᠳᠤ | ᠵᠤᠬᠢᠶᠠᠵᠠᠢ᠃ ᠡᠨᠡ ᠦᠶ᠎ᠡ ᠳᠤ ᠪᠦᠬᠦ ᠬᠤᠰᠢᠭᠤᠨ ᠤ ᠠᠵᠤ ᠠᠬᠤᠢ᠂ ᠰᠤᠷᠭᠠᠨ ᠬᠦᠮᠦᠵᠢᠯ᠂ ᠠᠷᠠᠳ ᠤᠨ | ᠠᠮᠢᠳᠤᠷᠠᠯ ᠵᠡᠷᠭᠡ ᠲᠠᠯ᠎ᠠ ᠪᠠᠷ ᠮᠠᠰᠢ ᠬᠦᠴᠢᠷᠲᠡᠢ ᠪᠠᠶᠢᠵᠤ᠂ ᠡᠴᠢᠭᠡ ᠸᠠᠩ ᠤᠨ ᠢᠶᠠᠨ ᠲᠠᠯᠪᠢᠭᠰᠠᠨ ᠥᠷᠢ ᠰᠢᠷᠢ ᠶᠢ | ᠲᠥᠯᠦᠵᠦ᠂ ᠬᠤᠰᠢᠭᠤ ᠰᠠᠩ ᠤᠨ ᠲᠡᠮᠡᠭᠡ ᠮᠤᠷᠢ ᠬᠢᠭᠡᠳ ᠵᠠᠷᠢᠮ ᠡᠳ᠋ ᠪᠤᠳᠠᠰ ᠢᠶᠠᠨ ᠬᠤᠳᠠᠯᠳᠤᠵᠦ᠂ ᠬᠥᠮᠦᠷᠬᠡ | ᠰᠠᠩ ᠴᠦ ᠬᠤᠭᠤᠰᠤᠷᠠᠬᠤ ᠰᠢᠬᠠᠵᠦ ᠪᠠᠶᠢᠪᠠ᠃ | ᠨᠡᠩ ᠴᠦ ᠤᠯᠤᠰ ᠤᠨ ᠲᠤᠲᠤᠭᠠᠳᠤ ᠭᠠᠳᠠᠭᠠᠳᠤ ᠶᠢᠨ ᠤᠶᠢᠮᠡᠭᠡᠨ ᠠᠴᠠ ᠪᠤᠯᠵᠤ ᠬᠤᠰᠢᠭᠤ ᠨᠤᠳᠤᠭ ᠴᠦ ᠡᠩᠬᠡ | ᠠᠮᠤᠷ ᠪᠠᠶᠢᠭᠰᠠᠨ ᠦᠭᠡᠢ ᠶᠡᠷᠦ ᠪᠤᠰᠤ ᠶᠢᠨ ᠴᠠᠭ ᠦᠶ᠎ᠡ ᠶᠢᠨ ᠬᠡᠷᠡᠭ ᠶᠠᠪᠤᠳᠠᠯ ᠬᠤᠶᠢᠨ᠎ᠠ ᠬᠤᠶᠢᠨ᠎ᠠ ᠠᠴᠠ ᠪᠠᠨ | ᠲᠤᠬᠢᠶᠠᠯᠳᠤᠵᠤ ᠪᠠᠶᠢᠪᠠ᠃ | ᠬᠡᠪᠳᠦ ᠶᠤᠰᠤ ᠶᠢᠨ ᠭᠤᠷᠪᠠᠨ ︵1911︶ ᠤᠨ᠂ ᠴᠠᠭᠠᠭᠴᠢᠨ ᠭᠠᠭ᠋ᠠᠢ ᠵᠢᠯ ᠤᠨ ᠨᠠᠮᠤᠷ ᠤᠨ ᠲᠡᠷᠢᠭᠦᠨ ᠰᠠᠷ᠎ᠠ ᠳᠤ | ᠰᠥᠨ ᠵᠥᠩ ᠱᠠᠨ ᠤ ᠤᠳᠤᠷᠢᠳᠤᠭᠰᠠᠨ ᠬᠥᠷᠦᠩᠭᠡᠲᠡᠨ ᠠᠩᠭᠢ ᠶᠢᠨ ᠠᠷᠠᠳᠴᠢᠯᠠᠭᠰᠠᠨ ᠬᠤᠪᠢᠰᠬᠠᠯ ᠭᠡᠭᠴᠢ | ᠲᠤᠳᠤᠷ ᠭᠠᠵᠠᠷ ᠡᠭᠦᠰᠴᠦ ᠲᠠᠶᠢᠴᠢᠩ ᠭᠦᠷᠦᠨ ᠤ ᠡᠴᠦᠰ ᠤᠨ ᠬᠠᠭᠠᠨ ᠹᠦ᠋ ᠢ ᠶᠢ ᠬᠠᠭᠠᠨ ᠰᠢᠷᠡᠭᠡᠨ ᠠᠴᠠ ᠨᠢ | ᠲᠦᠯᠬᠢᠨ ᠤᠨᠠᠭᠠᠭᠠᠳ᠂ ᠳᠤᠮᠳᠠᠳᠤ ᠤᠯᠤᠰ ᠲᠠᠬᠢ ᠬᠡᠳᠦᠨ ᠮᠢᠩᠭᠠᠨ ᠵᠢᠯ ᠤᠨ ᠹᠸᠤᠳᠠᠯ ᠬᠠᠭᠠᠨᠳᠤ ᠲᠦᠷᠦ ᠶᠢᠨ | ᠨᠤᠶᠠᠷᠬᠠᠯ ᠢ ᠡᠴᠦᠰᠯᠡᠭᠦᠯᠵᠡᠢ᠃ ︽ᠴᠠᠭᠠᠭᠴᠢᠨ ᠭᠠᠭ᠋ᠠᠢ ᠵᠢᠯ ᠤᠨ ᠬᠤᠪᠢᠰᠬᠠᠯ︾ ᠤᠨ ᠨᠥᠯᠦᠭᠡᠨ ᠳᠤᠤᠷ᠎ᠠ᠂ | ᠠᠷᠠᠳ ᠤᠨ ᠳᠤᠮᠳᠠ ᠠᠴᠠ ᠮᠠᠨᠵᠤ ᠶᠢᠨ ᠨᠤᠶᠠᠷᠬᠠᠯ ᠤᠨ ᠡᠰᠡᠷᠭᠦᠴᠡᠬᠦ ᠪᠦᠯᠬᠦᠮ ᠭᠧ ᠯᠤᠤ ᠬᠤᠢ ᠭᠡᠳᠡᠭ ᠨᠢ ᠭᠠᠷᠴᠤ | ᠢᠷᠡᠭᠡᠳ ᠬᠤᠵᠢᠮ ᠬᠤᠵᠢᠮ ᠳᠠᠭᠠᠨ ᠲᠡᠷᠰᠯᠡᠭᠦᠦ ᠲᠡᠭᠡᠷᠡᠮ ᠤᠨ ᠪᠥᠯᠦᠭᠳᠡᠨ ᠪᠤᠯᠵᠠᠢ᠃ ᠲᠡᠭᠦᠨ ᠤ ᠢᠷᠭᠠᠢ ᠳᠤ | ᠤᠷᠤᠩᠨᠠᠵᠦ ᠪᠠᠶᠢᠭᠰᠠᠨ ᠭᠧ ᠯᠤᠤ ᠬᠤᠢ ᠶᠢᠨ ᠲᠦᠷᠦᠭᠦᠦ ᠯᠢᠤ ᠬᠤᠸᠠ ᠲᠠᠩ ᠨᠠᠷ ᠠᠯᠠᠱᠠ ᠬᠤᠱᠤᠳ ᠥᠬᠡᠯᠡᠳ | ᠬᠤᠰᠢᠭᠤ ᠶᠢ ᠰᠦᠷᠳᠡᠭᠦᠯᠵᠦ᠂ ᠵᠠᠰᠠᠭ ᠨᠤᠶᠠᠨ ᠳᠤ ᠰᠢᠭᠤᠳ ᠴᠢᠮᠡᠭᠡ ᠢᠷᠡᠭᠦᠯᠵᠦ ︽ᠲᠦᠮᠡᠨ ᠠᠭᠳᠠ᠂ ᠲᠠᠪᠤᠨ | ᠲᠦᠮᠡᠨ ᠯᠠᠩ ᠮᠥᠩᠭᠦ᠂ ᠬᠤᠶᠠᠷ ᠲᠦᠮᠡᠨ ᠬᠤᠨᠢ᠂ ᠪᠠᠰᠠ ᠵᠡᠷ ᠵᠡᠪᠰᠡᠭ ᠠᠪᠤᠨ᠎ᠠ᠂ ᠬᠦᠷᠭᠡᠵᠦ ᠢᠷᠡᠬᠦ ᠬᠡᠷᠡᠭᠳᠡᠢ︾ | ᠭᠡᠵᠦ ᠱᠠᠭᠠᠷᠳᠠᠭᠰᠠᠨ ᠪᠠ ︽ᠬᠡᠷᠪᠡ ᠡᠰᠡ ᠳᠠᠭᠠᠪᠠᠯ ᠬᠡᠳᠦᠨ ᠡᠳᠦᠷ ᠤᠨ ᠳᠠᠷᠠᠭ᠎ᠠ ᠶᠠᠮᠤᠨ ᠬᠤᠳᠠ ᠶᠢ ᠴᠢᠨᠢ | ᠲᠠᠭᠠᠷᠢᠨ ᠡᠵᠡᠯᠡᠨ᠎ᠡ ᠁︾ ᠭᠡᠵᠦ ᠰᠦᠷᠳᠡᠭᠦᠯᠦᠨ ᠱᠠᠭᠠᠷᠳᠠᠵᠦ ᠪᠠᠶᠢᠪᠠ᠃ | ᠢᠷᠭᠡᠨ ᠤᠯᠤᠰ ᠤᠨ ᠳᠥᠷᠪᠡᠳᠦᠭᠡᠷ ︵1915︶ ᠤᠨ ᠳᠤ᠂ ᠶᠠᠨ ᠰᠢ ᠱᠠᠨ ᠤ ᠬᠠᠷᠢᠶᠠᠳᠦ ᠭᠥᠩ ᠷᠧᠨ ᠤ | ᠬᠡᠰᠡᠭ ᠤᠷᠪᠠᠭᠰᠠᠨ ᠰᠠᠷᠨᠢᠭᠤᠯ ᠴᠡᠷᠢᠭ ᠪᠤᠷᠤᠲᠤᠬᠤᠢ ᠳᠤ ︽ᠲᠤᠰᠠᠭᠠᠷ ᠠᠩᠭᠢ︾ ᠭᠡᠳᠡᠭ ᠢ ᠭᠠᠷᠭᠠᠵᠦ᠂ 1917 | ᠤᠨ ᠤ ᠭᠤᠷᠪᠠᠨ ᠰᠠᠷᠠᠶᠢᠨ ᠬᠤᠷᠢᠨ ᠵᠢᠷᠭᠤᠭᠠᠨ ᠤ ᠡᠳᠦᠷ ᠤᠯᠤᠰ ᠤᠨ ᠪᠠᠭ᠎ᠠ ᠡᠵᠡᠨ ᠬᠠᠭᠠᠨ ᠭᠡᠮᠡᠭᠴᠢ ᠬᠠᠭᠤᠷᠮᠠᠭ | ᠬᠠᠭᠠᠨ ᠳ᠋ᠠ ᠡᠯ ᠯᠢᠦ ᠵᠧ ᠶᠢᠨ ᠲᠡᠭᠡᠷᠡᠮ ᠤᠨ ᠲᠦᠷᠦᠭᠦᠦ ᠬᠤᠤ ᠱᠢ ᠰᠢᠦ᠂ ᠶᠠᠩ ᠰᠢᠩ ᠸᠠᠩ ᠨᠠᠷ ᠠᠯᠠᠱᠠ ᠶᠢᠨ | ᠵᠡᠭᠦᠨ ᠵᠠᠬ᠎ᠠ ᠶᠢᠨ ᠬᠠᠳᠤᠨ ᠭᠤᠤᠯ ᠢᠶᠠᠷ ᠭᠠᠳᠤᠯᠵᠦ ᠢᠷᠡᠭᠡᠳ᠂ ᠰᠡᠭᠡᠷᠢ ᠶᠢᠨ ᠰᠦᠮ᠎ᠡ ᠪᠠᠷ ᠳᠠᠮᠵᠢᠨ ᠠᠯᠠᠱᠠ | ᠶᠠᠮᠤᠨ ᠢ ᠳᠤᠪᠳᠤᠯᠬᠤ ᠭᠡᠬᠦ ᠳᠤ᠂ ᠳᠡᠨᠳᠡᠬᠢ ᠶᠢᠨ ᠳᠥᠷᠪᠡᠨ ᠪᠠᠭ ᠤᠨ ᠶᠡᠷᠦᠩᠭᠡᠢ ᠲᠠᠭᠠᠭᠠᠮᠠᠯ ᠠᠮᠤᠷᠵᠢᠷᠭᠠᠯ | ᠠᠷᠭᠠᠴᠠᠭᠠᠨ ᠰᠠᠭᠠᠳᠠᠭᠤᠯᠵᠦ᠂ ᠬᠦᠪᠡᠭᠦᠨ ᠡᠨᠡᠷᠢᠩᠭᠦᠢ ᠪᠠᠨ ᠲᠤᠪᠲᠤᠯᠭᠠᠨ ᠬᠤᠰᠢᠭᠤ ᠳᠤ ᠴᠢᠮᠡᠭᠡ ᠬᠦᠷᠭᠡᠭᠰᠡᠨ ᠠᠴᠠ | ᠳᠡᠮᠡᠢ ᠶᠡᠭᠡ ᠬᠤᠬᠢᠷᠠᠯ ᠤᠴᠠᠷᠠᠭᠰᠠᠨ ᠦᠭᠡᠢ ᠴᠦ᠂ ᠠᠷᠠᠳ ᠲᠦᠮᠡᠨ ᠢ ᠳᠡᠭᠡᠷᠡᠮᠳᠡᠨ ᠠᠷᠪᠢᠨ ᠮᠠᠭᠤ ᠠᠵᠢᠯ ᠬᠢᠵᠡᠢ᠃ | ᠢᠷᠭᠡᠨ ᠤᠯᠤᠰ ᠤᠨ ᠠᠷᠪᠠᠨ ᠨᠠᠢᠮᠠᠨ ︵1927︶ ᠤᠨ᠂ ᠤᠯᠠᠭᠠᠭᠴᠢᠨ ᠲᠠᠤᠯᠠᠢ ᠵᠢᠯ ᠤᠨ ᠭᠤᠷᠪᠠᠨ ᠰᠠᠷ᠎ᠠ ᠳᠤ | ᠠᠯᠠᠱᠠ ᠬᠤᠱᠤᠳ ᠥᠬᠡᠯᠡᠳ ᠬᠤᠰᠢᠭᠤᠨ ᠳᠤ ᠹᠸᠤᠳᠠᠯ ᠤᠨ ᠸᠠᠩ ᠭᠥᠩ ᠤᠨ ᠨᠤᠶᠠᠷᠬᠠᠯ ᠤᠨ ᠶᠤᠰᠤ ᠳᠢᠭᠯᠢᠮ ᠢ | ᠤᠰᠠᠳᠬᠠᠨ᠂ ᠦᠨᠳᠦᠰᠦᠳᠡᠨ ᠤ ᠠᠷᠠᠳᠴᠢᠯᠠᠭᠰᠠᠨ ᠵᠠᠰᠠᠭ ᠪᠠᠶᠢᠭᠤᠯᠬᠤ ᠭᠡᠰᠡᠨ ᠳ᠋ᠧᠴᠢᠨᠠᠢᠳᠰᠢᠨᠨᠤᠷᠪᠤ ᠤᠨ ᠵᠡᠪᠰᠡᠭᠳᠦ | ᠲᠡᠮᠡᠴᠡᠯ ᠭᠠᠷᠪᠠ᠃ ᠡᠭᠦᠨ ᠢ ᠠᠯᠠᠱᠠ ᠶᠢᠨ ᠤᠶᠢᠷ᠎ᠠ ᠦᠶ᠎ᠡ ᠶᠢᠨ ᠲᠡᠦᠬᠡᠨ ᠳᠤ ︽ᠰᠢᠶᠤᠤ ᠰᠠᠨ ᠶᠧ ᠶᠢᠨ ᠬᠡᠷᠡᠭ | ᠬᠤᠪᠢᠰᠤᠯ︾ ᠭᠡᠵᠦ ᠲᠡᠮᠳᠡᠭᠯᠡᠳᠡᠭ᠃ | ᠡᠭᠦᠨ ᠠᠴᠠ ᠭᠠᠳᠠᠨ᠎ᠠ ︽ᠮᠤᠤ ᠪᠠᠭᠠᠲᠤᠷ ᠤᠨ ᠬᠡᠷᠡᠭ︾᠂ ︽ᠪᠠᠷᠠᠭᠤᠨ ᠬᠡᠶᠢᠳ ᠤᠨ ᠭᠡᠭᠡᠨ ᠠᠭᠸᠠᠨᠳᠠᠨᠵᠠᠨ ᠤ | ᠬᠡᠷᠡᠭ︾ ᠪᠠ ︽ᠹᠧᠩ ᠢᠦᠢ ᠰᠢᠶᠠᠩ ᠳ᠋ᠧᠩᠺᠸᠤ ᠰᠢᠶᠠᠨ ᠢ ᠪᠠᠶᠢᠭᠤᠯᠬᠤ ᠭᠡᠰᠡᠨ ᠤᠷᠤᠯᠳᠤᠯᠭ᠎ᠠ︾ ᠵᠡᠷᠭᠡ ᠶᠢᠨ | ᠤᠴᠢᠷ ᠶᠠᠪᠤᠳᠠᠯ ᠭᠠᠷᠤᠭᠰᠠᠭᠠᠷ ᠪᠠᠶᠢᠪᠠ᠃ | ᠡᠶᠢᠮᠦ ᠠᠴᠠ ᠯᠾᠠᠸᠠᠩᠪᠦ᠋ᠷᠢᠨᠵᠢᠯ ᠸᠠᠩ ᠤᠷᠳᠤ ᠬᠤᠭᠤᠴᠠᠭ᠎ᠠ ᠪᠠᠷ ᠪᠡᠭᠡᠵᠢᠩ ᠳᠤ ᠰᠠᠭᠤᠵᠤ ᠪᠠᠶᠢᠭᠰᠠᠨ ᠲᠤᠯᠠ | ᠬᠤᠰᠢᠭᠤᠨ ᠤ ᠡᠷᠬᠡ ᠪᠠᠷᠢᠭᠴᠢᠳ ᠤᠨ ᠳᠤᠳᠤᠭᠠᠳᠤ ᠳᠤ ᠴᠦ ᠦᠷᠭᠦᠯᠵᠢ ᠵᠥᠷᠢᠴᠡᠯ ᠡᠭᠦᠰᠴᠦ ᠵᠠᠰᠠᠭ ᠤᠨ ᠡᠷᠬᠡ | ᠪᠤᠯᠢᠶᠠᠯᠳᠤᠬᠤ ᠲᠡᠮᠡᠴᠡᠯ ᠲᠠᠰᠤᠷᠠᠬᠤ ᠦᠭᠡᠢ ᠪᠠᠶᠢᠳᠠᠯ ᠤᠨ ᠳᠤᠤᠷ᠎ᠠ᠂ ᠯᠾᠠᠸᠠᠩᠪᠦ᠋ᠷᠢᠨᠵᠢᠯ ᠸᠠᠩ ᠤᠨ ᠵᠠᠬᠢᠶ᠎ᠠ ᠪᠠᠷ | ᠬᠤᠰᠢᠭᠤᠨ ᠤ ᠬᠠᠮᠤᠭ ᠶᠡᠭᠡ ᠡᠷᠬᠡ ᠶᠢ ᠲᠦᠷ ᠴᠠᠭ ᠳ᠋ᠧᠰᠠᠷᠢᠳ ᠬᠤᠳᠤᠭᠳᠤ ᠰᠠᠩᠵᠠᠶᠢᠵᠠᠮᠰᠤ ᠪᠠᠷ ᠠᠤᠠᠬᠤᠭᠤᠯᠵᠤ | ᠬᠤᠰᠢᠭᠤ ᠶᠠᠮᠤᠨ ᠤ ᠲᠥᠪᠰᠢᠷᠠᠯ ᠢ ᠲᠤᠭᠳᠠᠭᠤᠨ ᠪᠠᠶᠢᠯᠭᠠᠵᠠᠢ᠃ | ᠲᠡᠷᠡ ᠦᠶ᠎ᠡ ᠶᠢᠨ ᠪᠠᠶᠢᠳᠠᠯ ᠢ ᠲᠤᠰᠬᠠᠨ ᠲᠡᠮᠳᠡᠭᠯᠡᠵᠦ ᠯᠢᠭᠳᠡᠨ᠂ ᠠᠮᠤᠷᠰᠠᠨᠠᠭ᠎ᠠ ᠨᠠᠷ ᠤᠨ ᠵᠤᠬᠢᠶᠠᠭᠰᠠᠨ ᠳᠠᠭᠤᠤ ᠳᠤ | ᠄ | ᠪᠠᠶᠠᠨ ᠰᠦᠮᠪᠦᠷ ᠠᠯᠠᠱᠠ ᠶᠢᠨ ᠠᠭᠤᠯᠠ | ᠪᠠᠶᠢᠳᠠᠯ ᠰᠠᠶᠢᠳᠠᠢ ᠠᠭᠤᠯᠠ ᠶᠤᠮ ᠰᠢᠦ | ᠪᠠᠭᠠᠳᠤᠷ ᠬᠦᠴᠦᠨ ᠲᠠᠢ ᠪᠢᠳᠠᠨ ᠴᠢᠨᠢ | ᠪᠠᠯᠠᠮᠠᠳ ᠳᠠᠶᠢᠰᠤᠨ ᠢᠶᠠᠨ ᠳᠠᠷᠤᠯ᠎ᠠ ᠰᠢᠦ | ᠡᠨᠡᠷᠢᠯᠲᠠᠢ ᠲᠥᠷᠦᠭᠰᠡᠨ ᠡᠨᠡᠷᠢᠩᠬᠦᠢ ᠭᠠᠨᠢᠩᠭᠠ | ᠤᠯᠠᠨ ᠲᠦᠮᠡᠨ ᠳᠡᠭᠡᠨ ᠲᠤᠰᠠ ᠲᠠᠢ ᠶᠤᠮ | ᠬᠦᠮᠦᠨ ᠤ ᠪᠠᠭ᠎ᠠ ᠬᠦᠷᠡᠯᠲᠠᠢ ᠮᠠᠨᠢᠭ᠎ᠠ | ᠲᠤᠰᠠᠯᠠᠭᠴᠢ ᠰᠠᠭᠤᠬᠤ ᠪᠠᠮᠪᠠᠷᠢ ᠲᠠᠢ ᠶᠤᠮ | ᠪᠠᠷᠠᠭᠤᠨ ᠵᠠᠬ᠎ᠠ ᠶᠢᠨ ᠪᠠᠳᠠᠢ ᠲᠠᠶᠢᠵᠢ | ᠪᠠ ᠶᠢᠩ ᠪᠤᠤ ᠳᠠᠭᠠᠨ ᠦᠬᠦᠬᠦ ᠶᠤᠮ | ᠲᠠᠷᠪᠠᠭᠯᠠᠭᠰᠠᠨ ᠳ᠋ᠠᠮᠪᠢᠨᠢᠩᠪᠤ | ᠲᠠᠪᠬᠤᠷ ᠰᠣᠮᠤᠨ ᠳᠠᠭᠠᠨ ᠨᠣᠭᠳᠦ᠋ᠢᠬᠤ ᠶᠤᠮ | ᠳᠠᠶᠢᠰᠤᠨ ᠢᠶᠠᠨ ᠲᠠᠷᠤᠭᠰᠠᠨ ᠪᠢᠳᠠᠨ ᠴᠢᠨᠢ | ᠲᠠᠶᠠᠭᠠᠷ ᠢᠶᠠᠨ ᠬᠠᠮᠳᠤ ᠪᠠᠷ ᠵᠢᠷᠭᠠᠨ᠎ᠠ | ᠳᠠᠯᠠᠢ ᠪᠠᠨᠴᠢᠨ ᠬᠤᠲᠤᠭᠲᠤ ᠨᠠᠷ ᠲᠠᠭᠠᠨ | ᠳ᠋ᠠᠨᠱᠤᠩ ᠢᠶᠠᠨ ᠡᠷᠭᠦᠵᠦ ᠮᠥᠷᠭᠦᠨ᠎ᠡ ᠬᠡᠰᠡᠠ ᠪᠠᠶᠢᠳᠠᠭ᠃ | ᠬᠤ᠋ ᠦᠯᠵᠠᠢ ᠨᠠᠶᠢᠷᠠᠭᠤᠯᠤᠨ ᠵᠤᠬᠢᠶᠠᠪᠠ | | ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ |